ᠱᠢᠩ ᠯᠦᠩ ᠸᠠ᠎ᠶ᠋ᠢᠨ ᠪᠠᠭᠤᠷᠢ᠄ 8000 ᠵᠢᠯ᠎ᠦᠨ ᠪᠣᠯᠪᠠᠰᠤᠨ᠎ᠤ ᠲᠡᠦᠬᠡᠨ ᠶᠠᠷᠢᠯᠴᠠᠭ᠎ᠠ
2025-08-26 15:42:18
ᠵᠣᠬᠢᠶᠠᠭ᠍ᠴᠢ᠄
ᠯᠢ ᠱᠢᠶᠠ ᠺᠠᠩ ᠯᠢ ᠨᠠ
ᠣᠩᠱᠢᠭ᠍ᠰᠠᠨ ᠣᠳᠠᠭ᠎ᠠ᠄
★★★☆☆

ᠪᠤᠯᠤᠩ ᠨᠡᠭᠡᠭᠡᠬᠦ᠌ ᠦᠭᠡ

ᠥᠪᠥᠷ ᠮᠣᠩᠭᠣᠯ᠎ᠳᠤ ᠪᠦᠬᠦ᠌ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ 149 ᠪᠠᠢᠵᠤ᠂ ᠪᠦᠬᠦ᠌ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ ᠨᠢᠭᠡᠪᠦᠷᠢ᠎ᠶ᠋ᠢᠨ ᠰᠠᠬᠢᠨ ᠬᠠᠮᠠᠭᠠᠯᠠᠵᠤ ᠪᠠᠢᠭ᠎ᠠ ᠲᠡᠦᠬᠡ᠎ᠶ᠋ᠢᠨ ᠳᠤᠷᠠᠰᠭᠠᠯᠲᠤ ᠵᠦᠢᠯᠡᠰ᠎ᠲᠦ ᠴᠥᠮ ᠳᠤᠮᠳᠠᠳᠤ᠎ᠶ᠋ᠢᠨ ᠦᠨᠳᠦᠰᠦᠲᠡᠨ᠎ᠦ ᠭᠦᠨ ᠵᠤᠵᠠᠭᠠᠨ ᠲᠡᠦᠬᠡ᠎ᠶ᠋ᠢᠨ ᠳᠤᠷᠠᠳᠭᠠᠯ ᠪᠣᠯᠤᠨ ᠳᠤᠮᠳᠠᠳᠤ᠎ᠶ᠋ᠢᠨ ᠪᠣᠯᠪᠠᠰᠤᠨ᠎ᠤ ᠭᠦᠨ ᠵᠤᠵᠠᠭᠠᠨ ᠭᠧᠨ᠎ᠦ ᠨᠢᠭᠤᠴᠠ ᠨᠣᠮᠧᠷ ᠠᠭᠤᠯᠤᠭ᠍ᠳᠠᠵᠤ ᠪᠤᠢ᠃ ᠥᠪᠥᠷ ᠮᠣᠩᠭᠣᠯ᠎ᠤᠨ ᠡᠳᠦᠷ᠎ᠦᠨ ᠰᠣᠨᠢᠨ ᠤ᠋ 《ᠳᠤᠮᠳᠠᠳᠤ ᠤᠯᠤᠰ ᠤ᠋ᠨ ᠬᠠᠭᠤᠴᠢ ᠰᠤᠳᠤᠯᠤᠯ — ᠦᠪᠦᠷ ᠮᠤᠩᠭᠤᠯ ᠳ᠋ᠡᠬᠢ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ ᠵᠢᠨ ᠨᠢᠭᠡᠴᠢ》 ᠭᠡᠬᠦ ᠲᠣᠮᠣ ᠬᠡᠪᠴᠢᠶᠡᠨ᠎ᠦ ᠪᠦᠷᠢᠨ ᠵᠠᠭᠤᠴᠢᠯᠠᠭᠤᠷ᠎ᠤᠨ ᠳᠠᠮᠵᠢᠭᠤᠯᠭ᠎ᠠ ᠵᠢᠨ ᠢᠨᠵᠧᠨᠧᠷᠢᠩ᠎ᠨᠢ ᠪᠦᠬᠦ᠌ ᠤᠯᠤᠰ᠎ᠤᠨ ᠭᠣᠣᠯᠳᠠᠯᠭ᠎ᠠ᠎ᠲᠠᠶ 60ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ᠎ᠶ᠋ᠢ ᠰᠣᠩᠭᠣᠨ ᠪᠦᠷᠢᠨ ᠵᠠᠭᠤᠴᠢᠯᠠᠭᠤᠷ᠎ᠤᠨ ᠰᠤᠷᠪᠤᠯᠵᠢᠯᠠᠭ᠎ᠠ ᠬᠢᠵᠦ᠍᠂ ᠪᠥᠬᠥ᠌ ᠤᠯᠤᠰ᠎ᠤᠨ ᠭᠤᠤᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠠᠭᠠᠯᠠᠯᠲᠠ᠎ᠶ᠋ᠢᠨ ᠨᠢᠭᠡᠴᠢ᠎ᠶ᠋ᠢᠨ ᠠᠷᠤ᠎ᠳᠠᠬᠢ ᠭᠦᠨ ᠵᠤᠵᠠᠭᠠᠨ ᠲᠡᠦᠬᠡ ᠪᠣᠯᠤᠨ ᠦᠨᠡᠨ ᠪᠤᠳᠠᠲᠤ ᠥᠯᠢᠭᠡᠷ᠎ᠢ ᠬᠠᠢᠨ ᠰᠦᠪᠡᠭ᠌ᠴᠢᠯᠡᠨ᠎ᠠ᠂ ᠡᠨᠡ ᠨᠢ ᠤᠮᠠᠷᠠᠲᠤ ᠬᠢᠯᠢ᠎ᠶ᠋ᠢᠨ ᠰᠣᠶᠣᠯ᠎ᠤᠨ ᠭᠧᠨ᠎ᠦ ᠲᠤᠬᠠᠶ ᠨᠢᠭᠡ ᠤᠳᠠᠭᠠᠨ᠎ᠤ ᠬᠦᠨᠵᠡᠭᠡᠢ ᠲᠠᠢᠯᠤᠮᠵᠢ ᠪᠠ ᠦᠶ᠋ᠯᠡᠳᠦᠯᠭᠡ᠎ᠶ᠋ᠢᠨ ᠲᠠᠢᠯᠪᠤᠷᠢᠯᠠᠯᠲᠠ ᠪᠣᠯᠬᠤ ᠶᠤᠮ᠃

ᠬᠠᠳᠠᠨ ᠵᠢᠷᠤᠭ ᠮᠤᠨᠢ ᠠᠭᠤᠯᠠ᠎ᠶ᠋ᠢᠨ ᠦᠦᠷ᠎ᠦᠨ ᠲᠤᠶᠠᠭ᠎ᠠ᠎ᠪᠠᠷ ᠰᠡᠷᠭᠦᠵᠦ᠍᠂ ᠡᠷᠲᠡᠨ᠎ᠦ ᠬᠤᠳᠠ᠎ᠶ᠋ᠢᠨ ᠬᠡᠷᠡᠮ ᠲᠠᠯ᠎ᠠ ᠵᠢᠨ ᠰᠠᠯᠬᠢᠨ᠎ᠤ ᠠᠶ᠎ᠠ ᠪᠡᠷ ᠰᠢᠪᠡᠨᠡᠵᠤ᠌᠂ ᠬᠦᠷᠡᠯ ᠵᠡᠪᠰᠡᠭ ᠳᠡᠭᠡᠷᠡᠬᠢ ᠬᠡ ᠤᠭᠠᠯᠵᠠ ᠮᠢᠩᠭᠠᠨ  ᠤᠨ᠎ᠢ ᠡᠯᠡᠭᠡᠭᠰᠡᠨ ᠴᠤ᠌ ᠭᠡᠷᠡᠯ ᠭᠢᠯᠪᠠᠭ᠎ᠠ ᠪᠡᠨ ᠰᠠᠴᠤᠷᠠᠭᠤᠯᠤᠬᠰᠠᠭᠠᠷ — ᠪᠢᠳᠡ ᠥᠪᠥᠷ ᠮᠣᠩᠭᠣᠯ᠎ᠤᠨ ᠡᠭᠡ ᠭᠠᠵᠠᠷ᠎ᠤᠨ ᠬᠠᠭᠠᠯᠭ᠎ᠠ᠎ᠶ᠋ᠢ ᠲᠣᠭ᠍ᠰᠢᠵᠤ᠂ ᠠᠭᠤᠯᠠ ᠳᠠᠪᠠᠨ ᠤᠰᠤ ᠭᠠᠲᠤᠯᠤᠨ ᠪᠠᠢᠵᠤ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠠᠵᠢᠯᠳᠠᠨ ᠪᠣᠯᠤᠨ ᠬᠠᠭᠤᠴᠢ ᠰᠤᠳᠤᠯᠤᠭᠠᠴᠢᠳ᠎ᠤᠨ ᠤᠯᠠ ᠮᠥᠷ᠎ᠢ ᠮᠦᠷᠳᠡᠵᠤ᠂ ᠪᠦᠬᠦ᠌ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ ᠳ᠋ᠤ ᠨᠢᠭᠤᠭ᠍ᠳᠠᠵᠤ ᠪᠦᠬᠦᠢ 60 ᠪᠣᠯᠪᠠᠰᠤᠨ᠎ᠤ ᠰᠤᠳᠠᠰᠤ᠎ᠶ᠋ᠢ ᠡᠷᠢᠯᠬᠢᠯᠡᠨ᠎ᠡ᠃ ᠪᠢᠳᠡᠨ᠎ᠦ ᠬᠠᠢᠨ ᠡᠷᠢᠯᠬᠢᠯᠡᠵᠤ ᠪᠠᠢᠭ᠎ᠠ ᠨᠢ ᠪᠠᠭᠠᠵᠢ ᠪᠤᠳᠠᠰ ᠬᠢᠭᠡᠳ ᠡᠷᠳᠡᠨ᠎ᠤ  ᠪᠠᠭᠤᠷᠢ ᠵᠢᠨ ᠦᠩᠭᠡ ᠬᠡᠷᠡᠯ᠎ᠲᠡᠳᠦᠢ ᠦᠭᠡᠢ ᠨᠡᠩ ᠴᠤ᠌ ᠦᠨᠳᠦᠰᠦᠲᠡᠨ᠎ᠨᠦᠭᠦᠳ᠎ᠦᠨ ᠬᠠᠷᠢᠯᠴᠠᠨ ᠪᠠᠷᠠᠯᠠᠵᠤ᠂ ᠴᠢᠰᠤ ᠮᠢᠬᠠᠨ᠎ᠤ ᠪᠠᠷᠢᠯᠳᠤᠯᠭ᠎ᠠ᠎ᠶ᠋ᠢᠨ ᠳᠤᠮᠳᠠ ᠬᠠᠮᠲᠤ᠎ᠪᠠᠷ ᠵᠢᠷᠤᠬᠯᠠᠬᠰᠠᠨ ᠳᠤᠮᠳᠠᠳᠤ᠎ᠶ᠋ᠢᠨ ᠪᠣᠯᠪᠠᠰᠤᠨ᠎ᠤ ᠠᠤᠭ᠎ᠠ ᠵᠢᠷᠤᠭ ᠲᠥᠰᠦᠪ ᠮᠥᠨ᠃

ᠡᠨᠡ ᠡᠳᠦᠷ᠎ᠡᠴᠡ ᠡᠬᠢᠯᠡᠨ 《ᠳᠤᠮᠳᠠᠳᠤ ᠤᠯᠤᠰ ᠤ᠋ᠨ ᠬᠠᠭᠤᠴᠢ ᠰᠤᠳᠤᠯᠤᠯ — ᠦᠪᠦᠷ ᠮᠤᠩᠭᠤᠯ ᠳ᠋ᠡᠬᠢ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ ᠵᠢᠨ ᠨᠢᠭᠡᠴᠢ》 ᠭᠡᠬᠦ᠌ ᠲᠤᠰᠭᠠᠶ ᠪᠤᠯᠤᠩ ᠨᠡᠭᠡᠭᠡᠵᠤ᠂ ᠥᠪᠥᠷ ᠮᠣᠩᠭᠣᠯ᠎ᠳ᠋ᠡᠬᠢ ᠤᠯᠤᠰ᠎ᠤᠨ ᠡᠷᠳᠡᠨᠢ᠎ᠶ᠋ᠢᠨ ᠠᠮᠢᠳᠤᠯᠢᠭ ᠥᠯᠢᠭᠡᠷ᠎ᠢ ᠬᠦᠤᠷᠨᠢᠨ᠎ᠠ᠃ ᠪᠢᠳᠡ ᠬᠠᠮᠲᠤ᠎ᠪᠠᠷ ᠲᠡᠦᠬᠡ᠎ᠶ᠋ᠢᠨ ᠤᠷᠳᠤ ᠠᠶᠠᠨ᠎ᠳᠤ ᠭᠦᠨᠵᠡᠭᠡᠢᠷᠡᠵᠦ᠂ ᠡᠷᠲᠡᠨ ᠡᠳᠦᠭᠡ᠎ᠶ᠋ᠢᠨ ᠶᠠᠷᠢᠯᠴᠠᠯᠭ᠎ᠠ ᠳᠤᠮᠳᠠ᠂ ᠳᠤᠮᠳᠠᠳᠤ᠎ᠶ᠋ᠢᠨ ᠦᠨᠳᠦᠰᠦᠲᠡᠨ᠎ᠦ ᠤᠯᠠᠨ ᠡᠱᠢᠲᠦ ᠨᠢᠭᠡ ᠴᠤᠬ᠍ᠴᠠᠵᠢᠬ᠍ᠰᠡᠨ  ᠠᠭᠤᠤ ᠶᠡᠭᠡ ᠠᠬᠢᠴᠠ ᠵᠢ  ᠤᠢᠯᠠᠭᠠᠨ ᠂ ᠰᠣᠶᠣᠯᠳᠤ ᠥᠪᠥᠷ ᠮᠣᠩᠭᠣᠯ᠎ᠤᠨ ᠢᠷᠡᠭᠡᠳᠦᠢ᠎ᠵᠦᠭ ᠴᠢᠭᠯᠡᠭᠰᠡᠨ ᠰᠦᠷ ᠳᠠᠯᠠᠢᠴᠠᠲᠤ ᠪᠠᠢᠳᠠᠯ᠎ᠢ ᠮᠡᠳᠡᠷᠡᠶ᠎ᠡ!


