ᠢᠯᠠᠯᠲᠠ᠎ᠶ᠋ᠢᠨ ᠴᠡᠷᠢᠭ ᠠᠩᠬᠢ ᠳᠡᠯᠡᠬᠡᠶ᠎ᠶ᠋ᠢᠨ ᠲᠡᠷᠢᠭᠦᠨ ᠲᠦᠪᠰᠢᠨ ᠲᠡᠢᠰᠢ ᠤᠷᠤᠭᠰᠢᠯᠠᠨ᠎ᠠ
2025-09-15 10:28:27
ᠵᠣᠬᠢᠶᠠᠭ᠍ᠴᠢ᠄
ᠯᠢ ᠪᠢᠩ ᠱᠢᠤᠸᠠᠨ ᠮᠧᠢ ᠱ᠌ᠢ ᠱᠢᠶᠦ᠋ᠩ ᠢᠦᠢ ᠱᠢᠶᠤᠤ ᠴᠢᠤᠸᠠᠨ
ᠣᠩᠱᠢᠭ᠍ᠰᠠᠨ ᠣᠳᠠᠭ᠎ᠠ᠄
★★★☆☆

— ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠡᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠲᠡᠢᠨ ᠢᠯᠠᠯᠲᠠ ᠣᠯᠤᠭ᠍ᠰᠠᠨ 80 ᠵᠢᠯ᠎ᠦᠨ ᠣᠶ᠎ᠶ᠋ᠢ ᠳᠤᠷᠠᠰᠭᠠᠬᠤ ᠠᠵᠢᠯᠯᠠᠭ᠎ᠠ᠎ᠶ᠋ᠢᠨ ᠰᠡᠩᠬᠡᠷᠡᠭᠦᠯᠦᠯ (ᠭᠤᠷᠪᠠ)


ᠲᠡᠦᠬᠡ᠎ᠶ᠋ᠢ ᠪᠠᠲᠤ ᠴᠡᠭᠡᠵᠢᠯᠡᠬᠦ᠌ ᠨᠢ ᠨᠡᠩ ᠰᠠᠢ᠌ᠨ᠎ᠢᠶᠠᠷ ᠤᠷᠤᠭ᠍ᠰᠢᠯᠠᠬᠤ᠎ᠶ᠋ᠢᠨ ᠲᠥᠯᠥᠭᠡ ᠶᠤᠮ᠃

9 ᠰᠠᠷ᠎ᠠ᠎ᠶ᠋ᠢᠨ 3 ᠤ᠋ ᠦᠳᠡ᠎ᠶ᠋ᠢᠨ ᠡᠮᠦᠨ᠎ᠡ᠂ ᠪᠡᠭᠡᠵᠢᠩ᠎ᠦᠨ ᠲᠢᠶᠠᠨ ᠠᠨ ᠮᠸᠨ ᠠᠭᠤᠳᠠᠮ ᠲᠠᠯᠠᠪᠠᠢ᠎ᠳᠤ᠂ ᠴᠡᠷᠢᠭ᠎ᠦᠨ ᠲᠤᠭ ᠳᠠᠯᠪᠠᠭ᠎ᠠ ᠨᠠᠮᠢᠷᠠᠨ᠂ ᠠᠯᠬᠤᠭ᠎ᠠ ᠢᠳᠡ ᠬᠦᠴᠦᠲᠡᠢ ᠪᠠᠢᠵᠤ᠂ ᠬᠤᠶᠠᠭᠲᠤ ᠲᠡᠷᠭᠡ ᠤᠷᠤᠰᠤᠨ ᠦᠩᠭᠡᠷᠡᠵᠦ᠂ ᠪᠠᠢᠯᠳᠤᠭᠠᠨ᠎ᠤ ᠨᠢᠰᠭᠡᠯ ᠤᠭᠲᠠᠷᠭᠤᠢ ᠪᠡᠷ ᠬᠦᠷᠴᠢᠭᠢᠨᠡᠨ ᠨᠢᠰᠦᠨ᠎ᠠ᠃

《ᠨᠠᠮ᠎ᠤᠨ ᠵᠢᠯᠤᠭᠤᠳᠤᠯᠭ᠎ᠠ᠎ᠶ᠋ᠢ ᠲᠠᠭᠠᠨ᠎ᠠ! ᠢᠯᠠᠭᠤᠭᠰᠠᠨ ᠲᠠᠢᠨ ᠬᠢᠵᠦ ᠴᠢᠳᠠᠨ᠎ᠠ! ᠱᠢᠯᠢᠳᠡᠭ ᠬᠡᠪ ᠰᠤᠷᠲᠠᠯ ᠲᠠᠢ!》 《ᠱᠢᠳᠤᠷᠭᠤ ᠶᠣᠰᠣ ᠯᠠᠪᠲᠠᠢ ᠢᠯᠠᠨ᠎ᠠ! ᠡᠩᠬᠡ ᠲᠠᠢᠪᠤᠩ ᠯᠠᠪᠲᠠᠶ ᠢᠯᠠᠨ᠎ᠠ! ᠠᠷᠠᠳ ᠲᠦᠮᠡᠨ ᠯᠠᠪᠲᠠᠶ ᠢᠯᠠᠨ᠎ᠠ! 》 ᠬᠠᠩᠭᠢᠨᠠᠮ᠎ᠠ ᠳᠠᠭᠤᠨ ᠴᠠᠩ ᠠᠨ ᠵᠡᠭᠡᠯᠢ ᠪᠡᠷ ᠤᠳᠠᠲᠠᠯ᠎ᠠ ᠴᠤᠤᠷᠢᠶᠠᠲᠤᠪᠠ᠃

《ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ᠌ ᠴᠡᠷᠢᠭ ᠪᠣᠯ ᠨᠠᠮ ᠪᠠ ᠠᠷᠠᠳ ᠲᠦᠮᠡᠨ᠎ᠦ ᠬᠡᠵᠢᠶᠡᠳᠡ ᠪᠦᠷᠢᠮᠦᠰᠦᠨ ᠢᠲᠡᠭᠡᠵᠦ᠍ ᠪᠣᠯᠬᠤ ᠪᠠᠭᠠᠲᠤᠷᠯᠢᠭ ᠴᠡᠷᠢᠭ ᠠᠩᠬᠢ  ᠮᠥᠨ᠃ ᠪᠦᠬᠦ᠌ ᠴᠡᠷᠢᠭ᠎ᠦᠨ ᠳᠠᠷᠤᠭ᠎ᠠ ᠪᠠᠢᠯᠳᠤᠭ᠍ᠴᠢᠳ ᠠᠷᠢᠭᠤᠨ ᠲᠠᠷᠬᠠᠨ ᠡᠭᠦᠷᠭᠡ ᠬᠠᠷᠢᠭᠤᠴᠠᠯᠭ᠎ᠠ᠎ᠪᠠᠨ ᠦᠨᠡᠨᠴᠢ᠎ᠪᠡᠷ ᠭᠦᠢᠴᠡᠳᠭᠡᠵᠦ᠍᠂ ᠳᠡᠯᠡᠬᠡᠢ᠎ᠶ᠋ᠢᠨ ᠲᠡᠷᠢᠭᠦᠨ ᠵᠡᠷᠭᠡ ᠵᠢᠨ ᠴᠡᠷᠢᠭ ᠠᠩᠬᠢ᠎ᠶ᠋ᠢ ᠲᠦᠷᠭᠡᠳᠭᠡᠨ ᠪᠠᠢᠭᠤᠯᠵᠤ᠂ ᠤᠯᠤᠰ᠎ᠤᠨ ᠡᠷᠬᠡ ᠮᠡᠳᠡᠯ᠂ ᠨᠢᠭᠡᠳᠦᠯ᠂ ᠨᠤᠲᠤᠭ ᠳᠡᠪᠢᠰᠭᠡᠷ᠎ᠦᠨ ᠪᠦᠷᠢᠨ ᠪᠦᠲᠦᠨ ᠪᠠᠢᠬᠤ᠎ᠶ᠋ᠢ ᠡᠷᠡᠰ ᠬᠠᠮᠠᠭᠠᠯᠠᠵᠤ᠂ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠳᠦ ᠪᠠᠢᠯᠳᠤᠬᠤ ᠪᠤᠳᠤᠯᠭ᠎ᠠ᠎ᠶ᠋ᠢᠨ ᠲᠤᠯᠭᠠᠭᠤᠷᠢᠯᠠᠯ ᠬᠠᠩᠭᠠᠵᠤ ᠂ ᠳᠡᠯᠡᠬᠡᠢ᠎ᠶ᠋ᠢᠨ ᠡᠩᠬᠡ ᠲᠠᠢᠪᠤᠩ ᠪᠣᠯᠤᠨ ᠬᠥᠭ᠌ᠵᠢᠯᠲᠡ᠎ᠳᠦ ᠨᠡᠩ ᠶᠡᠬᠡ ᠬᠤᠪᠢ ᠨᠡᠮᠡᠷᠢ ᠦᠵᠡᠭᠦᠯᠬᠦ᠌ ᠬᠡᠷᠡᠭ᠌ᠲᠡᠢ!》 ᠭᠡᠵᠦ ᠲᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ ᠵᠢᠨ ᠶᠡᠷᠦᠩᠬᠡᠶ ᠱᠦᠵᠢ᠂ ᠡᠣᠯᠣᠰ᠎ᠤᠨ ᠲᠡᠷᠢᠭᠦᠯᠡᠭ᠌ᠴᠢ᠂ ᠲᠥᠪ᠎ᠦᠨ ᠴᠡᠷᠢᠭ᠎ᠦᠨ ᠶᠠᠪᠤᠳᠠᠯ᠎ᠤᠨ ᠬᠤᠷᠢᠶ᠎ᠠ ᠵᠢᠨ ᠲᠡᠷᠢᠭᠦᠯᠡᠭ᠌ᠴᠢ ᠰᠢ ᠵᠢᠨ ᠫᠢᠩ ᠳᠤᠷᠠᠰᠭᠠᠬᠤ ᠶᠡᠬᠡ ᠬᠤᠷᠠᠯ ᠳᠡᠭᠡᠷ᠎ᠡ ᠴᠢᠬᠤᠯᠠ ᠶᠠᠷᠢᠶ᠎ᠠ ᠲᠠᠯᠪᠢᠬᠤ᠎ᠳᠠᠭᠠᠨ ᠵᠢᠭᠠᠵᠤ ᠭᠠᠷᠭᠠᠪᠠ᠃

ᠡᠨᠡ ᠪᠣᠯ ᠠᠷᠠᠳ᠎ᠤᠨ ᠴᠡᠷᠢᠭ ᠠᠩᠬᠢ᠎ᠶ᠋ᠢᠨ ᠲᠡᠦᠬᠡᠲᠦ ᠭᠠᠪᠢᠶ᠎ᠠ ᠵᠢᠳᠬᠦᠯ᠎ᠢ ᠳᠡᠭᠡᠳᠦ ᠬᠡᠮᠵᠢᠢ᠎ᠡ᠎ᠪᠡᠷ ᠮᠠᠭ᠍ᠲᠠᠨ ᠰᠠᠢᠱᠢᠶᠠᠵᠤ ᠪᠠᠢᠭ᠎ᠠ ᠶᠠᠪᠤᠳᠠᠯ ᠪᠣᠯᠬᠤ ᠪᠥᠭᠡᠳ ᠪᠠᠰᠠ ᠴᠤ᠌ ᠠᠷᠠᠳ᠎ᠤᠨ ᠴᠡᠷᠢᠭ ᠠᠩᠬᠢ᠎ᠶ᠋ᠢᠨ ᠱᠢᠨ᠎ᠡ ᠠᠶᠠᠨ᠎ᠳᠠᠭᠠᠨ ᠱᠢᠨ᠎ᠡ ᠢᠯᠠᠯᠲᠠ᠎ᠶ᠋ᠢ ᠲᠡᠮᠡᠴᠡᠨ ᠤᠯᠬᠤ᠎ᠳᠤ ᠬᠦᠨᠳᠦ ᠨᠠᠢᠳᠠᠯᠭ᠎ᠠ ᠲᠠᠯᠪᠢᠵᠤ ᠪᠠᠢᠭ᠎ᠠ ᠶᠠᠪᠤᠳᠠᠯ ᠪᠣᠯᠤᠨ᠎ᠠ᠃

80 ᠵᠢᠯ᠎ᠦᠨ ᠡᠮᠦᠨ᠎ᠡ᠂ ᠳᠤᠮᠳᠠᠳᠤ ᠤᠯᠤᠰ᠎ᠤᠨ ᠠᠷᠠᠳ ᠲᠦᠮᠡᠨ ᠶᠠᠫᠣᠨ᠎ᠢ ᠡᠰᠡᠷᠭᠦᠴᠡᠬᠦ᠌ ᠳᠠᠢ᠌ᠨ᠎ᠦ ᠠᠭᠤᠤ ᠶᠡᠬᠡ ᠢᠯᠠᠯᠲᠠ᠎ᠶ᠋ᠢ ᠲᠡᠮᠡᠴᠡᠨ ᠤᠯᠪᠠ᠃ ᠡᠨᠡ ᠤᠳᠠᠭ᠎ᠠ ᠵᠢᠨ  ᠢᠯᠠᠯᠲᠠ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ ᠎ᠤᠨ ᠭᠤᠤᠯ ᠲᠤᠯᠭᠠᠭᠤᠷᠢ ᠵᠢᠨ ᠦᠢᠯᠡᠳᠦᠯ᠎ᠢᠶᠡᠨ ᠪᠠᠳᠠᠷᠠᠭᠤᠯᠤᠭ᠍ᠰᠠᠨ ᠠᠭᠤᠤ ᠶᠡᠬᠡ ᠢᠯᠠᠯᠲᠠ ᠮᠥᠨ᠂ ᠪᠠᠰᠠ ᠴᠤ᠌ ᠠᠷᠠᠳ᠎ᠤᠨ ᠴᠡᠷᠢᠭ ᠠᠩᠭᠢ᠎ᠶ᠋ᠢᠨ ᠴᠢᠰᠤᠨ ᠪᠠᠢᠯᠳᠤᠭᠠᠨ ᠬᠢᠵᠦ᠍᠂ ᠡᠷᠡᠯᠬᠡᠭ ᠪᠠᠭᠠᠲᠤᠷᠯᠢᠭ᠎ᠢᠶᠠᠷ ᠲᠡᠮᠡᠴᠡᠭ᠌ᠰᠡᠨ ᠠᠭᠤᠤ ᠶᠡᠬᠡ ᠢᠯᠠᠯᠲᠠ ᠮᠥᠨ᠃

ᠡᠳᠦᠭᠡ᠂ ᠱᠢᠯᠭᠠᠨ ᠦᠵᠡᠬᠦ᠌ ᠎ᠶ᠋ᠢ ᠬᠦᠯᠢᠶᠡᠬᠦ᠌ ᠴᠡᠷᠢᠭ ᠠᠩᠬᠢ ᠲᠢᠶᠠᠨ ᠠᠨ ᠮᠸᠨ ᠠᠭᠤᠳᠠᠮ ᠲᠠᠯᠠᠪᠠᠢ ᠪᠡᠷ ᠤᠮᠤᠭ ᠲᠡᠭᠦᠯᠳᠡᠷ᠎ᠢᠶᠡᠷ ᠠᠯᠬᠤᠨ ᠦᠩᠭᠡᠷᠡᠬᠦ᠎ᠳᠤ᠂ ᠠᠷᠠᠳ᠎ᠤᠨ ᠴᠡᠷᠢᠭ ᠠᠩᠬᠢ᠂ ᠡᠨᠡ ᠬᠦ᠌ ᠪᠤᠯᠤᠳ ᠲᠡᠮᠦᠷ᠎ᠢᠶᠡᠷ ᠴᠢᠳᠭᠤᠭ᠍ᠰᠠᠨ ᠢᠯᠠᠯᠲᠠ ᠵᠢᠨ ᠴᠡᠷᠢᠭ ᠠᠩᠬᠢ ᠨᠢ ᠴᠡᠷᠢᠭ᠎ᠢ ᠬᠦᠴᠦᠷᠬᠡᠭ᠌ᠵᠢᠭᠦᠯᠵᠦ᠍ ᠴᠡᠷᠢᠭ᠎ᠢ ᠮᠠᠨᠳᠤᠭᠤᠯᠬᠤ ᠱᠢᠨ᠎ᠡ ᠠᠶᠠᠨ ᠵᠠᠮ ᠲᠡᠢᠰᠢ ᠤᠷᠤᠭᠰᠢᠯᠠᠵᠤ᠂ ᠱᠢᠨ᠎ᠡ ᠢᠯᠠᠯᠲᠠ ᠲᠡᠢᠰᠢ ᠤᠷᠤᠭ᠍ᠰᠢᠯᠠᠵᠤ᠂ ᠱᠢᠨ᠎ᠡ ᠭᠡᠷᠡᠯ ᠰᠠᠴᠤᠷᠠᠩᠭᠤᠢ ᠠᠮᠵᠢᠯᠲᠠ᠎ᠶ᠋ᠢ ᠡᠭᠦᠳᠦᠨ ᠪᠦᠲᠦᠭᠡᠬᠦ ᠪᠤᠯᠤᠨ᠎ᠠ᠃

ᠬᠤᠪᠢᠷᠠᠰᠢ ᠦᠭᠡᠢ ᠦᠨᠡᠨᠴᠢ ᠱᠢᠳᠤᠷᠭᠤ᠄  ᠨᠠᠮ ᠎ᠤᠨ ᠲᠦᠯᠦᠭᠡ ᠵᠤᠷᠢᠭ ᠰᠢᠭᠤᠳᠴᠤ  ᠴᠡᠷᠢᠭ᠎ᠦᠨ ᠰᠦᠭ ᠰᠦᠨᠡᠰᠦ᠎ᠦᠨᠢᠳᠡ ᠤᠷᠤᠰᠢᠨ᠎ᠠ

3 ᠎ᠤ᠋ ᠦᠳᠡ᠎ᠶ᠋ᠢᠨ ᠡᠮᠦᠨ᠎ᠡ᠂ ᠰᠦᠷ ᠵᠢᠪᠬᠤᠯᠠᠩᠲᠤ ᠴᠡᠷᠢᠭ᠎ᠦᠨ ᠬᠥᠭ᠌ᠵᠢᠮ᠎ᠤᠨ ᠲᠤᠮᠳᠠ᠂ ᠠᠭᠠᠷ ᠳᠡᠭᠡᠷᠡᠬᠢ ᠲᠣᠭ ᠬᠠᠮᠠᠭᠠᠯᠠᠬᠤ ᠱᠠᠲᠤᠯᠵᠢᠨ ᠡᠩᠨᠡᠭᠡ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠨᠠᠮ᠎ᠤᠨ ᠲᠣᠭ᠂ ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠤᠯᠤᠰ᠎ᠤᠨ ᠲᠣᠭ᠂ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ᠌ ᠴᠡᠷᠢᠭ᠎ᠦᠨ ᠴᠡᠷᠢᠭ᠎ᠦᠨ ᠲᠣᠭ᠎ᠢ ᠡᠯᠭᠦᠵᠦ᠂ ᠵᠢᠭ᠍ᠰᠠᠭᠠᠯ᠎ᠤᠨ ᠬᠥᠱᠢᠭᠡ᠎ᠶ᠋ᠢ ᠰᠡᠬᠦᠪᠡ᠃

ᠨᠠᠮ᠎ᠤᠨ ᠲᠤᠭ᠎ᠤᠨ ᠵᠢᠭᠠᠭᠰᠠᠨ ᠴᠢᠭᠯᠡᠯ ᠨᠢ ᠶᠠᠭ ᠴᠡᠷᠢᠭ ᠎ᠤᠨ  ᠲᠤᠭ᠎ᠤᠨ ᠴᠢᠭ᠌ᠯᠡᠯ ᠪᠤᠯᠤᠨ᠎ᠠ᠃ ᠨᠠᠮ ᠡᠴᠡ ᠪᠢᠳᠡᠨ᠎ᠤ ᠡᠨᠡ ᠬᠦ᠌ ᠴᠡᠷᠢᠭ ᠠᠩᠭᠢ᠎ᠳᠤ ᠢᠯᠠᠭ᠍ᠳᠠᠰᠢ ᠦᠭᠡᠢ ᠰᠦᠭ ᠰᠦᠨᠡᠰᠦ ᠤᠯᠭᠤᠪᠠ᠃ ᠡᠨᠡ ᠬᠦ᠌ ᠰᠦᠭ ᠰᠦᠨᠡᠰᠦ ᠪᠣᠯ ᠡᠷᠡᠰ ᠪᠠᠲᠤ ᠢᠲᠡᠭᠡᠯ ᠪᠢᠱᠢᠷᠡᠯ ᠂ ᠡᠷᠡᠰ ᠪᠠᠲᠤ ᠢᠲᠡᠭᠡᠯ ᠵᠣᠷᠢᠭ ᠮᠥᠨ᠃ ᠡᠨᠡ ᠪᠣᠯ ᠠᠷᠠᠳ᠎ᠤᠨ ᠴᠡᠷᠢᠭ ᠠᠩᠭᠢ᠎ᠶ᠋ᠢᠨ ᠡᠷᠲᠡ ᠡᠳᠦᠭᠡ ᠳᠣᠲᠣᠭᠠᠳᠤ ᠭᠠᠳᠠᠭᠠᠳᠤ᠎ᠶ᠋ᠢᠨ ᠶᠠᠮᠠᠷᠪᠠ ᠨᠢᠭᠡᠨ ᠴᠡᠷᠢᠭ ᠠᠩᠭᠢ᠎ᠡᠴᠡ ᠢᠯᠭᠠᠭ᠍ᠳᠠᠬᠤ ᠳᠠᠪᠠᠭᠤᠯᠢᠭ ᠲᠠᠯ᠎ᠠ ᠮᠥᠨ᠂ ᠪᠠᠰᠠ ᠴᠤ᠌ ᠪᠢᠳᠡᠨ᠎ᠦ ᠶᠠᠪᠤᠳᠠᠯ ᠪᠦᠬᠦᠨ᠎ᠳᠤ ᠢᠯᠠᠯᠲᠠ ᠤᠯᠵᠤ ᠴᠢᠳᠠᠭᠰᠠᠨ᠎ᠤ ᠠᠮᠢᠨ ᠰᠤᠳᠠᠰᠤ ᠮᠥᠨ᠃

ᠲᠡᠦᠬᠡ ᠎ᠶ᠋ᠢ ᠡᠷᠭᠢᠴᠡᠭᠦᠯᠬᠦᠶ᠎ᠡ᠂ ᠨᠠᠮ᠎ᠡᠴᠡ ᠵᠡᠪᠰᠡᠭ ᠎ᠢ ᠵᠢᠯᠣᠭᠣᠳᠭᠤ ᠦᠨᠳᠦᠰᠦᠨ ᠵᠠᠷᠴᠢᠮ ᠪᠣᠯᠤᠨ ᠲᠦᠷᠢᠮ ᠨᠢ ᠲᠡᠮᠡᠴᠡᠯ᠎ᠦᠨ ᠳᠤᠮᠳᠠ ᠪᠤᠢ ᠪᠤᠯᠵᠤ ᠂ ᠪᠠᠲᠤ ᠰᠠᠬᠢᠯᠲᠠ ᠵᠢᠨ ᠳᠤᠮᠳᠠ ᠦᠷᠭᠦᠯᠵᠢᠯᠡᠵᠦ᠍᠂ ᠤᠯᠠᠮᠵᠢᠯᠠᠨ ᠵᠠᠯᠭᠠᠮᠵᠢᠯᠠᠬᠤ ᠳᠤᠮᠳᠠ ᠲᠡᠭᠦᠯᠳᠡᠷᠵᠢᠪᠡ᠃

ᠡᠸᠳ᠋ᠭ᠋ᠠᠷ·ᠰᠨᠧᠤ᠋《ᠨᠢᠭᠡ ᠢᠨᠢᠶᠡᠮᠰᠦᠭᠯᠡᠭᠰᠡᠨ ᠤᠯᠠᠭᠠᠨ ᠴᠡᠷᠢᠭ᠎ᠤᠨ ᠵᠠᠯᠠᠭᠤ》ᠲᠠᠶ ᠰᠠᠨᠠᠮᠰᠠᠷ ᠦᠭᠡᠢ ᠤᠴᠠᠷᠠᠭ᠍ᠰᠠᠨ᠎ᠢᠶᠠᠨ ᠲᠡᠮᠳᠡᠭ᠌ᠯᠡᠵᠦ᠍᠂ ᠲᠡᠳᠡ《ᠢᠨᠠᠭ᠂ ᠲᠠᠢ᠌ᠨ ᠵᠢᠴᠢ ᠲᠡᠭᠦᠨ᠎ᠦ ᠪᠣᠯᠣᠯᠴᠠᠭᠠᠲᠤ ᠦᠷ᠎ᠡ ᠳ᠋ᠦᠩ》 ᠢ᠋ ᠶᠡᠬᠡ᠎ᠪᠡᠷ ᠶᠠᠷᠢᠯᠴᠠᠵᠤ ᠪᠠᠢᠵᠠᠢ᠃

《ᠡᠨᠡ ᠤᠳᠠᠭ᠎ᠠ  ᠵᠢᠨ  ᠳᠠᠢᠨ ᠳᠠᠭᠤᠰᠤᠭ᠍ᠰᠠᠨ᠎ᠤ ᠳᠠᠷᠠᠭ᠎ᠠ᠂ ᠶᠠᠭᠤ ᠬᠢᠬᠦ᠌᠎ᠪᠡᠷ ᠪᠡᠯᠡᠳᠭᠡᠵᠦ᠍ ᠪᠠᠢᠬᠤ ᠪᠤᠢ᠁》᠂ 《ᠲᠡᠷᠡ ᠦᠶ᠎ᠠ᠎ᠳᠤ ᠪᠢ ᠨᠢᠭᠡᠨᠲᠡ ᠦᠬᠦᠵᠡᠢ᠂ ᠪᠢᠳᠡ ᠣᠯᠠᠩᠬᠢ ᠨᠢ ᠪᠦᠷ ᠡᠨᠡ ᠤᠳᠠᠭ᠎ᠠ ᠵᠢᠨ  ᠳᠠᠢᠨ᠎ᠳᠤ ᠦᠬᠦᠨ᠎ᠡ》᠃ ᠡᠨᠡ ᠬᠦ᠌ ᠤᠯᠠᠭᠠᠨ ᠴᠡᠷᠢᠭ᠎ᠤᠨ ᠵᠠᠯᠠᠭᠤ ᠢᠨᠢᠶᠡᠮᠰᠦᠭ᠌ᠯᠡᠨ ᠬᠡᠯᠡᠵᠤ᠂ ᠠᠵᠢᠭ ᠴᠤ᠌ ᠦᠭᠡᠢ ᠬᠠᠷᠠᠴᠠ ᠪᠡᠷ ᠰᠨᠧᠤ᠋ ᠶ᠋ᠢ ᠱᠢᠷᠲᠡᠨ᠎ᠡ᠃

ᠶᠠᠭᠠᠬᠢᠵᠤ ᠨᠢᠭᠡ ᠴᠡᠷᠢᠭ ᠬᠥᠮᠥᠨ᠎ᠢ ᠦᠬᠦᠯ ᠡᠴᠡ ᠴᠸ᠋  ᠠᠶᠤᠬᠤ ᠦᠭᠡᠢ ᠪᠤᠯᠭᠠᠭᠰᠠᠨ ᠪᠣᠶ? ᠶᠠᠭᠠᠬᠢᠵᠤ ᠨᠢᠭᠡ ᠰᠠᠯᠠᠭ᠎ᠠ ᠴᠡᠷᠢᠭ ᠠᠨᠭᠭᠢ ᠵᠢ ᠢᠯᠠᠭᠳᠠᠰᠢ ᠦᠭᠡᠢ ᠪᠤᠯᠭᠠᠭᠰᠠᠨ ᠪᠤᠢ?

ᠨᠠᠮ ᠎ᠤᠨ ᠲᠤᠭ ᠨᠢ ᠴᠡᠷᠢᠭ᠎ᠦᠨ ᠲᠤᠭ᠎ᠢ ᠳᠠᠭᠠᠭᠤᠯᠤᠨ ᠤᠷᠤᠭᠰᠢᠯᠠᠵᠤ᠂ ᠠᠷᠠᠳ᠎ᠤᠨ ᠴᠡᠷᠢᠭ ᠠᠩᠭᠢ《ᠲᠡᠮᠡᠴᠡᠯ᠎ᠦᠨ ᠳᠤᠮᠳᠠ ᠮᠡᠨᠳᠦᠯᠡᠵᠦ᠂ ᠲᠡᠮᠡᠴᠡᠯ᠎ᠦᠨ ᠳᠤᠮᠳᠠ ᠬᠥᠭᠵᠢᠵᠦ᠂ ᠲᠡᠮᠡᠴᠡᠯ᠎ᠦᠨ ᠳᠤᠮᠳᠠ ᠪᠤᠵᠠᠭᠠᠢᠷᠠᠪᠠ》; ᠴᠡᠷᠢᠭ᠎ᠦᠨ ᠲᠤᠭ ᠨᠢ ᠨᠠᠮ᠎ᠤᠨ ᠲᠤᠭ᠎ᠢ ᠳᠠᠭᠠᠵᠤ᠂ ᠠᠷᠠᠳ᠎ᠤᠨ ᠴᠡᠷᠢᠭ ᠠᠩᠭᠢ《ᠬᠦᠴᠦᠷᠬᠡᠭ ᠳᠠᠢᠰᠤᠨ᠎ᠡᠴᠡ ᠠᠶᠤᠬᠤ ᠦᠭᠡᠢ᠂ ᠠᠶᠤᠯ ᠲᠦᠭᠰᠢᠭᠦᠷᠢ᠎ᠡᠴᠡ ᠠᠶᠤᠬᠤ ᠦᠭᠡᠢ᠂ ᠵᠣᠷᠢᠭ᠍ᠲᠠᠢ᠎ᠪᠠᠷ ᠲᠡᠮᠡᠴᠡᠵᠦ᠂ ᠵᠣᠷᠢᠭ᠍ᠲᠠᠢ᠎ᠪᠠᠷ ᠢᠯᠠᠯᠲᠠ ᠣᠯᠣᠨ᠎ᠠ》᠃

ᠮᠣᠷᠢ — ᠶᠠᠫᠤᠨ᠄ 5849; ᠨᠠᠢ᠍ᠮᠠᠳᠤᠭᠠᠷ ᠵᠠᠮ᠎ᠤᠨ ᠴᠡᠷᠢᠭ᠄ 0᠃

ᠲᠠᠩᠺ — ᠶᠠᠫᠤᠨ᠄ 24; ᠨᠠᠢ᠍ᠮᠠᠳᠤᠭᠠᠷ ᠵᠠᠮ᠎ᠤᠨ ᠴᠡᠷᠢᠭ᠄ 0᠃

ᠲᠡᠷᠭᠡ — ᠶᠠᠫᠤᠨ᠄ 262; ᠨᠠᠢ᠍ᠮᠠᠳᠤᠭᠠᠷ ᠵᠠᠮ᠎ᠤᠨ ᠴᠡᠷᠢᠭ᠄ 0᠃

ᠡᠨᠡ ᠪᠣᠯ ᠫᠢᠩ ᠰᠢᠩ ᠭᠤᠸᠠᠨ ᠪᠣᠭᠣᠮᠲᠠ᠎ᠶᠢᠨ ᠶᠡᠬᠡ ᠢᠯᠠᠯᠲᠠ᠎ᠶᠢᠨ ᠳᠤᠷᠠᠰᠬᠠᠯ᠎ᠤᠨ ᠣᠷᠳᠣᠨ᠎ᠤ ᠳᠡᠯᠭᠡᠨ ᠦᠵᠡᠭᠦᠯᠦᠭᠰᠡᠨ ᠳ᠋ᠢᠸᠢᠽᠢ᠎ᠪᠡᠷ ᠨᠢᠭᠡᠴᠢ ᠪᠣᠯᠭᠠᠭᠰᠠᠨ ᠶᠠᠫᠤᠨ᠎ᠢ ᠡᠰᠡᠷᠭᠦᠴᠡᠬᠦ ᠳᠠᠢ᠍ᠢᠨ᠎ᠦ ᠦᠶ᠎ᠡ᠎ᠶᠢᠨ ᠶᠠᠫᠤᠨ ᠴᠡᠷᠢᠭ ᠪᠣᠯᠣᠨ ᠨᠠᠢ᠍ᠮᠠᠳᠤᠭᠠᠷ ᠵᠠᠮ᠎ᠤᠨ ᠴᠡᠷᠢᠭ᠎ᠦᠨ ᠴᠡᠷᠢᠭ᠎ᠦᠨ ᠵᠡᠪᠰᠡᠭ ᠲᠣᠨᠣᠭᠯᠠᠯ᠎ᠤᠨ ᠬᠠᠷᠢᠴᠠᠯ ᠪᠣᠯᠣᠨ᠎ᠠ᠂ ᠵᠦᠷᠢᠶ᠎ᠡ ᠨᠢ ᠬᠦᠮᠦᠰ᠎ᠢ ᠰᠤᠴᠢᠭᠠᠮ᠎ᠠ ᠪᠠᠢᠨ᠎ᠠ!

ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠭᠰᠠᠨ ᠡᠨᠡ ᠬᠦ᠌ ᠴᠡᠷᠢᠭ ᠠᠩᠭᠢ᠎ᠶᠢᠨ ᠬᠥᠮᠥᠨ᠎ᠦ ᠲᠣᠭ᠎ᠠ ᠨᠢ ᠵᠥᠪᠬᠡᠨ 4 ᠲᠦᠮᠡ ᠭᠠᠷᠤᠢ ᠯᠠ ᠪᠠᠢᠵᠤ᠂ ᠴᠥᠭᠡᠨ ᠪᠤᠰᠤ ᠴᠡᠷᠢᠭ ᠪᠠᠢᠯᠳᠤᠭ᠍ᠴᠢ ᠨᠢ ᠫᠤᠤ ᠴᠦ᠍   ᠦᠭᠡᠢ ᠪᠠᠢᠪᠠ᠂ ᠭᠡᠪᠡᠴᠦ ᠨᠠᠢ᠍ᠮᠠᠳᠤᠭᠠᠷ ᠵᠠᠮ᠎ᠤᠨ ᠴᠡᠷᠢᠭ᠎ᠦᠨ ᠬᠤᠪᠴᠠᠰᠤ ᠡᠮᠦᠰᠴᠦ᠂ ᠨᠠᠢ᠍ᠮᠠᠳᠤᠭᠠᠷ ᠵᠠᠮ᠎ᠤᠨ ᠴᠡᠷᠢᠭ᠎ᠢ ᠳᠠᠭᠠᠨ ᠶᠠᠫᠤᠨ᠎ᠢ ᠡᠰᠡᠷᠭᠦᠴᠡᠬᠦ ᠡᠮᠦᠨ᠎ᠡ ᠹᠷᠣᠨᠲ᠎ᠲᠤ ᠣᠴᠢᠭ᠍ᠰᠠᠨ ᠠᠮᠧᠷᠢᠺᠠ᠎ᠶᠢᠨ ᠠᠯᠳᠠᠷᠲᠤ ᠰᠤᠷᠪᠤᠯᠵᠢᠯᠠᠭ᠍ᠴᠢ ᠰᠮᠥᠲᠯᠸᠢ ᠵᠢᠨ ᠰᠡᠳᠬᠢᠯ᠎ᠳᠦ᠂ 《ᠡᠨᠡ ᠪᠣᠯ ᠨᠢᠭᠡᠨ ᠢᠯᠠᠭᠳᠠᠰᠢ ᠦᠭᠡᠢ ᠡᠩᠨᠡᠭᠡ ᠮᠥᠨ》᠃

ᠲᠡᠷᠡ ᠦᠰᠦᠭ ᠪᠢᠴᠢᠭ ᠎ᠢᠶᠡᠷ ᠳᠡᠯᠡᠬᠡᠢ ᠳ᠋ᠠᠬᠢᠨ᠎ᠳᠤ᠄ ᠡᠪ ᠬᠠᠮᠲᠤ ᠨᠠᠮ᠎ᠤᠨ ᠤᠳᠤᠷᠢᠳᠤᠭᠰᠠᠨ ᠡᠨᠡ ᠰᠠᠯᠠᠭ᠎ᠠ ᠴᠡᠷᠢᠭ ᠠᠩᠭᠢ 《ᠬᠥᠮᠥᠨ ᠪᠣᠯᠭᠠᠨ ᠬᠡᠨ᠎ᠳᠤ ᠴᠣᠬᠢᠯᠲᠠ ᠥᠭᠬᠦ ᠪᠠ ᠶᠠᠭᠤᠨ ᠎ᠤ ᠲᠥᠯᠥᠭᠡ ᠪᠠᠢᠯᠳᠤᠬᠤ᠎ᠶᠢ ᠵᠥᠪ ᠣᠨᠣᠪᠴᠢᠲᠠᠢ ᠮᠡᠳᠡᠳᠡᠭ》 ᠭᠡᠵᠦ ᠲᠤᠩᠬᠠᠭᠯᠠᠪᠠ᠃

ᠬᠡᠨ᠎ᠳᠤ ᠴᠣᠬᠢᠯᠲᠠ ᠥᠭᠬᠦ᠂ ᠶᠠᠭᠤᠨ ᠎ᠤ ᠲᠥᠯᠥᠭᠡ ᠪᠠᠢᠯᠳᠤᠬᠤ ᠭᠡᠳᠡᠭ ᠪᠤᠯ᠂ ᠡᠪ ᠬᠠᠮᠲᠤ ᠨᠠᠮ᠎ᠤᠨ ᠤᠳᠤᠷᠢᠳᠤᠭᠰᠠᠨ ᠡᠨᠡ ᠬᠦ᠌ ᠴᠡᠷᠢᠭ ᠠᠩᠭᠢ ᠮᠡᠨᠳᠦᠯᠡᠭᠰᠡᠨ ᠴᠠᠭ᠎ᠡᠴᠡ᠎ᠪᠠᠨ ᠠᠪᠤᠭᠠᠳ ᠴᠢᠰᠤᠨ᠎ᠳᠠᠭᠠᠨ ᠰᠢᠨᠭᠭᠡᠭᠰᠡᠨ ᠬᠤᠪᠢᠰᠬᠠᠯᠲᠤ ᠤᠳᠤᠮᠰᠢᠯ ᠪᠤᠯᠤᠨ᠎ᠠ᠃

ᠨᠠᠨᠴᠠᠩ᠎ᠤᠨ ᠪᠣᠰᠣᠯᠭ᠎ᠠ《ᠠᠩᠬᠠᠨ᠎ᠤ ᠫᠤᠤ》 ᠶ᠋ᠢ ᠳᠤᠤᠭᠠᠷᠭᠠᠭᠰᠠᠨ᠎ᠡᠴᠡ ᠰᠠᠨ ᠸᠠᠨ᠎ᠤ ᠥᠭᠡᠷᠡᠴᠢᠯᠡᠯᠲᠡ ᠪᠡᠷ 《ᠨᠠᠮ᠎ᠤᠨ ᠡᠭᠦᠷ᠎ᠢ ᠰᠤᠮᠤᠨ᠎ᠳᠤ ᠪᠠᠢᠭᠤᠯᠤᠭᠰᠠᠨ》 ᠬᠦᠷᠲᠡᠯ᠎ᠡ᠂ ᠲᠠᠬᠢᠭᠠᠳ ᠬᠦ ᠲᠢᠶᠠᠨ᠎ᠤ ᠬᠤᠷᠠᠯ ᠎ᠤᠨ《ᠦᠵᠡᠯ ᠰᠠᠨᠠᠭ᠎ᠠ᠎ᠪᠠᠷ ᠨᠠᠮ ᠪᠠᠢᠭᠤᠯᠵᠤ᠂ ᠤᠯᠤᠰ ᠲᠦᠷᠦ᠎ᠪᠡᠷ ᠴᠡᠷᠢᠭ ᠪᠠᠶ᠋ᠢᠭᠤᠯᠬᠤ》ᠬᠦᠷᠲᠡᠯ᠎ᠡ᠂ ᠴᠢᠰᠤᠲᠤ ᠲᠡᠮᠡᠴᠡᠯ᠂ ᠦᠬᠦᠵᠦ ᠰᠡᠭᠡᠬᠦ᠎ᠶᠢᠨ ᠰᠢᠯᠭᠠᠯᠲᠠ ᠨᠢ ᠠᠷᠠᠳ᠎ᠤᠨ ᠴᠡᠷᠢᠭ ᠠᠩᠭᠢ᠎ᠶᠢᠨ ᠴᠡᠷᠢᠭ ᠪᠠᠶ᠋ᠢᠭᠤᠯᠬᠤ ᠦᠨᠳᠦᠰᠦ᠂ ᠴᠡᠷᠢᠭ᠎ᠢ ᠬᠦᠴᠦᠷᠬᠡᠭᠵᠢᠭᠦᠯᠬᠦ ᠰᠦᠭ ᠰᠦᠨᠡᠰᠦ᠎ᠶᠢ ᠱᠤᠭᠤᠵᠤ᠂ ᠪᠦᠬᠦ ᠨᠠᠮ ᠪᠦᠬᠦ ᠴᠡᠷᠢᠭ᠎ᠦᠨ ᠬᠠᠮᠲᠤ᠎ᠶᠢᠨ ᠵᠣᠷᠢᠭ᠋ ᠰᠠᠨᠠᠭ᠎ᠠ ᠪᠣᠯᠣᠨ ᠠᠵᠢᠯᠯᠠᠭᠠᠨ᠎ᠤ ᠬᠥᠲᠥᠯᠪᠦᠷᠢ᠎ᠶᠢ ᠪᠦᠷᠢᠯᠳᠦᠭᠦᠯᠵᠡᠢ᠃

90 ᠭᠠᠷᠤᠢ ᠵᠢᠯ ᠎ᠦᠨ ᠲᠤᠷᠰᠢ᠂ ᠮᠠᠨ᠎ᠤ ᠴᠡᠷᠢᠭ ᠬᠦᠴᠦᠷᠬᠡᠭ ᠶᠡᠬᠡ ᠨᠢᠭ᠍ᠲᠠᠷᠠᠯ᠎ᠤᠨ ᠬᠦᠴᠦᠨ ᠲᠥᠪᠯᠡᠷᠡᠩᠭᠦᠢ ᠬᠦᠴᠦᠨ ᠲᠠᠢ᠍ᠢᠴᠢᠨ ᠬᠦᠴᠦᠨ ᠎ᠢᠶᠡᠨ ᠢᠮᠠᠭᠲᠠ ᠪᠠᠷᠢᠮᠲᠠᠯᠠᠵᠤ᠂ ᠢᠯᠠᠯᠲᠠ᠎ᠡᠴᠡ ᠰᠢᠨ᠎ᠡ ᠢᠯᠠᠯᠲᠠ ᠲᠡᠢᠰᠢ ᠲᠠᠰᠤᠷᠠᠯᠳᠠ ᠦᠭᠡᠢ ᠤᠷᠤᠭᠰᠢᠯᠠᠵᠤ ᠴᠢᠳᠠᠭᠰᠠᠨ᠎ᠤ ᠨᠢᠭᠡᠨ ᠴᠢᠬᠤᠯᠠ ᠬᠦᠴᠦᠨ ᠵᠦᠢᠯ ᠪᠣᠯ ᠳᠠᠷᠤᠢ ᠮᠠᠨ᠎ᠤ ᠴᠡᠷᠢᠭ ᠨᠠᠮ ᠎ᠤᠨ ᠬᠠᠷᠢᠴᠠᠯᠠᠰᠢᠭᠦᠢ ᠤᠳᠤᠷᠢᠳᠤᠯᠭ᠎ᠠ ᠳᠣᠣᠷ᠎ᠠ ᠳᠠᠪᠲᠠᠨ ᠪᠣᠯᠪᠠᠰᠤᠷᠠᠭᠤᠯᠵᠤ ᠪᠦᠷᠢᠯᠳᠦᠭᠦᠯᠦᠭᠰᠡᠨ ᠬᠦᠴᠦᠷᠬᠡᠭ ᠶᠡᠬᠡ ᠤᠯᠤᠰ ᠲᠦᠷᠦ᠎ᠶᠢᠨ ᠳᠠᠪᠠᠭᠤᠯᠢᠭ᠋ ᠪᠣᠯᠣᠨ᠎ᠠ᠃ ᠡᠨᠡ ᠪᠣᠯ ᠠᠷᠠᠳ᠎ᠤᠨ ᠴᠡᠷᠢᠭ᠎ᠦᠨ ᠠᠯᠢᠪᠠ ᠬᠠᠭᠤᠴᠢᠨ ᠴᠡᠷᠢᠭ᠎ᠡᠴᠡ ᠪᠦᠷᠢᠮᠦᠰᠦᠨ ᠢᠯᠭᠠᠭᠳᠠᠬᠤ ᠤᠯᠤᠰ ᠲᠦᠷᠦ᠎ᠶᠢᠨ ᠣᠨᠴᠠᠯᠢᠭ᠋ ᠪᠠ ᠦᠨᠳᠦᠰᠦᠨ ᠳᠠᠪᠠᠭᠤᠯᠢᠭ᠋ ᠮᠥᠨ᠃

ᠥᠨᠢ ᠤᠳᠠᠭᠠᠨ ᠲᠡᠦᠬᠡ᠎ᠲᠠᠢ ᠲᠢᠶᠠᠨ ᠠᠨ ᠮᠸᠨ ᠠᠰᠠᠷ ᠬᠡᠴᠢᠨᠡᠨ ᠵᠢᠯ᠎ᠦᠨ ᠤᠯᠠᠷᠢᠯ ᠬᠤᠪᠢᠰᠤᠯᠲᠠ᠎ᠶᠢ ᠭᠡᠷᠡᠴᠢᠯᠡᠭᠰᠡᠨ ᠠᠵᠢ᠃ 9 ᠰᠠᠷ᠎ᠠ᠎ᠶᠢᠨ 3 ᠤ᠋ ᠡᠳᠦᠷ᠂ ᠳᠠᠷᠢ᠎ᠶᠢᠨ ᠤᠳᠤᠭ᠎ᠠ ᠵᠢ ᠪᠡᠶ᠎ᠡ ᠪᠡᠷ᠎ᠵᠢᠡᠨ ᠦᠨᠭᠭᠡᠷᠡᠭᠦᠯᠦᠭᠰᠡᠨ ᠶᠠᠫᠤᠨ᠎ᠢ ᠡᠰᠡᠷᠭᠦᠴᠡᠬᠦ ᠳᠠᠢ᠍ᠢᠨ᠎ᠦ 6 ᠠᠬᠠᠮᠠᠳ ᠪᠠᠢᠯᠳᠤᠭ᠍ᠴᠢ ᠠᠬᠠᠮᠠᠳ ᠨᠥᠬᠥᠳ᠎ᠦᠨ ᠲᠥᠯᠥᠭᠡᠯᠡᠭᠴᠢ ᠤᠷᠢᠯᠭ᠎ᠠ᠎ᠪᠠᠷ ᠶᠣᠰᠣᠯᠠᠯ᠎ᠳᠤ ᠣᠷᠣᠯᠴᠠᠪᠠ᠃ ᠲᠡᠷᠢᠭᠦᠯᠡᠭᠴᠢ ᠰᠢ ᠵᠢᠨ ᠫᠢᠩ ᠬᠣᠲᠠ᠎ᠶᠢᠨ ᠠᠰᠠᠷ᠎ᠲᠤ ᠭᠠᠷᠴᠤ ᠲᠡᠳᠡ ᠨᠠᠷ᠎ᠲᠠᠢ ᠨᠢᠭᠡᠳ ᠨᠢᠭᠡ᠎ᠪᠡᠷ ᠭᠠᠷ ᠠᠳᠬᠤᠪᠠ᠃

ᠡᠨᠡ ᠤᠳᠠᠭᠠᠨ ᠤ᠋ ᠭᠠᠷ ᠠᠳᠬᠤᠭᠰᠠᠨ ᠶᠠᠪᠤᠳᠠᠯ ᠨᠢ ᠭᠦᠨ ᠵᠤᠵᠠᠭᠠᠨ ᠰᠡᠳᠭᠢᠯᠭᠡ ᠵᠢ ᠢᠯᠡᠳᠭᠡᠪᠡ; ᠡᠨᠡ ᠤᠳᠠᠭᠠᠨ ᠤ᠋ ᠭᠠᠷ ᠠᠳᠬᠤᠭᠰᠠᠨ ᠶᠠᠪᠤᠳᠠᠯ ᠨᠢ ᠦᠨᠡᠨᠴᠢ ᠰᠢᠳᠤᠷᠭᠤ ᠰᠡᠳᠭᠢᠯ᠎ᠳᠤ ᠬᠦᠨᠳᠦᠳᠬᠡᠯ ᠳᠡᠪᠰᠢᠭᠦᠯᠪᠡ᠃

《ᠡᠪ ᠬᠠᠮᠲᠤ ᠶᠣᠰᠣ᠌ ᠪᠣᠯ ᠮᠢᠨᠤ ᠨᠢᠭᠡ ᠨᠠᠰᠤᠨ᠎ᠤ ᠢᠲᠡᠭᠡᠯ ᠪᠢᠰᠢᠷᠡᠯ ᠮᠥᠨ》᠃ 99 ᠨᠠᠰᠤᠲᠠᠢ ᠱᠸᠨ ᠪᠢᠩ ᠴᠧᠨ᠂ ᠨᠠᠮ᠎ᠳᠤ ᠣᠷᠣᠭᠠᠳ 82 ᠵᠢᠯ ᠪᠤᠯᠵᠤ ᠪᠠᠢᠭ᠎ᠠ ᠡᠨᠡ ᠬᠦ᠌ ᠰᠢᠨ᠎ᠡ ᠳᠥᠷᠪᠡᠳᠦᠭᠡᠷ ᠠᠷᠮᠢ᠎ᠶᠢᠨ ᠠᠬᠠᠮᠠᠳ ᠪᠠᠢᠯᠳᠤᠭ᠍ᠴᠢ ᠰᠡᠳᠬᠢᠯ ᠳᠣᠭᠳᠣᠯᠤᠨ ᠬᠡᠯᠡᠪᠡ᠃

ᠤᠳᠠᠭᠠᠨ ᠵᠢᠯ ᠳᠠᠢᠨ ᠪᠠᠢᠯᠳᠤᠭᠠᠨ ᠳ᠋ᠤ ᠤᠷᠤᠯᠴᠠᠵᠤ ᠶᠠᠪᠤᠭᠰᠠᠨ ᠲᠡᠳᠡ ᠨᠠᠷ᠎ᠤᠨ ᠠᠲᠤᠷᠢᠶ᠎ᠠ ᠪᠤᠯᠭᠠᠨ ᠳ᠋ᠤᠨᠢ ᠴᠠᠭ ᠦᠶ᠎ᠡ᠎ᠶᠢᠨ ᠤᠯᠠ ᠮᠥᠷ᠎ᠢ ᠰᠡᠶ᠋ᠢᠯᠵᠦ ᠪᠠᠢᠨ᠎ᠠ; ᠬᠣᠶᠠᠷ ᠨᠢᠳᠦᠨ᠎ᠡᠴᠡ ᠨᠢ ᠢᠲᠡᠭᠡᠯ ᠪᠢᠰᠢᠷᠡᠯ᠎ᠦᠨ ᠭᠡᠷᠡᠯ ᠭᠢᠯᠪᠠᠭ᠎ᠠ ᠰᠠᠴᠤᠷᠠᠵᠤ ᠪᠠᠢᠨ᠎ᠠ᠃

ᠶᠠᠭ ᠡᠳᠡᠭᠡᠷ ᠠᠬᠠᠮᠠᠳ ᠪᠠᠢᠯᠳᠤᠭ᠍ᠴᠢ ᠠᠬᠠᠮᠠᠳ ᠨᠥᠬᠥᠳ᠎ᠲᠠᠢ ᠠᠳᠠᠯᠢ᠎ᠪᠠᠷ ᠲᠦᠭ ᠲᠦᠮᠡᠨ ᠬᠤᠪᠢᠰᠬᠠᠯᠲᠤ ᠳᠠᠷᠤᠭ᠎ᠠ ᠪᠠᠢᠯᠳᠤᠭ᠍ᠴᠢᠳ ᠡᠷᠡᠰ ᠭᠤᠢᠪᠢᠰᠢ ᠦᠭᠡᠢ᠎ᠪᠡᠷ ᠨᠠᠮ᠎ᠤᠨ ᠦᠭᠡ᠎ᠶᠢ ᠰᠣᠨᠣᠰᠴᠤ᠂ ᠨᠠᠮ᠎ᠢᠶᠠᠨ ᠲᠠᠭᠠᠵᠤ᠂ ᠨᠤᠭᠤᠷᠠᠯ ᠪᠦᠳᠦᠷᠢᠯ᠎ᠦᠨ ᠳᠤᠮᠳᠠ ᠨᠡᠩ ᠢᠯᠡᠭᠦᠦ ᠡᠷᠡᠯᠬᠡᠭᠯᠡᠨ ᠲᠡᠮᠡᠴᠡᠵᠦ᠂ ᠬᠦᠴᠢᠷ ᠪᠡᠷᠬᠡᠰᠢᠶᠡᠯ᠎ᠦᠨ ᠳᠤᠮᠳᠠ ᠡᠷᠡᠯᠬᠡᠭᠯᠡᠨ ᠤᠷᠤᠭᠰᠢᠯᠠᠬᠰᠠᠨ ᠡᠴᠡ ᠨᠤᠭᠤᠷᠠᠰᠢ ᠦᠭᠡᠢ᠂ ᠡᠪᠳᠡᠷᠡᠰᠢ ᠦᠭᠡᠢ᠂ ᠲᠠᠭᠠᠷᠢᠬᠤ ᠪᠦᠷᠢ ᠢᠯᠠᠬᠤ᠂ ᠪᠠᠢᠯᠳᠤᠬᠤ ᠪᠦᠷᠢ ᠢᠯᠠᠬᠤ ᠪᠣᠯᠣᠳ ᠲᠡᠮᠦᠷ ᠮᠡᠲᠦ ᠪᠠᠭᠠᠲᠤᠷ ᠴᠡᠷᠢᠭ᠎ᠢ ᠪᠠᠢᠭᠤᠯᠵᠤ ᠴᠢᠳᠠᠵᠠᠢ᠃

