ᠠᠷᠠᠳ ᠲᠦᠮᠡᠨ ᠪᠣᠯ ᠲᠡᠦᠬᠡ ᠵᠢ ᠡᠭᠦᠳᠦᠨ ᠪᠦᠲᠦᠭᠡᠭᠴᠢ ᠮᠦᠨ
2025-09-13 11:19:55
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

— ᠳᠤᠮᠳᠠᠳᠤ ᠤᠯᠤᠰ ᠎ᠤᠨ ᠠᠷᠠᠳ ᠲᠦᠮᠡᠨ ᠎ᠦ ᠶᠠᠫᠤᠨ ᠎ᠢ ᠡᠰᠡᠷᠭᠦᠴᠡᠬᠦ ᠲᠠᠢ᠍ᠢᠨ ᠪᠠ ᠳᠡᠯᠡᠬᠡᠢ ᠎ᠶᠢᠨ ᠹᠠᠱ᠌ᠢᠰ ᠎ᠢ ᠡᠰᠡᠷᠭᠦᠴᠡᠬᠦ ᠲᠠᠢ᠍ᠢᠨ ᠢᠯᠠᠯᠲᠠ ᠣᠯᠣᠭᠰᠠᠨ 80 ᠵᠢᠯ ᠎ᠦᠨ ᠤᠢ ᠎ᠶᠢ ᠳᠤᠷᠠᠰᠬᠠᠬᠤ ᠠᠵᠢᠯᠯᠠᠭ᠎ᠠ  ᠎ᠶᠢᠨ ᠰᠡᠩᠬᠡᠷᠡᠭᠦᠯᠦᠯ (ᠬᠣᠶᠠᠷ)


ᠡᠨᠡ ᠪᠣᠯ ᠲᠡᠦᠬᠡ᠎ᠳᠦ ᠬᠦᠨᠳᠦᠳᠬᠡᠯ ᠳᠡᠪᠰᠢᠭᠦᠯᠵᠦ ᠪᠠᠢᠭ᠎ᠠ ᠶᠠᠪᠤᠳᠠᠯ᠂ ᠨᠡᠩ ᠴᠤ᠌ ᠢᠷᠡᠭᠡᠳᠦᠢ᠎ᠳᠦ ᠬᠠᠨᠳᠤᠭᠤᠯᠤᠭᠰᠠᠨ ᠵᠢᠯᠣᠭᠣᠳᠤᠮᠵᠢ ᠮᠥᠨ᠃

9 ᠰᠠᠷ᠎ᠠ᠎ᠶᠢᠨ 3 ᠎ᠤ᠋ ᠡᠳᠦᠷ᠂ ᠰᠦᠷᠯᠢᠭ ᠶᠡᠬᠡ ᠴᠡᠷᠢᠭ ᠠᠩᠬᠢ ᠵᠢ ᠰᠢᠯᠭᠠᠨ ᠦᠵᠡᠬᠦ ᠶᠣᠰᠣᠯᠠᠯ᠂ ᠦᠪᠡᠳᠡᠭᠰᠢ ᠶᠡᠬᠡ ᠳᠤᠷᠠᠰᠬᠠᠬᠤ ᠠᠵᠢᠯᠯᠠᠭ᠎ᠠ᠂ ᠬᠥᠮᠥᠰ᠎ᠦᠨ ᠰᠡᠳᠬᠢᠯ᠎ᠢ ᠳᠣᠭᠳᠣᠯᠤᠭᠤᠯᠤᠭᠰᠠᠨ ᠤᠷᠠᠨ ᠰᠠᠢᠬᠠᠨ᠎ᠤ ᠦᠳᠡᠰᠢᠯᠡᠭᠡ ᠁ ᠰᠢᠳᠤᠷᠭᠤ ᠶᠣᠰᠣ᠌ ᠯᠠᠪᠲᠠᠢ ᠢᠯᠠᠨ᠎ᠠ! ᠡᠩᠬᠡ ᠲᠠᠢᠪᠤᠩ ᠯᠠᠪᠲᠠᠢ ᠢᠯᠠᠨ᠎ᠠ! ᠠᠷᠠᠳ ᠲᠦᠮᠡᠨ ᠯᠠᠪᠲᠠᠢ ᠢᠯᠠᠨ᠎ᠠ!ᠲᠦᠭ ᠲᠦᠮᠡᠨ ᠳᠤᠮᠳᠠᠳᠤ᠎ᠶᠢᠨ ᠬᠥᠪᠡᠭᠦᠳ ᠥᠬᠢᠳ ᠰᠡᠳᠬᠢᠯ ᠨᠢᠭᠡᠳᠦᠨ ᠪᠦᠯᠬᠦᠮᠳᠡᠵᠦ᠂ ᠣᠮᠣᠭ ᠵᠣᠷᠢᠭ᠋ ᠲᠡᠭᠦᠯᠳᠡᠷ ᠪᠠᠢᠨ᠎ᠠ᠃

ᠡᠨᠡ ᠪᠣᠯ ᠳᠠᠢ᠍ᠢᠨ᠎ᠦ ᠲᠡᠦᠬᠡᠨ᠎ᠳᠡᠬᠢ ᠭᠠᠢᠬᠠᠮᠰᠢᠭ᠍ᠲᠤ ᠦᠵᠡᠭᠳᠡᠯ᠂ ᠳᠤᠮᠳᠠᠳᠤ᠎ᠶᠢᠨ ᠦᠨᠳᠦᠰᠦᠲᠡᠨ᠎ᠦ ᠠᠤᠭ᠎ᠠ ᠦᠢᠯᠡᠰ᠂ ᠲᠡᠭᠷᠢ ᠭᠠᠵᠠᠷ᠎ᠢ ᠳᠣᠩᠰᠣᠯᠭᠠᠮ᠎ᠠ ᠠᠭᠤᠤ ᠦᠢᠯᠡᠰ ᠮᠦᠨ︱