40 ᠭᠠᠷᠤᠶ ᠵᠢᠯ᠎ᠦᠨ ᠡᠮᠦᠨ᠎ᠡ ᠯᠢᠶᠤᠤᠾᠸ ᠭᠤᠤᠯ ᠤ᠋ᠨ ᠪᠠᠷᠠᠭᠤᠨ ᠬᠡᠰᠡᠭ ᠨᠢᠷᠤᠭᠤ ᠠᠭᠤᠯᠠ ᠶ᠋ᠢᠨ ᠠᠷᠤ ᠬᠣᠷᠮᠣᠶ᠂ ᠳ᠋ᠠ ᠯᠢᠩ ᠾᠧ ᠭᠣᠣᠯ᠎ᠤᠨ ᠰᠠᠯᠪᠦᠷᠢ ᠤᠷᠤᠰᠬᠠᠯ ᠨᠢᠤ ᠾᠧ ᠭᠣᠣᠯ᠎ᠤᠨ ᠳᠡᠭᠡᠳᠦ ᠤᠷᠤᠰᠭᠠᠯ᠎ᠡᠴᠡ ᠲᠣᠮᠣ ᠬᠡᠪᠴᠢᠶᠡᠨ᠎ᠦ ᠰᠠᠭᠤᠷᠢᠱᠢᠯ᠎ᠤᠨ ᠪᠠᠭᠤᠷᠢ᠎ᠶ᠋ᠢ ᠢᠯᠡᠷᠡᠭᠦᠯᠵᠡᠶ᠃ ᠱᠢᠩ ᠯᠦᠩ ᠸᠠ᠎ᠶ᠋ᠢᠨ ᠪᠠᠭᠤᠷᠢ ᠭᠡᠵᠦ᠍ ᠨᠡᠷᠡᠢᠳᠦᠭ᠌ᠳᠡᠭ᠌ᠰᠡᠨ ᠡᠨᠡ ᠬᠦ᠌ ᠴᠢᠬᠤᠯᠠ ᠶᠡᠬᠡ ᠬᠠᠭᠤᠴᠢ ᠰᠤᠳᠤᠯᠤᠯ᠎ᠤᠨ ᠢᠯᠡᠷᠡᠭᠦᠯᠦᠯᠲᠡ ᠨᠢ ᠳᠤᠮᠳᠠᠳᠤ᠎ᠶ᠋ᠢᠨ ᠪᠣᠯᠪᠠᠰᠤᠨ᠎ᠤ ᠲᠡᠦᠬᠡ᠎ᠶ᠋ᠢ 3000 ᠵᠢᠯ ᠤᠷᠤᠭ᠍ᠰᠢ ᠠᠬᠢᠭᠤᠯᠵᠤ᠂ 8000 ᠭᠠᠷᠤᠶ ᠵᠢᠯ᠎ᠦᠨ ᠡᠮᠦᠨ᠎ᠡ ᠡᠨᠳᠡᠬᠢ ᠡᠪᠦᠭᠡ ᠳᠡᠭᠡᠳᠦᠰ ᠨᠢᠭᠡᠨᠲᠡ ᠲᠠᠷᠢᠶᠠᠯᠠᠬᠤ᠂ ᠵᠢᠭᠠᠰᠤ ᠠᠩᠨᠠᠬᠤ᠂ ᠲᠡᠭᠦᠵᠦ᠍ ᠬᠤᠷᠢᠶᠠᠬᠤ᠂ ᠮᠠᠯᠵᠢᠬᠤ ᠰᠠᠭᠤᠷᠢᠱᠢᠯ᠎ᠤᠨ ᠠᠮᠢᠳᠤᠷᠠᠯ ᠢ᠋ ᠡᠬᠢᠯᠡᠭᠦᠯᠦᠭᠰᠡᠨ᠎ᠢ ᠭᠡᠷᠡᠴᠢᠯᠡᠪᠡ᠃ ᠡᠨᠡ ᠬᠦ᠌ ᠪᠣᠳᠠᠲᠤ ᠬᠡᠷᠡᠭ ᠨᠢ ᠳᠤᠮᠳᠠᠳᠤ᠎ᠶ᠋ᠢᠨ ᠦᠨᠳᠦᠰᠦᠲᠡᠨ᠎ᠦ 8000 ᠵᠢᠯ᠎ᠦᠨ ᠪᠣᠯᠪᠠᠰᠤᠨ᠎ᠤ ᠲᠡᠦᠬᠡ᠎ᠶ᠋ᠢ ᠭᠡᠷᠡᠴᠢᠯᠡᠵᠦ᠍᠂ ᠬᠠᠭᠤᠴᠢ ᠰᠤᠳᠤᠯᠤᠯ᠎ᠤᠨ ᠬᠢᠨ᠎ᠢ ᠳᠣᠩᠰᠣᠯᠭᠠᠭ᠍ᠰᠠᠨ᠎ᠢᠶᠠᠷ ᠱᠢᠩ ᠯᠦᠩ ᠸᠠ᠎ᠶ᠋ᠢᠨ ᠪᠠᠭᠤᠷᠢ ᠴᠤ᠌ 《ᠲᠤᠮᠳᠠᠳᠤ᠎ᠶ᠋ᠢᠨ ᠪᠠᠯᠠᠷ ᠡᠷᠳᠡᠨ ᠤ᠋ ᠨᠢᠭᠡᠳᠦᠭᠡᠷ ᠲᠣᠰᠭᠣᠨ》 ᠬᠡᠮᠡᠭ᠌ᠳᠡᠭ᠌ᠰᠡᠨ ᠪᠠᠢᠨ᠎ᠠ᠃

40 ᠭᠠᠷᠤᠶ ᠵᠢᠯ᠎ᠦᠨ ᠳᠠᠷᠠᠭᠠᠬᠢ ᠥᠨᠥᠳᠦᠷ ᠪᠢᠳᠡ ᠥᠪᠥᠷ ᠮᠣᠩᠭᠣᠯ᠎ᠤᠨ ᠤᠯᠠᠭᠠᠨᠬᠠᠳᠠ ᠬᠣᠲᠠ᠎ᠶ᠋ᠢᠨ ᠠᠸ᠋ᠬᠠᠨ ᠬᠣᠱᠢᠭᠤᠨ᠎ᠤ ᠱᠢᠩ ᠯᠦᠩ᠎ᠸᠠ ᠪᠠᠯᠭᠠᠰᠤᠨ᠎ᠤ ᠱᠢᠩ ᠯᠦᠩ᠎ᠸᠠ ᠲᠣᠰᠭᠣᠨ᠎ᠤ ᠵᠡᠭᠦᠨ ᠲᠠᠯ᠎ᠠ᠎ᠳᠤ ᠪᠠᠢᠷᠢᠯᠠᠭ᠎ᠠ ᠡᠨᠡ ᠬᠦ᠌ ᠠᠸ᠋ᠭ᠎ᠠ ᠶᠡᠬᠡ ᠲᠡᠦᠬᠡ᠎ᠶ᠋ᠢᠨ ᠪᠠᠭᠤᠷᠢ᠎ᠳᠤ ᠠᠯᠬᠤᠨ ᠣᠷᠣᠪᠠ᠃ 《ᠲᠤᠮᠳᠠᠳᠤ᠎ᠶ᠋ᠢᠨ ᠪᠠᠯᠠᠷ ᠡᠷᠳᠡᠨ ᠤ᠋ ᠨᠢᠭᠡᠳᠦᠭᠡᠷ ᠲᠣᠰᠭᠣᠨ》 ᠤ᠋ ᠫᠠᠢᠰᠠ ᠥᠨᠳᠥᠷ ᠰᠦᠨᠳᠡᠷᠯᠡᠨ᠂ ᠬᠥᠱᠢᠶᠡᠨ᠎ᠦ ᠪᠢᠴᠢᠭ ᠪᠣᠯᠤᠨ ᠪᠠᠭᠤᠷᠢ᠎ᠶ᠋ᠢᠨ ᠲᠣᠪᠴᠢ ᠲᠠᠨᠢᠯᠴᠠᠭᠤᠯᠭ᠎ᠠ ᠳᠡᠭᠡᠷ᠎ᠡ 1996 ᠣᠨ᠎ᠳᠤ ᠲᠦᠷᠦ᠍᠎ᠶ᠋ᠢᠨ ᠶᠠᠪᠤᠳᠠᠯ᠎ᠤᠨ ᠬᠤᠷᠢᠶ᠎ᠠ ᠵᠢᠨ ᠨᠡᠢᠲᠡᠯᠡᠭ᠌ᠰᠡᠨ ᠳᠥᠷᠪᠡᠳᠦᠭᠡᠷ ᠪᠦᠯᠦᠭ᠎ᠦᠨ 《ᠪᠦᠬᠦ᠌ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ》ᠳ᠋ᠤ ᠵᠢᠭ᠍ᠰᠠᠭᠠᠭ᠍ᠳᠠᠪᠠ ᠭᠡᠵᠦ ᠪᠢᠴᠢᠭᠰᠡᠨ ᠪᠠᠢᠪᠠ᠃ ᠨᠤᠮᠢᠨ ᠨᠤᠭᠤᠭᠠᠨ ᠡᠪᠡᠰᠦᠨ ᠲᠤᠮᠳᠠ ᠬᠥᠬᠡ ᠲᠣᠭᠣᠰᠭ᠎ᠠ᠎ᠪᠠᠷ ᠬᠦᠷᠢᠶᠡᠯᠡᠭ᠌ᠰᠡᠨ ᠣᠷᠣᠨ ᠰᠠᠭᠤᠴᠠ᠎ᠶ᠋ᠢᠨ ᠪᠠᠭᠤᠷᠢ᠎ᠨᠤᠭᠤᠳ ᠨᠢ ᠪᠠᠷᠠᠭᠤᠨ ᠬᠣᠢᠰᠢ — ᠵᠡᠭᠦᠨ ᠡᠮᠦᠨ᠎ᠡ ᠴᠢᠭ᠌ᠯᠡᠯ᠎ᠢᠶᠡᠷ ᠲᠡᠷᠢ ᠲᠡᠭᠰᠢ ᠵᠢᠭ᠌ᠳᠡᠷᠡᠨ ᠵᠢᠭ᠍ᠰᠠᠵᠤ᠂ ᠨᠢᠭᠡ ᠰᠠᠭᠤᠷᠢ ᠨᠢ ᠪᠠᠷᠤᠭ 50 — 80 ᠲᠡᠭ᠌ᠰᠢ ᠳᠥᠷᠪᠡᠯᠵᠢᠨ ᠮᠧᠲ᠋ᠷ ᠪᠠᠢᠵᠤ᠂ ᠬᠠᠮᠤᠭ᠎ᠤᠨ ᠶᠡᠬᠡ ᠨᠢ 140 ᠲᠡᠭ᠌ᠰᠢ ᠳᠥᠷᠪᠡᠯᠵᠢᠨ ᠮᠧᠲ᠋ᠷ᠎ᠲᠦ ᠬᠦᠷᠴᠦ ᠪᠠᠢᠳᠠᠭ᠃ ᠲᠡᠭᠦᠨ᠎ᠦ ᠪᠦᠬᠦᠢᠯᠡ ᠰᠠᠭᠤᠷᠢᠱᠢᠯ᠎ᠤᠨ ᠡᠷᠭᠢᠨ ᠲᠣᠭᠣᠷᠢᠨ᠎ᠨᠢ ᠴᠠᠭᠠᠷᠢᠭ ᠭᠤᠤ᠎ᠪᠠᠷ ᠬᠦᠷᠢᠶᠡᠯᠡᠭ᠌ᠳᠡᠵᠦ᠂ ᠳᠡᠭᠡᠳᠦ ᠬᠡᠮᠵᠢᠶᠡᠨ᠎ᠦ ᠡᠷᠴᠢᠮᠵᠢᠭᠦᠯᠦᠭ᠌ᠰᠡᠨ᠂ ᠬᠡᠪᠴᠢᠶᠡᠵᠢᠭ᠌ᠰᠡᠨ ᠪᠠᠯᠠᠷ ᠡᠷᠲᠡᠨ᠎ᠦ ᠰᠠᠭᠤᠷᠢᠱᠢᠯ᠎ᠤᠨ ᠪᠠᠭᠤᠷᠢ ᠨᠢ ᠬᠥᠮᠦᠰ᠎ᠢ ᠭᠠᠢᠬᠠᠰᠢ ᠠᠯᠳᠠᠭᠤᠯᠤᠨ᠎ᠠ᠃

ᠱᠢᠩ ᠯᠦᠩ ᠸᠠ᠎ᠶ᠋ᠢᠨ ᠪᠠᠭᠤᠷᠢ ᠪᠣᠯ ᠨᠡᠷ᠎ᠡ ᠨᠢᠳᠡᠷ᠎ᠲᠡᠬᠡᠨ ᠨᠡᠢᠴᠡᠭ᠌ᠰᠡᠨ ᠳᠤᠮᠳᠠᠳᠤ ᠤᠯᠤᠰ᠎ᠤᠨ ᠪᠠᠯᠠᠷ ᠡᠷᠲᠡᠨ᠎ᠦ ᠰᠠᠭᠤᠷᠢᠱᠢᠯ᠎ᠤᠨ ᠰᠤᠳᠤᠯᠭᠠᠨ᠎ᠤ ᠬᠠᠮᠤᠭ᠎ᠤᠨ ᠪᠦᠷᠢᠨ ᠪᠦᠲᠦᠨ ᠵᠠᠭ᠍ᠪᠤᠷ᠎ᠤᠨ ᠨᠢᠭᠡ ᠪᠣᠯᠤᠨ᠎ᠠ᠃ ᠡᠳᠦᠭᠡ ᠲᠤᠬᠠᠢ᠎ᠶ᠋ᠢᠨ ᠭᠠᠵᠠᠷ᠎ᠤᠨ ᠬᠢᠨ ᠶᠠᠭ ᠱᠢᠩ ᠯᠦᠩ᠎ᠸᠠ ᠵᠢᠨ ᠤᠯᠤᠰ᠎ᠤᠨ ᠬᠠᠭᠤᠴᠢ ᠰᠤᠳᠤᠯᠤᠯ᠎ᠤᠨ ᠴᠡᠴᠡᠷᠯᠢᠭ᠎ᠢ ᠢᠳᠡᠪᠬᠢᠲᠡᠢ ᠪᠠᠢᠭᠤᠯᠵᠤ ᠪᠠᠢᠨ᠎ᠠ᠃ ᠲᠡᠦᠬᠡ ᠪᠣᠯᠤᠨ ᠪᠣᠳᠠᠲᠤ ᠠᠬᠤᠢ ᠳᠠᠪᠬᠤᠴᠠᠵᠤ᠂ ᠴᠠᠭ ᠬᠤᠭᠤᠴᠠᠭ᠎ᠠ ᠣᠷᠣᠨ ᠵᠠᠢ᠎ᠶ᠋ᠢ ᠠᠯᠤᠰᠯᠠᠭ᠍ᠰᠠᠨ ᠶᠠᠷᠢᠯᠴᠠᠭ᠎ᠠ ᠡᠭᠦᠨ᠎ᠡᠴᠡ ᠡᠬᠢᠯᠡᠪᠡ᠃