《ᠪᠣᠯᠣᠳ ᠲᠡᠮᠦᠷ᠎ᠦᠨ ᠬᠦᠴᠦᠲᠦ ᠤᠷᠤᠰᠬᠠᠯ᠎ᠤᠨ ᠤᠷᠤᠭᠰᠢᠯᠠᠯᠲᠠ᠎ᠶᠢᠨ ᠳᠠᠭᠤᠤ》ᠨᠢ ᠠᠪᠤᠷᠭᠤ ᠯᠣᠣ᠎ᠭᠡᠨᠭᠰᠢᠵᠦ ᠪᠠᠢᠭ᠎ᠠ ᠮᠡᠲᠦ ᠴᠤᠤᠷᠢᠶᠠᠲᠤᠵᠤ ᠡᠬᠢᠯᠡᠬᠦ ᠳ᠋ᠤ᠂ ᠶᠠᠫᠤᠨ᠎ᠢ ᠡᠰᠡᠷᠭᠦᠴᠡᠬᠦ ᠳᠠᠢ᠍ᠢᠨ᠎ᠦ 80 ᠪᠠᠭᠠᠲᠤᠷ ᠵᠢᠱ᠌ᠢᠶᠡᠴᠢ ᠴᠡᠷᠢᠭ ᠠᠩᠭᠢ᠎ᠶᠢᠨ ᠢᠷᠠᠭᠤ ᠠᠯᠳᠠᠷ᠎ᠤᠨ ᠲᠤᠭ᠎ᠢᠶᠠᠷ ᠪᠦᠷᠢᠯᠳᠦᠭᠰᠡᠨ ᠪᠠᠢᠯᠳᠤᠭᠠᠨ᠎ᠤ ᠲᠤᠭ᠎ᠤᠨ ᠵᠢᠭ᠍ᠰᠠᠭᠠᠯ ᠲᠢᠶᠠᠨ ᠠᠨ ᠮᠸᠨ ᠲᠠᠯᠠᠪᠠᠢ᠎ᠪᠠᠷ ᠥᠩᠭᠡᠷᠡᠪᠡ᠃ 80 ᠢᠷᠠᠭᠤ ᠠᠯᠳᠠᠷᠲᠤ ᠪᠠᠢᠯᠳᠤᠭᠠᠨ᠎ᠤ ᠲᠤᠭ᠂ ᠪᠠᠭᠠᠲᠤᠷᠴᠤᠳ᠎ᠤᠨ ᠦᠯᠢᠭᠡᠷ᠎ᠢ ᠪᠠᠲᠤ ᠴᠡᠭᠡᠵᠢᠯᠡᠵᠦ᠂ ᠪᠠᠭᠠᠲᠤᠷᠴᠤᠳ᠎ᠤᠨ ᠢᠷᠠᠭᠤ ᠠᠯᠳᠠᠷ᠎ᠢ ᠲᠦᠭᠦᠷᠲᠡᠯ᠎ᠡ ᠪᠢᠴᠢᠭᠯᠡᠪᠡ᠃

《ᠶᠠᠫᠤᠨ ᠎ᠢ ᠡᠰᠡᠷᠭᠦᠴᠡᠬᠦ  ᠲᠠᠢ᠍ᠢᠨ᠎ᠦ ᠠᠭᠤᠤ ᠶᠡᠬᠡ ᠵᠣᠷᠢᠭ᠋ ᠰᠠᠨᠠᠭ᠎ᠠ᠎ᠶᠢ ᠤᠯᠠᠮᠵᠢᠯᠠᠨ ᠪᠠᠳᠠᠷᠠᠭᠤᠯᠵᠤ᠂ ᠡᠷᠴᠢ ᠵᠣᠷᠢᠭ᠋᠎ᠢᠶᠠᠨ ᠬᠥᠪᠴᠢᠯᠡᠨ ᠡᠷᠡᠯᠬᠡᠭᠯᠡᠨ ᠤᠷᠤᠭᠰᠢᠯᠠᠬᠤ ᠬᠡᠷᠡᠭᠲᠡᠢ》᠂ ᠲᠡᠷᠢᠭᠦᠯᠡᠭᠴᠢ ᠰᠢ ᠵᠢᠨ ᠫᠢᠩ᠎ᠦᠨ ᠴᠢᠬᠤᠯᠠ ᠶᠠᠷᠢᠶᠠᠨ᠎ᠤ ᠦᠭᠡ ᠪᠦᠬᠦᠨ ᠨᠢ ᠢᠳᠡ ᠬᠦᠴᠦᠲᠡᠢ ᠪᠥᠭᠡᠳ ᠡᠷᠴᠢᠮᠯᠢᠭ ᠰᠤᠨᠤᠰᠳᠠᠨ᠎ᠠ᠃

《ᠪᠠᠢᠯᠳᠤᠭᠠᠨ᠎ᠤ ᠡᠴᠦᠰ ᠲᠤ᠌ ᠭᠠᠭᠴᠠᠭᠠᠷ ᠦᠯᠡᠳᠡᠭᠰᠡᠨ ᠪᠠᠢᠪᠠᠯ᠂ ᠲᠠ ᠠᠬᠠᠮᠠᠳ ᠦᠶ᠎ᠡ᠎ᠶᠢᠨ ᠬᠢᠨ᠎ᠲᠠᠢ ᠠᠳᠠᠯᠢ᠎ᠪᠠᠷ᠂ ᠳᠠᠢᠰᠤᠨ᠎ᠵᠦᠭ ᠵᠣᠷᠢᠭ᠍ᠲᠠᠢ ᠪᠡᠷ ᠵᠢᠳᠠ᠎ᠭᠠᠷᠭᠠᠵᠤ ᠳᠡᠢᠯᠦᠨ᠎ᠡ ᠦᠦ?》

《〈ᠬᠤᠷᠴᠠ ᠬᠢᠲᠤᠭ᠎ᠠ ᠪᠡᠷ ᠨᠣᠴᠣᠯᠳᠤᠭᠰᠠᠨ ᠪᠠᠭᠠᠲᠤᠷ ᠰᠤᠮᠤ〉ᠵᠢᠨ 5717 ᠪᠠᠢᠯᠳᠤᠭ᠍ᠴᠢ ᠪᠣᠯᠤᠭᠰᠠᠨ ᠎ᠤ ᠬᠤᠪᠢ᠎ᠳᠤ ᠪᠢ ᠳᠡᠢᠯᠦᠨ᠎ᠡ!》ᠭᠡᠵᠦ ᠨᠢᠭᠡᠨ ᠰᠢᠨ᠎ᠡ ᠴᠡᠷᠢᠭ ᠰᠤᠮᠤᠨ᠎ᠳᠤ ᠣᠷᠣᠬᠤ ᠶᠣᠰᠣᠯᠠᠯ ᠳᠡᠭᠡᠷ᠎ᠡ ᠢᠩᠭᠢᠵᠦ ᠬᠠᠷᠢᠭᠤᠯᠪᠠ᠃ ᠡᠨᠡ ᠬᠦ᠌ ᠵᠠᠭᠤᠨ ᠬᠤᠷᠢᠶ᠎ᠠ᠎ᠵᠢᠨ ᠪᠠᠢᠯᠳᠤᠭᠠᠨ᠎ᠳᠤ ᠶᠠᠫᠤᠨ ᠴᠡᠷᠢᠭ᠎ᠲᠠᠢ ᠵᠢᠳᠠ᠎ᠪᠡᠷ ᠲᠤᠯᠤᠯᠳᠤᠭᠰᠠᠨ ᠰᠤᠮᠤ ᠨᠢ ᠡᠳᠦᠭᠡ ᠡᠬᠡ ᠤᠯᠤᠰ᠎ᠤᠨ ᠡᠮᠦᠨᠡᠲᠦ ᠬᠢᠯᠢ᠎ᠶᠢ ᠰᠠᠬᠢᠨ ᠬᠠᠮᠠᠭᠠᠯᠠᠬᠤ ᠣᠢ᠎ᠶᠢᠨ ᠲᠤᠭ᠍ᠰᠢᠨ ᠪᠠᠷᠰ᠂ ᠣᠨᠴᠠ ᠪᠠᠢᠯᠳᠤᠭᠠᠨ᠎ᠤ ᠬᠣᠰᠢᠭᠤᠴᠢ ᠪᠣᠯᠤᠭᠰᠠᠨ ᠪᠠᠢᠨ᠎ᠠ᠃

ᠦᠷᠡᠭᠳᠡᠭᠰᠡᠨ ᠪᠠᠭᠠᠲᠤᠷᠴᠤᠳ ᠠᠮᠤᠷᠵᠢᠨ ᠨᠤᠢᠷᠰᠤᠨ᠎ᠠ᠂ ᠡᠷᠭᠦᠭᠰᠡᠨ ᠲᠤᠭ ᠎ᠢ ᠵᠠᠯᠭᠠᠮᠵᠢᠯᠠᠬᠤ ᠬᠥᠮᠥᠨ ᠲᠠᠢ᠃

ᠴᠢᠰᠤ ᠮᠢᠬᠠᠨ᠎ᠤ ᠪᠠᠷᠢᠯᠳᠤᠯᠭ᠎ᠠ᠎ᠲᠠᠢ᠄ ᠠᠷᠠᠳ ᠲᠦᠮᠡᠨ ᠪᠣᠯ ᠴᠡᠷᠢᠭ ᠠᠩᠭᠢ᠎ᠶᠢᠨ ᠬᠦᠴᠦᠨ᠎ᠦ ᠡᠬᠢ ᠪᠤᠯᠠᠭ ᠮᠥᠨ

《ᠳᠤᠮᠳᠠᠳᠤᠴᠤᠳ᠎ᠢ ᠰᠦᠰᠦ ᠵᠤᠷᠢᠭ ᠦᠭᠡᠢ ᠭᠡᠵᠦ ᠪᠢᠲᠡᠭᠡᠢ ᠳᠠᠷᠤᠯᠠ! ᠵᠠᠭᠤᠨ ᠲᠦᠮᠡᠨ ᠴᠡᠷᠢᠭ ᠪᠤᠰᠴᠤ ᠢᠷᠡᠭᠡᠳ ᠡᠰᠡᠷᠭᠦᠴᠡᠨ ᠪᠠᠢᠯᠳᠤᠨ᠎ᠠ!》

3 ᠤ᠋ ᠤᠷᠤᠢ᠂ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ ᠵᠢᠴᠢ ᠳᠡᠯᠡᠬᠡᠢ᠎ᠶ᠋ᠢᠨ ᠹᠠᠱ᠌ᠢᠰ᠎ᠢ ᠡᠰᠡᠷᠭᠦᠴᠡᠬᠦ᠌ ᠲᠠᠢ᠌ᠨ ᠢᠯᠠᠯᠲᠠ ᠣᠯᠤᠭ᠍ᠰᠠᠨ 80 ᠵᠢᠯ᠎ᠦᠨ ᠤᠢ᠎ᠶ᠋ᠢ ᠳᠤᠷᠠᠰᠭᠠᠬᠤ ᠤᠷᠠᠨ ᠰᠠᠢᠬᠠᠨ᠎ᠤ ᠦᠳᠡᠱᠢᠯᠡᠭᠡ ᠳᠡᠭᠡᠷ᠎ᠡ᠂ 《ᠦᠨᠢ ᠡᠬᠦᠷᠢᠳᠠ ᠵᠢᠨ ᠴᠤᠯᠠ ᠳᠡᠮᠳᠡᠭ》ᠭᠡᠬᠦ᠌ ᠦᠵᠡᠭ᠌ᠳᠡᠯᠳᠦ ᠵᠦᠴᠦᠭᠡ᠎ᠳᠡᠬᠢ《ᠡᠭᠡ ᠭᠠᠵᠠᠷ ᠡᠵᠢ ᠡ 》ᠭᠡᠬᠦ᠌ ᠬᠠᠰᠭᠢᠷᠤᠯ᠎ᠢ ᠰᠤᠨᠤᠰᠤᠭᠠᠳ ᠴᠥᠭᠡᠨ ᠪᠤᠰᠤ ᠦᠵᠡᠭ᠌ᠴᠢᠳ ᠨᠢᠯᠪᠤᠰᠤ ᠠᠰᠭᠠᠷᠠᠭᠤᠯᠪᠠ᠃ ᠬᠥᠮᠦᠰ ᠨᠢᠭᠡᠨ ᠰᠠᠯᠠᠭ᠎ᠠ ᠪᠠᠭᠠᠲᠤᠷᠯᠢᠭ ᠰᠤᠮᠤᠨ ᠠᠩᠭᠢ᠎ᠶ᠋ᠢᠨ ᠡᠷᠭᠦᠨ ᠳᠡᠪᠱᠢᠭᠦᠯᠦᠭ᠌ᠰᠡᠨ ᠲᠡᠮᠦᠷ ᠬᠠᠳᠠᠨ ᠵᠤᠷᠢᠭ᠎ᠢ ᠳᠠᠬᠢᠨᠲᠠ ᠮᠡᠳᠡᠷᠡᠯ᠎ᠡ᠃

1943 ᠣᠨ᠎ᠤ 3 ᠰᠠᠷ᠎ᠠ᠎ᠶ᠋ᠢᠨ 18 ᠎ᠤ᠋ ᠡᠳᠦᠷ᠂ ᠱᠢᠨ᠎ᠡ ᠳᠥᠷᠪᠡᠳᠦᠭᠡᠷ ᠠᠷᠮᠢ᠎ᠶ᠋ᠢᠨ ᠭᠤᠷᠪᠠᠳᠤᠭᠠᠷ ᠳ᠋ᠢᠸᠢᠽᠢ᠎ᠶ᠋ᠢᠨ ᠳᠣᠯᠣᠳᠤᠭᠠᠷ ᠪᠠᠷᠢᠭᠠᠳᠠ᠎ᠶ᠋ᠢᠨ ᠠᠷᠪᠠ ᠶᠢᠰᠦᠳᠦᠭᠡᠷ ᠬᠤᠷᠢᠶ᠎ᠠ᠎ᠶ᠋ᠢᠨ ᠬᠣᠶᠠᠳᠤᠭᠠᠷ ᠪᠠᠲ᠋ᠯᠢᠶᠣᠨ᠎ᠤ ᠳᠥᠷᠪᠡᠳᠦᠭᠡᠷ ᠰᠤᠮᠤ ᠬᠤᠸᠠᠢ᠎ᠶ᠌ᠢᠨ᠎ᠦ ᠯᠢᠦ ᠯᠣᠣ ᠵᠤᠸᠠᠩ ᠲᠣᠰᠭᠣᠨ᠎ᠳᠤ ᠮᠢᠩᠭ᠎ᠠ ᠭᠠᠷᠤᠢ ᠶᠠᠫᠣᠨ ᠴᠡᠷᠢᠭ ᠬᠠᠭᠤᠷᠮᠠᠭ ᠴᠡᠷᠢᠭ᠎ᠦᠨ ᠪᠦᠰᠡᠯᠡᠨ ᠳᠠᠭᠠᠷᠢᠯᠲᠠ᠎ᠳᠤ ᠤᠴᠠᠷᠠᠪᠠ᠃ ᠥᠷ ᠴᠠᠢᠬᠤ ᠡᠴᠡ ᠪᠦᠷᠦᠶ ᠳᠠᠰᠤᠷᠠᠬᠤ ᠪᠣᠯᠲᠠᠯ᠎ᠠ᠂ ᠪᠦᠬᠦ᠌ ᠰᠤᠮᠤᠨ᠎ᠤ 82 ᠳᠠᠷᠤᠭ᠎ᠠ ᠪᠠᠢᠯᠳᠤᠭ᠍ᠴᠢ ᠳᠠᠢᠰᠤᠨ᠎ᠤ 5 ᠤᠳᠠᠭᠠᠨ᠎ᠤ ᠳᠠᠭᠠᠷᠢᠯᠲᠠ᠎ᠶ᠋ᠢ ᠴᠣᠬᠢᠨ ᠤᠬᠤᠷᠢᠭᠤᠯᠪᠠ᠃ ᠰᠡᠭᠦᠯᠳᠡᠵᠦ ᠢᠷᠡᠭᠡᠳ᠂ ᠰᠤᠮᠤ ᠳᠠᠭᠤᠰᠴᠤ᠌᠂ ᠵᠢᠳᠠ ᠬᠤᠭᠤᠷᠠᠵᠤ᠂ ᠳᠠᠷᠤᠭ᠎ᠠ ᠪᠠᠢᠯᠳᠤᠭ᠍ᠴᠢᠳ ᠫᠤᠤ ᠵᠡᠪᠰᠡᠭ᠎ᠢᠶᠡᠨ ᠳᠠᠶᠠᠭᠳᠠᠭᠠᠳ᠂ ᠳᠠᠢᠰᠤᠨ᠎ᠲᠠᠶ ᠠᠮᠢ ᠴᠦᠯᠡᠨ ᠪᠠᠢᠯᠳᠤᠵᠤ ᠪᠦᠬᠦᠨ᠎ᠢᠶᠡᠷ᠎ᠢᠶᠡᠨ ᠪᠡᠶ᠎ᠡ ᠦᠷᠡᠭ᠌ᠳᠡᠪᠡ᠃ ᠳᠤᠮᠳᠠᠴᠢ ᠨᠠᠰᠤ 25 ᠬᠦᠷᠬᠦ᠌ ᠦᠭᠡᠢ ᠵᠠᠯᠠᠭᠤ ᠳᠠᠷᠤᠭ᠎ᠠ ᠪᠠᠢᠯᠳᠤᠭ᠍ᠴᠢᠳ ᠠᠮᠢ ᠨᠠᠰᠤ᠎ᠪᠠᠷ᠎ᠢᠶᠠᠨ《ᠠᠷᠠᠳ ᠲᠦᠮᠡᠨ ᠎ᠦ ᠲᠥᠯᠥᠭᠡ ᠠᠯᠢᠪᠠ᠎ᠪᠠᠨ ᠦᠷᠡᠭ᠌ᠳᠡᠭᠦᠯᠬᠦ᠌》 ᠪᠠᠲᠤ ᠴᠢᠩᠭ᠎ᠠ ᠲᠠᠩᠭᠠᠷᠢᠭ᠎ᠢ ᠦᠢᠯᠡᠳᠦᠯᠭᠡᠵᠢᠭᠦᠯᠪᠡ᠃