14 ᠵᠢᠯ᠂ 5098 ᠡᠳᠦᠷ ᠬᠤᠨᠤᠭ᠂ ᠳᠤᠮᠳᠠᠳᠤ ᠤᠯᠤᠰ᠎ᠤᠨ ᠠᠷᠠᠳ ᠲᠦᠮᠡᠨ ᠴᠢᠰᠤᠲᠦ ᠪᠠᠢᠯᠳᠤᠭᠠᠨ ᠬᠢᠵᠦ᠂ ᠶᠠᠫᠤᠨ᠎ᠤ ᠴᠡᠷᠢᠭᠯᠡᠬᠦ ᠦᠵᠡᠯ᠎ᠦᠨ ᠲᠦᠷᠢᠮᠡᠬᠡᠢᠯᠡᠭᠴᠢᠳ᠎ᠢ ᠲᠤᠢᠯᠪᠤᠷᠢᠲᠠᠢ ᠢᠯᠠᠵᠤ᠂ ᠲᠤᠰᠠᠭᠠᠷ ᠲᠣᠭᠲᠠᠨᠢᠯ ᠡᠷᠬᠡ ᠴᠢᠯᠦᠭᠡ᠎ᠪᠡᠨ ᠬᠠᠮᠠᠭᠠᠯᠠᠭᠰᠠᠨ ᠲᠡᠦᠬᠡ ᠵᠢᠨ ᠬᠠᠭᠤᠳᠠᠰᠤᠨ᠎ᠳᠠᠬᠢ ᠮᠠᠭᠲᠠᠨ ᠳᠠᠭᠤᠯᠠᠭᠤᠰᠢᠲᠠᠢ ᠨᠢᠭᠡᠨ ᠬᠠᠭᠤᠳᠠᠰᠤ᠎ᠶᠢ ᠪᠢᠴᠢᠭᠯᠡᠵᠦ᠂ ᠳᠤᠮᠳᠠᠳᠤ᠎ᠶᠢᠨ ᠦᠨᠳᠦᠰᠦᠲᠡᠨ ᠣᠢᠷ᠎ᠠ ᠦᠶ᠎ᠡ᠎ᠡᠴᠡ ᠨᠠᠭᠠᠰᠢ ᠭᠠᠳᠠᠭᠠᠳᠤ᠎ᠶᠢᠨ ᠳᠠᠢᠰᠤᠨ᠎ᠤ ᠲᠦᠷᠢᠮᠡᠬᠡᠢᠯᠡᠯ᠎ᠢ ᠡᠰᠡᠷᠭᠦᠴᠡᠭᠰᠡᠨ ᠠᠩᠬᠠᠳᠠᠬᠴᠢ ᠪᠦᠷᠢᠨ ᠢᠯᠠᠯᠲᠠ᠎ᠶᠢ ᠤᠭᠲᠤᠨ ᠠᠪᠴᠢᠷᠠᠵᠤ᠂ ᠳᠡᠯᠡᠬᠡᠢ᠎ᠶᠢᠨ ᠹᠠᠱ᠌ᠢᠰ᠎ᠢ ᠡᠰᠡᠷᠭᠦᠴᠡᠬᠦ ᠳᠠᠶ᠋ᠢᠨ᠎ᠦ ᠪᠦᠷᠢᠨ ᠢᠯᠠᠯᠲᠠ᠎ᠶᠢ ᠲᠤᠩᠬᠠᠭᠯᠠᠵᠠᠢ᠃

《ᠰᠢᠳᠤᠷᠭᠤ ᠶᠣᠰᠣᠨ᠎ᠤ ᠢᠲᠡᠭᠡᠯ ᠵᠣᠷᠢᠭ᠋ ᠭᠤᠢᠪᠢᠰᠢ ᠦᠭᠡᠢ᠂ ᠡᠩᠬᠡ ᠲᠠᠢᠪᠤᠩ᠎ᠤᠨ ᠬᠦᠰᠡᠯ ᠡᠷᠡᠮᠡᠯᠵᠡᠯ ᠬᠣᠷᠢᠭ᠍ᠯᠠᠭᠳᠠᠰᠢ ᠦᠭᠡᠢ᠂ ᠠᠷᠠᠳ ᠲᠦᠮᠡᠨ᠎ᠦ ᠬᠦᠴᠦᠨ ᠢᠯᠠᠭᠳᠠᠰᠢ ᠦᠭᠡᠢ! 》

ᠶᠡᠷᠦᠩᠬᠡᠢ ᠱᠦᠵᠢ ᠰᠢ᠎ᠶᠢᠨ ᠫᠢᠩ᠎ᠤᠨ ᠲᠥᠪ ᠴᠢᠩᠭ᠎ᠠ ᠢᠯᠡᠷᠬᠡᠢᠯᠡᠯ ᠨᠢ 《ᠠᠷᠠᠳ ᠲᠦᠮᠡᠨ ᠪᠣᠯ ᠲᠡᠦᠬᠡ ᠵᠢ ᠡᠭᠦᠳᠦᠨ ᠪᠦᠲᠦᠭᠡᠭᠴᠢ ᠮᠥᠨ》 ᠭᠡᠬᠦ ᠡᠨᠡ ᠬᠦ᠌ ᠭᠡᠷᠡᠯ ᠰᠠᠴᠤᠷᠠᠮ᠎ᠠ ᠦᠨᠡᠨ ᠶᠣᠰᠣ᠌᠎ᠶᠢ ᠭᠦᠨᠵᠡᠭᠡᠢ ᠢᠯᠡᠷᠡᠭᠦᠯᠵᠡᠢ᠃ ᠡᠨᠡ ᠪᠣᠯ ᠠᠷᠢᠭᠤᠨ ᠴᠢᠰᠤ ᠪᠠ ᠠᠯᠲᠠᠨ ᠠᠮᠢ᠎ᠪᠠᠷ᠎ᠢᠶᠠᠨ ᠪᠦᠲᠦᠭᠡᠭᠰᠡᠨ ᠶᠠᠫᠤᠨ᠎ᠢ ᠡᠰᠡᠷᠭᠦᠴᠡᠬᠦ ᠲᠠᠢ᠍ᠢᠨ᠎ᠦ ᠠᠭᠤᠤ ᠶᠡᠬᠡ ᠲᠡᠦᠬᠡ᠎ᠶᠢᠨ ᠲᠤᠬᠠᠢ ᠭᠦᠨᠵᠡᠭᠡᠢ ᠳ᠋ᠦᠩᠨᠡᠯᠲᠡ ᠮᠥᠨ᠂ ᠦᠨᠳᠦᠰᠦᠲᠡᠨ᠎ᠦ ᠴᠢᠯᠦᠭᠡᠯᠡᠯᠲᠡ ᠪᠠ ᠳᠡᠯᠡᠬᠡᠢ᠎ᠶᠢᠨ ᠡᠩᠬᠡ ᠲᠠᠢᠪᠤᠩ᠎ᠤᠨ ᠲᠥᠯᠥᠭᠡ ᠠᠮᠢ ᠪᠡᠶ᠎ᠡ᠎ᠪᠡᠨ ᠵᠣᠷᠢᠭᠤᠯᠤᠭᠰᠠᠨ ᠠᠷᠠᠳ᠎ᠤᠨ ᠪᠠᠭᠠᠲᠤᠷᠴᠤᠳ᠎ᠲᠤ ᠵᠣᠷᠢᠭᠤᠯᠤᠭᠰᠠᠨ ᠭᠦᠨ ᠬᠦᠨᠳᠦᠳᠬᠡᠯ ᠮᠥᠨ᠂ ᠬᠦᠴᠦᠷᠬᠡᠭ ᠤᠯᠤᠰ᠎ᠤᠨ ᠪᠦᠲᠦᠭᠡᠨ ᠪᠠᠢᠭᠤᠯᠤᠯᠲᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶᠢᠨ ᠠᠭᠤᠤ ᠦᠢᠯᠡᠰ᠎ᠦᠨ ᠲᠥᠯᠥᠭᠡ ᠪᠦᠯᠬᠦᠮᠳᠡᠨ ᠲᠡᠮᠡᠴᠡᠭᠰᠡᠨ ᠠᠭᠤᠤ ᠶᠡᠬᠡ ᠤᠷᠢᠶᠠᠯᠠᠭ᠎ᠠ ᠮᠥᠨ᠃