8000 ᠵᠢᠯ᠎ᠦᠨ ᠲᠡᠦᠬᠡ ᠳ᠋ᠤ ᠤᠢᠷᠠᠳᠤᠭᠰᠠᠨ ᠨᠢ

《ᠱᠢᠩ ᠯᠦᠩ ᠸᠠ ᠵᠢᠨ ᠪᠠᠭᠤᠷᠢ᠎ᠶ᠋ᠢ ᠬᠠᠮᠤᠭ ᠡᠷᠲᠡ ᠢᠯᠡᠷᠡᠭᠦᠯᠦᠭᠰᠡᠨ ᠴᠠᠭ ᠪᠤᠯ 1982 ᠣᠨ᠎ᠤ ᠨᠠᠮᠤᠷ ᠡᠪᠦᠯ᠎ᠦᠨ ᠤᠯᠠᠷᠢᠯ᠎ᠪᠤᠯᠤᠨ᠎ᠠ᠃ ᠲᠤᠬᠠᠶ᠎ᠶ᠋ᠢᠨ ᠦᠶ᠎ᠡ᠎ᠳᠦ ᠶᠠᠭ ᠰᠠᠢᠬᠠᠨ ᠬᠣᠶᠠᠳᠤᠭᠠᠷ ᠤᠳᠠᠭᠠᠨ᠎ᠤ ᠪᠥᠬᠥ᠌ ᠤᠯᠤᠰ᠎ᠤᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠨᠡᠢᠳᠡᠮ ᠪᠠᠢᠴᠠᠭᠠᠯᠲᠠ᠎ᠶ᠋ᠢᠨ ᠬᠤᠭᠤᠴᠠᠭ᠎ᠠ ᠪᠠᠢᠵᠤ᠂ ᠳᠤᠮᠳᠠᠳᠤ ᠤᠯᠤᠰ᠎ᠤᠨ ᠨᠡᠢᠭᠡᠮ᠎ᠦᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠬᠠᠭᠤᠴᠢ ᠰᠤᠳᠤᠯᠤᠯ᠎ᠤᠨ ᠰᠤᠳᠤᠯᠭᠠᠨ᠎ᠤ ᠭᠠᠵᠠᠷ᠎ᠤᠨ ᠥᠪᠥᠷ ᠮᠣᠩᠭᠣᠯ᠎ᠤᠨ ᠠᠵᠢᠯᠯᠠᠬᠤ ᠠᠩᠭᠢ ᠨᠢ ᠲᠤᠬᠠᠶ᠎ᠶ᠋ᠢᠨ ᠭᠠᠵᠠᠷ᠎ᠤᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠠᠵᠢᠯ᠎ᠤᠨ ᠥᠷᠲᠡᠭᠡ᠂ ᠰᠣᠶᠣᠯ᠎ᠤᠨ ᠣᠷᠳᠣᠨ᠎ᠲᠠᠶ ᠬᠠᠭᠤᠴᠢ ᠰᠤᠳᠤᠯᠤᠯ᠎ᠤᠨ ᠬᠠᠢᠨ ᠰᠥᠪᠡᠭ᠌ᠴᠢᠯᠡᠯᠲᠡ ᠬᠢᠵᠦ᠍ ᠪᠠᠢᠭᠠᠳ᠂ ᠨᠢᠭᠡ ᠠᠲᠠᠷ ᠭᠠᠵᠠᠷ᠎ᠲᠤ ᠲᠠᠷᠬᠠᠵᠤ ᠪᠠᠢᠭᠰᠠᠨ ᠵᠤᠵᠠᠭᠠᠨ ᠡᠯᠡᠰᠦ ᠬᠠᠪᠴᠢᠭᠤᠯᠤᠭ᠍ᠰᠠᠨ ᠸᠠᠭᠠᠷ ᠰᠠᠪᠠ ᠵᠢᠴᠢ ᠬᠡ ᠤᠭᠠᠯᠵᠠ᠎ᠲᠠᠶ ᠸᠠᠭᠠᠷ ᠪᠠᠭᠪᠤᠷ ᠵᠡᠷᠭᠡ ᠵᠢᠨ ᠦᠯᠡᠳᠡᠭ᠌ᠳᠡᠯ ᠢ᠋ ᠢᠯᠡᠷᠡᠭᠦᠯᠵᠦ᠂ ᠡᠨᠡ ᠨᠢ ᠨᠢᠭᠡᠨᠲᠡ ᠮᠡᠳᠡᠭ᠌ᠰᠡᠨ ᠬᠠᠭᠤᠴᠢ ᠰᠤᠳᠤᠯᠤᠯ᠎ᠤᠨ ᠰᠣᠶᠣᠯ᠎ᠤᠨ ᠠᠳᠠᠯᠢ ᠲᠥᠷᠥᠯ᠎ᠦᠨ ᠸᠠᠭᠠᠷ ᠰᠠᠪᠠ᠎ᠲᠠᠢ ᠠᠳᠠᠯᠢ ᠦᠭᠡᠢ ᠪᠠᠢᠯ᠎ᠠ᠃ ᠡᠢᠨ ᠬᠦ᠌ ᠱᠢᠩ ᠯᠦᠩ ᠸᠠ᠎ᠶ᠋ᠢᠨ ᠪᠠᠭᠤᠷᠢ᠎ᠶ᠋ᠢ ᠢᠯᠡᠷᠡᠭᠦᠯᠵᠡᠶ》 ᠭᠡᠵᠦ᠍ ᠠᠸ᠋ᠬᠠᠨ ᠬᠣᠱᠢᠭᠤᠨ᠎ᠤ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠠᠭᠠᠯᠠᠯᠲᠠ᠎ᠶ᠋ᠢᠨ ᠲᠥᠪ᠎ᠦᠨ ᠡᠷᠬᠢᠯᠡᠭ᠌ᠴᠢ ᠵᠢᠶᠠᠩ ᠱ᠌ᠢ ᠱᠢᠶᠦ᠋ᠨ ᠲᠠᠨᠢᠯᠴᠠᠭᠤᠯᠪᠠ᠃

《ᠲᠤᠰ ᠪᠠᠭᠤᠷᠢ᠎ᠶ᠋ᠢᠨ ᠲᠠᠯᠠᠪᠠᠢ ᠨᠡᠯᠢᠶᠡᠳ ᠶᠡᠬᠡ᠂ ᠠᠭᠤᠯᠤᠭ᠍ᠳᠠᠬᠤᠨ ᠨᠢ ᠨᠡᠯᠢᠶᠡᠳ ᠪᠠᠶᠠᠯᠢᠭ᠃ ᠡᠢᠮᠦᠷᠬᠦᠦ ᠦᠯᠡᠳᠡᠭᠳᠡᠯ ᠰᠣᠶᠣᠯ᠎ᠤᠨ ᠱᠢᠨᠵᠢ ᠴᠢᠨᠠᠷ᠂ ᠴᠠᠭ ᠦᠶ᠎ᠡ ᠵᠢᠴᠢ ᠨᠢᠭᠡᠨᠲᠡ ᠮᠡᠳᠡᠭ᠌ᠰᠡᠨ ᠰᠣᠶᠣᠯ᠎ᠤᠨ ᠬᠠᠷᠢᠴᠠᠭ᠎ᠠ ᠵᠡᠷᠭᠡ ᠠᠰᠠᠭᠤᠳᠠᠯ᠎ᠢ ᠣᠢᠯᠠᠭᠠᠬᠤ᠎ᠶ᠋ᠢᠨ ᠲᠥᠯᠥᠭᠡ ᠮᠠᠨ᠎ᠤ ᠠᠩᠭᠢ 1983 ᠣᠨ᠎ᠡᠴᠡ ᠡᠬᠢᠯᠡᠨ ᠠᠭᠤᠳᠠᠯᠪᠠ》᠃ ᠶᠠᠩ ᠬᠤ᠌᠂ ᠵᠦ᠍ ᠶᠠᠨ ᠫᠢᠩ᠎ᠦᠨ ᠪᠢᠴᠢᠭ᠌ᠰᠡᠨ 《ᠥᠪᠥᠷ ᠮᠣᠩᠭᠣᠯ᠎ᠤᠨ ᠠᠸ᠋ᠬᠠᠨ ᠬᠣᠱᠢᠭᠤᠨ᠎ᠤ ᠱᠢᠩ ᠯᠦᠩ ᠸᠠ ᠵᠢᠨ ᠪᠠᠭᠤᠷᠢ᠎ᠶ᠋ᠢ ᠠᠭᠤᠳᠠᠯᠤᠭ᠍ᠰᠠᠨ ᠲᠣᠪᠴᠢ ᠰᠣᠨᠢᠨ》 ᠳ᠋ᠤ ᠢᠩᠭᠢᠵᠦ᠍ ᠲᠡᠮᠳᠡᠭ᠌ᠯᠡᠵᠡᠶ᠃

1983 ᠣᠨ᠎ᠡᠴᠡ 1994 ᠣᠨ ᠪᠣᠯᠲᠠᠯ᠎ᠠ᠂ ᠱᠢᠩ ᠯᠦᠩ ᠸᠠ᠎ᠶ᠋ᠢᠨ ᠪᠠᠭᠤᠷᠢ᠎ᠶ᠋ᠢ 7 ᠤᠳᠠᠭ᠎ᠠ ᠬᠡᠪᠴᠢᠶᠡᠲᠦ ᠴᠢᠨᠠᠷᠲᠠᠶ᠎ᠪᠠᠷ ᠠᠭᠤᠳᠠᠯᠵᠤ᠂ ᠰᠠᠭᠤᠷᠢᠱᠢᠯ᠎ᠤᠨ ᠭᠠᠵᠠᠷ᠎ᠤᠨ ᠪᠠᠭᠤᠷᠢ᠂ ᠴᠠᠭᠠᠷᠢᠭ ᠬᠡᠯᠪᠡᠷᠢ᠎ᠶ᠋ᠢᠨ ᠭᠤᠤ᠂ ᠣᠩᠭᠣᠨ᠂ ᠦᠨᠡᠰᠦᠨ ᠬᠤᠩᠬᠢᠯ ᠵᠡᠷᠭᠡ ᠶᠡᠬᠡ ᠬᠡᠮᠵᠢᠶᠡᠨ᠎ᠦ ᠪᠠᠭᠤᠷᠢ᠎ᠶ᠋ᠢ ᠠᠭᠤᠳᠠᠯᠵᠤ᠂ ᠠᠭᠤᠳᠠᠯᠤᠭ᠍ᠰᠠᠨ ᠲᠠᠯᠠᠪᠠᠶ ᠨᠢ 4.8 ᠲᠦᠮᠡᠨ ᠲᠡᠭ᠌ᠰᠢ ᠳᠥᠷᠪᠡᠯᠵᠢᠨ ᠮᠧᠲ᠋ᠷ᠎ᠲᠦ ᠬᠦᠷᠴᠡᠶ᠃ ᠲᠣᠰ ᠰᠠᠭᠤᠷᠢᠱᠢᠯ ᠨᠢ ᠮᠥᠨ ᠴᠦ᠍ ᠣᠲᠣ ᠪᠣᠯᠲᠠᠯ᠎ᠠ ᠮᠡᠳᠡᠵᠦ᠍ ᠪᠠᠢᠭ᠎ᠠ ᠳᠤᠮᠳᠠᠳᠤ ᠤᠯᠤᠰ᠎ᠤᠨ ᠠᠩᠬᠠᠳᠠᠭ᠍ᠴᠢ ᠬᠡᠷ ᠪᠠᠢᠱᠢᠩ᠎ᠤᠨ ᠪᠠᠭᠤᠷᠢ᠂ ᠦᠨᠡᠰᠦᠨ ᠬᠤᠩᠬᠢᠯ᠂ ᠬᠠᠱᠢᠯᠭ᠎ᠠ ᠰᠤᠪᠠᠭ᠂ ᠣᠩᠭᠣᠨ ᠵᠡᠷᠭᠡ ᠪᠥᠬᠥ᠌ ᠣᠷᠣᠨ ᠰᠠᠭᠤᠴᠠ᠎ᠶ᠋ᠢᠨ ᠴᠢᠨᠠᠷᠲᠠᠶ ᠦᠯᠡᠳᠡᠭ᠌ᠳᠡᠯ᠎ᠢ ᠪᠦᠷᠢᠨ ᠢᠯᠡᠷᠡᠭᠦᠯᠦᠭ᠌ᠰᠡᠨ ᠪᠠᠯᠠᠷ ᠡᠷᠲᠡᠨ᠎ᠦ ᠰᠠᠭᠤᠷᠢᠱᠢᠯ ᠪᠣᠯᠤᠨ᠎ᠠ᠃ ᠲᠤᠰ ᠪᠠᠭᠤᠷᠢ᠎ᠶ᠋ᠢ ᠢᠯᠡᠷᠡᠭᠦᠯᠦᠭ᠌ᠰᠡᠨ ᠨᠢ ᠯᠢᠶᠣᠤᠾᠧ ᠭᠣᠣᠯ᠎ᠤᠨ ᠰᠠᠪᠠ ᠭᠠᠵᠠᠷ ᠪᠣᠯᠤᠨ ᠥᠪᠥᠷ ᠮᠣᠩᠭᠣᠯ ᠣᠷᠣᠨ ᠴᠤ᠌ ᠬᠥᠬᠡᠮᠥ᠋ᠷᠡᠨ᠎ᠦ ᠰᠠᠪᠠ ᠭᠠᠵᠠᠷ᠂ ᠬᠠᠲᠤᠨ ᠭᠣᠣᠯ᠎ᠤᠨ ᠰᠠᠪᠠ ᠭᠠᠵᠠᠷ᠎ᠲᠠᠶ ᠠᠳᠠᠯᠢ᠎ᠪᠠᠷ ᠳᠤᠮᠳᠠᠳᠤ᠎ᠶ᠋ᠢᠨ ᠪᠣᠯᠪᠠᠰᠤᠨ᠎ᠤ ᠡᠭᠦᠰᠦᠯ᠎ᠦᠨ ᠭᠠᠵᠠᠷ ᠪᠣᠯᠬᠤ᠎ᠶ᠋ᠢ ᠭᠡᠷᠡᠴᠢᠯᠡᠪᠡ᠃ ᠡᠳᠡᠭᠡᠷ ᠬᠠᠭᠤᠴᠢ ᠰᠤᠳᠤᠯᠤᠯ᠎ᠤᠨ ᠬᠣᠪᠣᠷ ᠨᠠᠨᠳᠢᠨ ᠮᠠᠲ᠋ᠧᠷᠢᠶᠠᠯ ᠨᠢ ᠲᠦᠯᠬᠢᠭᠦᠷ᠎ᠵᠢᠡᠷ ᠲᠡᠦᠬᠡ ᠳ᠋ᠤ ᠨᠡᠪᠳᠡᠷᠡᠬᠦ ᠡᠭᠦᠳᠡ᠎ᠶ᠋ᠢ ᠨᠡᠭᠡᠭᠡᠭ᠌ᠰᠡᠨ ᠰᠢᠭ ᠪᠠᠢᠯ᠎ᠠ᠃

ᠬᠣᠯᠪᠣᠭ᠍ᠳᠠᠯ ᠪᠦᠬᠦᠢ ᠲᠡᠮᠳᠡᠭ᠌ᠯᠡᠯ᠎ᠢ ᠦᠨᠳᠦᠰᠦᠯᠡᠪᠡᠯ᠂ ᠱᠢᠩ ᠯᠦᠩ᠎ᠸᠠ ᠵᠢᠨ ᠪᠠᠭᠤᠷᠢ᠎ᠶ᠋ᠢ ᠠᠩᠬ᠎ᠠ ᠮᠠᠯᠲᠠᠬᠤ ᠦᠶ᠎ᠡ᠎ᠳᠦ ᠰᠣᠶᠣᠯ᠎ᠤᠨ ᠣᠪᠣᠭᠠᠷᠠᠯ᠎ᠤᠨ ᠳᠠᠪᠬᠤᠷᠭ᠎ᠠ᠎ᠶ᠋ᠢ ᠡᠪᠳᠡᠵᠦ᠂ ᠱᠢᠩ ᠯᠦᠩ᠎ᠸᠠ ᠵᠢᠨ ᠰᠣᠶᠣᠯ᠎ᠨᠢ ᠬᠤᠩᠱᠠᠨ ᠰᠣᠶᠣᠯ᠎ᠡᠴᠡ ᠡᠷᠲᠡ ᠪᠠᠢᠬᠤ ᠭᠠᠵᠠᠷ᠎ᠤᠨ ᠳᠠᠪᠬᠤᠷᠭ᠎ᠠ᠎ᠶ᠋ᠢᠨ ᠬᠠᠷᠢᠴᠠᠭ᠎ᠠ᠎ᠶ᠋ᠢ ᠡᠷᠢᠵᠦ᠍ ᠣᠯᠤᠭ᠍ᠰᠠᠨ ᠪᠠᠢᠨ᠎ᠠ᠃