ᠬᠥᠮᠦᠰ᠎ᠦᠨ ᠰᠡᠳᠭᠢᠯ᠎ᠢ ᠨᠡᠩ ᠳᠣᠭ᠍ᠳᠣᠯᠤᠭᠤᠯᠤᠭ᠍ᠰᠠᠨ ᠶᠠᠪᠤᠳᠠᠯ ᠭᠡᠪᠡᠯ᠂ ᠯᠢᠦ ᠯᠣᠣ ᠵᠤᠸᠠᠩ᠎ᠤᠨ 82 ᠪᠠᠭᠠᠲᠤᠷ ᠪᠡᠶ᠎ᠡ ᠦᠷᠡᠭ᠌ᠳᠡᠭᠡᠳ ᠳᠡᠮᠡᠢ ᠤᠳᠠᠭ᠍ᠰᠠᠨ ᠦᠭᠡᠢ᠂ ᠲᠤᠬᠠᠢ᠎ᠶ᠋ᠢᠨ ᠭᠠᠵᠠᠷ᠎ᠤᠨ 82 ᠵᠠᠯᠠᠭᠤ ᠡᠷᠡᠰ ᠱᠢᠭᠤᠷᠬᠠᠢ᠎ᠪᠠᠷ ᠴᠡᠷᠢᠭ᠎ᠲᠦ ᠣᠷᠣᠵᠤ᠂ ᠱᠢᠨ᠎ᠡ《ᠯᠢᠦ ᠯᠣᠣ ᠵᠤᠸᠠᠩ᠎ᠤᠨ ᠰᠤᠮᠤᠨ ᠠᠩᠬᠢ》 ᠶ᠋ᠢ ᠪᠠᠢᠭᠤᠯᠪᠠ᠃

ᠥᠨᠥᠳᠦᠷ ᠯᠢᠦ ᠯᠤᠤ ᠵᠤᠸᠠᠩ᠎ᠤᠨ ᠰᠤᠮᠤᠨ ᠠᠩᠬᠢ᠎ᠶᠢᠨ ᠳᠠᠷᠤᠭ᠎ᠠ ᠪᠠᠢᠯᠳᠤᠭ᠍ᠴᠢ᠎ᠶ᠋ᠢᠨ ᠳ᠋ᠤᠭᠠᠷ 83 ᠡᠴᠡ 6679 ᠪᠣᠯᠲᠠᠯ᠎ᠠ ᠦᠷᠭᠦᠯᠵᠢᠯᠡᠵᠡᠶ᠃

ᠶᠠᠫᠣᠨ᠎ᠢ ᠡᠰᠡᠷᠭᠦᠴᠡᠬᠦ᠌ ᠲᠠᠢ᠌ᠨ᠎ᠦ ᠲᠠᠯᠠᠪᠤᠷ᠎ᠲᠤ《ᠡᠴᠢᠭᠡ ᠨᠢ ᠬᠦᠦ᠍᠎ᠪᠡᠨ᠂ ᠪᠦᠰᠡᠭᠦᠢ ᠨᠢ ᠨᠦᠬᠦᠷ᠎ᠢᠶᠡᠨ᠂ ᠠᠬ᠎ᠠ ᠳᠡᠭᠦᠦ ᠬᠣᠭᠣᠷᠣᠨᠳᠣ᠎ᠪᠠᠨ ᠦᠷᠢᠰᠦᠯᠳᠦᠨ ᠲᠠᠢ᠌ᠨ᠎ᠦ ᠲᠠᠯᠠᠪᠤᠷ᠎ᠲᠤ ᠭᠠᠷᠬᠤ》ᠰᠡᠳᠭᠢᠯ ᠬᠥᠳᠡᠯᠭᠡᠮ᠎ᠡ ᠦᠵᠡᠭᠳᠡᠯ ᠭᠠᠵᠠᠷ ᠪᠣᠯᠭᠠᠨ᠎ᠳᠤ ᠬᠠᠷᠠᠭ᠍ᠳᠠᠳᠠᠭ᠃ ᠠᠷᠠᠳ ᠲᠦᠮᠡᠨ ᠬᠠᠮᠤᠭ᠎ᠤᠨ ᠪᠣᠷᠣᠭ᠍ᠵᠢᠭᠤᠨ ᠠᠷᠭ᠎ᠠ ᠪᠡᠷ ᠬᠡᠦᠬᠡᠳ ᠳᠡᠭᠦᠦ᠍᠎ᠨᠡᠷ ᠴᠡᠷᠢᠭ᠎ᠲᠦ ᠬᠠᠮᠤᠭ᠎ᠤᠨ ᠭᠦᠨ ᠵᠤᠵᠠᠭᠠᠨ ᠬᠠᠢᠷ᠎ᠠ ᠰᠡᠳᠭᠢᠯᠭᠡ ᠪᠠ ᠬᠠᠮᠤᠭ᠎ᠤᠨ ᠡᠷᠡᠰ ᠪᠠᠲᠤ ᠳᠡᠮᠵᠢᠯᠭᠡ᠎ᠪᠡᠨ ᠢᠯᠡᠳᠭᠡᠪᠡ᠃

ᠶᠠᠫᠣᠨ᠎ᠢ ᠡᠰᠡᠷᠭᠦᠴᠡᠬᠦ᠌ ᠲᠠᠢ᠌ᠨ᠎ᠦ ᠬᠠᠮᠤᠭ᠎ᠤᠨ ᠬᠦᠴᠢᠷ ᠪᠡᠷᠬᠡᠱᠢᠶᠡᠯ᠎ᠲᠡᠶ ᠦᠶ᠎ᠡ᠎ᠳᠦ᠂ ᠮᠠᠤ ᠽᠸ ᠳ᠋ᠦᠩ《ᠤᠳᠠᠭᠠᠨ ᠳᠠᠭᠠᠭᠠᠮᠠᠭᠠᠶ ᠲᠠᠢ᠌ᠨ᠎ᠦ ᠲᠤᠬᠠᠶ》 ᠭᠡᠬᠦ᠌ ᠵᠣᠬᠢᠶᠠᠯ᠎ᠳᠠᠭᠠᠨ᠄《ᠲᠠᠢ᠌ᠨ᠎ᠦ ᠠᠭᠤᠤ ᠬᠦᠴᠦᠨ᠎ᠦ ᠬᠠᠮᠤᠭ᠎ᠤᠨ ᠭᠦᠨ ᠵᠤᠵᠠᠭᠠᠨ ᠦᠨᠳᠦᠰᠦ ᠰᠤᠷᠪᠤᠯᠵᠢ ᠨᠢ ᠠᠷᠠᠳ ᠤᠯᠠᠨ᠎ᠤ ᠳᠤᠮᠳᠠ ᠣᠷᠣᠱᠢᠵᠤ ᠪᠠᠢᠨ᠎ᠠ》 ᠭᠡᠬᠦ ᠨᠤᠳᠠᠯᠠᠯᠳᠠ ᠪᠡᠨ ᠪᠢᠴᠢᠪᠡ᠃

ᠠᠷᠠᠳ᠎ᠤᠨ ᠴᠡᠷᠢᠭ ᠠᠩᠬᠢ᠎ᠶ᠋ᠢᠨ ᠰᠠᠭᠤᠷᠢ ᠨᠢ ᠠᠷᠠᠳ ᠲᠦᠮᠡᠨ᠎ᠳᠦ ᠪᠤᠢ᠂ ᠠᠮᠢᠨ ᠰᠤᠳᠠᠰᠤ ᠨᠢ ᠠᠷᠠᠳ ᠲᠦᠮᠡᠨ᠎ᠳᠦ ᠪᠤᠢ᠂ ᠬᠦᠴᠦᠨ ᠴᠢᠳᠠᠯ ᠨᠢ ᠠᠷᠠᠳ ᠲᠦᠮᠡᠨ᠎ᠳᠦ ᠪᠤᠢ᠃ ᠶᠠᠫᠣᠨ᠎ᠢ ᠡᠰᠡᠷᠭᠦᠴᠡᠬᠦ᠌ ᠲᠠᠢ᠌ᠨ ᠪᠣᠯ ᠪᠦᠬᠥ᠌ ᠠᠷᠠᠳ᠎ᠢᠶᠠᠷ᠎ᠢᠶᠠᠨ ᠣᠷᠣᠯᠴᠠᠭ᠍ᠰᠠᠨ ᠨᠢᠭᠡ ᠤᠳᠠᠭᠠᠨ᠎ᠤ ᠠᠷᠠᠳ᠎ᠤᠨ ᠲᠠᠢ᠌ᠨ ᠮᠥᠨ᠂ ᠴᠡᠷᠢᠭ ᠠᠩᠭᠢ ᠪᠣᠯᠤᠨ ᠠᠷᠠᠳ ᠲᠦᠮᠡᠨ᠎ᠦ ᠬᠣᠭᠣᠷᠣᠨᠳᠣᠬᠢ ᠴᠢᠰᠤ ᠮᠢᠬ᠎ᠠ ᠮᠡᠳᠦ᠂ ᠦᠬᠦᠵᠦ᠍ ᠰᠡᠬᠡᠬᠦ᠌᠎ᠪᠡᠨ ᠬᠠᠮᠲᠤᠳᠭᠠᠭ᠍ᠰᠠᠨ ᠳᠣᠲᠣᠨᠣ ᠬᠠᠷᠢᠴᠠᠭ᠎ᠠ ᠨᠢ ᠡᠨᠡ ᠬᠦ᠌ ᠠᠭᠤᠤ ᠶᠡᠬᠡ ᠲᠡᠮᠡᠴᠡᠯ᠎ᠦᠨ ᠳᠤᠮᠳᠠ ᠬᠠᠮᠤᠭ᠎ᠤᠨ ᠭᠦᠢᠴᠡᠳ ᠢᠯᠡᠷᠡᠵᠡᠢ᠃

ᠠᠷᠠᠳ᠎ᠤᠨ ᠴᠡᠷᠢᠭ ᠠᠩᠬᠢ ᠪᠠᠭᠤᠷᠠᠢ᠎ᠪᠠᠷ ᠬᠦᠴᠦᠷᠬᠡᠭ᠎ᠢ ᠢᠯᠠᠵᠤ᠂ ᠤᠷᠳᠤ ᠬᠤᠭᠤᠴᠠᠭ᠎ᠠ᠎ᠪᠠᠷ ᠶᠠᠫᠣᠨ᠎ᠢ ᠡᠰᠡᠷᠭᠦᠴᠡᠬᠦ᠌ ᠲᠠᠢ᠌ᠨ ᠬᠢᠵᠦ᠍ ᠴᠢᠳᠠᠭ᠍ᠰᠠᠨ᠎ᠤ ᠬᠠᠮᠤᠭ᠎ᠤᠨ ᠦᠨᠳᠦᠰᠦᠨ ᠱᠢᠯᠲᠠᠭᠠᠨ ᠪᠣᠯ ᠳᠠᠷᠤᠢ ᠠᠷᠠᠳ ᠤᠯᠠᠨ ᠭᠡᠬᠦ ᠱᠢᠮᠡᠯᠢᠭ ᠬᠥᠷᠥᠰᠥᠨ᠎ᠳᠦ ᠭᠦᠨ ᠦᠨᠳᠦᠰᠦᠯᠡᠵᠦ᠍᠂ ᠠᠷᠠᠳ ᠲᠦᠮᠡᠨ᠎ᠲᠡᠶ ᠠᠮᠢᠰᠭᠤᠭ᠎ᠠ᠎ᠪᠠᠨ ᠨᠢᠭᠡᠳᠭᠡᠵᠦ᠍᠂ ᠬᠤᠪᠢ ᠵᠠᠶᠠᠭ᠎ᠠ᠎ᠪᠠᠨ ᠬᠠᠮᠲᠤᠳᠭᠠᠨ᠂ ᠰᠡᠳᠭᠢᠯ ᠵᠢᠷᠦᠬᠡ᠎ᠪᠡᠨ ᠬᠣᠯᠪᠣᠭ᠍ᠰᠠᠨ᠎ᠳᠤ ᠪᠠᠢᠨ᠎ᠠ᠃

ᠢ ᠮᠸᠩ ᠱᠠᠨ ᠲᠣᠭᠣᠷᠢᠭ᠎ᠤᠨ ᠬᠤᠪᠢᠰᠬᠠᠯᠴᠢ ᠪᠦᠰᠡᠭᠦᠢ᠎ᠶᠢᠨ ᠦᠯᠢᠭᠡᠷ᠂ ᠴᠡᠷᠢᠭ ᠠᠷᠠᠳ᠎ᠤᠨ ᠵᠢᠭᠠᠰᠤ ᠤᠰᠤᠨ᠎ᠤ ᠬᠠᠷᠢᠴᠠᠭ᠎ᠠ᠎ᠶ᠋ᠢᠨ ᠬᠡᠪ ᠳᠠᠭᠤᠷᠢᠶᠠᠯ ᠪᠤᠯᠤᠭᠰᠠᠨ ᠪᠢᠯᠡ᠃ 1941 ᠣᠨ᠎ᠤ ᠡᠪᠦᠯ᠂ ᠶᠠᠫᠣᠨ ᠴᠡᠷᠢᠭ ᠢ ᠮᠸᠩ ᠱᠠᠨ ᠣᠷᠣᠨ᠎ᠳᠤ ᠶᠡᠬᠡ 《ᠱᠦᠭᠦᠷᠳᠡᠯᠲᠡ》ᠬᠢᠵᠦ᠍᠂ ᠨᠠᠢ᠍ᠮᠠᠳᠤᠭᠠᠷ ᠵᠠᠮ᠎ᠤᠨ ᠴᠡᠷᠢᠭ᠎ᠦᠨ ᠨᠢᠭᠡᠨ ᠵᠢᠭᠠᠯ ᠪᠠᠢᠯᠳᠤᠭ᠍ᠴᠢ ᠱᠢᠷᠬᠠᠲᠤᠵᠤ ᠴᠡᠷᠢᠭ ᠠᠩᠬᠢ ᠡᠴᠡ᠎ᠪᠠᠨ ᠰᠠᠯᠤᠭᠠᠳ ᠪᠠᠢᠬᠤ ᠦᠶ᠎ᠡ᠎ᠳᠦ ᠶᠠᠪᠠ ᠬᠤᠪᠢᠰᠬᠠᠯᠴᠢ ᠪᠦᠰᠡᠭᠦᠢ ᠮᠢᠩ ᠳ᠋ᠸ ᠶᠢᠩ ᠲᠠᠢ ᠤᠴᠠᠷᠠᠪᠠ᠃ ᠱᠢᠷᠬᠠᠲᠤᠭᠰᠠᠨ ᠪᠠᠢᠯᠳᠤᠭᠴᠢ ᠴᠢᠰᠤ ᠶᠡᠬᠡ ᠠᠯᠳᠠᠵᠤ ᠮᠡᠳᠡᠭᠡ ᠰᠡᠬᠡᠭᠡ ᠦᠭᠡᠢ ᠪᠠᠢᠬᠤ ᠦᠶ᠎ᠡ᠎ᠳᠦ᠂ ᠬᠤᠪᠢᠰᠬᠠᠯᠴᠢ ᠪᠦᠰᠡᠭᠦᠢ ᠥᠪᠡᠷ᠎ᠦᠨ ᠰᠦ ᠪᠠᠨ ᠬᠦᠬᠦᠭᠦᠯᠵᠦ᠂ ᠲᠠᠨᠢᠬᠤ ᠴᠤ᠌ ᠦᠭᠡᠢ ᠵᠢᠭᠠᠯ ᠪᠠᠢᠯᠳᠤᠭ᠍ᠴᠢ᠎ᠶ᠋ᠢ ᠦᠬᠦᠯ᠎ᠦᠨ ᠳᠠᠪᠠᠭ᠎ᠠ ᠡᠴᠡ ᠠᠪᠤᠷᠠᠪᠠ᠃ ᠳᠠᠷᠠᠭ᠎ᠠ ᠨᠢ ᠲᠡᠷᠡ ᠦᠮᠴᠢᠨ᠎ᠳᠤᠨᠢ ᠦᠯᠡᠳᠡᠭᠰᠡᠨ ᠬᠣᠶᠠᠷᠬᠠᠨ ᠡᠮᠡᠭ᠌ᠴᠢᠨ ᠲᠠᠬᠢᠶ᠎ᠠ ᠪᠠᠨ ᠠᠯᠠᠵᠤ ᠰᠢᠷᠬ᠎ᠠ ᠲᠠᠢ ᠪᠠᠢᠯᠳᠤᠭᠴᠢ᠎ᠳᠤ ᠱᠢᠮ᠎ᠡ ᠲᠡᠵᠢᠭᠡᠯ ᠨᠥᠬᠥᠪᠥᠷᠢᠯᠡᠵᠦ᠍᠂ ᠠᠭᠤᠯᠠᠨ᠎ᠳᠤ ᠭᠠᠷᠴᠤ᠌ ᠡᠪᠡᠰᠦᠨ ᠡᠮ ᠲᠡᠭᠦᠵᠦ᠍᠂ ᠪᠠᠢᠯᠳᠤᠭ᠍ᠴᠢ ᠡᠷᠡᠭᠦᠯᠵᠢᠭᠡᠳ ᠴᠡᠷᠢᠭ ᠠᠩᠭᠢ᠎ᠳᠠᠭᠠᠨ ᠪᠤᠴᠠᠬᠤ ᠪᠣᠯᠲᠠᠯ᠎ᠠ ᠨᠠᠷᠢᠨ ᠨᠢᠮᠪᠠᠢ ᠬᠠᠷᠠᠭᠠᠯᠵᠠᠪᠠ᠃