ᠠᠭᠤᠯᠠ ᠤᠰᠤ ᠳᠦᠷᠡᠯᠵᠡᠨ ᠨᠤᠴᠤᠵᠤ᠂ ᠠᠷᠠᠳ ᠲᠦᠮᠡᠨ ᠪᠠᠭᠠᠲᠤᠷᠯᠢᠭ᠋ ᠲᠤᠤᠯᠢᠰ᠎ᠢ ᠪᠢᠴᠢᠭᠯᠡᠪᠡ

9 ᠰᠠᠷ᠎ᠠ᠎ᠶᠢᠨ 4᠎ᠤ᠋ ᠡᠳᠦᠷ᠂ ᠪᠡᠭᠡᠵᠢᠩ᠎ᠡᠴᠡ ᠦᠬᠠᠨ ᠬᠦᠷᠬᠦ ᠭᠠᠯᠲᠤ ᠲᠡᠷᠭᠡᠨ ᠳᠡᠭᠡᠷ᠎ᠡ ᠨᠡᠪᠲᠡᠷᠡᠭᠦᠯᠭᠡ ᠪᠡᠷ᠄《ᠪᠢᠳᠡ ᠬᠢᠵᠠᠭᠠᠯᠠᠰᠢ ᠦᠭᠡᠢ ᠬᠦᠨᠳᠦᠳᠬᠡᠨ ᠪᠢᠰᠢᠷᠡᠬᠦ ᠰᠡᠳᠬᠢᠯᠭᠡ᠎ᠪᠡᠷ ᠬᠣᠶᠠᠷ ᠣᠨᠴᠠᠭᠠᠢ ᠠᠶᠠᠨᠴᠢᠨ᠎ᠳᠦ ᠬᠠᠮᠤᠭ᠎ᠤᠨ ᠳᠡᠭᠡᠳᠦ ᠬᠦᠨᠳᠦᠳᠬᠡᠯ ᠳᠡᠪᠰᠢᠭᠦᠯᠵᠦ ᠪᠠᠢᠨ᠎ᠠ᠂ ᠲᠡᠳᠡ ᠪᠣᠯ ᠥᠴᠥᠭᠡᠳᠦᠷ᠎ᠦᠨ ᠳᠤᠷᠠᠰᠬᠠᠬᠤ ᠠᠵᠢᠯᠯᠠᠭ᠎ᠠ᠎ᠳᠤ ᠣᠷᠣᠯᠴᠠᠭᠰᠠᠨ ᠶᠠᠫᠤᠨ᠎ᠢ ᠡᠰᠡᠷᠭᠦᠴᠡᠬᠦ ᠲᠠᠢ᠍ᠢᠨ᠎ᠦ ᠠᠬᠠᠮᠠᠳ ᠴᠡᠷᠢᠭ ᠰᠦᠩ ᠴᠢ ᠰᠢᠶᠠᠩ᠂ ᠯᠢᠦ ᠵᠢᠢ ᠰᠢᠶᠠᠩ ᠪᠤᠯᠤᠨ᠎ᠠ ᠁ 》 ᠭᠡᠵᠦ ᠬᠡᠯᠡᠬᠦ ᠨᠢ ᠳᠤᠭᠤᠯᠳᠠᠪᠠ᠃

ᠨᠡᠪᠲᠡᠷᠡᠭᠦᠯᠵᠤ ᠳᠠᠭᠤᠰᠬᠤ ᠡᠴᠡ ᠡᠮᠦᠨ᠎ᠡ ᠸᠠᠭᠣᠨ᠎ᠳᠤ ᠬᠠᠯᠠᠭᠤᠨ ᠠᠯᠠᠭ᠎ᠠ ᠲᠡᠰᠢᠯᠲᠡ᠎ᠶᠢᠨ ᠲᠠᠭᠤᠨ ᠨᠢᠵᠢᠭᠢᠨᠡᠪᠡ᠃ ᠡᠨᠡ ᠪᠣᠯ ᠶᠠᠫᠤᠨ᠎ᠢ ᠡᠰᠡᠷᠭᠦᠴᠡᠬᠦ ᠲᠠᠢ᠍ᠢᠨ᠎ᠦ ᠪᠠᠭᠠᠲᠤᠷᠴᠤᠳ ᠲᠦ᠍ ᠭᠦᠨ᠎ᠡ ᠶᠤᠰᠤᠯᠠᠵᠤ ᠮᠠᠭᠲᠠᠨ ᠰᠠᠢᠰᠢᠶᠠᠵᠤ ᠪᠠᠢᠭ᠎ᠠ ᠶᠠᠪᠤᠳᠠᠯ ᠮᠥᠨ᠃

《ᠡᠨᠡ ᠪᠣᠯ ᠳᠤᠮᠳᠠᠳᠤ᠎ᠶᠢᠨ ᠦᠨᠳᠦᠰᠦᠲᠡᠨ᠎ᠦ ᠣᠢᠷ᠎ᠠ ᠦᠶ᠎ᠡ᠎ᠡᠴᠡ ᠨᠠᠭᠠᠰᠢ ᠬᠦᠨᠳᠦ ᠬᠡᠴᠡᠭᠦᠦ ᠬᠢᠮᠤᠷᠠᠯ᠎ᠤᠨ᠎ᠳᠤᠮᠳᠠ᠎ᠡᠴᠡ ᠠᠭᠤᠤ ᠶᠡᠬᠡ ᠰᠡᠷᠭᠦᠨ ᠮᠠᠨᠳᠤᠯᠲᠠ ᠲᠡᠢᠰᠢ ᠤᠷᠤᠭᠰᠢᠯᠠᠭᠰᠠᠨ ᠲᠡᠦᠬᠡ ᠵᠢᠨ ᠡᠷᠭᠢᠯᠲᠡ᠎ᠶᠢᠨ ᠴᠡᠭ ᠮᠥᠨ᠂ ᠪᠠᠰᠠ ᠴᠤ᠌ ᠳᠡᠯᠡᠬᠡᠢ᠎ᠶᠢᠨ ᠬᠥᠭᠵᠢᠯᠲᠡ᠎ᠶᠢᠨ ᠴᠢᠬᠤᠯᠠ ᠶᠡᠬᠡ ᠡᠷᠭᠢᠯᠲᠡ᠎ᠶᠢᠨ ᠴᠡᠭ ᠮᠥᠨ》᠃ ᠶᠡᠷᠦᠩᠬᠡᠢ ᠱᠦᠵᠢ ᠰᠢ᠎ᠶᠢᠨ ᠫᠢᠩ᠎ᠤᠨ ᠴᠢᠬᠤᠯᠠ ᠥᠭᠦᠯᠡᠯᠲᠡ ᠨᠢ ᠠᠭᠤᠤ ᠶᠡᠬᠡ ᠢᠯᠠᠯᠲᠠ᠎ᠶᠢᠨ ᠲᠡᠦᠬᠡᠲᠦ ᠠᠴᠢ ᠬᠣᠯᠪᠣᠭᠳᠠᠯ᠎ᠢ ᠭᠦᠨᠵᠡᠭᠡᠢ ᠲᠠᠢᠯᠪᠤᠷᠢᠯᠠᠵᠠᠢ᠃