《ᠱᠢᠩ ᠯᠦᠩ᠎ᠸᠠ ᠵᠢᠨ ᠪᠠᠭᠤᠷᠢ ᠪᠣᠯ ᠣᠲᠣ ᠪᠣᠯᠲᠠᠯ᠎ᠠ ᠤᠮᠠᠷᠠᠲᠤ ᠣᠷᠣᠨ᠎ᠳᠤ ᠢᠯᠡᠷᠡᠭᠦᠯᠦᠭ᠌ᠰᠡᠨ ᠬᠠᠮᠤᠭ᠎ᠤᠨ ᠡᠷᠲᠡ᠂ ᠬᠡᠪᠴᠢᠶ᠎ᠡ᠎ᠪᠡᠷ ᠬᠠᠮᠤᠭ᠎ᠤᠨ ᠶᠡᠬᠡ᠂ ᠪᠠᠢᠷᠢᠱᠢᠯ᠎ᠢᠶᠠᠷ ᠬᠠᠮᠤᠭ᠎ᠤᠨ ᠪᠦᠷᠢᠨ ᠪᠦᠲᠦᠨ ᠪᠠᠯᠠᠷ ᠡᠷᠲᠡᠨ᠎ᠦ ᠰᠠᠭᠤᠷᠢᠱᠢᠯ᠎ᠤᠨ ᠪᠠᠭᠤᠷᠢ ᠪᠣᠯᠤᠨ᠎ᠠ᠃ ᠡᠨᠳᠡ ᠱᠢᠩ ᠯᠦᠩ᠎ᠸᠠ ᠵᠢᠨ ᠰᠣᠶᠣᠯ᠎ᠤᠨ ᠭᠡᠷ᠎ᠦᠨ ᠪᠠᠭᠤᠷᠢ ᠵᠢ ᠨᠡᠢᠲᠡ153 ᠴᠡᠪᠡᠷᠯᠡᠨ ᠭᠠᠷᠭᠠᠵᠤ᠂ ᠭᠡᠷ᠎ᠦᠨ ᠪᠠᠭᠤᠷᠢ ᠨᠢ ᠪᠦᠷ ᠲᠣᠭᠣᠷᠢᠭ ᠥᠨᠴᠥᠭ᠌ᠲᠦ ᠳᠥᠷᠪᠡᠯᠵᠢᠨ ᠬᠡᠯᠪᠡᠷᠢ᠎ᠲᠡᠶ᠂ ᠵᠠᠷᠢᠮ ᠨᠢ ᠤᠷᠲᠤ ᠳᠥᠷᠪᠡᠯᠵᠢᠨ ᠬᠡᠯᠪᠡᠷᠢ᠎ᠲᠡᠶ᠂ ᠪᠦᠷ ᠬᠠᠭᠠᠰ ᠨᠦᠬᠡᠨ ᠮᠠᠶᠢᠭ᠎ᠤᠨ ᠪᠠᠷᠢᠯᠭ᠎ᠠ ᠪᠣᠯᠤᠨ᠎ᠠ᠃ ᠭᠡᠷ᠎ᠦᠨ ᠪᠠᠭᠤᠷᠢ ᠳ᠋ᠤ ᠵᠤᠤᠬ᠎ᠠ᠎ᠲᠠᠶ᠃ ᠡᠨᠡ ᠬᠦ᠌ ᠬᠠᠭᠠᠰ ᠨᠦᠬᠡᠨ ᠬᠡᠷ ᠮᠠᠶᠢᠭ᠎ᠤᠨ ᠪᠠᠭᠤᠷᠢ ᠨᠢ ᠪᠠᠷᠠᠭᠤᠨ ᠬᠣᠢᠨ᠎ᠠ᠎ᠡᠴᠡ ᠵᠡᠭᠦᠨ ᠡᠮᠦᠨ᠎ᠡ ᠵᠦᠭ᠎ᠲᠦ ᠲᠡᠷᠢ ᠲᠡᠭ᠌ᠰᠢ ᠵᠢᠭ᠍ᠰᠠᠵᠤ᠂ ᠰᠠᠭᠤᠷᠢᠱᠢᠯ᠎ᠤᠨ ᠪᠠᠢᠷᠢᠱᠢᠯ ᠨᠢ ᠨᠠᠷᠢᠨ ᠨᠢᠮᠪᠠᠶ ᠲᠥᠯᠥᠪᠵᠢᠭᠦᠯᠦᠭ᠌ᠰᠡᠨ ᠪᠠᠢᠵᠤ᠂ ᠰᠠᠭᠤᠷᠢᠱᠢᠯ᠎ᠤᠨ ᠭᠠᠳᠠᠨ᠎ᠠ᠎ᠪᠡᠨ ᠵᠤᠤᠪᠠᠩ ᠬᠡᠯᠪᠡᠷᠢᠳᠦ ᠴᠠᠭᠠᠷᠢᠭ ᠭᠤᠤ ᠮᠠᠯᠳᠠᠭᠰᠠᠨ ᠪᠠᠢᠵᠤ᠂ ᠵᠣᠬᠢᠬᠤ ᠬᠡᠮᠵᠢᠶᠡᠨ᠎ᠦ ᠰᠡᠷᠭᠡᠢᠯᠡᠯᠲᠡ ᠪᠤᠶᠤ ᠵᠠᠭᠠᠭ᠎ᠤᠨ ᠴᠢᠳᠠᠮᠵᠢ᠎ᠲᠠᠶ ᠭᠡᠳᠡᠭ᠎ᠢ ᠭᠦᠶ᠋ᠴᠡᠳ ᠭᠡᠷᠡᠴᠢᠯᠡᠵᠡᠶ᠃ ᠪᠠᠭᠤᠷᠢ᠎ᠶ᠋ᠢᠨ ᠲᠥᠪ᠎ᠡᠴᠡ ᠪᠠᠰᠠ 140 ᠭᠠᠷᠤᠶ ᠲᠡᠭ᠌ᠰᠢ ᠳᠥᠷᠪᠡᠯᠵᠢᠨ ᠮᠧᠲ᠋ᠷ ᠲᠠᠯᠠᠪᠠᠶ ᠪᠥᠬᠥᠶ ᠬᠣᠶᠠᠷ ᠲᠣᠮᠣ ᠭᠡᠷ ᠤ᠋ᠨ ᠪᠠᠭᠤᠷᠢ᠎ᠶ᠋ᠢ ᠢᠯᠡᠷᠡᠭᠦᠯᠵᠡᠶ᠃ ᠲᠤᠰᠭᠠᠶ ᠮᠡᠷᠭᠡᠵᠢᠯᠲᠡᠨ᠎ᠦ ᠵᠠᠳᠠᠯᠤᠭ᠍ᠰᠠᠨ᠎ᠢᠶᠠᠷ ᠡᠨᠡ ᠬᠡᠷ ᠤ᠋ᠨ ᠪᠠᠭᠤᠷᠢ ᠪᠤᠯ ᠠᠬᠠᠯᠠᠭ᠍ᠴᠢ᠎ᠶ᠋ᠢᠨ ᠰᠠᠭᠤᠭ᠎ᠠ ᠭᠠᠵᠠᠷ ᠪᠤᠶᠤ ᠣᠯᠠᠨ ᠨᠡᠢᠲᠡ᠎ᠶ᠋ᠢᠨ ᠬᠡᠷᠡᠭ ᠵᠥᠪᠯᠡᠬᠦ᠌ ᠲᠦᠷᠢᠮ ᠪᠠ ᠪᠠᠯᠠᠷ ᠡᠷᠲᠡᠨ᠎ᠦ ᠱᠠᠱᠢᠨ ᠰᠤᠷᠲᠠᠬᠤᠨ᠎ᠤ ᠲᠠᠬᠢᠯᠭ᠎ᠠ᠎ᠶ᠋ᠢᠨ ᠠᠵᠢᠯᠯᠠᠭ᠎ᠠ᠎ᠶ᠋ᠢᠨ ᠲᠠᠯᠠᠪᠤᠷ ᠭᠠᠵᠠᠷ ᠪᠠᠢᠵᠤ ᠮᠡᠳᠡᠨ᠎ᠡ᠃ ᠡᠢᠮᠦ᠍ ᠲᠣᠮᠣ ᠭᠡᠷ ᠤ᠋ᠨ ᠪᠠᠭᠤᠷᠢ 8000 ᠵᠢᠯ᠎ᠦᠨ ᠡᠮᠦᠨ᠎ᠡ ᠢᠯᠡᠷᠡᠭᠰᠡᠨ ᠨᠢ ᠲᠤᠰᠭᠠᠶ ᠮᠡᠷᠭᠡᠵᠢᠯᠲᠡᠨ᠎ᠳᠦ ᠳᠤᠮᠳᠠᠳᠤ ᠤᠯᠤᠰ᠎ᠤᠨ ᠪᠠᠷᠢᠯᠭ᠎ᠠ᠎ᠶ᠋ᠢᠨ ᠲᠡᠦᠬᠡ᠎ᠶ᠋ᠢᠨ ᠭᠠᠢᠬᠠᠮᠱᠢᠭ ᠬᠡᠮᠡᠨ ᠨᠡᠷᠡᠯᠡᠭ᠌ᠳᠡᠵᠦ᠍᠂ ᠮᠠᠨ᠎ᠤ ᠤᠯᠤᠰ᠎ᠤᠨ ᠱᠢᠨ᠎ᠡ ᠴᠢᠯᠠᠭᠤᠨ ᠵᠡᠪᠰᠡᠭ᠎ᠦᠨ ᠠᠩᠬᠠᠨ᠎ᠤ ᠱᠠᠲᠤᠨ᠎ᠤ ᠰᠠᠭᠤᠷᠢᠱᠢᠯ᠎ᠤᠨ ᠪᠠᠢᠷᠢᠱᠢᠯ᠂ ᠬᠡᠷ ᠪᠠᠢᠱᠢᠩ᠎ᠤᠨ ᠪᠠᠷᠢᠯᠭ᠎ᠠ᠂ ᠠᠮᠢᠳᠤᠷᠠᠯ᠎ᠤᠨ ᠠᠷᠭ᠎ᠠ ᠮᠠᠶᠢᠭ ᠵᠡᠷᠭᠡ᠎ᠶ᠋ᠢ ᠰᠤᠳᠤᠯᠬᠤ᠎ᠳᠤ ᠬᠣᠪᠣᠷ ᠨᠠᠨᠳᠢᠨ ᠪᠣᠳᠠᠲᠤ ᠮᠠᠲ᠋ᠧᠷᠢᠶᠠᠯ ᠬᠠᠩᠭᠠᠭ᠍ᠰᠠᠨ ᠪᠠᠢᠨ᠎ᠠ》 ᠭᠡᠵᠦ ᠵᠢᠶᠠᠩ ᠱ᠌ᠢ ᠱᠢᠶᠦ᠋ᠨ ᠬᠠᠮᠤᠭ᠎ᠤᠨ ᠲᠣᠮᠣ ᠨᠢᠭᠡ ᠣᠷᠣᠨ ᠰᠠᠭᠤᠴᠠ᠎ᠶ᠋ᠢᠨ ᠭᠠᠵᠠᠷ᠎ᠢ ᠵᠢᠭᠠᠵᠤ ᠬᠡᠯᠡᠪᠡ᠃

ᠲᠤᠰ ᠤᠳᠠᠭᠠᠨ᠎ᠤ ᠮᠠᠯᠲᠠᠯᠲᠠ᠎ᠳᠤ ᠪᠠᠰᠠ 30 ᠭᠠᠷᠤᠶ ᠣᠷᠣᠨ ᠰᠠᠭᠤᠴᠠ᠎ᠶ᠋ᠢᠨ ᠪᠤᠩᠬᠤᠨ ᠢ᠋ ᠮᠠᠯᠲᠠᠵᠤ ᠭᠠᠷᠭᠠᠵᠠᠶ᠃ ᠵᠠᠷᠢᠮ ᠲᠤᠰᠭᠠᠶ ᠮᠡᠷᠭᠡᠵᠢᠯᠲᠡᠨ᠂ ᠱᠢᠩ ᠯᠦᠩ ᠸᠠ᠎ᠶ᠋ᠢᠨ ᠪᠠᠭᠤᠷᠢ᠎ᠳᠠᠬᠢ ᠣᠷᠣᠨ ᠰᠠᠭᠤᠴᠠ᠎ᠶ᠋ᠢᠨ ᠣᠷᠣᠱᠢᠭᠤᠯᠭ᠎ᠠ ᠪᠣᠯ ᠮᠠᠨ᠎ᠤ ᠤᠯᠤᠰ᠎ᠤᠨ ᠡᠩ ᠲᠡᠷᠢᠭᠦᠨ᠎ᠳᠦ ᠢᠯᠡᠷᠡᠭᠦᠯᠦᠭ᠌ᠰᠡᠨ ᠨᠡᠢᠲᠡᠯᠢᠭ ᠠᠴᠢ ᠬᠣᠯᠪᠣᠭ᠍ᠳᠠᠯ ᠪᠥᠬᠥᠶ ᠣᠷᠣᠨ ᠰᠠᠭᠤᠴᠠ᠎ᠶ᠋ᠢᠨ ᠣᠷᠣᠱᠢᠭᠤᠯᠭ᠎ᠠ ᠪᠣᠯᠤᠨ᠎ᠠ᠂ ᠡᠨᠡ ᠨᠢ ᠮᠠᠨ᠎ᠤ ᠤᠯᠤᠰ᠎ᠤᠨ ᠪᠠᠯᠠᠷ ᠡᠷᠲᠡᠨ᠎ᠦ ᠣᠷᠣᠨ ᠰᠠᠭᠤᠴᠠ᠎ᠶ᠋ᠢᠨ ᠣᠷᠣᠱᠢᠭᠤᠯᠭ᠎ᠠ᠎ᠶ᠋ᠢᠨ ᠰᠤᠳᠤᠯᠭᠠᠨ᠎ᠤ ᠱᠢᠨ᠎ᠡ ᠬᠦᠷᠢᠶ᠎ᠡ᠎ᠶ᠋ᠢ ᠨᠡᠭᠡᠭᠡᠭ᠌ᠰᠡᠨ ᠪᠠᠢᠨ᠎ᠠ᠃ ᠡᠭᠦᠨ᠎ᠳᠦ M118 ᠬᠥᠮᠦᠨ ᠭᠠᠬᠠᠢ ᠵᠢ ᠬᠠᠮᠳᠦ ᠎ᠳᠦᠨᠢ ᠣᠷᠣᠱᠢᠭᠤᠯᠤᠭ᠍ᠰᠠᠨ ᠣᠷᠣᠨ ᠰᠠᠭᠤᠴᠠ᠎ᠶ᠋ᠢᠨ ᠣᠩᠭᠣᠨ ᠨᠢ ᠬᠠᠭᠤᠴᠢ ᠰᠤᠳᠤᠯᠤᠯ᠎ᠤᠨ ᠬᠢᠨ᠎ᠦ ᠠᠩᠬᠠᠷᠤᠯ᠎ᠢ ᠶᠡᠬᠡᠳᠡ ᠲᠠᠲᠠᠵᠠᠶ ᠭᠡᠵᠦ ᠢᠯᠡᠳᠭᠡᠪᠡ᠃