《ᠡᠴᠦᠰ᠎ᠦᠨ ᠨᠢᠭᠡ ᠠᠶᠠᠭ᠎ᠠ ᠪᠤᠳᠠᠭ᠎ᠠ》᠂ 《ᠡᠴᠦᠰ᠎ᠦᠨ ᠨᠢᠭᠡ ᠲᠤᠬᠤᠢ ᠪᠦᠰ》᠂《ᠡᠴᠦᠰ᠎ᠦᠨ ᠨᠢᠭᠡ ᠵᠠᠬ᠎ᠠ ᠬᠥᠪᠥᠩ ᠲᠡᠪᠡᠯ》᠂《ᠡᠴᠦᠰ᠎ᠦᠨ ᠨᠢᠭᠡ ᠶᠠᠰᠤ ᠮᠢᠬᠠᠨ᠎ᠤ ᠲᠠᠰᠤᠷᠬᠠᠶ》᠁ ᠲᠦᠭ ᠲᠦᠮᠡᠨ ᠠᠷᠠᠳ ᠤᠯᠠᠨ ᠪᠦᠬᠦ᠌ ᠦᠨᠳᠦᠰᠦᠲᠡᠨ᠎ᠦ ᠶᠠᠫᠣᠨ᠎ᠢ ᠡᠰᠡᠷᠭᠦᠴᠡᠬᠦ᠌ ᠲᠠᠢ᠌ᠨ᠎ᠳᠦ ᠠᠯᠢᠪᠠ᠎ᠪᠠᠨ ᠵᠣᠷᠢᠭᠤᠯᠵᠤ᠂ ᠴᠡᠷᠢᠭ ᠠᠷᠠᠳ ᠰᠡᠳᠭᠢᠯ ᠨᠢᠭᠡᠳᠦᠨ ᠡᠴᠦᠰ᠎ᠲᠦᠨᠢ ᠲᠤᠯᠲᠠᠯ᠎ᠠ ᠪᠠᠢᠯᠳᠤᠪᠠ᠃

ᠰᠮᠸᠳ᠋ᠯᠸᠢ ᠵᠢᠨ ᠪᠢᠷ᠎ᠦᠨ ᠳᠣᠣᠷ᠎ᠠ ᠡᠢᠮᠦ᠍ ᠨᠢᠭᠡᠨ ᠦᠯᠢᠭᠡᠷ ᠪᠢᠴᠢᠭᠳᠡᠭᠰᠡᠨ ᠪᠠᠢᠳᠠᠭ —

ᠨᠠᠮᠤᠷ᠎ᠤᠨ ᠬᠤᠷᠢᠶᠠᠯᠲᠠ᠎ᠳᠦ ᠳᠡᠷᠡᠪᠡᠷ ᠵᠠᠭᠤ ᠲᠠᠪᠢ ᠵᠢᠷᠠᠨ ᠵᠢᠩ᠎ᠤᠨ ᠠᠮᠤ ᠡᠭᠦᠷᠦᠭ᠌ᠰᠡᠨ ᠨᠢᠭᠡᠨ ᠨᠠᠶ᠋ᠮᠠᠳᠤᠭᠠᠷ ᠵᠠᠮ᠎ᠤᠨ ᠴᠡᠷᠢᠭ ᠢ᠋ ᠣᠯᠵᠤ ᠬᠠᠷᠠᠭᠠᠳ᠂ ᠣᠢᠷᠠᠲᠤᠵᠤ ᠣᠴᠢᠭᠠᠳ ᠦᠵᠡᠭ᠌ᠰᠡᠨ ᠴᠢᠨᠢ ᠵᠤ᠌᠎ᠳ᠋ᠸ ᠨᠦᠬᠦᠷ ᠪᠠᠢᠪᠠ᠃ ᠲᠡᠷᠡ᠄《ᠵᠦ᠍ ᠳ᠋ᠸ ᠥᠪᠡᠷ᠎ᠢᠶᠡᠨ ᠬᠦᠷᠦᠭᠰᠡᠨ ᠡᠪᠡᠰᠦᠨ ᠱᠠᠬᠠᠢ᠎ᠪᠠᠨ ᠡᠮᠦᠰᠴᠦ᠍᠂ ᠳᠠᠢ᠌ᠨ᠎ᠦ ᠭᠠᠯ ᠳᠦᠷᠡᠯᠵᠡᠭ᠌ᠰᠡᠨ ᠶᠠᠫᠣᠨ᠎ᠢ ᠡᠰᠡᠷᠭᠦᠴᠡᠬᠦ᠌ ᠡᠮᠦᠨ᠎ᠡ ᠹᠷᠣᠨᠲ᠎ᠲᠤ ᠭᠠᠪᠱᠢᠭᠠᠢᠯᠠᠵᠤ ᠪᠠᠢᠨ᠎ᠠ; ᠲᠡᠷᠡ ᠰᠥᠨᠢ ᠲᠤᠵᠢ ᠠᠵᠢᠯᠯᠠᠵᠤ᠂ ᠪᠠᠶ᠋ᠢᠯᠳᠤᠭ᠍ᠴᠢ᠎ᠲᠠᠶ ᠠᠳᠠᠯᠢ᠎ᠪᠠᠷ ᠰᠠᠷ᠎ᠠ ᠪᠦᠷᠢ ᠵᠥᠪᠬᠡᠨ ᠨᠢᠭᠡ ᠲᠥᠭᠥᠷᠢᠭ᠎ᠦᠨ ᠨᠥᠬᠥᠪᠥᠷᠢ᠎ᠲᠡᠶ ᠪᠣᠯᠬᠣᠷ ᠠᠷᠭ᠎ᠠ ᠪᠤᠰᠤ ᠲᠠᠮᠠᠬᠢ᠎ᠪᠠᠨ ᠵᠣᠭ᠍ᠰᠣᠵᠠᠢ᠃ ᠵᠤ᠌ ᠳ᠋ᠸ ᠬᠠᠮᠤᠭ᠎ᠤᠨ ᠤᠯᠠᠨ ᠲᠦᠮᠡᠨᠴᠢᠯᠡᠭ᠌ᠰᠡᠨ ᠦᠭᠡ᠎ᠪᠡᠷ ᠡᠨᠡ ᠪᠦᠬᠥᠨ᠎ᠢ ᠲᠠᠢᠯᠪᠤᠷᠢᠯᠠᠪᠠ᠄〈ᠨᠠᠢ᠍ᠮᠠᠳᠤᠭᠠᠷ ᠵᠠᠮ᠎ᠤᠨ ᠴᠡᠷᠢᠭ ᠪᠣᠯ ᠶᠠᠳᠠᠭᠤ ᠵᠦᠳᠡᠭᠦᠦ ᠠᠷᠠᠳ ᠲᠦᠮᠡᠨ᠎ᠦ ᠴᠡᠷᠢᠭ ᠮᠥᠨ᠂ ᠳᠠᠷᠤᠭ᠎ᠠ ᠪᠠᠢᠭ᠍ᠰᠠᠨ ᠴᠤ᠌ ᠲᠡᠷᠡ᠂ ᠴᠡᠷᠢᠭ ᠪᠠᠢᠭ᠍ᠰᠠᠨ ᠴᠤ᠌ ᠲᠡᠷᠡ᠂ ᠴᠥᠮ ᠠᠷᠠᠳ ᠲᠦᠮᠡᠨ᠎ᠦ ᠠᠱᠢᠭ ᠲᠤᠰᠠ᠎ᠶ᠋ᠢᠨ ᠲᠥᠯᠥᠭᠡ ᠵᠢᠳᠬᠦᠳᠡᠭ〉》ᠭᠡᠵᠦ ᠪᠢᠴᠢᠪᠡ᠃

1942 ᠣᠨ᠎ᠤ 11 ᠰᠠᠷ᠎ᠠ᠎ᠶ᠋ᠢᠨ 23 ᠎ᠤ᠋ ᠡᠳᠦᠷ᠂ 1.3 ᠲᠦᠮᠡᠨ ᠶᠠᠫᠣᠨ ᠴᠡᠷᠢᠭ ᠬᠠᠭᠤᠷᠮᠠᠭ ᠴᠡᠷᠢᠭ ᠮᠠ ᠱ᠌ᠢ ᠱᠠᠨ ᠣᠷᠣᠨ ᠤ᠋ ᠡᠷᠬᠢᠨ ᠲᠣᠭᠣᠷᠢᠨ᠎ᠤ 40 ᠺᠢᠯᠣᠮᠧᠲ᠋ᠷ᠎ᠢ ᠲᠡᠮᠦᠷ ᠰᠠᠭᠤᠯᠠᠭ᠎ᠠ ᠬᠦᠮᠦᠷᠢᠭᠰᠡᠨ ᠮᠡᠳᠦ ᠪᠦᠰᠡᠯᠡᠵᠦ᠍᠂ ᠪᠦᠰᠡᠯᠡᠯᠲᠡ᠎ᠶ᠋ᠢᠨ ᠲᠣᠭᠣᠷᠢᠭ᠎ᠲᠠᠬᠢ 2 ᠲᠦᠮᠡ ᠭᠠᠷᠤᠢ ᠶᠠᠫᠣᠨ᠎ᠢ ᠡᠰᠡᠷᠭᠦᠴᠡᠬᠦ᠌ ᠴᠡᠷᠢᠭ ᠠᠷᠠᠳ᠎ᠢ ᠪᠣᠭᠣᠮᠢᠯᠠᠨ ᠠᠯᠠᠬᠤ᠎ᠪᠠᠷ ᠭᠣᠷᠢᠳᠠᠪᠠ᠃

ᠦᠬᠦᠵᠦ᠍ ᠰᠡᠬᠡᠬᠦ᠌ ᠪᠠᠨ ᠦᠵᠡᠯᠴᠡᠬᠰᠡᠨ ᠳᠡᠷᠡ ᠰᠥᠨᠢ᠂ ᠨᠠᠢ᠍ᠮᠠᠳᠤᠭᠠᠷ ᠵᠠᠮ᠎ᠤᠨ ᠴᠡᠷᠢᠭ ᠲᠦᠮᠡᠨ ᠰᠤᠮᠤ ᠮᠢᠩᠭᠠᠨ ᠵᠡᠪᠡ ᠵᠢ ᠰᠦᠷᠦᠨ《ᠭᠤᠷᠪᠠ ᠣᠷᠣᠵᠤ ᠭᠤᠷᠪᠠ ᠭᠠᠷᠤᠨ》ᠪᠦᠰᠡᠯᠡᠯᠲᠡ᠎ᠶ᠋ᠢ ᠱᠢᠪᠲᠤᠯᠵᠤ᠂ 400 ᠭᠠᠷᠤᠢ ᠬᠥᠮᠦᠨ᠎ᠦ ᠦᠷᠡᠭ᠌ᠳᠡᠯ᠎ᠢᠶᠡᠷ 6000 ᠭᠠᠷᠤᠢ ᠤᠯᠠᠨ ᠲᠦᠮᠡᠨ᠎ᠢ ᠠᠪᠤᠷᠠᠪᠠ᠃

《ᠮᠠ ᠱ᠌ᠢ ᠱᠠᠨ ᠠᠭᠤᠯᠠᠨ᠎ᠤ ᠠᠷᠪᠠᠨ ᠪᠠᠭᠠᠲᠤᠷ》ᠵᠡᠷᠭᠡ ᠥᠨᠢᠳᠡ ᠪᠠᠯᠠᠷᠠᠰᠢ ᠦᠭᠡᠢ ᠪᠠᠭᠠᠲᠤᠷ ᠴᠣᠯᠠ ᠨᠢ ᠠᠷᠠᠳ᠎ᠤᠨ ᠴᠡᠷᠢᠭ ᠠᠩᠬᠢ ᠪᠣᠯᠤᠨ ᠠᠷᠠᠳ ᠤᠯᠠᠨ᠎ᠤ ᠦᠬᠦᠵᠦ᠍ ᠰᠡᠭᠡᠬᠦ᠌᠎ᠪᠡᠨ ᠬᠠᠮᠲᠤᠳᠭᠠᠭ᠍ᠰᠠᠨ ᠥᠨᠢᠳᠡ᠎ᠶ᠋ᠢᠨ ᠬᠠᠢᠷ᠎ᠠ ᠰᠡᠳᠭᠢᠯᠭᠡ᠎ᠶ᠋ᠢ ᠠᠴᠢᠶᠠᠯᠠᠵᠤ ᠪᠠᠢᠳᠠᠭ᠃

ᠴᠡᠷᠢᠭ ᠠᠷᠠᠳ ᠨᠢᠭᠡ ᠯᠡ ᠬᠥᠮᠥᠨ ᠮᠡᠲᠦ ᠪᠦᠯᠬᠦᠮᠳᠡᠪᠡᠰᠦ᠂ ᠲᠡᠭᠷᠢ ᠵᠢᠨ ᠳᠤᠤᠷ᠎ᠠ ᠬᠠᠯᠳᠠᠨ ᠳᠠᠢᠰᠤᠩᠨᠠᠬᠤ ᠵᠢᠷᠦᠬᠡ ᠠᠯᠠᠭ᠎ᠠ᠃ ᠠᠷᠠᠳ ᠲᠦᠮᠡᠨ ᠪᠣᠯ ᠴᠡᠷᠢᠭ ᠠᠩᠭᠢ᠎ᠶᠢᠨ ᠬᠠᠮᠤᠭ᠎ᠤᠨ ᠪᠠᠲᠤ ᠪᠡᠬᠢ ᠲᠦᠰᠢᠭ ᠲᠤᠯᠭᠠᠭᠤᠷᠢ᠂ ᠲᠠᠢ᠍ᠢᠨ᠎ᠦ ᠬᠠᠮᠤᠭ᠎ᠤᠨ ᠭᠦᠨ ᠵᠤᠵᠠᠭᠠᠨ ᠠᠤᠭ᠎ᠠ ᠬᠦᠴᠦᠨ ᠮᠥᠨ ᠭᠡᠳᠡᠭ᠎ᠢ ᠲᠡᠦᠬᠡ ᠮᠠᠷᠭᠤᠰᠢ ᠦᠭᠡᠢ ᠭᠡᠷᠡᠴᠢᠯᠡᠪᠡ᠃ ᠰᠢᠨ᠎ᠡ ᠴᠠᠭ ᠦᠶ᠎ᠡ᠎ᠶᠢᠨ ᠴᠡᠷᠢᠭ᠎ᠢ ᠬᠦᠴᠦᠷᠬᠡᠭᠵᠢᠭᠦᠯᠬᠦ ᠦᠢᠯᠡᠰ ᠨᠢ ᠡᠷᠬᠡᠪᠰᠢ ᠠᠷᠠᠳ᠎ᠤᠨ ᠳᠠᠢ᠍ᠢᠨ᠎ᠦ ᠪᠠᠢᠯᠳᠤᠬᠤ ᠪᠣᠳᠣᠯᠭ᠎ᠠ ᠪᠠᠢᠯᠳᠤᠬᠤ ᠠᠷᠭ᠎ᠠ᠎ᠶᠢ ᠢᠮᠠᠭᠲᠠ ᠪᠠᠷᠢᠮᠲᠠᠯᠠᠵᠤ᠂ ᠠᠷᠠᠳ ᠤᠯᠠᠨ ᠯᠤᠭ᠎ᠠ᠎ᠶᠢᠨ ᠴᠢᠰᠤ ᠮᠢᠬᠠᠨ᠎ᠤ ᠬᠠᠷᠢᠴᠠᠭ᠎ᠠ᠎ᠪᠠᠨ ᠪᠠᠲᠤᠯᠠᠵᠤ᠂ ᠥᠨᠢ ᠡᠭᠦᠷᠢᠳᠡ ᠠᠷᠠᠳ ᠲᠦᠮᠡᠨ᠎ᠦ ᠬᠡᠦᠬᠡᠳ ᠳᠡᠭᠦᠦ ᠨᠠᠷ ᠴᠡᠷᠢᠭ ᠪᠣᠯᠬᠤ ᠬᠡᠷᠡᠭᠲᠡᠢ᠃ ᠡᠨᠡ ᠪᠣᠯ ᠶᠠᠫᠤᠨ᠎ᠢ ᠡᠰᠡᠷᠭᠦᠴᠡᠬᠦ ᠲᠠᠢ᠍ᠢᠨ᠎ᠦ ᠢᠯᠠᠯᠲᠠ᠎ᠡᠴᠡ ᠪᠢᠳᠡᠨ᠎ᠳᠦ ᠦᠯᠡᠳᠡᠭᠡᠵᠦ ᠥᠭᠭᠦᠭᠰᠡᠨ ᠴᠢᠬᠤᠯᠠ ᠰᠡᠩᠬᠡᠷᠡᠭᠦᠯᠦᠯ ᠮᠥᠨ᠂ ᠪᠠᠰᠠ ᠴᠤ᠌ ᠠᠷᠠᠳ᠎ᠤᠨ ᠴᠡᠷᠢᠭ ᠠᠩᠭᠢ᠎ᠶᠢᠨ ᠠᠮᠢ ᠠᠮᠢᠵᠢᠷᠠᠯ᠎ᠡᠷᠴᠢ ᠬᠦᠴᠦᠨ᠎ᠢᠶᠡᠨ ᠡᠭᠦᠷᠢᠳᠡ ᠬᠠᠳᠠᠭᠠᠯᠠᠬᠤ᠎ᠶᠢᠨ ᠵᠠᠩᠭᠢᠯᠠᠭ᠎ᠠ ᠮᠥᠨ᠃

ᠶᠠᠭ ᠲᠡᠷᠢᠭᠦᠯᠡᠭᠴᠢ ᠰᠢ᠎ᠶᠢᠨ ᠫᠢᠩ᠎ᠤᠨ ᠴᠢᠬᠤᠯᠠᠴᠢᠯᠠᠭᠰᠠᠨᠴᠢᠯᠠᠨ᠄《ᠢᠮᠠᠭᠲᠠ ᠠᠷᠠᠳ ᠲᠦᠮᠡᠨ᠎ᠦ ᠵᠣᠭᠰᠣᠯᠲᠠ ᠳᠡᠭᠡᠷ᠎ᠡ ᠵᠣᠭᠰᠣᠵᠤ᠂ ᠬᠠᠮᠤᠭ᠎ᠤᠨ ᠥᠷᠭᠡᠨ ᠤᠯᠠᠨ ᠠᠷᠠᠳ ᠲᠦᠮᠡᠨ᠎ᠦ ᠴᠢᠩ ᠰᠡᠳᠬᠢᠯ᠎ᠦᠨ ᠬᠦᠷᠢᠶᠡᠯᠡᠯ᠎ᠢ ᠣᠯᠳᠠᠭ ᠯᠠ ᠶᠤᠮ ᠪᠣᠯ ᠳᠠᠷᠤᠢ ᠰᠡᠳᠬᠢᠯ ᠨᠢᠭᠡᠳᠦᠨ ᠬᠦᠴᠦ᠎ᠪᠡᠨ ᠬᠠᠮᠲᠤᠳᠬᠠᠭᠰᠠᠨ ᠪᠣᠯᠣᠳ ᠬᠡᠷᠡᠮ ᠲᠡᠮᠦᠷ ᠬᠠᠨ᠎ᠠ᠎ᠶᠢ ᠴᠣᠭᠴᠠᠯᠠᠨ ᠪᠠᠢᠭᠤᠯᠵᠤ ᠴᠢᠳᠠᠨ᠎ᠠ》᠃