ᠲᠡᠦᠬᠡ᠎ᠶᠢᠨ ᠡᠷᠭᠢᠯᠲᠡ ᠨᠢ ᠮᠥᠬᠥᠯ᠎ᠦᠨ ᠠᠶᠤᠯ᠎ᠡᠴᠡ ᠠᠪᠤᠷᠠᠬᠤ᠎ᠶᠢᠨ ᠵᠠᠢᠯᠠᠰᠢ ᠦᠭᠡᠢ ᠰᠣᠩᠭᠣᠯᠲᠠ᠎ᠡᠴᠡ ᠡᠬᠢᠯᠡᠯ ᠲᠡᠢ ︱

ᠣᠷᠴᠢᠨ ᠦᠶ᠎ᠡ᠎ᠶᠢᠨ ᠳᠤᠮᠳᠠᠳᠤ ᠤᠯᠤᠰ᠎ᠲᠤ᠂ ᠳᠠᠢ᠍ᠢᠨ᠎ᠦ ᠤᠲᠤᠭ᠎ᠠ ᠶᠡᠷᠦ᠎ᠡᠴᠡ ᠰᠠᠷᠨᠢᠭ᠎ᠠ ᠦᠭᠡᠢ ᠪᠠᠢᠭᠰᠠᠨ ᠶᠤᠮ᠃ 1840 ᠣᠨ᠎ᠳᠤ ᠠᠩᠭ᠌ᠯᠢ᠎ᠶᠢᠨ ᠺᠣᠯᠣᠨᠢᠴᠢᠯᠠᠭ᠍ᠴᠢᠳ ᠪᠡᠭᠢᠯᠢᠭ ᠣᠩᠭᠣᠴᠠ ᠰᠢᠯᠢᠳᠡᠭ ᠫᠤᠤ᠎ᠪᠠᠷ ᠳᠤᠮᠳᠠᠳᠤ ᠤᠯᠤᠰ᠎ᠤᠨ ᠡᠭᠦᠳᠡ᠎ᠶᠢ ᠳᠡᠯᠪᠡᠴᠢᠨ ᠨᠡᠭᠡᠭᠡᠭᠰᠡᠨ᠎ᠡᠴᠡ ᠨᠠᠭᠠᠰᠢ᠂ ᠥᠩᠭᠡᠷᠡᠭᠰᠡᠨ᠎ᠦ ᠭᠡᠷᠡᠯ ᠰᠠᠴᠤᠷᠠᠩᠭᠤᠢ ᠳᠤᠮᠳᠠᠳᠤ᠎ᠶᠢᠨ ᠦᠨᠳᠦᠰᠦᠲᠡᠨ ᠪᠠᠢᠯᠳᠤᠭᠠᠨ᠎ᠳᠤ ᠢᠯᠠᠭᠳᠠᠨ᠂ ᠨᠠᠢᠷᠠᠮᠳᠠᠬᠤ᠎ᠶᠢ ᠬᠦᠰᠡᠵᠤ᠂ ᠭᠠᠵᠠᠷ ᠨᠤᠲᠤᠭ᠎ᠢᠶᠠᠨ ᠬᠡᠰᠡᠭᠯᠡᠵᠤ ᠦᠭᠬᠦᠨ᠂ ᠮᠦᠨᠭᠭᠦ ᠲᠥᠯᠥᠬᠦ ᠬᠠᠷ᠎ᠠ ᠳᠠᠷᠤᠭᠰᠠᠨ ᠵᠡᠭᠦᠳᠦᠨ᠎ᠳᠦ ᠤᠯᠠᠮ᠎ᠢᠶᠡᠷ ᠰᠢᠭᠢᠳᠦᠭᠰᠡᠭᠡᠷ ᠪᠠᠢᠯ᠎ᠠ᠃

1931 ᠣᠨ᠎ᠤ 9 ᠰᠠᠷ᠎ᠠ᠎ᠶᠢᠨ 18᠎ᠤ᠋ ᠡᠳᠦᠷ᠂ ᠫᠤᠤ᠎ᠶᠢᠨ ᠲᠠᠭᠤᠨ ᠨᠦᠷᠬᠢᠯᠡᠪᠡ᠃ ᠨᠢᠭᠡ ᠯᠡ ᠰᠥᠨᠢ᠎ᠶᠢᠨ ᠬᠤᠭᠤᠷᠤᠨᠳᠦ ᠮᠦᠭᠳᠡᠨ᠎ᠢ ᠠᠯᠳᠠᠵᠤ᠂ ᠬᠡᠳᠦᠨ ᠰᠠᠷ᠎ᠠ᠎ᠶᠢᠨ ᠳᠠᠷᠠᠭ᠎ᠠ ᠵᠡᠭᠦᠨ ᠬᠣᠢᠲᠤ ᠣᠷᠣᠨ ᠡᠵᠡᠯᠡᠭᠳᠡᠪᠡ! 1937 ᠣᠨ᠎ᠤ 7 ᠰᠠᠷ᠎ᠠ᠎ᠶᠢᠨ 7 ᠎ᠤ᠋ ᠡᠳᠦᠷ᠂ ᠯᠦ᠍ ᠭᠸᠦ ᠴᠢᠶᠣᠤ ᠬᠥᠭᠥᠷᠭᠡ᠎ᠶᠢᠨ ᠫᠤᠤ᠎ᠶᠢᠨ ᠳᠠᠭᠤᠨ ᠰᠥᠨᠢ᠎ᠶᠢᠨ ᠣᠭᠲᠠᠷᠭᠤᠢ᠎ᠶᠢ ᠦᠢᠮᠡᠭᠦᠯᠪᠡ᠃ ᠪᠸᠢᠢᠫᠢᠩ ᠲᠢᠶᠠᠨᠵᠢᠨ ᠠᠶᠤᠯ᠎ᠳᠦ ᠲᠤᠯᠭᠠᠷᠠᠯ᠎ᠠ᠂ ᠤᠮᠠᠷᠠᠲᠤ ᠣᠷᠣᠨ ᠠᠶᠤᠯ᠎ᠳᠦ ᠲᠤᠯᠭᠠᠷᠠᠯ᠎ᠠ᠂ ᠳᠤᠮᠳᠠᠳᠤ᠎ᠶᠢᠨ ᠦᠨᠳᠦᠰᠦᠲᠡᠨ ᠠᠶᠤᠯ ᠳ᠋ᠦ ᠲᠤᠯᠭᠠᠷᠠᠯ᠎ᠠ!