《118 ᠳ᠋ᠤᠭᠠᠷ ᠣᠩᠭᠣᠨ᠎ᠤ ᠡᠵᠡᠨ ᠳᠡᠭᠡᠭ᠌ᠰᠢ ᠬᠠᠨᠳᠤᠨ ᠲᠡᠭᠰᠢ ᠬᠡᠪᠲᠡᠵᠦ᠂ ᠬᠥᠮᠦᠨ᠎ᠦ ᠶᠠᠰᠤᠨ᠎ᠤ ᠪᠠᠷᠠᠭᠤᠨ ᠲᠠᠯ᠎ᠠ᠎ᠳᠤ ᠬᠣᠶᠠᠷ ᠪᠦᠷᠢᠨ ᠪᠦᠲᠦᠨ ᠭᠠᠬᠠᠶ᠎ᠶ᠋ᠢᠨ ᠶᠠᠰᠤ᠎ᠪᠠᠢᠵᠤ᠂ ᠣᠩᠭᠣᠨ᠎ᠤ ᠢᠷᠣᠭᠠᠷ᠎ᠤᠨ ᠬᠠᠭᠠᠰ ᠪᠠᠢᠷᠢ᠎ᠶ᠋ᠢ ᠡᠵᠡᠯᠡᠨ᠎ᠡ᠂ ᠭᠠᠬᠠᠶ᠎ᠶ᠋ᠢᠨ ᠳᠥᠷᠪᠡᠨ ᠬᠥᠯ᠎ᠢ ᠪᠦᠷ ᠬᠦᠯᠢᠭ᠌ᠰᠡᠨ ᠣᠷᠣᠮ᠎ᠲᠠᠶ᠃ ᠲᠤᠰᠭᠠᠶ ᠮᠡᠷᠭᠡᠵᠢᠯᠲᠡᠨ᠎ᠦ ᠬᠢᠨᠠᠨ ᠲᠣᠭ᠍ᠲᠠᠭᠠᠭ᠍ᠰᠠᠨ᠎ᠢᠶᠠᠷ᠂ ᠣᠩᠭᠣᠨ᠎ᠤ ᠡᠵᠡᠨ ᠨᠢ ᠡᠷᠡᠭ᠌ᠲᠡᠶ᠂ ᠭᠠᠬᠠᠶ ᠨᠢ ᠨᠢᠭᠡ ᠠᠵᠢᠷᠭᠠᠨ ᠭᠠᠬᠠᠢ ᠨᠢᠭᠡ ᠮᠡᠭᠡᠵᠢ᠃ ᠬᠥᠮᠦᠨ ᠭᠠᠬᠠᠢ᠎ᠶ᠋ᠢ ᠬᠠᠮᠲᠤ᠎ᠳᠤᠨᠢ ᠣᠷᠣᠱᠢᠭᠤᠯᠬᠤ ᠡᠢᠮᠦᠷᠬᠦᠦ ᠵᠠᠩᠱᠢᠯ ᠨᠢ ᠡᠪᠦᠭᠡ ᠳᠡᠭᠡᠳᠦᠰ᠎ᠦᠨ᠎ᠢᠶᠡᠨ ᠰᠦᠨᠡᠰᠦ᠎ᠶ᠋ᠢ ᠲᠠᠭᠢᠬᠣ ᠪᠠ ᠭᠠᠬᠠᠢ᠎ᠶ᠋ᠢ ᠲᠠᠭᠢᠬᠣ ᠠᠵᠢᠯᠯᠠᠭ᠎ᠠ᠎ᠶ᠋ᠢ ᠨᠢᠭᠡ ᠴᠣᠭ᠍ᠴᠠ ᠪᠣᠯᠭᠠᠨ ᠨᠢᠭᠡᠳᠭᠡᠭ᠌ᠰᠡᠨ᠎ᠦ ᠦᠨᠡᠨ ᠪᠣᠳᠠᠲᠠᠢ ᠭᠡᠷᠡᠴᠢ ᠪᠣᠯᠬᠤ ᠶᠤᠮ᠃ ᠱᠢᠩ ᠯᠦᠩ᠎ᠸᠠ᠎ᠵᠢᠨ ᠪᠠᠭᠤᠷᠢ᠎ᠠᠴᠠ ᠮᠠᠯᠲᠠᠵᠤ ᠭᠠᠷᠭᠠᠭ᠍ᠰᠠᠨ ᠮᠢᠩᠭ᠎ᠠ ᠱᠢᠬᠠᠮ ᠬᠣᠪᠣᠷ ᠨᠠᠨᠳᠢᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠲᠦ ᠸᠠᠭᠠᠷ ᠰᠠᠪᠠ᠂ ᠴᠢᠯᠠᠭᠤᠨ ᠪᠠᠭᠠᠵᠢ᠂ ᠶᠠᠰᠤᠨ ᠪᠠᠭᠠᠵᠢ᠂ ᠬᠠᠰ ᠡᠳ᠋ᠯᠡᠯ ᠵᠡᠷᠭᠡ ᠪᠠᠭ᠍ᠲᠠᠵᠤ᠂ ᠪᠠᠯᠠᠷ ᠡᠷᠲᠡᠨ᠎ᠦ ᠰᠣᠶᠣᠯ᠎ᠤᠨ ᠬᠥᠭ᠌ᠵᠢᠯᠲᠡ᠎ᠶ᠋ᠢ ᠰᠤᠳᠤᠯᠬᠤ᠎ᠳᠤ ᠬᠡᠮᠵᠢᠶᠡᠯᠡᠰᠢ ᠥᠬᠡᠶ ᠦᠢᠯᠡᠳᠦᠯ ᠦᠵᠡᠭᠦᠯᠵᠠᠢ》 ᠭᠡᠵᠦ ᠤᠯᠠᠭᠠᠨᠬᠠᠳᠠ᠎ᠶ᠋ᠢᠨ ᠮᠦᠽᠧᠶ᠎ᠶ᠋ᠢᠨ ᠣᠷᠳᠣᠨ᠎ᠤ ᠲᠣᠭᠣᠷᠢᠭ᠎ᠤᠨ ᠳᠡᠳ᠋ ᠳᠠᠷᠤᠭ᠎ᠠ ᠸᠠᠩ ᠳ᠋ᠢ ᠳᠠᠨᠢᠯᠴᠠᠭᠤᠯᠤᠨ᠎ᠠ᠃

ᠲᠡᠭᠦᠨ᠎ᠦ ᠳᠣᠲᠣᠷ᠎ᠠ᠎ᠠᠴᠠ ᠣᠯᠳᠠᠭ᠍ᠰᠠᠨ ᠬᠠᠰ ᠨᠢ ᠳᠡᠯᠡᠬᠡᠶ᠎ᠶ᠋ᠢᠨ ᠬᠠᠮᠤᠭ ᠡᠷᠲᠡᠨ᠎ᠦ ᠬᠠᠰ ᠡᠳ᠋ᠯᠡᠯ᠎ᠵᠢᠡᠷ ᠦᠨᠡᠯᠡᠭᠳᠡᠵᠦ᠂ ᠮᠠᠨ᠎ᠤ ᠤᠯᠤᠰ᠎ᠤᠨ ᠬᠠᠰ᠎ᠤᠨ ᠰᠤᠶᠤᠯ᠎ᠤᠨ ᠡᠬᠢ ᠡᠭᠦᠰᠦᠯ ᠪᠣᠯᠤᠭ᠍ᠰᠠᠨ ᠪᠠᠢᠨ᠎ᠠ; ᠬᠥᠮᠦᠨ ᠭᠠᠬᠠᠶ᠎ᠵᠢ ᠬᠠᠮᠲᠤ ᠣᠷᠣᠱᠢᠭᠤᠯᠤᠭᠰᠠᠨ ᠨᠢ ᠪᠠᠯᠠᠷ ᠡᠷᠲᠡᠨ᠎ᠤ ᠭᠠᠬᠠᠶ ᠯᠣᠣ᠎ᠶ᠋ᠢᠨ ᠱᠢᠲᠦᠯᠭᠡ᠎ᠳᠦ ᠪᠣᠳᠠᠲᠤ ᠭᠡᠷᠡᠴᠢ ᠪᠠᠷᠢᠮᠲᠠ ᠣᠯᠵᠤ ᠥᠭ᠌ᠴᠡᠶ᠃ ᠭᠡᠷ ᠪᠠᠢᠱᠢᠩ᠎ᠤᠨ ᠪᠠᠭᠤᠷᠢ ᠪᠠ ᠴᠠᠭᠠᠷᠢᠭ ᠭᠤᠤ ᠳᠣᠲᠣᠷ᠎ᠠ᠎ᠠᠴᠠ ᠪᠠᠰᠠ ᠶᠡᠬᠡ ᠬᠡᠮᠵᠢᠶᠡᠨ᠎ᠦ ᠪᠤᠭᠤ᠎ᠶ᠋ᠢᠨ ᠲᠣᠯᠣᠭᠠᠢ᠎ᠶ᠋ᠢ ᠮᠠᠯᠲᠠᠨ ᠭᠠᠷᠭᠠᠭ᠍ᠰᠠᠨ ᠪᠥᠭᠡᠳ ᠬᠤᠱᠢᠭᠠᠨ ᠮᠣᠳᠣᠨ᠎ᠤ ᠵᠢᠮᠢᠰ᠎ᠦᠨ ᠬᠠᠲᠠᠭᠤ ᠬᠠᠯᠢᠰᠤ ᠵᠡᠷᠭᠡ᠎ᠶ᠋ᠢ ᠢᠯᠡᠷᠡᠭᠦᠯᠵᠡᠢ᠂ ᠡᠳᠡᠭᠡᠷ ᠦᠯᠡᠳᠡᠭ᠌ᠳᠡᠯ ᠨᠢ ᠴᠥᠮ ᠲᠤᠬᠠᠢ᠎ᠶ᠋ᠢᠨ ᠦᠶ᠎ᠡ᠎ᠶ᠋ᠢᠨ ᠡᠪᠦᠭᠡ ᠳᠡᠭᠡᠳᠦᠰ᠎ᠦᠨ ᠠᠮᠢᠳᠤᠷᠠᠯ᠎ᠤᠨ ᠠᠷᠭ᠎ᠠ ᠮᠠᠶᠢᠭ ᠪᠠ ᠲᠤᠬᠠᠢ᠎ᠶ᠋ᠢᠨ ᠦᠶ᠎ᠡ᠎ᠶ᠋ᠢᠨ ᠲᠤᠬᠠᠢ᠎ᠶ᠋ᠢᠨ ᠭᠠᠵᠠᠷ᠎ᠤᠨ ᠤᠷᠭᠤᠮᠠᠯ᠎ᠤᠨ ᠬᠤᠴᠢᠯᠭ᠎ᠠ᠎ᠶ᠋ᠢᠨ ᠪᠠᠢᠳᠠᠯ᠎ᠢ ᠲᠤᠰᠭᠠᠭ᠍ᠰᠠᠨ ᠪᠠᠢᠨ᠎ᠠ᠃

ᠱᠢᠨ᠎ᠡ ᠴᠢᠯᠠᠭᠤᠨ ᠵᠡᠪᠰᠡᠭ᠎ᠦᠨ ᠴᠠᠭ ᠦᠶ᠎ᠡ᠎ᠶ᠋ᠢᠨ ᠠᠮᠢᠳᠤᠯᠢᠬ ᠳᠦᠷᠢ᠎ᠵᠢ ᠠᠵᠢᠭᠯᠠᠨ ᠮᠡᠳᠡᠭᠰᠡᠨ ᠨᠢ

ᠮᠥᠨ ᠠᠸ᠋ᠬᠠᠨ ᠬᠣᠱᠢᠭᠤᠨ᠎ᠳᠤ ᠱᠢᠩ ᠯᠦᠩ᠎ᠸᠠ᠎ᠵᠢᠨ ᠰᠣᠶᠣᠯ᠎ᠤᠨ ᠪᠠᠭᠤᠷᠢ᠎ᠶ᠋ᠢᠨ ᠱᠢᠩ ᠯᠦᠩ ᠭᠧᠦ᠍᠎ᠡᠴᠡ ᠬᠠᠭᠤᠷᠠᠶ ᠲᠠᠷᠢᠶᠠᠯᠠᠩ᠎ᠤᠨ ᠨᠠᠷᠢᠮᠤ᠎ᠶ᠋ᠢᠨ ᠥᠯᠢᠭᠡᠷ ᠬᠡᠪ᠎ᠢ ᠴᠤᠭ᠍ᠯᠠᠭᠤᠯᠵᠤ᠂ ᠨᠡᠭᠦᠷᠡᠰᠦᠵᠢᠭᠰᠡᠨ ᠨᠠᠷᠢᠮᠤ ᠪᠠ ᠱᠢᠯᠦᠬᠡᠶ᠎ᠶ᠋ᠢᠨ ᠮᠥᠬᠥᠯᠢᠭ᠎ᠢ ᠱᠢᠯᠢᠨ ᠰᠣᠩᠭᠣᠵᠤ᠂ ᠲᠡᠭᠦᠨ᠎ᠦ ᠬᠡᠯᠪᠡᠷᠢ ᠪᠠᠢᠳᠠᠯ᠎ᠤᠨ ᠣᠨᠴᠠᠯᠢᠭ ᠪᠠ ᠬᠡᠮᠵᠢᠶ᠎ᠡ᠎ᠶ᠋ᠢᠨ ᠶᠡᠬᠡ ᠪᠠᠭ᠎ᠠ᠎ᠶ᠋ᠢ ᠦᠨᠳᠦᠰᠦᠯᠡᠨ ᠲᠤᠰᠭᠠᠶ ᠮᠡᠷᠭᠡᠵᠢᠯᠲᠡᠨ᠎ᠡᠴᠡ ᠡᠲᠡᠭᠡᠷ ᠨᠠᠷᠢᠮᠤ ᠪᠠ ᠱᠢᠯᠦᠬᠡᠶ᠎ᠶ᠋ᠢ ᠴᠥᠮ ᠲᠠᠷᠢᠮᠠᠯ᠎ᠪᠤᠯᠬᠤ᠎ᠵᠢ ᠨᠤᠲᠠᠯᠠᠵᠤ᠂ ᠬᠠᠭᠤᠷᠠᠶ ᠲᠠᠷᠢᠶᠠᠯᠠᠩ᠎ᠤᠨ ᠬᠠᠭᠤᠴᠢ ᠰᠤᠳᠤᠯᠤᠯ ᠨᠢ ᠳᠣᠲᠣᠭᠠᠳᠤ ᠭᠠᠳᠠᠭᠠᠳᠤ᠎ᠶ᠋ᠢ ᠳᠣᠩᠰᠣᠯᠭᠠᠭ᠍ᠰᠠᠨ ᠬᠡᠷᠡᠭ ᠶᠠᠪᠤᠳᠠᠯ ᠪᠣᠯᠵᠠᠶ᠃ ᠳᠤᠮᠳᠠᠳᠤ ᠤᠯᠤᠰ᠎ᠤᠨ ᠬᠠᠭᠤᠷᠠᠶ ᠲᠠᠷᠢᠶᠠᠯᠠᠩ᠎ᠤᠨ ᠡᠭᠦᠰᠦᠯ᠎ᠦᠨ ᠭᠠᠵᠠᠷ ᠪᠣᠯᠤᠭ᠍ᠰᠠᠨ᠎ᠤ ᠬᠤᠪᠢ᠎ᠳᠤ ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠠᠮᠤ ᠪᠤᠳᠠᠭ᠎ᠠ ᠲᠠᠷᠢᠶᠠᠯᠠᠩ᠎ᠤᠨ ᠵᠣᠬᠢᠶᠠᠨ ᠪᠠᠢᠭᠤᠯᠤᠯᠲᠠ᠎ᠡᠴᠡ ᠠᠸ᠋ᠬᠠᠨ ᠬᠣᠱᠢᠭᠤᠨ᠎ᠤ ᠬᠠᠭᠤᠷᠠᠶ ᠲᠠᠷᠢᠶᠠᠯᠠᠩ᠎ᠤᠨ ᠱᠢᠰᠲ᠋ᠧᠮ᠎ᠳᠤ 《ᠪᠥᠬᠥ᠌ ᠪᠥᠮᠪᠥᠷᠴᠡᠭ᠎ᠦᠨ ᠴᠢᠬᠤᠯᠠ ᠲᠠᠷᠢᠶᠠᠯᠠᠩ᠎ᠤᠨ ᠰᠣᠶᠣᠯ᠎ᠤᠨ ᠥᠪ》᠎ᠤ᠋ᠨ ᠫᠠᠢᠰᠠ ᠣᠯᠭᠣᠵᠠᠶ᠃

