ᠬᠠᠲᠠ ᠰᠠᠢᠲᠣᠶᠢᠨ ᠦᠨᠡᠭᠡ ᠪᠠᠷᠲᠠᠮ ᠭᠡᠯᠴᠡᠲᠡᠭ᠃ ᠨᠡᠬᠡᠷᠡᠨ ᠬᠠᠯᠠᠭᠣᠨ ᠬᠦᠢᠲᠡᠨ ᠡᠴᠡ ᠨᠦᠮᠦᠷᠢᠯᠡᠨ᠂ ᠠᠶᠣᠯ ᠡᠴᠡ ᠬᠠᠮᠠᠭᠠᠯᠠᠵᠦ ᠠᠮᠢ ᠬᠣᠷᠭᠣᠲᠠᠬᠣ ᠲᠦᠰᠢᠭ ᠬᠠᠯᠬᠠᠪᠴᠢ ᠪᠠᠢᠬᠣ᠎ᠶᠢᠨ ᠣᠯᠠᠮ ᠶ᠋ᠢᠡᠷ ᠠᠮᠢᠲᠠᠨ ᠭᠣᠣᠯᠲᠠᠨ ᠲᠡᠳᠦᠢ ᠦᠭᠡᠢ᠂ ᠬᠦᠮᠦᠨ ᠲᠦᠷᠦᠯᠬᠢᠲᠡᠨ ᠲᠡᠷᠡᠴᠢᠯᠡᠨ ᠬᠦᠵᠢ ᠲᠡᠯᠡᠬᠡᠢ ᠴᠦ᠍ ᠬᠡᠪ ᠵᠣᠷᠰᠢᠯ ᠶ᠋ᠢᠡᠨ ᠪᠠᠲᠣᠯᠠᠵᠦ ᠣᠷᠴᠢᠲᠠᠬ ᠣᠴᠢᠷᠲᠠᠢ᠃ ᠲᠡᠭᠡᠬᠦ ᠳ᠋ᠡᠭᠡᠨ ᠡᠨᠲᠡ ᠲᠣᠷᠠᠳᠬᠣ ᠣᠽᠣᠨ᠎ᠤ ᠲᠠᠪᠬᠣᠷᠭ᠎ᠠ ᠪᠣᠯ ᠶᠠᠬ ᠲᠡᠯᠡᠬᠡᠢ᠎ᠶᠢᠨ ᠪᠦᠮᠪᠦᠷᠴᠡᠭ᠎ᠤᠨ ᠬᠣᠶᠠᠬ ᠬᠠᠯᠬᠠᠪᠴᠢ ᠪᠠᠢᠵᠦ ᠲᠠᠭᠠᠷᠠᠬᠣ ᠶᠣᠮ᠃
ᠣᠽᠣᠨ᠎ᠤ ᠲᠠᠪᠬᠣᠷᠭ᠎ᠠ ᠭᠡᠵᠦ ᠦᠬᠦᠯᠡᠵᠦ ᠶᠠᠷᠢᠬᠣ ᠳ᠋ᠦ ᠪᠢᠳᠡᠨ ᠳ᠋ᠦ ᠲᠠᠩᠴᠢ ᠲᠠᠨᠢᠯ ᠲᠣᠲᠣᠨᠣ ᠮᠦᠷᠲᠡᠭᠡᠨ ᠲᠠᠰᠣᠯ ᠪᠣᠰᠣ ᠰᠠᠨᠠᠬᠲᠠᠲᠠᠬ᠃ ᠲᠡᠷᠡ ᠪᠣᠯ ᠲᠡᠯᠡᠬᠡᠢ᠎ᠶᠢᠨ ᠪᠦᠮᠪᠦᠷᠴᠡᠭ᠎ᠤᠨ ᠭᠠᠲᠠᠭᠣᠷ ᠪᠦᠷᠬᠦᠭᠰᠡᠨ 《ᠬᠠᠮᠠᠭᠠᠯᠠᠯᠲᠠ᠎ᠶᠢᠨ ᠲᠠᠪᠬᠣᠷᠭ᠎ᠠ》 ᠪᠣᠯᠬᠣ ᠪᠦᠭᠡᠳ ᠵᠢᠯ ᠪᠣᠯᠭᠠᠨ᠎ᠤ 9 ᠰᠠᠷ᠎ᠠ᠎ᠶᠢᠨ 16᠎ᠤ᠋ ᠡᠳᠦᠷ ᠪᠣᠯ 《ᠲᠠᠯᠡᠭᠡᠢ᠎ᠵᠢᠨ ᠣᠽᠣᠨ᠎ᠤ ᠲᠠᠪᠬᠣᠷᠭ᠎ᠠ᠎ᠶᠢ ᠬᠠᠮᠠᠭᠠᠯᠠᠬᠣ ᠡᠳᠦᠷ》 ᠪᠣᠯᠬᠣ ᠶᠣᠮ᠃ ᠢᠩᠬᠢᠬᠦ ᠳ᠋ᠡᠭᠡᠨ ᠣᠯᠠᠩᠬᠢ ᠬᠦᠮᠦᠰ᠎ᠤᠨ ᠮᠡᠳᠡᠴᠡ ᠲᠠᠨᠢᠯᠲᠠ ᠡᠨᠳᠡ ᠬᠦᠷᠦᠭᠡᠳ ᠵᠣᠬᠰᠣᠩᠬᠢᠷᠠᠬᠣ ᠣᠴᠢᠷ ᠣᠽᠣᠨ᠎ᠤ ᠲᠠᠪᠬᠣᠷᠭ᠎ᠠ ᠨᠢ ᠪᠠᠰᠠ ᠲᠠᠰᠣᠯ ᠪᠣᠰᠣ ᠰᠠᠨᠠᠬᠲᠠᠲᠠᠬ ᠪᠢᠯᠡ᠃
ᠭᠠᠵᠠᠷ᠎ᠤᠨ ᠭᠠᠲᠠᠷᠭᠣ ᠡᠴᠡ 15 — 50 ᠺᠢᠯᠦᠮᠸᠲ᠋ᠷ᠎ᠤᠨ ᠦᠨᠳᠦᠷ᠎ᠤᠨ ᠠᠭᠠᠷ ᠮᠠᠨᠲᠠᠯ᠎ᠤᠨ ᠬᠡᠪᠲᠡᠭᠡ ᠣᠷᠣᠰᠬᠠᠯᠲᠣ ᠲᠠᠪᠬᠣᠷᠭ᠎ᠠ ᠨᠢ ᠲᠡᠯᠡᠬᠡᠢ᠎ᠶᠢᠨ ᠪᠦᠮᠪᠦᠷᠴᠡᠭ ᠲᠡᠭᠡᠷᠡᠬᠢ ᠪᠠᠷᠣᠬ 90%᠎ᠶ᠋ᠢᠨ ᠣᠽᠣᠨ᠎ᠢ ᠲᠦᠪᠯᠡᠷᠡᠬᠦᠯᠲᠡᠭ᠃ ᠡᠨᠡ ᠪᠣᠯ ᠲᠠᠷᠣᠢ ᠶᠡᠷᠦᠲᠡ᠎ᠶᠢᠨ ᠬᠡᠯᠡᠲᠡᠭ 《ᠣᠽᠣᠨ᠎ᠤ ᠲᠠᠪᠬᠣᠷᠭ᠎ᠠ》 ᠪᠣᠯᠣᠨ᠎ᠠ᠃ ᠣᠽᠣᠨ᠎ᠤ ᠲᠠᠪᠬᠣᠷᠭ᠎ᠠ ᠨᠢ ᠦᠵᠡᠭᠲᠡᠲᠡᠭ ᠦᠭᠡᠢ᠂ ᠪᠠᠷᠢᠬᠲᠠᠲᠠᠬ ᠦᠭᠡᠢ ᠭᠡᠬᠦ ᠪᠣᠯᠪᠠᠴᠣ ᠲᠡᠬᠦᠨ᠎ᠤ ᠦᠢᠯᠡᠲᠦᠯ ᠬᠡᠷᠡᠭᠴᠡᠭᠡ᠎ᠶᠢ ᠴᠣᠬᠣᠮ 《ᠮᠠᠰᠢ ᠶᠡᠬᠡ》 ᠭᠡᠬᠦ ᠬᠣᠶᠠᠷᠬᠠᠨ ᠦᠭᠡᠨ ᠳ᠋ᠦ ᠬᠣᠷᠢᠶᠠᠩᠭᠣᠢᠯᠠᠵᠦ ᠪᠠᠬ᠎ᠲᠠᠭᠠᠨ ᠦᠯᠦ ᠴᠢᠲᠠᠨ᠎ᠠ᠃ ᠮᠡᠳᠡᠭᠡᠵᠢ ᠪᠡᠷ᠂ ᠨᠠᠷᠠᠨ᠎ᠤ ᠰᠠᠴᠣᠷᠠᠯᠲᠠᠶᠢᠨ ᠬᠦᠷᠢᠨ᠎ᠤ ᠭᠠᠲᠠᠨᠠᠬᠢ ᠲᠣᠶᠠᠭ᠎ᠠ ᠨᠢ ᠠᠮᠢᠲᠣ ᠪᠣᠲᠠᠰ ᠲᠦ᠍ ᠮᠠᠰᠢ ᠶᠡᠬᠡ ᠠᠯᠠᠵᠦ ᠰᠢᠷᠬᠠᠲᠣᠭᠣᠯᠬᠣ ᠬᠦᠴᠦᠨ ᠲᠠᠢ ᠪᠢᠯᠡ᠃ ᠠᠵᠠ ᠪᠡᠷ ᠲᠡᠯᠡᠬᠡᠢ᠎ᠶᠢᠨ ᠪᠦᠮᠪᠦᠷᠴᠡᠭ᠎ᠤᠨ ᠭᠠᠲᠠᠭᠣᠷ ᠪᠦᠷᠬᠦᠭᠰᠡᠨ ᠣᠽᠣᠨ᠎ᠤ ᠲᠠᠪᠬᠣᠷᠭ᠎ᠠ ᠨᠢ ᠨᠠᠷᠠᠨ᠎ᠤ ᠭᠡᠷᠡᠯ ᠲᠣᠲᠣᠷᠠᠬᠢ ᠦᠵᠡᠭᠲᠡᠬᠦ ᠭᠡᠷᠡᠯ᠎ᠢ ᠨᠡᠪᠲᠡᠷᠡᠬᠦᠯᠵᠦ᠂ ᠨᠠᠷᠠᠨ᠎ᠤ ᠰᠠᠴᠣᠷᠠᠯᠲᠠᠶᠢᠨ ᠬᠦᠷᠢᠨ᠎ᠤ ᠭᠠᠲᠠᠨᠠᠬᠢ ᠲᠣᠶᠠᠭ᠎ᠠ᠎ᠶᠢ ᠶᠡᠬᠡ ᠬᠡᠮᠵᠢᠶ᠎ᠡ ᠪᠡᠷ ᠰᠢᠩᠭᠡᠭᠡᠵᠦ ᠲᠡᠯᠡᠬᠡᠢ᠎ᠶᠢᠨ ᠪᠦᠮᠪᠦᠷᠴᠡᠭ ᠲᠡᠭᠡᠷᠡᠬᠢ ᠠᠮᠢᠲᠣ ᠪᠣᠲᠠᠰᠢ ᠬᠦᠷᠢᠨ᠎ᠤ ᠭᠠᠲᠠᠨᠠᠬᠢ ᠲᠣᠶᠠᠭ᠎ᠠ᠎ᠶᠢᠨ ᠬᠦᠨᠦᠭᠡᠯ ᠡᠴᠡ ᠵᠠᠢᠯᠠᠭᠣᠯᠲᠠᠬ᠃ ᠡᠢᠮᠦ ᠡᠴᠡ ᠬᠦᠮᠦᠰ ᠣᠽᠣᠨ᠎ᠤ ᠲᠠᠪᠬᠣᠷᠭ᠎ᠠ᠎ᠶᠢ ᠪᠠᠰᠠ ᠲᠡᠯᠡᠬᠡᠢ᠎ᠶᠢᠨ ᠪᠦᠮᠪᠦᠷᠴᠡᠭ᠎ᠤᠨ ᠠᠮᠢ ᠨᠠᠰᠣᠨ᠎ᠤ ᠬᠠᠮᠠᠭᠠᠯᠠᠬᠴᠢ ᠭᠡᠮᠡᠨ ᠨᠡᠷᠡᠯᠡᠵᠦ᠂ ᠲᠡᠷᠡᠴᠢᠯᠡᠨ 《ᠲᠡᠯᠡᠭᠡᠢ᠎ᠵᠢᠨ ᠣᠽᠣᠨ᠎ᠤ ᠲᠠᠪᠬᠣᠷᠭ᠎ᠠ᠎ᠶᠢ ᠬᠠᠮᠠᠭᠠᠯᠠᠬᠣ ᠡᠳᠦᠷ》 ᠬᠡᠮᠡᠨ ᠲᠣᠬᠲᠠᠭᠠᠬᠰᠠᠨᠤ ᠣᠴᠢᠷ ᠰᠢᠯᠲᠠᠭᠠᠨ ᠴᠦ᠍ ᠡᠬᠦᠨ ᠳ᠋ᠦ ᠣᠷᠣᠰᠢᠬᠣ ᠭᠡᠯᠲᠡᠢ᠃