ᠬᠡᠳᠦᠨ ᠵᠢᠯ᠎ᠦᠨ ᠬᠤᠭᠤᠴᠠᠭᠠᠨ᠎ᠳᠤ᠂ ᠳᠤᠮᠳᠠᠳᠤ ᠤᠯᠤᠰ᠎ᠤᠨ ᠶᠡᠬᠡᠩᠬᠢ ᠭᠠᠵᠠᠷ ᠶᠠᠫᠤᠨ ᠴᠡᠷᠢᠭ᠎ᠦᠨ ᠲᠡᠮᠦᠷ ᠲᠤᠭᠤᠷᠠᠢ᠎ᠳᠦ ᠲᠠᠯᠬᠢᠭᠳᠠᠵᠠᠢ᠃ 930 ᠭᠠᠷᠤᠢ ᠬᠣᠲᠠ ᠡᠵᠡᠯᠡᠭᠳᠡᠵᠦ᠂ ᠬᠡᠳᠦᠨ ᠮᠢᠩᠭᠠᠨ ᠲᠦᠮᠡᠨ ᠳᠦᠷᠪᠡᠭᠰᠡᠳ ᠣᠷᠣᠬᠤ ᠭᠡᠷ ᠣᠭᠣᠴᠢᠬᠤ ᠠᠶᠠᠭ᠎ᠠ ᠦᠭᠡᠢ ᠪᠣᠯᠵᠠᠢ᠃ ᠵᠢᠷᠦᠬᠡ ᠵᠦᠰᠦᠮ᠎ᠡ ᠲᠣᠭ᠎ᠠ ᠪᠠᠷᠢᠮᠲᠠ᠎ᠶᠢᠨ ᠠᠷᠤ᠎ᠳᠤ᠂ ᠲᠠᠯᠬᠢᠭ᠍ᠳᠠᠯ᠎ᠳᠦ ᠤᠴᠠᠷᠠᠭᠰᠠᠨ ᠳᠤᠮᠳᠠᠳᠤ᠎ᠶᠢᠨ ᠦᠨᠳᠦᠰᠦᠲᠡᠨ᠎ᠦ ᠡᠭᠦᠷᠢᠳᠡ᠎ᠶᠢᠨ ᠰᠢᠷᠬ᠎ᠠ ᠰᠤᠷᠪᠢ ᠨᠢᠭᠤᠭᠳᠠᠨ᠎ᠠ᠃

ᠶᠠᠫᠤᠨ᠎ᠢ ᠡᠰᠡᠷᠭᠦᠴᠡᠪᠡᠯ ᠣᠷᠣᠰᠢᠨ ᠲᠣᠭᠲᠠᠨᠢᠵᠤ᠂ ᠶᠠᠫᠤᠨ᠎ᠢ ᠡᠰᠡᠷᠭᠦᠴᠡᠬᠦ ᠦᠭᠡᠢ ᠪᠣᠯ ᠦᠬᠦᠵᠤ ᠮᠦᠬᠦᠨ᠎ᠡ ︱ ᠡᠨᠡ ᠬᠦ᠌ ᠬᠠᠰᠬᠢᠷᠤᠯ ᠨᠢ ᠳᠤᠮᠳᠠᠳᠤ᠎ᠶᠢᠨ ᠬᠥᠪᠡᠭᠦᠳ ᠥᠬᠢᠳ᠎ᠦᠨ ᠰᠡᠳᠬᠢᠯ᠎ᠢ ᠬᠦᠨᠳᠡᠵᠤ᠂《ᠤᠯᠤᠰ ᠤᠷᠤᠨ᠎ᠤ ᠮᠠᠨᠳᠤᠯ ᠮᠥᠬᠥᠯ᠎ᠳᠦ ᠬᠥᠮᠥᠨ ᠪᠦᠬᠦᠨ ᠬᠠᠷᠢᠭᠤᠴᠠᠯᠭ᠎ᠠ᠎ᠲᠠᠢ》ᠭᠡᠬᠦ ᠶᠠᠭᠤᠨ᠎ᠡᠴᠡ ᠴᠤ᠌ ᠰᠦᠷᠳᠡᠰᠢ ᠦᠭᠡᠢ ᠬᠠᠷᠢᠭᠤᠴᠠᠯᠭ᠎ᠠ ᠬᠥᠪᠴᠢᠯᠡᠭᠳᠡᠪᠡ᠃ ᠡᠰᠡᠷᠭᠦᠴᠡᠬᠦ᠎ᠡᠴᠡ ᠥᠭᠡᠷ᠎ᠡ ᠭᠠᠷᠬᠤ ᠵᠠᠮ ᠠᠯᠠᠭ᠎ᠠ!

ᠲᠡᠦᠬᠡ᠎ᠶᠢᠨ ᠡᠷᠭᠢᠯᠲᠡ ᠨᠢ ᠭᠣᠣᠯ ᠲᠤᠯᠭᠠᠭᠤᠷᠢ᠎ᠶᠢᠨ ᠢᠲᠡᠭᠡᠯ ᠪᠢᠰᠢᠷᠡᠯ᠎ᠦᠨ ᠤᠷᠢᠶᠠᠯᠠᠭ᠎ᠠ᠎ᠡᠴᠡ ᠢᠷᠡᠯᠲᠡ᠎ᠲᠠᠢ ︱

《ᠤᠷᠤᠬᠤ ᠭᠡᠷ ᠨᠤᠷᠠᠵᠤ᠂ ᠤᠭᠤᠴᠢᠬᠤ ᠠᠶᠠᠭ᠎ᠠ ᠬᠠᠭᠠᠷᠠᠵᠤ᠂ ᠤᠯᠠᠭᠠᠨ ᠭᠠᠯ᠎ᠳᠦ ᠲᠡᠯᠴᠢᠯᠡᠭᠰᠡᠨ》 ᠦᠨᠳᠦᠰᠦᠲᠡᠨ᠎ᠢ ᠬᠡᠷᠬᠢᠨ ᠤᠷᠢᠶᠠᠯᠠᠨ ᠳᠠᠭᠤᠳᠠᠭᠰᠠᠨ ᠪᠤᠢ?