ᠱᠢᠩ ᠯᠦᠩ ᠸᠠ᠎ᠶ᠋ᠢᠨ ᠪᠠᠭᠤᠷᠢ᠎ᠶ᠋ᠢ ᠢᠯᠡᠷᠡᠭᠦᠯᠦᠭ᠌ᠰᠡᠨ ᠨᠢ ᠳᠤᠮᠳᠠᠳᠤ ᠤᠯᠤᠰ᠎ᠤᠨ ᠤᠮᠠᠷᠠᠲᠤ᠎ᠶ᠋ᠢᠨ ᠱᠢᠨ᠎ᠡ ᠴᠢᠯᠠᠭᠤᠨ ᠵᠡᠪᠰᠡᠭ᠎ᠦᠨ ᠦᠶ᠎ᠡ᠎ᠶ᠋ᠢᠨ ᠲᠡᠦᠬᠡ᠎ᠶ᠋ᠢ ᠤᠷᠤᠭ᠍ᠰᠢ 3000 ᠵᠢᠯ ᠠᠬᠢᠭᠤᠯᠵᠤ᠂ ᠯᠢᠶᠣᠤᠾᠸ ᠭᠤᠤᠯ᠎ᠤᠨ ᠪᠠᠷᠠᠭᠤᠨ ᠬᠡᠰᠡᠭ ᠣᠷᠣᠨ᠎ᠤ ᠲᠤᠬᠠᠢ᠎ᠶ᠋ᠢᠨ ᠦᠶ᠎ᠡ᠎ᠶ᠋ᠢᠨ ᠨᠡᠢᠭᠡᠮ᠎ᠦᠨ ᠪᠦᠲᠦᠴᠡ᠂ ᠦᠢᠯᠡᠳᠪᠦᠷᠢᠯᠡᠯ᠎ᠦᠨ ᠲᠦᠪᠱᠢᠨ᠂ ᠠᠮᠢᠳᠤᠷᠠᠯ᠎ᠤᠨ ᠠᠷᠭ᠎ᠠ ᠮᠠᠶᠢᠭ᠎ᠢ ᠰᠤᠳᠤᠯᠬᠤ᠎ᠳᠤ ᠨᠡᠢᠲᠡᠯᠢᠭ ᠠᠴᠢ ᠬᠣᠯᠪᠣᠭ᠍ᠳᠠᠯ᠎ᠲᠠᠶ ᠶᠤᠮ᠃ 2014 ᠣᠨ᠎ᠳᠤ 《ᠳᠤᠮᠳᠠᠳᠤ᠎ᠶ᠋ᠢᠨ ᠪᠣᠯᠪᠠᠰᠤᠨ᠎ᠤ ᠡᠬᠢ ᠰᠤᠷᠪᠤᠯᠵᠢ᠎ᠶ᠋ᠢ ᠬᠠᠢᠨ ᠱᠢᠨᠵᠢᠯᠡᠬᠦ᠌ ᠢᠨᠵᠧᠨᠧᠷᠢᠩ᠎ᠦᠨ ᠰᠤᠳᠤᠯᠭᠠᠨ᠎ᠤ ᠰᠡᠳᠦᠪ᠎ᠦᠨ ᠳᠤᠭᠤᠢᠯᠠᠩ》 ᠱᠢᠩ ᠯᠦᠩ ᠸᠠ᠎ᠶ᠋ᠢᠨ ᠪᠠᠭᠤᠷᠢ᠎ᠶ᠋ᠢᠨ ᠲᠡᠦᠬᠡ ᠰᠣᠶᠣᠯ᠎ᠤᠨ ᠡᠷᠳᠡᠨᠢᠰ᠎ᠦᠨ ᠬᠥᠮᠥᠷᠭᠡ᠎ᠶ᠋ᠢᠨ ᠦᠨ᠎ᠡ ᠥᠷᠲᠡᠭ᠎ᠢ ᠳ᠋ᠦᠩᠨᠡᠬᠦ᠌᠎ᠳᠡᠭᠡᠨ ᠱᠢᠩ ᠯᠦᠩ ᠸᠠ᠎ᠶ᠋ᠢᠨ ᠪᠠᠭᠤᠷᠢ᠎ᠳᠤ 《ᠳᠤᠮᠳᠠᠳᠤ᠎ᠶ᠋ᠢᠨ ᠪᠣᠯᠪᠠᠰᠤᠨ᠎ᠤ ᠡᠭᠦᠰᠦᠯ᠎ᠦᠨ ᠭᠠᠵᠠᠷ》᠂ 《ᠳᠡᠯᠡᠬᠡᠶ᠎ᠶ᠋ᠢᠨ ᠬᠠᠭᠤᠷᠠᠶ ᠲᠠᠷᠢᠶᠠᠯᠠᠩ᠎ᠤᠨ ᠡᠭᠦᠰᠦᠯ᠎ᠦᠨ ᠭᠠᠵᠠᠷ》᠂ 《ᠳᠤᠮᠳᠠᠳᠤ᠎ᠶ᠋ᠢᠨ 〈ᠯᠤᠤ〉᠎ᠵᠢᠨ ᠰᠣᠶᠣᠯ᠎ᠤᠨ ᠡᠭᠦᠰᠦᠯ᠎ᠦᠨ ᠭᠠᠵᠠᠷ》᠂ 《ᠳᠤᠮᠳᠠᠳᠤ ᠤᠯᠤᠰ᠎ᠤᠨ 〈ᠬᠠᠰ〉᠎ᠤ᠋ᠨ ᠰᠣᠶᠣᠯ᠎ᠤᠨ ᠡᠭᠦᠰᠦᠯ᠎ᠦᠨ ᠭᠠᠵᠠᠷ》᠂ 《ᠳᠡᠭᠡᠳᠦᠰ᠎ᠦᠨ ᠱᠢᠲᠦᠯᠭᠡ᠎ᠶ᠋ᠢᠨ ᠡᠭᠦᠰᠦᠯ᠎ᠦᠨ ᠭᠠᠵᠠᠷ》 ᠭᠡᠬᠦ᠌ ᠲᠠᠪᠤᠨ ᠲᠡᠦᠬᠡᠨ ᠪᠠᠢᠷᠢ ᠲᠣᠭ᠍ᠲᠠᠭᠠᠯᠲᠠ ᠣᠯᠭᠣᠪᠠ᠃

ᠱᠢᠩ ᠯᠦᠩ ᠸᠠ᠎ᠶ᠋ᠢᠨ ᠪᠠᠭᠤᠷᠢ᠎ᠨᠢ ᠠᠤᠬᠠᠨ ᠬᠣᠱᠢᠭᠤᠨ᠎ᠤ ᠱᠢᠩ ᠯᠦᠩ᠎ᠸᠠ ᠪᠠᠯᠭᠠᠰᠤ᠎ᠶ᠋ᠢᠨ ᠱᠢᠩ ᠯᠦᠩ᠎ᠸᠠ ᠲᠣᠰᠭᠣᠨ᠎ᠠᠴᠠ 0.5 ᠺᠢᠯᠣᠮᠧᠲ᠋ᠷ ᠵᠠᠢᠲᠠᠶ ᠪᠣᠯᠬᠣᠷ ᠢᠯᠡᠷᠡᠭᠦᠯᠦᠭ᠌ᠰᠡᠨ ᠭᠠᠵᠠᠷ᠎ᠢᠶᠠᠷ᠎ᠨᠢ ᠪᠠᠭᠤᠷᠢ᠎ᠶ᠋ᠢ ᠨᠡᠷᠡᠢᠳᠬᠦ᠌ ᠵᠤᠷᠱᠢᠯ ᠶᠣᠰᠣᠭᠠᠷ ᠶᠠᠩ ᠬᠤ᠌ ᠠᠪᠤᠭᠠᠶ 《ᠥᠪᠥᠷ ᠮᠣᠩᠭᠣᠯ᠎ᠤᠨ ᠠᠤᠬᠠᠨ ᠬᠣᠱᠢᠭᠤᠨ᠎ᠤ ᠱᠢᠩ ᠯᠦᠩ ᠸᠠ᠎ᠶ᠋ᠢᠨ ᠪᠠᠭᠤᠷᠢ᠎ᠶ᠋ᠢ ᠢᠯᠡᠷᠡᠭᠦᠯᠦᠭᠰᠡᠨ ᠲᠣᠪᠴᠢ ᠮᠡᠳᠡᠭᠡ》᠎ᠳ᠋ᠤ ᠱᠢᠩ ᠯᠦᠩ ᠸᠠ᠎ᠶ᠋ᠢᠨ ᠰᠣᠶᠣᠯ ᠭᠡᠬᠦ᠌ ᠨᠡᠷᠡᠢᠳᠦᠯ᠎ᠢ ᠠᠩᠬ᠎ᠠ ᠤᠳᠠᠭ᠎ᠠ ᠳᠤᠷᠠᠳᠴᠤ᠌᠂ ᠡᠷᠳᠡᠮ ᠱᠢᠨᠵᠢᠯᠡᠭᠡᠨ᠎ᠦ ᠬᠢᠨ᠎ᠳᠦ ᠡᠨᠡ ᠬᠦ᠌ ᠱᠢᠨ᠎ᠡ ᠴᠢᠯᠠᠭᠤᠨ ᠵᠡᠪᠰᠡᠭ᠎ᠦᠨ ᠳᠤᠮᠳᠠ ᠬᠤᠭᠤᠴᠠᠭᠠᠨ᠎ᠤ ᠬᠠᠭᠤᠴᠢ ᠰᠤᠳᠤᠯᠤᠯ᠎ᠤᠨ ᠰᠣᠶᠣᠯ᠎ᠤᠨ ᠢᠯᠡᠷᠡᠭᠦᠯᠦᠯᠲᠡ᠎ᠶ᠋ᠢ ᠵᠠᠷᠯᠠᠵᠠᠶ᠃ ᠬᠠᠭᠤᠴᠢ ᠰᠤᠳᠤᠯᠤᠭᠠᠴᠢᠳ ᠮᠠᠯᠲᠠᠵᠤ ᠭᠠᠷᠭᠠᠭ᠍ᠰᠠᠨ ᠮᠣᠳᠣᠨ ᠨᠡᠭᠦᠷᠡᠰᠦ ᠵᠡᠷᠭᠡ ᠲᠡᠦᠬᠡ᠎ᠶ᠋ᠢᠨ ᠳᠤᠷᠠᠰᠭᠠᠯᠲᠤ ᠵᠦᠶ᠋ᠯ᠎ᠳᠦ ᠨᠡᠭᠦᠷᠡᠰᠦᠲᠥ᠋ᠷᠥᠭ᠌ᠴᠢ - 14᠎ᠵᠢᠨ ᠣᠨ᠎ᠤ ᠬᠢᠨᠠᠨ ᠲᠣᠭ᠍ᠲᠠᠭᠠᠯᠲᠠ ᠬᠢᠬᠦ᠌ ᠪᠡᠷ ᠳᠡᠮᠵᠢᠨ ᠱᠢᠩ ᠯᠦᠩ ᠸᠠ᠎ᠶ᠋ᠢᠨ ᠰᠣᠶᠣᠯ ᠨᠢ ᠣᠲᠣ᠎ᠠᠴᠠ 8000 ᠵᠢᠯ᠎ᠦᠨ ᠡᠮᠦᠨ᠎ᠡ ᠭᠡᠵᠦ ᠵᠠᠭᠠᠭ᠍ᠯᠠᠨ ᠲᠣᠭ᠍ᠲᠠᠭᠠᠪᠠ᠃

《ᠱᠢᠩ ᠯᠦᠩ᠎ᠸᠠ᠎ᠵᠢᠨ ᠪᠠᠭᠤᠷᠢ ᠵᠡᠭᠦᠨᠰᠢ ᠪᠠᠷᠠᠭᠤᠨᠰᠢ ᠪᠠᠷᠤᠭ 1 ᠺᠢᠯᠣᠮᠧᠲ᠋ᠷ᠂ ᠡᠮᠦᠨᠡᠰᠢ ᠤᠮᠠᠷᠠᠰᠢ ᠪᠠᠷᠤᠭ 1.5 ᠺᠢᠯᠣᠮᠧᠲ᠋ᠷ᠎ᠦᠨ ᠬᠡᠪᠴᠢᠶᠡᠨ ᠳᠣᠲᠣᠷ᠎ᠠ ᠪᠠᠯᠠᠷ ᠡᠷᠲᠡᠨ᠎ᠦ ᠰᠣᠶᠣᠯ᠎ᠤᠨ 14 ᠪᠠᠭᠤᠷᠢ ᠪᠠᠢᠵᠤ᠂ ᠪᠠᠢᠴᠠᠭᠠᠯᠲᠠ᠎ᠪᠠᠷ ᠳᠡᠮᠵᠢᠨ ᠬᠡᠮᠵᠢᠨ ᠵᠢᠷᠤᠭ᠍ᠯᠠᠭ᠍ᠰᠠᠨ ᠨᠢ ᠱᠢᠩ ᠯᠦᠩ᠎ᠸᠠ᠎ᠵᠢᠨ ᠰᠣᠶᠣᠯ᠎ᠤᠨ ᠪᠠᠭᠤᠷᠢ 2᠂ ᠵᠣᠣ ᠪᠦᠦ ᠭᠸᠤ ᠵᠢᠨ ᠪᠠᠭᠤᠷᠢ 4᠂ ᠬᠤᠩᠱᠠᠨ ᠰᠣᠶᠣᠯ᠎ᠤᠨ ᠪᠠᠭᠤᠷᠢ 6᠂ ᠱᠢᠶᠠ ᠵᠢᠶᠠ ᠳ᠋ᠢᠶᠠᠨ᠎ᠤ ᠳᠤᠤᠷᠠᠳᠤ ᠳᠠᠪᠬᠤᠷᠭ᠎ᠠ᠎ᠶ᠋ᠢᠨ ᠰᠣᠶᠣᠯ᠎ᠤᠨ ᠪᠠᠭᠤᠷᠢ 2 ᠪᠠᠢᠵᠤ᠂ ᠱᠢᠩ ᠯᠦᠩ᠎ᠸᠠ᠎ᠵᠢᠨ ᠰᠣᠶᠣᠯ᠎ᠢᠶᠠᠷ ᠭᠤᠤᠯ ᠪᠣᠯᠭᠠᠭ᠍ᠰᠠᠨ ᠰᠣᠶᠣᠯ᠎ᠤᠨ ᠰᠠᠭᠤᠷᠢᠰᠢᠯ᠎ᠤᠨ ᠪᠦᠯᠦᠭᠵᠢᠯ᠎ᠢ ᠪᠦᠷᠢᠯᠳᠦᠭᠦᠯᠵᠡᠶ᠃ ᠬᠡᠳᠦᠨ ᠵᠦᠢᠯ᠎ᠦᠨ ᠰᠣᠶᠣᠯ᠎ᠤᠨ ᠪᠠᠭᠤᠷᠢ ᠡᠨᠡ ᠣᠷᠣᠨ᠎ᠳᠤ ᠲᠥᠪᠯᠡᠷᠡᠨ ᠲᠠᠷᠬᠠᠵᠤ᠂ ᠤᠮᠠᠷᠠᠲᠤ ᠣᠷᠣᠨ ᠵᠢᠴᠢ ᠪᠠᠷᠠᠭᠤᠨ ᠯᠢᠶᠣᠤᠾᠧ ᠭᠣᠣᠯ᠎ᠤᠨ ᠰᠠᠪᠠ ᠭᠠᠵᠠᠷ᠎ᠤᠨ ᠣᠳᠣ᠎ᠠᠴᠠ ᠡᠮᠦᠨᠡᠬᠢ 8000 — 2500 ᠵᠢᠯ᠎ᠦᠨ ᠬᠣᠭᠣᠷᠣᠨᠳᠣᠬᠢ ᠬᠥᠮᠦᠨ ᠲᠥᠷᠥᠯᠬᠢᠲᠡᠨ᠎ᠦ ᠠᠵᠢᠯᠯᠠᠭᠠᠨ᠎ᠤ ᠭᠤᠯᠳᠤ ᠣᠭ᠍ᠲᠣᠯᠤᠭᠠᠰᠤ᠎ᠶ᠋ᠢ ᠬᠠᠩᠭᠠᠭ᠍ᠰᠠᠨ ᠪᠥᠭᠡᠳ ᠪᠠᠰᠠ ᠲᠤᠬᠠᠶ᠎ᠶ᠋ᠢᠨ ᠦᠶ᠎ᠡ᠎ᠶ᠋ᠢᠨ ᠠᠮᠢ ᠠᠬᠤᠶ᠎ᠶ᠋ᠢᠨ ᠣᠷᠴᠢᠨ ᠲᠣᠭᠣᠷᠢᠨ᠎ᠤ ᠭᠤᠯᠳᠤ ᠣᠭ᠍ᠲᠣᠯᠤᠭᠠᠰᠤ᠎ᠶ᠋ᠢ ᠬᠠᠩᠭᠠᠭ᠍ᠰᠠᠨ ᠪᠠᠢᠨ᠎ᠠ》 ᠭᠡᠵᠦ᠍ ᠵᠢᠶᠠᠩ ᠱ᠌ᠢ ᠱᠢᠶᠦ᠋ᠨ ᠬᠡᠯᠡᠪᠡ᠃