ᠣᠢᠯᠠᠭᠠᠵᠦ ᠮᠡᠳᠡᠭᠰᠨᠨ ᠶᠣᠮ ᠪᠣᠯ ᠣᠬᠠᠮᠰᠠᠷ ᠡᠴᠡ ᠪᠠᠨ ᠬᠠᠮᠠᠭᠠᠯᠠᠬᠣ ᠨᠢ ᠵᠦᠢᠲᠡᠢ᠃ ᠬᠦᠮᠦᠨ ᠲᠦᠷᠦᠯᠬᠢᠲᠡᠨ᠎ᠤ ᠣᠷᠣᠰᠢᠨ ᠠᠮᠢᠲᠣᠷᠠᠬᠣ ᠳ᠋ᠦ ᠣᠽᠣᠨ᠎ᠤ ᠲᠠᠪᠬᠣᠷᠭ᠎ᠠ ᠨᠢ ᠡᠢᠮᠦ ᠶᠡᠬᠡ ᠠᠴᠢ ᠬᠣᠯᠪᠣᠬᠲᠠᠯ ᠲᠠᠢ ᠲᠣᠯᠠ ᠣᠽᠣᠨ᠎ᠤ ᠲᠠᠪᠬᠣᠷᠭ᠎ᠠ᠎ᠶᠢ ᠬᠠᠮᠠᠭᠠᠯᠠᠬᠣ ᠨᠢ ᠲᠠᠷᠣᠢ ᠠᠮᠢ ᠠᠬᠣᠢ ᠣᠷᠴᠢᠨ ᠲᠣᠭᠣᠷᠢᠨ ᠶ᠋ᠢᠡᠨ ᠬᠠᠮᠠᠭᠠᠯᠠᠵᠦ ᠪᠣᠢ ᠭᠡᠰᠡᠨ ᠦᠭᠡ᠃ ᠦᠨᠦᠲᠦᠷ ᠠᠵᠦ ᠠᠬᠣᠢ ᠨᠡᠢᠭᠡᠮ᠎ᠤᠨ ᠬᠦᠭᠵᠢᠯᠲᠡ᠎ᠶᠢ ᠲᠠᠭᠠᠯᠲᠣᠨ ᠨᠡᠬᠦᠷᠡᠰᠦᠲᠦᠢ᠍ᠷᠦᠭᠴᠢᠶᠢᠨ ᠭᠠᠲᠠᠬᠰᠢᠯᠠᠭᠣᠯᠣᠯᠲᠠ ᠡᠳᠦᠷ ᠢᠷᠡᠬᠦᠶ᠎ᠡ ᠨᠡᠮᠡᠭᠲᠡᠵᠦ᠂ ᠣᠽᠣᠨ᠎ᠤ ᠲᠠᠪᠬᠣᠷᠭ᠎ᠠ ᠡᠪᠲᠡᠭᠲᠡᠬᠦ ᠬᠦᠨᠲᠦ ᠨᠣᠴᠢᠲᠠᠢ ᠬᠢᠮᠣᠷᠠᠯ ᠳ᠋ᠦ ᠲᠣᠯᠭᠠᠷᠠᠵᠦ᠂ ᠡᠬᠦᠨ᠎ᠤ ᠣᠯᠠᠮ ᠶ᠋ᠢᠡᠷ ᠠᠭᠣᠷ ᠠᠮᠢᠰᠬᠣᠯ᠎ᠢ ᠨᠦᠯᠦᠭᠡᠯᠡᠵᠦ᠂ ᠠᠮᠢ ᠠᠬᠣᠢ᠎ᠶᠢᠨ ᠲᠡᠩᠴᠡᠬᠦᠷᠢ᠎ᠶᠢ ᠡᠪᠲᠡᠬᠦ᠂ ᠲᠠᠷᠢᠶᠠᠯᠠᠩ ᠦᠢᠯᠡᠳᠪᠦᠷᠢᠯᠡᠯ ᠳ᠋ᠦ ᠬᠣᠬᠢᠷᠠᠯ ᠣᠴᠠᠷᠠᠭᠣᠯᠣᠬᠰᠠᠨ ᠪᠠᠢᠨ᠎ᠠ᠃ ᠡᠢᠨᠬᠦ ᠬᠦᠭᠵᠢᠬᠦᠯᠬᠦ ᠪᠣᠯᠣᠨ ᠬᠠᠮᠠᠭᠠᠯᠠᠬᠣ᠎ᠶᠢᠨ ᠬᠠᠷᠢᠴᠠᠭ᠎ᠠ᠎ᠶᠢ ᠰᠠᠢᠲᠣᠷ ᠰᠢᠢᠳᠪᠦᠷᠢᠯᠡᠬᠦ ᠨᠢ ᠨᠢᠭᠡᠨᠲᠡ ᠪᠦᠮᠪᠦᠷᠴᠡᠭ᠎ᠤᠨ ᠴᠢᠨᠠᠷᠲᠠᠢ ᠲᠣᠮᠣ ᠠᠰᠠᠭᠣᠲᠠᠯ ᠪᠣᠯᠣᠬᠰᠠᠨ ᠪᠠᠢᠨ᠎ᠠ᠃
ᠠᠮᠢ ᠠᠬᠣᠢᠣᠷᠴᠢᠨ ᠲᠣᠭᠣᠷᠢᠨ᠎ᠤ ᠵᠠᠰᠠᠯᠲᠠ ᠪᠣᠯ ᠨᠢᠭᠡᠨ ᠰᠢᠰᠲ᠋ᠸᠮᠲᠣ ᠢᠨᠵᠸᠨ᠋ᠸᠷᠢᠩ ᠮᠦᠨ᠃ ᠪᠢᠳᠡ ᠣᠷᠴᠢᠨ ᠲᠣᠭᠣᠷᠢᠨ᠎ᠤ ᠡᠯᠸᠮᠸᠨ᠋ᠲ᠎ᠤᠨ ᠪᠣᠲᠣᠯᠢᠶᠠᠨᠲᠣ ᠴᠢᠨᠠᠷ᠂ ᠠᠮᠢ ᠠᠬᠣᠢ᠎ᠶᠢᠨ ᠰᠢᠰᠲ᠋ᠸᠮ᠎ᠤᠨ ᠪᠦᠷᠢᠨ ᠪᠦᠲᠦᠨ ᠴᠢᠨᠠᠷ᠂ ᠪᠠᠢᠭᠠᠯᠢ᠎ᠶᠢᠨ ᠭᠠᠵᠠᠷ ᠵᠦᠢ᠎ᠶᠢᠨ ᠨᠢᠭᠡᠴᠢ᠎ᠶᠢᠨ ᠦᠷᠬᠦᠯᠵᠢᠯᠡᠬᠦ ᠴᠢᠨᠠᠷ ᠵᠡᠷᠭᠡ᠎ᠶᠢ ᠨᠢᠭᠡᠲᠦᠯᠲᠡᠢ ᠲᠦᠯᠦᠪᠵᠢᠬᠦᠯᠦᠨ ᠪᠣᠲᠣᠯᠬᠢᠯᠠᠵᠦ᠂ ᠬᠦᠮᠦᠨ ᠬᠢᠭᠡᠳ ᠪᠠᠢᠭᠠᠯᠢ᠎ᠶᠢᠨ ᠡᠶ᠎ᠡ ᠵᠣᠬᠢᠴᠠᠩᠭᠤᠢ ᠪᠡᠷ ᠬᠠᠮᠲᠣ ᠣᠷᠣᠰᠢᠬᠣ ᠦᠨᠳᠦᠷᠴᠡ ᠡᠴᠡ ᠬᠦᠭᠵᠢᠯᠲᠡ᠎ᠶᠢ ᠲᠦᠯᠦᠪᠵᠢᠬᠦᠯᠵᠦ᠂ ᠦᠨᠳᠦᠷ ᠲᠦᠪᠰᠢᠨ ᠪᠦᠬᠦᠢ ᠬᠠᠮᠠᠭᠠᠯᠠᠯᠲᠠ ᠪᠡᠷ ᠲᠠᠮᠵᠢᠭᠣᠯᠣᠨ ᠪᠦᠬᠦᠲᠡ᠎ᠶᠢᠨ ᠭᠠᠬᠴᠠᠬᠠᠨ ᠪᠦᠮᠪᠦᠷᠴᠡᠭ ᠶ᠋ᠢᠡᠨ ᠬᠠᠮᠠᠭᠠᠯᠠᠪᠠᠯ ᠵᠣᠬᠢᠨ᠎ᠠ᠃