ᠤᠯᠤᠰ ᠦᠨᠳᠦᠰᠦᠲᠡᠨ᠎ᠦ᠎ᠪᠡᠨ ᠣᠷᠣᠰᠢᠨ ᠲᠣᠭᠲᠠᠨᠢᠯ᠎ᠤᠨ ᠲᠥᠯᠥᠭᠡ ᠪᠠᠢᠯᠳᠤᠵᠠᠭᠠᠶ᠎ᠡ! ᠦᠨᠳᠦᠰᠦᠲᠡᠨ᠎ᠦ ᠲᠤᠰᠠᠭᠠᠷ ᠲᠣᠭᠲᠠᠨᠢᠯ᠎ᠢ ᠬᠠᠮᠠᠭᠠᠯᠠᠬᠤ᠎ᠳᠠᠭᠠᠨ ᠬᠠᠮᠤᠭ᠎ᠤᠨ ᠡᠷᠡᠰ ᠪᠠᠲᠤ᠂ ᠦᠨᠳᠦᠰᠦᠲᠡᠨ᠎ᠦ ᠠᠰᠢᠭ᠋ ᠲᠤᠰᠠ᠎ᠶᠢ ᠬᠠᠮᠠᠭᠠᠯᠠᠬᠤ᠎ᠳᠠᠭᠠᠨ ᠬᠠᠮᠤᠭ᠎ᠤᠨ ᠡᠷᠡᠰ ᠰᠢᠭᠤᠷᠬᠠᠢ᠂ ᠭᠠᠳᠠᠭᠠᠳᠤ᠎ᠶᠢᠨ ᠲᠦᠷᠢᠮᠡᠬᠡᠢᠯᠡᠯ᠎ᠢ ᠡᠰᠡᠷᠭᠦᠴᠡᠬᠦ᠎ᠳᠡᠭᠡᠨ ᠬᠠᠮᠤᠭ᠎ᠤᠨ ᠡᠷᠡᠯᠬᠡᠭ ᠪᠠᠭᠠᠲᠤᠷᠯᠢᠭ᠋᠂ ᠦᠨᠳᠦᠰᠦᠲᠡᠨ ᠮᠥᠬᠥᠯ᠎ᠦᠨ ᠠᠶᠤᠯ᠎ᠳᠤ ᠲᠤᠯᠭᠠᠷᠠᠭᠰᠠᠨ ᠲᠡᠦᠬᠡ᠎ᠶᠢᠨ ᠵᠠᠩᠭᠢᠯᠠᠭ᠎ᠠ᠎ᠶᠢᠨ ᠦᠶ᠎ᠡ᠎ᠳᠦ᠂ ᠳᠤᠮᠳᠠᠳᠤ ᠤᠯᠤᠰ᠎ᠤᠨ ᠡᠪ ᠬᠠᠮᠲᠤ ᠨᠠᠮ ᠬᠡᠬᠦᠳᠡᠭ ᠴᠡᠭᠡᠵᠢᠨ᠎ᠳᠡᠭᠡᠨ ᠬᠠᠷᠢᠭᠤᠴᠠᠯᠭ᠎ᠠ ᠡᠭᠦᠷᠭᠡᠯᠡᠵᠦ᠂ ᠪᠦᠬᠦ ᠦᠨᠳᠦᠰᠦᠲᠡᠨ ᠨᠤᠭᠦᠳ ᠪᠦᠯᠬᠦᠮᠳᠡᠭᠰᠡᠨ ᠶᠠᠫᠤᠨ᠎ᠢ ᠡᠰᠡᠷᠭᠦᠴᠡᠬᠦ ᠳᠠᠢ᠍ᠢᠨ᠎ᠦ ᠭᠣᠣᠯᠯᠠᠭ᠍ᠴᠢ ᠪᠣᠯᠪᠠ᠃

ᠶᠢᠰᠦᠨ ᠰᠠᠷ᠎ᠠ᠎ᠶᠢᠨ ᠠᠷᠪᠠᠨ ᠨᠠᠢ᠍ᠮᠠᠨ᠎ᠤ ᠬᠡᠷᠡᠭ ᠬᠤᠪᠢᠰᠤᠯ᠎ᠤᠨ ᠬᠣᠶᠠᠳᠤᠭᠠᠷ ᠡᠳᠦᠷ᠂《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠮᠠᠨᠵᠤ ᠮᠤᠵᠢ᠎ᠶᠢᠨ ᠬᠣᠷᠢᠶ᠎ᠠ᠎ᠡᠴᠡ ᠶᠠᠫᠤᠨ᠎ᠤ ᠡᠵᠡᠷᠬᠡᠭ ᠲᠦᠷᠢᠮᠡᠬᠡᠢᠲᠡᠨ᠎ᠤ ᠵᠡᠪᠰᠡᠭᠲᠦ ᠬᠦᠴᠦᠨ᠎ᠢᠶᠡᠷ ᠮᠠᠨᠵᠤ᠎ᠶᠢ ᠡᠵᠡᠯᠡᠭᠰᠡᠨ᠎ᠤ ᠲᠤᠩᠬᠠᠭ》 ᠢ᠋ ᠮᠦᠭᠳᠡᠨ᠎ᠤ ᠵᠡᠭᠡᠯᠢ ᠭᠤᠳᠤᠮᠵᠢ᠎ᠳᠤ ᠨᠠᠭᠠᠵᠠᠢ᠃ ᠡᠭᠦᠨ᠎ᠦ ᠳᠠᠷᠠᠭ᠎ᠠ᠎ᠪᠠᠷ 《ᠳᠤᠮᠳᠠᠳᠤ ᠤᠯᠤᠰ᠎ᠤᠨ ᠡᠪ ᠬᠠᠮᠲᠤ ᠨᠠᠮ᠎ᠡᠴᠡ ᠶᠠᠫᠤᠨ᠎ᠤ ᠡᠵᠡᠷᠬᠡᠭ ᠲᠦᠷᠢᠮᠡᠬᠡᠢᠲᠡᠨ᠎ᠦ ᠵᠡᠭᠦᠨ ᠬᠣᠢᠲᠤ᠎ᠶᠢᠨ ᠭᠤᠷᠪᠠᠨ ᠮᠤᠵᠢ᠎ᠶᠢ ᠬᠦᠴᠦᠷᠬᠡᠭᠯᠡᠨ ᠡᠵᠡᠯᠡᠭᠰᠡᠨ ᠬᠡᠷᠡᠭ᠎ᠦᠨ ᠲᠤᠬᠠᠢ ᠲᠤᠩᠬᠠᠭ》ᠵᠡᠷᠭᠡ ᠠᠯᠢ ᠤᠯᠠᠨ ᠲᠤᠩᠬᠠᠭ ᠪᠠ ᠰᠢᠢᠳᠪᠦᠷᠢ᠎ᠶᠢ ᠨᠡᠢᠲᠡᠯᠡᠵᠦ᠂ ᠪᠦᠬᠦ ᠤᠯᠤᠰ᠎ᠤᠨ ᠠᠷᠠᠳ ᠲᠦᠮᠡᠨ᠎ᠢ ᠡᠷᠡᠯᠬᠡᠭᠯᠡᠨ ᠪᠣᠰᠣᠯᠴᠠᠵᠤ ᠶᠠᠫᠤᠨ᠎ᠢ ᠡᠰᠡᠷᠭᠦᠴᠡᠲᠦᠭᠡᠢ ᠭᠡᠵᠦ ᠤᠷᠢᠶᠠᠯᠠᠪᠠ᠃ ᠶᠠᠩ ᠵᠢᠩ ᠢᠦᠢ᠂ ᠵᠤᠤ ᠱᠠᠩ ᡁᠢ᠂ ᠵᠧᠦ ᠪᠦᠦ ᠵᠦᠩ᠂ ᠵᠤᠤ ᠢ ᠮᠠᠨ ᠵᠡᠷᠭᠡ ᠡᠪ ᠬᠠᠮᠲᠤᠴᠤᠳ ᠵᠡᠭᠦᠨ ᠬᠣᠢᠲᠤ᠎ᠶᠢᠨ ᠲᠠᠢ᠍ᠢᠨ᠎ᠦ ᠲᠠᠯᠠᠪᠤᠷ᠎ᠲᠤ ᠬᠦᠷᠴᠦ ᠶᠠᠫᠤᠨ᠎ᠢ ᠡᠰᠡᠷᠭᠦᠴᠡᠬᠦ ᠲᠡᠮᠡᠴᠡᠯ᠎ᠢ ᠵᠣᠬᠢᠶᠠᠨ ᠪᠠᠢᠭᠤᠯᠵᠠᠢ  ᠁