ᠱᠢᠩ ᠯᠦᠩ ᠸᠠ᠎ᠶ᠋ᠢᠨ ᠰᠣᠶᠣᠯ ᠨᠢ ᠱᠢᠩ ᠯᠦᠩ᠎ᠸᠠ ᠲᠣᠰᠭᠣᠨ᠎ᠳᠤ ᠯᠠ ᠬᠠᠷᠠᠭ᠍ᠳᠠᠬᠤ ᠪᠢᠰᠢ᠂ ᠠᠤᠬᠠᠨ ᠬᠣᠱᠢᠭᠤᠨ᠎ᠤ ᠪᠦᠬᠦ᠌ ᠬᠡᠪᠴᠢᠶᠡᠨ᠎ᠳᠡᠬᠢ ᠬᠡᠳᠦᠨ ᠭᠣᠣᠯ᠎ᠤᠨ ᠬᠣᠶᠠᠷ ᠡᠷᠭᠢ᠎ᠡᠴᠡ ᠴᠥᠮ ᠱᠢᠩ ᠯᠦᠩ ᠸᠠ᠎ᠶ᠋ᠢᠨ ᠰᠣᠶᠣᠯ᠎ᠤᠨ ᠪᠠᠭᠤᠷᠢ᠎ᠶ᠋ᠢ ᠢᠯᠡᠷᠡᠭᠦᠯᠦᠭ᠌ᠰᠡᠨ ᠪᠠᠢᠨ᠎ᠠ᠃ ᠲᠡᠷᠡ ᠨᠢ ᠵᠥᠪᠬᠡᠨ ᠠᠤᠬᠠᠨ ᠬᠣᠱᠢᠭᠤᠨ᠎ᠳᠤ ᠯᠠ ᠬᠠᠷᠠᠭ᠍ᠳᠠᠬᠤ ᠪᠢᠰᠢ᠂ ᠤᠯᠠᠭᠠᠨᠬᠠᠳᠠ ᠬᠣᠲᠠ᠎ᠶ᠋ᠢᠨ ᠪᠠᠭᠠᠷᠢᠨ ᠵᠡᠭᠦᠨ ᠬᠣᠱᠢᠭᠤ᠂ ᠪᠠᠭᠠᠷᠢᠨ ᠪᠠᠷᠠᠭᠤᠨ ᠬᠣᠱᠢᠭᠤ᠂ ᠨᠢᠩᠴᠧᠩ ᠱᠢᠶᠠᠨ᠂ ᠯᠢᠨᠰᠢ ᠱᠢᠶᠠᠨ᠂ ᠠᠷᠤ ᠬᠣᠷᠴᠢᠨ ᠬᠣᠱᠢᠭᠤ᠂ ᠣᠩᠨᠢᠭᠤᠳ ᠬᠣᠱᠢᠭᠤ᠂ ᠬᠡᠱᠢᠭ᠌ᠲᠡᠨ ᠵᠡᠷᠭᠡ ᠭᠠᠵᠠᠷ ᠵᠢᠴᠢ ᠯᠢᠶᠣᠤᠨᠢᠩ ᠮᠤᠵᠢ᠂ ᠲᠢᠶᠠᠨᠵᠢᠨ ᠬᠣᠲᠠ᠎ᠳᠤ ᠪᠦᠷ ᠱᠢᠩ ᠯᠦᠩ ᠸᠠ᠎ᠶ᠋ᠢᠨ ᠰᠣᠶᠣᠯ᠎ᠤᠨ ᠪᠠᠭᠤᠷᠢ ᠲᠠᠷᠬᠠᠵᠤ ᠪᠠᠢᠳᠠᠭ᠃ ᠮᠠᠯᠲᠠᠵᠤ ᠭᠠᠷᠭᠠᠭ᠍ᠰᠠᠨ ᠲᠡᠦᠬᠡ᠎ᠶ᠋ᠢᠨ ᠳᠤᠷᠠᠰᠭᠠᠯᠲᠤ ᠵᠦᠢᠯ᠎ᠢ ᠡᠯ᠎ᠡ ᠭᠠᠵᠠᠷ᠎ᠤᠨ ᠡᠯ᠎ᠡ ᠮᠦᠽᠧᠶ᠎ᠳᠦ ᠬᠠᠳᠠᠭᠠᠯᠠᠵᠤ ᠪᠤᠢ᠃

ᠱᠢᠩ ᠯᠦᠩ ᠸᠠ᠎ᠶ᠋ᠢᠨ ᠪᠠᠭᠤᠷᠢ᠎ᠶ᠋ᠢᠨ ᠴᠢᠬᠤᠯᠠ ᠴᠢᠨᠠᠷ᠎ᠨᠢ ᠲᠠᠰᠤᠷᠠᠯᠲᠠ ᠥᠬᠡᠶ ᠮᠡᠳᠡᠷᠡᠭ᠌ᠳᠡᠵᠦ᠍᠂ ᠣᠯᠠᠨ ᠵᠦᠶ᠋ᠯ᠎ᠦᠨ ᠢᠷᠠᠭᠤ ᠠᠯᠳᠠᠷ ᠬᠦᠷᠲᠡᠪᠡ᠄ 1992 ᠣᠨ᠎ᠤ ᠪᠥᠬᠥ᠌ ᠤᠯᠤᠰ᠎ᠤᠨ ᠬᠠᠭᠤᠴᠢ ᠰᠤᠳᠤᠯᠤᠯ᠎ᠤᠨ ᠠᠷᠪᠠᠨ ᠶᠡᠬᠡ ᠢᠯᠡᠷᠡᠭᠦᠯᠦᠯᠲᠡ᠂ 《ᠨᠠᠶ᠋ᠮᠠᠳᠤᠭᠠᠷ ᠲᠠᠪᠤᠨ ᠵᠢᠯ ᠎ᠦᠨ ᠲᠦᠯᠦᠪᠵᠢᠭᠦᠯᠭᠡ》᠎ᠵᠢᠨ ᠬᠤᠭᠤᠴᠠᠭᠠᠨ᠎ᠳᠠᠬᠢ ᠪᠥᠬᠥ᠌ ᠤᠯᠤᠰ᠎ᠤᠨ ᠬᠠᠭᠤᠴᠢ ᠰᠤᠳᠤᠯᠤᠯ᠎ᠤᠨ ᠠᠷᠪᠠᠨ ᠶᠡᠬᠡ ᠱᠢᠨ᠎ᠡ ᠢᠯᠡᠷᠡᠭᠦᠯᠦᠯᠲᠡ᠂ 20 ᠳ᠋ᠤᠭᠠᠷ ᠵᠠᠭᠤᠨ᠎ᠤ ᠳᠤᠮᠳᠠᠳᠤ ᠤᠯᠤᠰ᠎ᠤᠨ ᠬᠠᠭᠤᠴᠢ ᠰᠤᠳᠤᠯᠤᠯ᠎ᠤᠨ ᠵᠠᠭᠤᠨ ᠶᠡᠬᠡ ᠢᠯᠡᠷᠡᠭᠦᠯᠦᠯᠲᠡ᠂ ᠳᠤᠮᠳᠠᠳᠤ ᠤᠯᠤᠰ᠎ᠤᠨ ᠵᠠᠭᠤᠨ ᠵᠢᠯ᠎ᠦᠨ ᠬᠠᠭᠤᠴᠢ ᠰᠤᠳᠤᠯᠤᠯ᠎ᠤᠨ ᠵᠠᠭᠤᠨ ᠶᠡᠬᠡ ᠢᠯᠡᠷᠡᠭᠦᠯᠦᠯᠲᠡ᠎ᠳᠤ ᠰᠤᠨᠭᠭᠤᠭᠳᠠᠪᠠ᠃ ᠡᠨᠡ ᠨᠢ ᠲᠡᠭᠦᠨ᠎ᠦ ᠳᠤᠮᠳᠠᠳᠤ ᠤᠯᠤᠰ᠎ᠤᠨ ᠬᠠᠭᠤᠴᠢ ᠰᠤᠳᠤᠯᠤᠯ᠎ᠤᠨ ᠲᠡᠦᠬᠡᠨ ᠳᠡᠭᠡᠷᠡᠬᠢ ᠴᠢᠬᠤᠯᠠ ᠪᠠᠢᠷᠢ ᠰᠠᠭᠤᠷᠢ᠎ᠶ᠋ᠢ ᠭᠦᠶ᠋ᠴᠡᠳ ᠬᠠᠷᠠᠭᠤᠯᠵᠤ ᠪᠠᠢᠨ᠎ᠠ᠃

ᠳᠤᠮᠳᠠᠳᠤ᠎ᠶ᠋ᠢᠨ ᠡᠬᠡ ᠭᠠᠵᠠᠷ ᠳᠡᠭᠡᠷᠡᠬᠢ ᠦᠰᠦᠭ ᠥᠬᠡᠶ ᠲᠡᠦᠬᠡᠨ ᠡᠪᠬᠡᠮᠡᠯ᠎ᠢ ᠰᠠᠬᠢᠨ ᠬᠠᠮᠠᠭᠠᠯᠠᠪᠠ

ᠱᠢᠩ ᠯᠦᠩ᠎ᠸᠠ᠎ᠵᠢᠨ ᠪᠠᠭᠤᠷᠢ ᠨᠢ ᠱᠢᠩ ᠯᠦᠩ᠎ᠸᠠ᠎ᠵᠢᠨ ᠰᠣᠶᠣᠯ᠎ᠤᠨ ᠨᠡᠢᠲᠡᠯᠢᠭ ᠲᠥᠯᠥᠭᠡᠯᠡᠭ᠌ᠴᠢ ᠪᠣᠯᠤᠭ᠍ᠰᠠᠨ᠎ᠤ ᠬᠤᠪᠢ᠎ᠳᠤ ᠳᠤᠮᠳᠠᠳᠤ᠎ᠶ᠋ᠢᠨ ᠪᠣᠯᠪᠠᠰᠤᠨ᠎ᠤ ᠡᠭᠦᠰᠦᠯ᠎ᠦᠨ ᠲᠡᠦᠬᠡ᠎ᠶ᠋ᠢᠨ ᠪᠡᠯᠭᠡ ᠲᠡᠮᠳᠡᠭ ᠪᠠ ᠴᠢᠬᠤᠯᠠ ᠭᠡᠷᠡᠴᠢ ᠪᠣᠯᠬᠤ ᠪᠥᠭᠡᠳ ᠪᠠᠰᠠ ᠴᠤ᠌ ᠳᠤᠮᠳᠠᠳᠤ᠎ᠶ᠋ᠢᠨ ᠪᠣᠯᠪᠠᠰᠤᠨ᠎ᠢ ᠬᠠᠳᠠᠭᠠᠯᠠᠬᠤ ᠪᠠ ᠤᠯᠠᠮᠵᠢᠯᠠᠨ ᠵᠠᠯᠭᠠᠮᠵᠢᠯᠠᠬᠤ ᠴᠢᠬᠤᠯᠠ ᠠᠴᠢᠶᠠᠯᠠᠪᠤᠷᠢ ᠪᠣᠯᠤᠨ᠎ᠠ᠃ ᠡᠨᠡ ᠬᠦ᠌ ᠪᠠᠯᠠᠷ ᠡᠷᠲᠡᠨ᠎ᠦ ᠰᠣᠶᠣᠯ᠎ᠤᠨ ᠦᠯᠡᠳᠡᠭ᠌ᠳᠡᠯ᠎ᠢ ᠬᠠᠮᠠᠭᠠᠯᠠᠬᠤ᠎ᠶ᠋ᠢᠨ ᠲᠥᠯᠥᠭᠡ ᠠᠸ᠋ᠬᠠᠨ ᠬᠣᠱᠢᠭᠤ ᠱᠢᠩ ᠯᠦᠩ ᠸᠠ᠎ᠶ᠋ᠢᠨ ᠪᠠᠭᠤᠷᠢ᠎ᠶ᠋ᠢᠨ ᠬᠡᠪᠴᠢᠶᠡᠨ᠎ᠳᠡᠬᠢ 200 ᠮᠥ᠍ ᠭᠠᠵᠠᠷ ᠱᠢᠷᠣᠶ᠎ᠶ᠋ᠢ ᠲᠠᠲᠠᠪᠤᠷᠢᠯᠠᠨ ᠬᠡᠷᠡᠭ᠌ᠯᠡᠵᠦ᠍᠂ ᠮᠠᠯᠲᠠᠵᠤ ᠭᠠᠷᠭᠠᠭ᠍ᠰᠠᠨ ᠪᠠᠭᠤᠷᠢ᠎ᠶ᠋ᠢ ᠡᠭᠡᠭᠦᠯᠦᠨ ᠪᠥᠭ᠌ᠯᠡᠭ᠌ᠰᠡᠨ ᠪᠥᠭᠡᠳ ᠪᠠᠭᠤᠷᠢ᠎ᠶ᠋ᠢᠨ ᠳᠣᠲᠣᠷᠠᠬᠢ ᠭᠤᠤ ᠰᠤᠪᠠᠭ᠂ ᠬᠡᠷ ᠪᠠᠢᠱᠢᠩ᠎ᠤᠨ ᠪᠠᠭᠤᠷᠢ᠎ᠶ᠋ᠢ ᠥᠨᠳᠥᠷ ᠪᠣᠯᠭᠠᠭ᠍ᠰᠠᠨ ᠪᠠᠢᠨ᠎ᠠ᠃