ᠵᠤᠷᠢᠭ ᠰᠢᠭᠤᠳᠤᠨ ᠲᠡᠷᠢᠭᠦᠨ᠎ᠤ ᠬᠢ ᠪᠤᠯᠬᠤ ᠪᠡᠷ ᠴᠢᠷᠮᠠᠢᠪᠠ᠄ ᠥᠪᠡᠷ᠎ᠦᠨ ᠪᠡᠶ᠎ᠡ᠎ᠳᠡᠭᠡᠨ ᠬᠤᠪᠢᠰᠬᠠᠯ ᠬᠢᠵᠦ ᠰᠢᠨ᠎ᠡ᠎ᠶᠢ ᠨᠡᠬᠡᠭᠡᠨ ᠬᠦᠴᠦᠷᠬᠡᠭᠵᠢᠨ᠎ᠠ

ᠴᠡᠷᠢᠭ᠎ᠦᠨ ᠶᠠᠪᠤᠳᠠᠯ᠎ᠤᠨ ᠰᠠᠨᠰᠠᠷ᠎ᠤᠨ ᠠᠶᠠᠯᠠᠯ᠎ᠤᠨ ᠴᠡᠷᠢᠭ ᠠᠩᠭᠢ᠎ᠶᠢᠨ ᠵᠢᠭ᠍ᠰᠠᠭᠠᠯ᠎ᠤᠨ ᠡᠨᠭᠨᠡᠭᠡ ᠠᠩᠬ᠎ᠠ ᠤᠳᠠᠭ᠎ᠠ ᠪᠠᠢᠯᠳᠤᠬᠤ ᠪᠣᠳᠣᠯᠭ᠎ᠠ᠎ᠶᠢᠨ ᠲᠦᠷᠦᠯ᠎ᠦᠨ ᠴᠡᠷᠢᠭ᠎ᠦᠨ ᠨᠡᠷ᠎ᠡ᠎ᠪᠡᠷ ᠰᠢᠯᠭᠠᠨ ᠦᠵᠡᠬᠦ᠎ᠶᠢ ᠬᠦᠯᠢᠶᠡᠵᠦ᠂ ᠰᠦᠯᠵᠢᠶᠡᠨ᠎ᠤᠷᠤᠨ ᠵᠠᠢ᠎ᠶᠢᠨ ᠴᠡᠷᠢᠭ ᠠᠩᠭᠢ᠎ᠶᠢᠨ ᠵᠢᠭ᠍ᠰᠠᠭᠠᠯ᠎ᠤᠨ ᠡᠨᠭᠨᠡᠭᠡ ᠠᠩᠬ᠎ᠠ ᠤᠳᠠᠭ᠎ᠠ ᠰᠢᠯᠭᠠᠨ ᠦᠵᠡᠬᠦ᠎ᠶᠢ ᠬᠦᠯᠢᠶᠡᠵᠦ᠂ ᠮᠡᠳᠡᠭᠡ ᠵᠠᠩᠭᠢ ᠵᠢᠨ ᠲᠤᠰᠠᠯᠠᠬᠤ ᠴᠡᠷᠢᠭ ᠠᠩᠭᠢ᠎ᠶᠢᠨ ᠵᠢᠭ᠍ᠰᠠᠭᠠᠯ᠎ᠤᠨ ᠡᠨᠭᠨᠡᠭᠡ ᠠᠩᠬ᠎ᠠ ᠤᠳᠠᠭ᠎ᠠ ᠲᠢᠶᠠᠨ ᠠᠨ ᠮᠸᠨ ᠲᠠᠯᠠᠪᠠᠢ᠎ᠳᠤ ᠢᠯᠡᠷᠡᠪᠡ ᠁ 3 ᠎ᠤ᠋ ᠦᠳᠡ᠎ᠶᠢᠨ ᠡᠮᠦᠨ᠎ᠡ᠂ 《4 ᠴᠡᠷᠢᠭ᠎ᠦᠨ ᠲᠦᠷᠦᠯ + 4 ᠴᠡᠷᠢᠭ᠎ᠦᠨ ᠮᠡᠷᠭᠡᠵᠢᠯ᠎ᠤᠨ ᠲᠦᠷᠦᠯ》ᠤ᠋ᠨ ᠰᠢᠨ᠎ᠡ ᠬᠡᠯᠪᠡᠷᠢ᠎ᠶᠢᠨ ᠴᠡᠷᠢᠭ᠎ᠦᠨ ᠲᠦᠷᠦᠯ᠎ᠦᠨ ᠪᠦᠲᠦᠴᠡ᠎ᠶᠢᠨ ᠪᠠᠢᠷᠢᠰᠢᠭᠤᠯᠤᠯᠲᠠ  ᠠᠩᠬ᠎ᠠ ᠤᠳᠠᠭ᠎ᠠ ᠬᠠᠮᠲᠤ ᠪᠠᠷ ᠰᠢᠯᠭᠠᠨ ᠦᠵᠡᠬᠦ᠎ᠶᠢ ᠬᠦᠯᠢᠶᠡᠪᠡ᠃

《ᠳ᠋ᠦᠩ ᠹᠸᠩ — 5C》 ᠰᠢᠩᠭᠡᠨ ᠲᠦᠯᠦᠪᠳᠦ ᠲᠢᠪ ᠠᠯᠤᠰᠯᠠᠨ ᠬᠠᠷᠪᠤᠬᠤ ᠪᠠᠢᠯᠳᠤᠬᠤ ᠪᠣᠳᠣᠯᠭ᠎ᠠ᠎ᠶᠢᠨ ᠴᠥᠮ᠎ᠡ᠎ᠶᠢᠨ ᠵᠠᠯᠠᠭᠤᠷᠲᠤ ᠰᠤᠮᠤ ᠬᠠᠮᠤᠭ᠎ᠤᠨ ᠰᠡᠭᠦᠯ᠎ᠳᠦ᠎ᠲᠠᠯᠠᠪᠠᠢ᠎ᠳᠤ ᠭᠠᠷᠴᠦ᠂ 《ᠬᠠᠷᠪᠤᠯᠳᠠ ᠵᠢᠨ ᠬᠦᠷᠢᠶ᠎ᠡ ᠬᠡᠪᠴᠢᠶ᠎ᠡ ᠪᠦᠬᠦ ᠪᠥᠮᠪᠥᠷᠴᠡᠭ᠎ᠢ ᠪᠦᠷᠬᠦᠪᠡ》 ᠭᠡᠬᠦ ᠲᠣᠪᠴᠢ ᠲᠣᠳᠣᠷᠬᠠᠢᠯᠠᠯᠲᠠ ᠨᠢ ᠲᠤᠬᠠᠢ᠎ᠶᠢᠨ ᠲᠠᠯᠠᠪᠠᠢ᠎ᠳᠤ ᠠᠯᠠᠭ᠎ᠠ ᠲᠡᠰᠢᠯᠲᠡ᠎ᠶᠢᠨ ᠲᠠᠭᠤᠨ ᠬᠠᠩᠭᠢᠨᠠᠭᠤᠯᠪᠠ᠃

《ᠭᠡᠷᠡᠯ᠎ᠤᠨ ᠮᠡᠰᠡ》᠂ 《ᠳᠠᠯᠠᠢ ᠵᠢ ᠲᠤᠭᠲᠠᠭᠠᠭᠴᠢ ᠬᠤᠪᠢᠯᠭᠠᠨ ᠮᠢᠨ᠎ᠡ》᠂ ᠤᠯᠤᠰ᠎ᠤᠨ ᠤᠭᠲᠠᠷᠭᠤᠢ ᠰᠠᠨᠰᠠᠷ᠎ᠤᠨ ᠠᠮᠤᠷ ᠲᠦᠪᠰᠢᠨ᠎ᠢ ᠰᠠᠬᠢᠨ ᠪᠠᠷᠠᠯᠠᠭᠰᠠᠨ《ᠮᠢᠩᠭᠠᠨ ᠭᠠᠵᠠᠷ᠎ᠢ ᠪᠠᠷᠠᠯᠠᠭᠴᠢ》᠂ ᠤᠯᠠᠨ ᠬᠦᠷᠢᠶᠡᠨ᠎ᠳᠦ ᠰᠦᠷᠳᠡᠭᠦᠯᠦᠨ ᠪᠠᠢᠯᠳᠤᠵᠤ ᠢᠯᠠᠯᠲᠠ ᠣᠯᠬᠤ《ᠪᠡᠯᠴᠢᠷ ᠳᠠᠷᠤᠭᠴᠢ》ᠬᠤᠷᠴᠠ ᠵᠡᠪᠰᠡᠭ᠂ ᠦᠨᠳᠦᠰᠦᠲᠡᠨ᠎ᠦ ᠨᠡᠷ᠎ᠡ ᠬᠦᠨᠳᠦ᠎ᠶᠢ ᠬᠠᠮᠠᠭᠠᠯᠠᠬᠤ ᠪᠠᠢᠯᠳᠤᠬᠤ ᠪᠣᠳᠣᠯᠭ᠎ᠠ᠎ᠶᠢᠨ《ᠮᠠᠨᠭᠯᠠᠢᠯᠠᠭᠴᠢ》᠁ ᠣᠯᠠᠩᠬᠢ ᠲᠣᠭᠠᠨ᠎ᠤ ᠰᠢᠯᠭᠠᠨ ᠦᠵᠡᠬᠦ ᠵᠢ ᠬᠦᠯᠢᠶᠡᠭᠰᠡᠨ ᠵᠡᠪᠰᠡᠭ ᠲᠣᠨᠣᠭᠯᠠᠯ᠎ᠢ ᠠᠩᠬ᠎ᠠ ᠤᠳᠠᠭ᠎ᠠ ᠳᠡᠯᠭᠡᠨ ᠦᠵᠡᠭᠦᠯᠵᠦ᠂ ᠴᠥᠭᠡᠨ ᠪᠤᠰᠤ ᠰᠦᠯᠵᠢᠶᠡᠨ ᠠᠨᠳᠠ ᠨᠠᠷ 《ᠴᠡᠷᠢᠭ᠎ᠦᠨ ᠬᠤᠷᠤᠬᠠᠢ᠍ᠢᠲᠠᠨ》ᠪᠠᠢᠭᠰᠠᠨ ᠡᠴᠡ ᠪᠡᠨ《ᠴᠡᠷᠢᠭ᠎ᠦᠨ ᠪᠠᠯᠠᠢ》ᠪᠤᠯᠤᠭᠰᠠᠨ ᠭᠡᠵᠤ ᠦᠪᠡᠷ᠎ᠢ ᠪᠡᠨ ᠱᠤᠤᠯᠠᠵᠤ ᠪᠠᠢᠯ᠎ᠠ᠃

ᠠᠷᠠᠳ᠎ᠤᠨ ᠴᠡᠷᠢᠭ ᠠᠩᠭᠢ᠎ᠶᠢᠨ ᠴᠡᠷᠢᠭ ᠪᠠᠢᠭᠤᠯᠤᠭᠳᠠᠭᠰᠠᠨ ᠵᠠᠭᠤᠨ ᠵᠢᠯ᠎ᠦᠨ ᠤᠢ ᠵᠦᠭ ᠡᠷᠡᠮᠡᠭᠡᠢᠯᠡᠨ ᠤᠷᠤᠭᠰᠢᠯᠠᠬᠤ  ᠴᠤ ᠰᠢᠨ᠎ᠡ ᠳᠦᠷᠢ ᠲᠥᠷᠬᠦ ᠨᠢ ᠴᠡᠷᠢᠭ᠎ᠢ ᠬᠦᠴᠦᠷᠬᠡᠭᠵᠢᠭᠦᠯᠦᠭᠰᠡᠨ ᠠᠷᠪᠠᠨ ᠵᠢᠯ᠎ᠦᠨ ᠵᠢᠳᠬᠦᠯ ᠴᠢᠷᠮᠠᠢᠯᠭ᠎ᠠ᠂ ᠰᠢᠨ᠎ᠡ ᠳᠠᠪᠰᠢᠯᠲᠡ᠎ᠡᠴᠡ ᠢᠷᠡᠯᠲᠡ᠎ᠲᠠᠢ ᠶᠤᠮ᠃

ᠠᠷᠪᠠᠨ ᠵᠢᠯ ᠎ᠦᠨ ᠡᠮᠦᠨ᠎ᠡ᠂ 2015 ᠣᠨ᠎ᠤ ᠢᠯᠠᠯᠲᠠ᠎ᠶᠢᠨ ᠡᠳᠦᠷ᠎ᠦᠨ ᠴᠡᠷᠢᠭ ᠠᠨᠭᠭᠢ ᠵᠢ ᠰᠢᠯᠭᠠᠨ ᠦᠵᠡᠬᠦ ᠶᠣᠰᠣᠯᠠᠯ ᠨᠢ ᠮᠥᠨ ᠴᠦ᠍ ᠶᠡᠬᠡᠮᠰᠦᠭ ᠰᠦᠷᠯᠢᠭ ᠲᠢᠶᠠᠨ ᠠᠨ ᠮᠧᠨ ᠠᠰᠠᠷ᠎ᠲᠤ ᠶᠠᠪᠤᠭᠳᠠᠵᠤ᠂ ᠲᠡᠷᠢᠭᠦᠯᠡᠭᠴᠢ ᠰᠢ᠎ᠶᠢᠨ ᠫᠢᠩ ᠳᠡᠯᠡᠬᠡᠢ ᠳ᠋ᠠᠬᠢᠨ᠎ᠳᠤ᠄ ᠳᠤᠮᠳᠠᠳᠤ ᠤᠯᠤᠰ ᠴᠡᠷᠢᠭ ᠠᠩᠭᠢ᠎ᠶᠢᠨ ᠬᠥᠮᠥᠨ᠎ᠦ ᠲᠣᠭ᠎ᠠ ᠵᠢ 30 ᠲᠦᠮᠡ ᠬᠠᠰᠤᠨ᠎ᠠ ᠭᠡᠵᠦ ᠵᠠᠷᠯᠠᠵᠠᠢ᠃

ᠠᠷᠠᠳ ᠎ᠤᠨ ᠴᠡᠷᠢᠭ ᠠᠩᠭᠢ ᠶᠡᠷᠦᠩᠬᠡᠢ ᠵᠢᠯᠣᠭᠣᠳᠤᠭ᠍ᠴᠢ᠎ᠶᠢᠨ ᠵᠢᠷᠤᠭᠯᠠᠯ᠎ᠢᠶᠠᠷ᠂ ᠬᠤᠪᠢᠰᠴᠦ ᠬᠦᠴᠦᠷᠬᠡᠭᠵᠢᠬᠦ ᠰᠢᠨ᠎ᠡ ᠴᠠᠭ ᠦᠶ᠎ᠡ᠎ᠶᠢ ᠨᠡᠭᠡᠭᠡᠪᠡ᠃

ᠠᠷᠪᠠᠨ ᠵᠢᠯ᠎ᠦᠨ ᠬᠤᠭᠤᠴᠠᠭᠠᠨ᠎ᠳᠤ᠂ ᠨᠠᠮ᠎ᠤᠨ ᠲᠥᠪ ᠬᠣᠷᠢᠶ᠎ᠠ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ ᠪᠠ ᠲᠡᠷᠢᠭᠦᠯᠡᠭᠴᠢ ᠰᠢ᠎ᠶᠢᠨ ᠫᠢᠩ ᠤᠷᠢᠳ ᠡᠮᠦᠨ᠎ᠡ ᠪᠠᠢᠭ᠎ᠠ ᠦᠭᠡᠢ ᠡᠷᠡᠰ ᠵᠣᠷᠢᠭ᠋ ᠪᠠ ᠬᠦᠴᠦᠯᠡᠴᠡ ᠪᠡᠷ ᠰᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ᠎ᠡᠴᠡ ᠨᠠᠭᠠᠰᠢᠬᠢ ᠬᠠᠮᠤᠭ᠎ᠤᠨ ᠥᠷᠭᠡᠨ ᠳᠡᠯᠭᠡᠷ᠂ ᠬᠠᠮᠤᠭ᠎ᠤᠨ ᠭᠦᠨ ᠭᠦᠨᠵᠡᠭᠡᠢ ᠤᠯᠤᠰ᠎ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠭᠢ᠎ᠶᠢᠨ ᠥᠭᠡᠷᠡᠴᠢᠯᠡᠯᠲᠡ᠎ᠶᠢ ᠤᠳᠤᠷᠢᠳᠤᠨ ᠥᠷᠨᠢᠭᠦᠯᠵᠡᠢ᠃

ᠰᠢᠨ᠎ᠡ ᠴᠠᠭ ᠦᠶ᠎ᠡ᠎ᠶᠢᠨ ᠴᠡᠷᠢᠭ᠎ᠢ ᠬᠦᠴᠦᠷᠬᠡᠭᠵᠢᠭᠦᠯᠬᠦ ᠦᠢᠯᠡᠰ ᠲᠡᠦᠬᠡᠲᠦ ᠴᠢᠨᠠᠷᠲᠠᠢ ᠠᠮᠵᠢᠯᠲᠠ ᠣᠯᠵᠤ᠂ ᠲᠡᠦᠬᠡᠲᠦ ᠴᠢᠨᠠᠷᠲᠠᠢ ᠬᠤᠪᠢᠰᠤᠯᠲᠠ ᠭᠠᠷᠤᠭᠰᠠᠨ᠎ᠤ ᠬᠠᠮᠤᠭ᠎ᠤᠨ ᠦᠨᠳᠦᠰᠦᠨ ᠵᠦᠢᠯ ᠪᠣᠯ ᠲᠡᠷᠢᠭᠦᠯᠡᠭᠴᠢ ᠰᠢ᠎ᠶᠢᠨ ᠫᠢᠩ ᠵᠠᠮᠴᠢᠯᠠᠨ ᠵᠠᠯᠠᠭᠤᠷ᠎ᠢ ᠪᠡᠷᠢᠵᠦ᠂ ᠰᠢ᠎ᠶᠢᠨ ᠫᠢᠩ᠎ᠤᠨ ᠴᠡᠷᠢᠭ᠎ᠢ ᠬᠦᠴᠦᠷᠬᠡᠭᠵᠢᠭᠦᠯᠬᠦ ᠦᠵᠡᠯ ᠰᠠᠨᠠᠭ᠎ᠠ ᠵᠢᠨ ᠰᠢᠨᠵᠢᠯᠡᠬᠦ ᠤᠬᠠᠭᠠᠨᠴᠢ ᠵᠢᠭᠠᠨ ᠵᠢᠯᠣᠭᠣᠳᠤᠯᠭ᠎ᠠ᠎ᠳᠤ ᠪᠤᠢ᠃