《ᠭᠠᠯ ᠵᠠᠯᠠᠭᠤ ᠳᠤᠮᠳᠠᠳᠤ ᠤᠯᠤᠰ᠎ᠤᠨ ᠡᠪ ᠬᠠᠮᠲᠤ ᠨᠠᠮ᠂ ᠴᠢ ᠪᠤᠯ ᠳᠠᠷᠤᠢ ᠭᠣᠣᠯᠯᠠᠭ᠍ᠴᠢ ᠬᠦᠴᠦᠨ ᠮᠥᠨ᠂ ᠴᠢ ᠪᠣᠯ ᠳᠠᠷᠤᠢ ᠴᠢᠭᠯᠡᠯ ᠮᠥᠨ》᠃ 1940 ᠣᠨ᠎ᠳᠤ 《ᠡᠪ ᠬᠠᠮᠲᠤ ᠨᠠᠮ᠎ᠢᠶᠡᠨ ᠲᠠᠭᠠᠵᠥ ᠤᠷᠤᠭᠰᠢᠯᠠᠶ᠎ᠠ》 ᠭᠡᠬᠦ ᠳᠠᠭᠤᠤ ᠢ ᠮᠸᠩ ᠠᠭᠤᠯᠠᠷᠬᠠᠭ ᠣᠷᠣᠨ᠎ᠢᠶᠡᠷ ᠳᠠᠭᠤᠯᠠᠭᠳᠠᠨ ᠴᠤᠤᠷᠢᠶᠠᠳᠤᠪᠠ᠃

《ᠲᠡᠳᠡ ᠨᠢᠭᠡᠨ ᠰᠢᠨ᠎ᠡ ᠶᠢᠷᠲᠢᠨᠴᠦ᠎ᠶᠢ ᠪᠠᠢᠭᠤᠯᠵᠤ ᠪᠠᠢᠨ᠎ᠠ᠂ ᠵᠦᠪᠬᠡᠨ ᠲᠡᠳᠡ ᠳᠤᠮᠳᠠᠳᠤ ᠤᠯᠤᠰ᠎ᠢ ᠶᠠᠫᠤᠨ᠎ᠤ ᠬᠦᠯᠢᠶᠡᠰᠦ᠎ᠡᠴᠨ ᠮᠤᠯᠲᠤᠯᠵᠤ᠂ ᠳᠤᠮᠳᠠᠳᠤ ᠤᠯᠤᠰ᠎ᠤᠨ ᠨᠡᠢᠭᠡᠮ᠎ᠦᠨ ᠡᠪᠡᠳᠴᠢᠨ᠎ᠢ ᠵᠠᠰᠠᠵᠤ ᠴᠢᠳᠠᠨ᠎ᠠ》᠃ ᠶᠠᠨ ᠠᠨ ᠪᠠ ᠳᠠᠢᠰᠤᠨ᠎ᠤ ᠠᠷᠤ ᠲᠠᠯ᠎ᠠ᠎ᠶᠢᠨ ᠰᠠᠭᠤᠷᠢᠨ ᠭᠠᠵᠠᠷ᠎ᠲᠤ ᠪᠡᠶ᠎ᠡ᠎ᠪᠡᠷ᠎ᠢᠶᠡᠨ ᠬᠦᠷᠴᠦ ᠪᠠᠢᠴᠠᠭᠠᠯᠲᠠ ᠬᠢᠭᠰᠡᠨ ᠠᠮᠧᠷᠢᠺᠠ᠎ᠶᠢᠨ ᠴᠡᠷᠢᠭ᠎ᠦᠨ ᠨᠣᠶᠠᠨ ᠢᠸᠠᠨ᠋ᠰ·ᠹᠤᠷᠳᠢᠰ· ᠺᠠᠷᠠᠯᠰᠤᠨ ᠡᠢᠨ ᠬᠦ᠌ ᠦᠨᠡᠯᠡᠵᠡᠢ᠃