ᠱᠢᠩ ᠯᠦᠩ ᠸᠠ᠎ᠶ᠋ᠢᠨ ᠪᠠᠭᠤᠷᠢ᠎ᠶ᠋ᠢ ᠬᠠᠮᠠᠭᠠᠯᠠᠬᠤ ᠠᠵᠢᠯ᠎ᠤᠨ ᠦᠷᠳᠡᠭᠡ᠎ᠵᠢᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠭ᠍ᠴᠢ ᠲᠢᠶᠠᠨ ᠵᠢᠩ ᠫᠢᠩ᠂ 40 ᠭᠠᠷᠤᠶ ᠵᠢᠯ᠎ᠦᠨ ᠡᠮᠦᠨ᠎ᠡ ᠲᠡᠷᠡ ᠬᠠᠭᠤᠴᠢ ᠰᠤᠳᠤᠯᠤᠯ᠎ᠤᠨ ᠠᠩᠭᠢ᠎ᠶ᠋ᠢᠨ 《ᠲᠤᠰᠠᠯᠠᠭ᠍ᠴᠢ》᠎ᠶ᠋ᠢᠨ ᠬᠤᠪᠢ᠎ᠪᠠᠷ ᠱᠢᠩ ᠯᠦᠩ ᠸᠠ᠎ᠶ᠋ᠢᠨ ᠪᠠᠭᠤᠷᠢ᠎ᠶ᠋ᠢᠨ ᠬᠠᠭᠤᠴᠢ ᠰᠤᠳᠤᠯᠤᠯ᠎ᠤᠨ ᠨᠡᠭᠡᠭᠡᠨ ᠮᠠᠯᠲᠠᠬᠤ ᠠᠵᠢᠯ᠎ᠳᠤ ᠣᠷᠣᠯᠴᠠᠵᠤ ᠥᠩᠭᠡᠷᠡᠵᠡᠶ᠃ 6 ᠵᠢᠯ᠎ᠦᠨ 《ᠲᠤᠰᠠᠯᠠᠭ᠍ᠴᠢ》 ᠵᠢᠨ ᠠᠵᠢᠯ ᠨᠢ ᠲᠡᠭᠦᠨ᠎ᠢ ᠬᠠᠭᠤᠴᠢ ᠰᠤᠳᠤᠯᠤᠯ᠎ᠲᠠᠶ ᠰᠠᠯᠤᠰᠢ ᠥᠬᠡᠶ ᠪᠠᠷᠢᠯᠳᠤᠯᠭ᠎ᠠ᠎ᠲᠠᠶ ᠪᠣᠯᠭᠠᠵᠠᠶ ᠭᠡᠵᠦ ᠤᠮᠤᠭᠰᠢᠯᠳᠠᠢ ᠶᠠᠷᠢᠨ᠎ᠠ᠃ ᠠᠰᠠᠷ᠎ᠤᠨ ᠱᠠᠲᠤᠨ᠎ᠤ ᠡᠮᠦᠨᠡᠬᠢ ᠲᠤᠮᠤ ᠭᠡᠷᠡᠯ ᠵᠢᠷᠤᠭ᠎ᠢ ᠵᠢᠭᠠᠭᠠᠳ ᠲᠡᠷᠡ᠄ 《ᠡᠳᠡᠭᠡᠷ ᠳᠥᠷᠪᠡᠯᠵᠢᠨ ᠬᠦᠷᠢᠶ᠎ᠡ ᠪᠣᠯ 8000 ᠵᠢᠯ᠎ᠦᠨ ᠡᠮᠦᠨᠡᠬᠢ ᠭᠡᠷ ᠪᠠᠢᠱᠢᠩ᠎ᠤᠨ ᠪᠠᠭᠤᠷᠢ ᠪᠤᠯᠤᠨ᠎ᠠ᠂ ᠬᠡᠳᠦᠶ ᠰᠦᠷᠯᠢᠭ ᠰᠠᠢᠬᠠᠨ ᠪᠤᠶ! 》 ᠭᠡᠪᠡ᠃

ᠣᠲᠣ ᠵᠢᠷᠠ ᠱᠢᠬᠠᠭ᠍ᠰᠠᠨ ᠲᠢᠶᠠᠨ ᠵᠢᠩ ᠫᠢᠩ ᠪᠠᠭᠤᠷᠢ᠎ᠶ᠋ᠢ ᠡᠳᠦᠷ ᠪᠦᠷᠢ ᠬᠣᠶᠠᠷ ᠤᠳᠠᠭ᠎ᠠ ᠴᠠᠭ᠍ᠳᠠᠨ ᠬᠠᠮᠠᠭᠠᠯᠠᠳᠠᠭ᠃ ᠣᠷᠣᠯᠴᠠᠭ᠍ᠴᠢ᠎ᠡᠴᠡ ᠰᠠᠬᠢᠨ ᠬᠠᠮᠠᠭᠠᠯᠠᠭ᠍ᠴᠢ ᠬᠦᠷᠲᠡᠯ᠎ᠡ᠂ ᠲᠢᠶᠠᠨ ᠵᠢᠩ ᠫᠢᠩ᠎ᠦᠨ ᠪᠡᠶ᠎ᠡ ᠬᠡᠮ ᠬᠤᠪᠢᠷᠠᠭᠰᠠᠨ ᠴᠤ᠌ ᠣᠭ ᠰᠠᠨᠠᠭ᠎ᠠ ᠨᠢ ᠬᠤᠪᠢᠷᠠᠭ᠎ᠠ ᠥᠬᠡᠶ᠄ 《ᠡᠨᠳᠡ ᠮᠠᠰᠢ ᠣᠯᠠᠨ ᠠᠢᠯᠴᠢᠯᠠᠬᠤ᠎ᠪᠠᠷ ᠢᠷᠡᠭ᠌ᠰᠡᠨ ᠤᠯᠤᠰ᠎ᠤᠨ ᠬᠠᠭᠤᠴᠢ ᠰᠤᠳᠤᠯᠤᠯ᠎ᠤᠨ ᠲᠤᠰᠭᠠᠶ ᠮᠡᠷᠭᠡᠵᠢᠯᠲᠡᠨ᠎ᠢ ᠭᠥᠯᠢᠶᠡᠨ ᠠᠪᠴᠤ᠌ ᠵᠣᠴᠢᠯᠠᠪᠠ᠂ ᠡᠲᠡᠭᠡᠷ ᠲᠡᠦᠬᠡ᠎ᠶ᠋ᠢᠨ ᠳᠤᠷᠠᠰᠭᠠᠯᠲᠤ ᠵᠦᠶ᠋ᠯ᠎ᠢ ᠬᠠᠮᠠᠭᠠᠯᠠᠬᠤ ᠪᠣᠯ ᠳᠠᠷᠤᠶ ᠪᠢᠳᠡᠨ᠎ᠦ ᠤᠭ ᠦᠨᠳᠦᠰᠦ᠎ᠶ᠋ᠢ ᠬᠠᠮᠠᠭᠠᠯᠠᠵᠤ ᠪᠠᠢᠭ᠎ᠠ ᠶᠠᠪᠤᠳᠠᠯ ᠮᠥᠨ ᠭᠡᠳᠡᠭ᠎ᠢ ᠪᠢ ᠨᠠᠩ ᠣᠯᠠᠨ ᠬᠥᠮᠦᠨ᠎ᠳᠦ ᠮᠡᠳᠡᠭᠦᠯᠦᠨ᠎ᠡ》 ᠭᠡᠪᠡ᠃

ᠣᠳᠣᠬᠠᠨ᠎ᠳᠤ ᠤᠯᠠᠭᠠᠨᠬᠠᠳᠠ ᠬᠣᠲᠠ᠎ᠳᠤ ᠱᠢᠩ ᠯᠦᠩ᠎ᠸᠠ᠎ᠵᠢᠨ ᠰᠣᠶᠣᠯ᠂ ᠵᠣᠣ ᠪᠦᠦ ᠭᠧᠦ᠎ᠵᠢᠨ ᠰᠣᠶᠣᠯ᠂ ᠬᠤᠩᠱᠠᠨ ᠰᠣᠶᠣᠯ ᠵᠡᠷᠭᠡ 8 ᠵᠦᠶ᠋ᠯ᠎ᠦᠨ ᠬᠠᠭᠤᠴᠢ ᠰᠤᠳᠤᠯᠤᠯ᠎ᠤᠨ ᠰᠣᠶᠣᠯ᠎ᠤᠨ ᠲᠥᠷᠥᠯ ᠬᠡᠯᠪᠡᠷᠢ᠎ᠶ᠋ᠢ ᠢᠯᠡᠷᠡᠭᠦᠯᠦᠨ ᠨᠡᠷᠡᠢᠳᠪᠡ᠃ ᠡᠨᠡ᠎ᠨᠢ ᠤᠯᠠᠭᠠᠨᠬᠠᠳᠠ᠎ᠶ᠋ᠢ ᠪᠥᠬᠥ᠌ ᠤᠯᠤᠰ᠎ᠤᠨ ᠬᠠᠭᠤᠴᠢ ᠰᠤᠳᠤᠯᠤᠯ᠎ᠤᠨ ᠰᠣᠶᠣᠯ᠎ᠤᠨ ᠨᠡᠷᠡᠢᠳᠦᠯ᠎ᠢᠶᠡᠷ ᠬᠠᠮᠤᠭ᠎ᠤᠨ ᠣᠯᠠᠨ ᠲᠤᠰᠭᠠᠶ ᠣᠷᠣᠨ᠎ᠤ ᠲᠠᠰ᠎ᠤᠨ ᠬᠣᠲᠠ ᠪᠣᠯᠭᠠᠵᠠᠶ᠃ ᠣᠳᠣᠬᠠᠨ᠎ᠳᠤ ᠶᠠᠭ ᠶᠠᠪᠤᠭ᠍ᠳᠠᠵᠤ ᠪᠠᠢᠭ᠎ᠠ ᠳᠥᠷᠪᠡᠳᠦᠭᠡᠷ ᠤᠳᠠᠭᠠᠨ᠎ᠤ ᠪᠥᠬᠥ᠌ ᠤᠯᠤᠰ᠎ᠤᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠨᠡᠢᠳᠡᠮ ᠪᠠᠢᠴᠠᠭᠠᠯᠲᠠ ᠳᠤᠮᠳᠠ ᠤᠯᠠᠭᠠᠨᠬᠠᠳᠠ ᠬᠣᠲᠠ᠎ᠶ᠋ᠢᠨ ᠱᠢᠨ᠎ᠡ᠎ᠪᠡᠷ ᠢᠯᠡᠷᠡᠭᠦᠯᠦᠭ᠌ᠰᠡᠨ ᠦᠯᠡᠳᠡᠭ᠌ᠳᠡᠯ ᠪᠠᠭᠤᠷᠢ 269 (ᠣᠷᠳᠣ ᠴᠠᠭᠠᠨ ᠬᠡᠷᠡᠮ ᠪᠠᠭ᠍ᠲᠠᠬᠤ ᠥᠬᠡᠶ) ᠪᠠᠢᠵᠤ᠂ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠲᠣᠮᠣ ᠬᠣᠲᠠ᠎ᠶ᠋ᠢᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠭᠠᠵᠠᠷ᠎ᠤᠨ ᠵᠢᠷᠤᠭ᠎ᠢ ᠳᠠᠬᠢᠨᠲᠠ ᠱᠢᠨᠡᠳᠭᠡᠪᠡ᠃

ᠯᠢᠶᠣᠤᠾᠸ ᠭᠤᠤᠯ᠎ᠤᠨ ᠪᠠᠷᠠᠭᠤᠨ ᠬᠡᠰᠡᠭ᠎ᠤ᠋ᠨ ᠳᠣᠪᠣᠷᠬᠠᠭ ᠭᠠᠵᠠᠷ᠎ᠲᠦ ᠱᠢᠩ ᠯᠦᠩ ᠸᠠ᠎ᠶ᠋ᠢᠨ ᠪᠠᠭᠤᠷᠢ 8000 ᠵᠢᠯ᠎ᠦᠨ ᠪᠣᠯᠪᠠᠰᠤᠨ᠎ᠤ ᠨᠢᠭᠤᠴᠠ ᠨᠣᠮᠧᠷ᠎ᠢ ᠨᠠᠮ ᠵᠢᠮ ᠬᠦᠤᠷᠨᠢᠵᠦ ᠪᠠᠢᠯ᠎ᠠ᠃ ᠡᠨᠡ ᠬᠦ᠌ 《ᠳᠤᠮᠳᠠᠳᠤ᠎ᠶ᠋ᠢᠨ ᠨᠢᠭᠡᠳᠦᠭᠡᠷ ᠲᠣᠰᠭᠣᠨ》 ᠬᠡᠮᠡᠭ᠌ᠳᠡᠭ᠌ᠰᠡᠨ ᠪᠠᠯᠠᠷ ᠡᠷᠲᠡᠨ᠎ᠦ ᠪᠠᠭᠤᠷᠢ ᠨᠢ ᠳᠤᠮᠳᠠᠳᠤ᠎ᠶ᠋ᠢᠨ ᠦᠨᠳᠦᠰᠦᠲᠡᠨ᠎ᠦ ᠬᠠᠮᠤᠭ᠎ᠤᠨ ᠭᠦᠨ ᠵᠤᠵᠠᠭᠠᠨ ᠰᠣᠶᠣᠯ᠎ᠤᠨ ᠳᠤᠷᠠᠰᠤᠮᠵᠢ᠎ᠶ᠋ᠢ ᠠᠴᠢᠶᠠᠯᠠᠵᠤ ᠪᠠᠢᠬᠤ᠎ᠪᠠᠷ ᠪᠠᠷᠠᠬᠤ ᠦᠭᠡᠢ ᠨᠡᠩ ᠴᠤ᠌ ᠴᠠᠭ ᠬᠤᠭᠤᠴᠠᠭ᠎ᠠ ᠣᠷᠣᠨ ᠵᠠᠢ᠎ᠶ᠋ᠢ ᠠᠯᠤᠰᠯᠠᠭ᠍ᠰᠠᠨ ᠠᠮᠢᠵᠢᠷᠠᠯ᠎ᠤᠨ ᠬᠦᠴᠦᠨ᠎ᠢᠶᠡᠷ᠎ᠵᠢᠡᠨ ᠤᠳᠤ ᠦᠶ᠎ᠡ᠎ᠶ᠋ᠢᠨ ᠳᠡᠯᠡᠬᠡᠢ᠎ᠶ᠋ᠢᠨ ᠪᠣᠯᠪᠠᠰᠤᠨ᠎ᠤ ᠰᠣᠯᠢᠯᠴᠠᠭ᠎ᠠ ᠲᠣᠯᠢᠳᠠᠯ᠎ᠳᠤ ᠭᠦᠨ ᠭᠦᠨᠵᠡᠭᠡᠢ ᠳᠣᠷᠣᠨᠠᠳᠠᠬᠢᠨ᠎ᠤ ᠤᠶᠤᠨ ᠤᠬᠠᠭᠠᠨ᠎ᠢ ᠨᠡᠮᠡᠷᠢᠯᠡᠵᠦ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号