《ᠥᠭᠡᠷᠡᠴᠢᠯᠡᠯᠲᠡ ᠬᠢᠬᠦ ᠪᠣᠯ ᠴᠡᠷᠢᠭ᠎ᠢ ᠬᠦᠴᠦᠷᠬᠡᠭᠵᠢᠭᠦᠯᠬᠦ᠎ᠶᠢᠨ ᠵᠠᠢᠯᠠᠰᠢ ᠦᠭᠡᠢ ᠶᠠᠪᠤᠬᠤ ᠵᠠᠮ ᠮᠥᠨ᠂ ᠡᠷᠬᠡᠪᠰᠢ ᠴᠡᠷᠢᠭ ᠠᠩᠭᠢ᠎ᠶᠢᠨ ᠵᠣᠬᠢᠶᠠᠨ ᠪᠠᠢᠭᠤᠯᠤᠯᠲᠠ᠎ᠶᠢᠨ ᠬᠡᠯᠪᠡᠷᠢ ᠪᠠᠢᠳᠠᠯ᠎ᠤᠨ ᠣᠳᠣᠬᠢᠴᠢᠯᠠᠯᠲᠠ᠎ᠶᠢ ᠠᠬᠢᠭᠤᠯᠵᠤ᠂ ᠳᠤᠮᠳᠠᠳᠤ ᠤᠯᠤᠰ᠎ᠤᠨ ᠣᠨᠴᠠᠯᠢᠭ᠋ ᠲᠡᠢ ᠣᠳᠣ᠌ ᠦᠶ᠎ᠡ᠎ᠶᠢᠨ ᠴᠡᠷᠢᠭ᠎ᠦᠨ ᠶᠠᠪᠤᠳᠠᠯ᠎ᠤᠨ ᠬᠦᠴᠦᠨ᠎ᠦ ᠰᠢᠰᠲᠧᠮ ᠎ᠢ ᠪᠠᠢᠭᠤᠯᠵᠤ᠂ ᠳᠤᠮᠳᠠᠳᠤ ᠤᠯᠤᠰ᠎ᠤᠨ ᠣᠨᠴᠠᠯᠢᠭ᠋ ᠲᠡᠢ ᠨᠡᠢᠭᠡᠮ ᠵᠢᠷᠤᠮ᠎ᠤᠨ ᠴᠡᠷᠢᠭ ᠎ᠦᠨ ᠶᠠᠪᠤᠳᠠᠯ᠎ᠤᠨ ᠪᠠᠢᠭᠤᠯᠤᠯ᠎ᠢ ᠲᠡᠭᠦᠯᠳᠡᠷᠵᠢᠭᠦᠯᠬᠦ ᠬᠡᠷᠡᠭᠳᠡᠢ》᠃ ᠰᠢ᠎ᠶᠢᠨ ᠫᠢᠩ᠎ᠤᠨ ᠴᠡᠷᠢᠭ ᠎ᠢ ᠬᠦᠴᠦᠷᠬᠡᠭᠵᠢᠭᠦᠯᠬᠦ ᠦᠵᠡᠯ ᠰᠠᠨᠠᠭ᠎ᠠ ᠭᠡᠬᠦ ᠡᠨᠡ ᠬᠦ᠌ ᠴᠢᠬᠤᠯᠠ ᠠᠭᠤᠯᠤᠭᠳᠠᠬᠤᠨ ᠨᠢ ᠴᠡᠷᠢᠭ ᠎ᠢ ᠬᠦᠴᠦᠷᠬᠡᠭᠵᠢᠭᠦᠯᠵᠦ ᠴᠡᠷᠢᠭ᠎ᠢ ᠮᠠᠨᠳᠤᠭᠤᠯᠬᠤ᠎ᠳᠤ ᠵᠠᠪᠠᠯ ᠶᠠᠪᠤᠬᠤ ᠵᠠᠮ ᠭᠡᠬᠦ ᠡᠨᠡ ᠬᠦ᠌ ᠴᠢᠬᠤᠯᠠ ᠶᠡᠬᠡ ᠠᠰᠠᠭᠤᠳᠠᠯ᠎ᠢ ᠭᠦᠨᠵᠡᠭᠡᠢ ᠬᠠᠷᠢᠭᠤᠯᠵᠠᠢ᠃

ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ᠎ᠡᠴᠡ ᠨᠠᠭᠠᠰᠢ᠂ ᠤᠯᠤᠰ᠎ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠭᠢ᠎ᠶᠢᠨ ᠥᠭᠡᠷᠡᠴᠢᠯᠡᠯᠲᠡ᠎ᠶᠢ ᠭᠦᠨᠵᠡᠭᠡᠢᠷᠡᠭᠦᠯᠬᠦ᠎ᠳᠦ ᠬᠡᠮᠵᠢᠶ᠎ᠡ ᠵᠢ ᠪᠠᠲᠤᠲᠠᠢ ᠠᠳᠬᠤᠨ᠂ ᠦᠭᠡᠢᠰᠬᠡᠬᠦ ᠪᠠᠢᠭᠤᠯᠬᠤ ᠵᠢ ᠬᠤᠤᠰᠯᠠᠭᠤᠯᠤᠨ᠂ ᠲᠦᠷᠭᠡᠨ ᠪᠥᠭᠡᠳ ᠯᠠᠪᠳᠠᠭᠤᠨ᠎ᠢᠶᠠᠷ ᠤᠷᠤᠭᠰᠢᠯᠠᠵᠤ᠂ ᠤᠳᠤᠷᠢᠳᠤᠨ ᠵᠢᠯᠤᠭᠣᠳᠬᠤ ᠪᠠᠢᠭᠤᠯᠤᠯ᠎ᠤᠨ ᠥᠭᠡᠷᠡᠴᠢᠯᠡᠯᠲᠡ᠂ ᠬᠡᠪᠴᠢᠶ᠎ᠡ ᠪᠦᠲᠦᠴᠡ ᠪᠠ ᠬᠦᠴᠦᠨ᠎ᠦ ᠪᠦᠷᠢᠯᠳᠦᠯ᠎ᠦᠨ ᠥᠭᠡᠷᠡᠴᠢᠯᠡᠯᠲᠡ᠂ ᠴᠡᠷᠢᠭ᠎ᠦᠨ ᠶᠠᠪᠤᠳᠠᠯ᠎ᠤᠨ ᠲᠦᠷᠦ᠎ᠶᠢᠨ ᠪᠣᠳᠣᠯᠭ᠎ᠠ ᠳᠦᠷᠢᠮ᠎ᠦᠨ ᠥᠭᠡᠷᠡᠴᠢᠯᠡᠯᠲᠡ ᠭᠡᠬᠦ 《ᠭᠤᠷᠪᠠᠨ ᠶᠡᠬᠡ ᠳᠠᠢᠯᠠᠯᠳᠤᠭᠠᠨ》ᠢ᠋ ᠲᠥᠪᠯᠡᠷᠡᠭᠦᠯᠦᠨ ᠬᠢᠭᠰᠡᠨ ᠪᠠᠢᠨ᠎ᠠ᠃ ᠮᠠᠨ᠎ᠤ ᠴᠡᠷᠢᠭ᠎ᠦᠨ ᠵᠣᠬᠢᠶᠠᠨ ᠪᠠᠢᠭᠤᠯᠤᠯᠲᠠ᠎ᠶᠢᠨ ᠪᠦᠲᠦᠴᠡ ᠲᠡᠦᠬᠡᠲᠦ ᠴᠢᠨᠠᠷᠲᠠᠢ ᠬᠤᠪᠢᠰᠤᠯᠲᠠ᠎ᠶᠢ ᠪᠡᠶᠡᠯᠡᠭᠦᠯᠵᠦ᠂ ᠬᠦᠴᠦᠨ᠎ᠦ ᠰᠢᠰᠲᠧᠮ ᠬᠤᠪᠢᠰᠬᠠᠯᠴᠢ ᠴᠢᠨᠠᠷᠲᠠᠢ ᠲᠠᠬᠢᠨ ᠴᠣᠭᠴᠠᠯᠠᠭᠳᠠᠵᠤ᠂ ᠳᠤᠮᠳᠠᠳᠤ ᠤᠯᠤᠰ᠎ᠤᠨ ᠣᠨᠴᠠᠯᠢᠭ᠋ ᠲᠡᠢ ᠨᠡᠢᠭᠡᠮ ᠵᠢᠷᠤᠮ᠎ᠤᠨ ᠴᠡᠷᠢᠭ᠎ᠦᠨ ᠶᠠᠪᠤᠳᠠᠯ᠎ᠤᠨ ᠲᠦᠷᠦ᠎ᠶᠢᠨ ᠪᠣᠳᠣᠯᠭ᠎ᠠ᠎ᠶᠢᠨ ᠳᠦᠷᠢᠮ᠎ᠦᠨ ᠰᠢᠰᠲᠧᠮ᠎ᠦᠨ ᠦᠨᠳᠦᠰᠦᠨ ᠪᠣᠷᠣ᠌ ᠲᠥᠯᠥᠪ ᠴᠣᠭᠴᠠᠯᠠᠨ ᠪᠠᠢᠭᠤᠯᠤᠭᠳᠠᠵᠤ᠂ ᠮᠠᠨ᠎ᠤ ᠴᠡᠷᠢᠭ᠎ᠦᠨ ᠪᠠᠢᠭᠤᠯᠤᠮᠵᠢ ᠰᠢᠨᠡᠳᠤᠨ᠂ ᠪᠦᠲᠦᠴᠡ ᠰᠢᠨᠡᠳᠴᠦ᠂ ᠪᠠᠢᠷᠢᠰᠢᠯ ᠰᠢᠨᠡᠳᠦᠨ᠂ ᠳᠦᠷᠰᠦ ᠪᠠᠢᠳᠠᠯ ᠰᠢᠨᠡᠳᠪᠡ᠃

ᠭᠠᠭᠴᠠ ᠬᠦ᠌ ᠥᠭᠡᠷᠡᠴᠢᠯᠡᠯᠲᠡ ᠬᠢᠭᠰᠡᠳ ᠤᠷᠤᠭᠰᠢᠯᠠᠵᠤ᠂ ᠭᠠᠭᠴᠠ ᠬᠦ᠌ ᠰᠢᠨ᠎ᠡ᠎ᠶᠢ ᠡᠭᠦᠳᠦᠭᠴᠢᠳ ᠬᠦᠴᠦᠷᠬᠡᠭᠵᠢᠨ᠎ᠡ᠃ ᠠᠷᠠᠳ᠎ᠤᠨ ᠴᠡᠷᠢᠭ ᠠᠩᠭᠢ᠎ᠶᠢᠨ ᠬᠦᠴᠦᠨ ᠴᠢᠳᠠᠯ ᠨᠢ ᠥᠭᠡᠷᠡᠴᠢᠯᠡᠯᠲᠡ ᠬᠢᠵᠦ ᠰᠢᠨ᠎ᠡ᠎ᠶᠢ ᠡᠭᠦᠳᠬᠦ᠎ᠡᠴᠡ ᠢᠷᠡᠳᠡᠭ᠂ ᠠᠷᠠᠳ᠎ᠤᠨ ᠴᠡᠷᠢᠭ ᠠᠩᠭᠢ᠎ᠶᠢᠨ ᠢᠯᠠᠯᠲᠠ ᠨᠢ ᠥᠭᠡᠷᠡᠴᠢᠯᠡᠯᠲᠡ ᠬᠢᠵᠦ ᠰᠢᠨ᠎ᠡ᠎ᠶᠢ ᠡᠭᠦᠳᠬᠦ᠎ᠡᠴᠡ ᠢᠷᠡᠳᠡᠭ᠃

8 ᠲᠦᠮᠡᠨ ᠡᠩᠬᠡ ᠲᠠᠢᠪᠤᠩ᠎ᠤᠨ ᠲᠠᠭᠲᠠᠭ᠎ᠠ ᠵᠢᠭᠦᠷ᠎ᠢᠶᠡᠨ ᠳᠡᠯᠭᠡᠨ ᠥᠨᠳᠥᠷ᠎ᠲᠦ ᠨᠢᠰᠴᠦ᠂ 8 ᠲᠦᠮᠡᠨ ᠬᠡᠢᠲᠦ ᠪᠥᠮᠪᠥᠭᠡ ᠣᠭᠲᠠᠷᠭᠤᠢ᠎ᠳᠤ ᠬᠦᠭᠡᠷᠦᠨ ᠳᠡᠭᠳᠡᠪᠡ  ᠁

ᠳᠤᠮᠳᠠᠳᠤ ᠤᠯᠤᠰ᠎ᠤᠨ ᠠᠷᠠᠳ ᠲᠦᠮᠡᠨ ᠦᠨᠳᠦᠰᠦᠲᠡᠨ᠎ᠦ ᠲᠤᠰᠠᠭᠠᠷ ᠲᠣᠭᠲᠠᠨᠢᠯ ᠪᠠ ᠠᠷᠠᠳ ᠲᠦᠮᠡᠨ᠎ᠦ ᠴᠢᠯᠦᠭᠡᠯᠡᠯᠲᠡ᠎ᠶᠢ ᠪᠡᠶᠡᠯᠡᠭᠦᠯᠬᠦ᠎ᠳᠦ ᠨᠢᠭᠡᠨ ᠰᠠᠯᠠᠭ᠎ᠠ ᠪᠠᠭᠠᠲᠤᠷᠯᠢᠭ᠋ ᠠᠷᠠᠳ᠎ᠤᠨ ᠴᠡᠷᠢᠭ ᠠᠨᠭᠬᠢ᠎ᠳᠦ ᠲᠦᠰᠢᠭᠯᠡᠨ᠎ᠡ;

ᠳᠤᠮᠳᠠᠳᠤ᠎ᠶᠢᠨ ᠦᠨᠳᠦᠰᠦᠲᠡᠨ ᠠᠭᠤᠤ ᠶᠡᠬᠡ ᠰᠡᠷᠭᠦᠨ ᠮᠠᠨᠳᠤᠯᠲᠠ᠎ᠶᠢ ᠪᠡᠶᠡᠯᠡᠭᠦᠯᠬᠦ᠎ᠳᠦ ᠡᠷᠬᠡᠪᠰᠢ ᠠᠷᠠᠳ᠎ᠤᠨ ᠴᠡᠷᠢᠭ ᠠᠩᠭᠢ᠎ᠶᠢ ᠳᠡᠯᠡᠬᠡᠢ᠎ᠶᠢᠨ ᠲᠡᠷᠢᠭᠦᠨ ᠵᠡᠷᠭᠡ᠎ᠶᠢᠨ ᠴᠡᠷᠢᠭ ᠠᠩᠭᠢ ᠪᠣᠯᠭᠠᠨ ᠪᠦᠲᠦᠭᠡᠨ ᠪᠠᠶ᠋ᠢᠭᠤᠯᠬᠤ᠎ᠶᠢ ᠲᠦᠷᠭᠡᠳᠬᠡᠬᠦ ᠬᠡᠷᠡᠭᠲᠡᠢ;

ᠡᠯ᠎ᠡ ᠤᠯᠤᠰ᠎ᠤᠨ ᠠᠷᠠᠳ ᠲᠦᠮᠡᠨ ᠭᠠᠷ ᠭᠠᠷ᠎ᠢᠶᠠᠨ ᠬᠣᠯᠪᠣᠯᠴᠠᠨ ᠬᠥᠮᠥᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶᠢᠨ ᠴᠣᠭᠴᠠ᠎ᠶᠢ ᠪᠠᠢᠭᠤᠯᠵᠤ᠂ ᠳᠡᠯᠡᠬᠡᠢ᠎ᠶᠢᠨ ᠡᠩᠬᠡ ᠲᠠᠢᠪᠤᠩ ᠪᠣᠯᠣᠨ ᠬᠥᠭᠵᠢᠯᠲᠡ᠎ᠳᠦ ᠨᠡᠩ ᠶᠡᠬᠡ ᠬᠤᠪᠢ ᠨᠡᠮᠡᠷᠢ ᠦᠵᠡᠭᠦᠯᠬᠦ ᠨᠢᠭᠡᠨ ᠭᠤᠤᠯᠯᠠᠭᠴᠢ ᠬᠦᠴᠦᠨ᠎ᠢ ᠤᠷᠢᠶᠠᠯᠠᠨ ᠳᠠᠭᠤᠳᠠᠵᠤ ᠪᠠᠢᠨ᠎ᠠ᠃

ᠴᠡᠷᠢᠭ᠎ᠦᠨ ᠲᠤᠭ ᠢᠷᠡᠭᠡᠳᠦᠢ ᠵᠦᠭ ᠨᠠᠮᠢᠷᠠᠭᠰᠠᠭᠠᠷ᠃ ᠳᠡᠯᠡᠬᠡᠢ᠎ᠶᠢᠨ ᠲᠡᠷᠢᠭᠦᠨ᠎ᠤ ᠲᠡᠢᠰᠢ ᠤᠷᠤᠭᠰᠢᠯᠠᠨ ᠳᠠᠪᠰᠢᠭᠰᠠᠨ ᠡᠨᠡ ᠬᠦ᠌ ᠴᠡᠷᠢᠭ ᠠᠩᠭᠢ ᠢᠯᠠᠯᠲᠠ᠎ᠡᠴᠡ ᠰᠢᠨ᠎ᠡ ᠢᠯᠠᠯᠲᠠ ᠵᠦᠭ ᠦᠷᠭᠦᠯᠵᠢᠯᠡᠨ ᠤᠷᠤᠭᠰᠢᠯᠠᠭᠰᠠᠭᠠᠷ!

  (ᠱᠢᠨᠬᠤᠸᠠ ᠬᠤᠷᠢᠶ᠎ᠠ ᠵᠢᠨ ᠪᠡᠭᠡᠵᠢᠩ᠎ᠦᠨ 9 ᠰᠠᠷ᠎ᠠ᠎ᠶ᠋ᠢᠨ 12 ᠎ᠤ᠋ᠨ ᠴᠠᠬᠢᠯᠭᠠᠨ ᠮᠡᠳᠡᠭᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号