ᠳᠤᠮᠳᠠᠳᠤ ᠤᠯᠤᠰ᠎ᠤᠨ ᠡᠪ ᠬᠠᠮᠲᠤᠴᠤᠳ 《ᠤᠯᠤᠰ ᠣᠷᠣᠨ᠎ᠢᠶᠠᠨ ᠭᠠᠯ ᠤᠰᠤᠨ᠎ᠤ ᠠᠶᠤᠯ᠎ᠡᠴᠡ ᠠᠪᠤᠷᠠᠵᠤ᠂ ᠠᠷᠠᠳ ᠲᠦᠮᠡᠨ᠎ᠢᠶᠡᠨ ᠮᠥᠬᠥᠯ᠎ᠦᠨ ᠠᠶᠤᠯ ᠡᠴᠡ ᠵᠠᠢᠯᠠᠭᠤᠯᠬᠤ》ᠡᠷᠡᠰ ᠵᠣᠷᠢᠭ᠋᠎ᠢᠶᠠᠷ ᠠᠷᠠᠳ ᠲᠦᠮᠡᠨ᠎ᠦ ᠬᠦᠷᠢᠶᠡᠯᠡᠯ ᠪᠠ ᠢᠲᠡᠭᠡᠯ᠎ᠢ ᠣᠯᠵᠤ᠂ ᠤᠯᠤᠰ᠎ᠢᠶᠡᠨ ᠬᠠᠢᠷᠠᠯᠠᠬᠤ ᠰᠡᠳᠬᠢᠯᠭᠡ᠂ ᠡᠬᠡ ᠤᠯᠤᠰ᠎ᠤᠨ᠎ᠢᠶᠡᠨ ᠲᠥᠯᠥᠭᠡ ᠵᠢᠳᠬᠦᠬᠦ ᠵᠣᠷᠢᠭ᠋᠎ᠢ ᠡᠪᠦᠷᠯᠡᠭᠰᠡᠨ ᠲᠦᠭ ᠲᠦᠮᠡᠨ ᠠᠷᠠᠳ ᠲᠦᠮᠡᠨ ᠪᠦᠯᠬᠦᠮᠳᠡᠨ ᠨᠢᠭᠲᠠᠷᠠᠵᠤ ᠬᠤᠭᠤᠷᠠᠵᠤ ᠨᠤᠭᠤᠷᠠᠰᠢ ᠦᠭᠡᠢ ᠦᠨᠳᠦᠰᠦᠳᠡᠨ ᠪᠤᠯᠵᠤ ᠰᠡᠬᠦᠢᠨ ᠵᠤᠭᠰᠤᠪᠠ᠃

ᠲᠡᠦᠬᠡ᠎ᠶᠢᠨ ᠡᠷᠭᠢᠯᠲᠡ ᠨᠢ ᠠᠶᠤᠯ ᠲᠦᠭᠰᠢᠭᠦᠷᠢᠲᠦ ᠵᠠᠩᠭᠢᠯᠠᠭ᠎ᠠ᠎ᠶᠢᠨ ᠦᠶ᠎ᠡ᠎ᠶᠢᠨ ᠦᠨᠳᠦᠰᠦᠲᠡᠨ᠎ᠦ ᠰᠡᠬᠡᠭᠡᠷᠡᠯᠲᠡ ᠮᠦᠨ ︱

ᠨᠠᠮ ᠳᠦᠯᠭᠡᠨ ᠤᠶᠠᠷᠠᠭᠤᠨ ᠵᠢᠪᠬᠤᠯᠠᠩᠲᠦ 《ᠰᠤᠩᠭᠠᠷᠢ ᠮᠥᠷᠡᠨ᠎ᠤ ᠬᠦᠪᠡᠭᠡᠨ᠎ᠳᠦ》᠂ ᠲᠡᠮᠡᠴᠡᠯ᠎ᠦᠨ ᠵᠣᠷᠢᠭ᠋ ᠪᠠᠳᠠᠷᠠᠩᠭᠤᠢ 《ᠲᠠᠶ ᠬᠠᠩ ᠱᠠᠨ ᠠᠭᠤᠯᠠᠨ᠎ᠳᠦ》᠂ ᠡᠷᠴᠢ ᠬᠦᠴᠦᠲᠡᠢ 《ᠬᠠᠳᠤᠨ ᠭᠣᠣᠯ᠎ᠢ ᠬᠠᠮᠠᠭᠠᠯᠠᠶ᠎ᠠ》᠂ ᠭᠦᠨᠵᠡᠭᠡᠢ ᠰᠡᠳᠬᠢᠯᠭᠡ᠎ᠲᠠᠢ 《ᠡᠪ ᠬᠠᠮᠲᠤ ᠨᠠᠮ ᠪᠠᠢᠬᠤ ᠦᠭᠡᠢ ᠪᠣᠯ ᠰᠢᠨ᠎ᠡ ᠳᠤᠮᠳᠠᠳᠤ ᠤᠯᠤᠰ ᠪᠠᠢᠬᠤ ᠦᠭᠡᠢ》 ᠵᠡᠷᠭᠡ ᠨᠢ ᠬᠦᠬᠡᠮᠥᠢ᠍ᠷᠡᠨ᠎ᠦ ᠡᠮᠦᠨ᠎ᠡ ᠤᠮᠠᠷ᠎ᠠ᠎ᠳᠤ ᠳᠠᠭᠤᠷᠢᠰᠤᠭᠰᠠᠨ ᠪᠠᠢᠨ᠎ᠠ᠃

ᠲᠠᠢ᠍ᠢᠨ᠎ᠦ ᠠᠤᠭ᠎ᠠ ᠬᠦᠴᠦᠨ᠎ᠦ ᠬᠠᠮᠤᠭ᠎ᠤᠨ ᠭᠦᠨ ᠦᠨᠳᠦᠰᠦ ᠰᠤᠷᠪᠤᠯᠵᠢ ᠨᠢ ᠠᠷᠠᠳ ᠤᠯᠠᠨ᠎ᠤ ᠳᠤᠮᠳᠠ ᠣᠷᠣᠰᠢᠵᠤ ᠪᠠᠢᠳᠠᠭ᠃

ᠬᠠᠮᠤᠭ᠎ᠤᠨ ᠰᠡᠭᠦᠯᠴᠢ᠎ᠶᠢᠨ ᠨᠢᠭᠡ ᠠᠶᠠᠭ᠎ᠠ ᠪᠤᠳᠠᠭ᠎ᠠ ᠪᠡᠨ ᠴᠡᠷᠢᠭ᠎ᠦᠨ ᠬᠦᠨᠡᠰᠦ ᠪᠣᠯᠭᠠᠨ ᠬᠦᠷᠭᠡᠵᠦ᠂ ᠬᠠᠮᠤᠭ᠎ᠤᠨ ᠰᠡᠭᠦᠯᠴᠢ᠎ᠶᠢᠨ ᠨᠢᠭᠡ ᠲᠣᠬᠣᠢ ᠪᠥᠰ᠎ᠢᠶᠡᠷ᠎ᠢᠶᠡᠨ ᠴᠡᠷᠢᠭ᠎ᠦᠨ ᠬᠤᠪᠴᠠᠰᠤ ᠣᠶᠣᠵᠤ᠂ ᠬᠠᠮᠤᠭ᠎ᠤᠨ ᠰᠡᠭᠦᠯᠴᠢ᠎ᠶᠢᠨ ᠨᠢᠭᠡ ᠬᠡᠦᠬᠡᠳ᠎ᠢᠶᠡᠨ ᠲᠠᠢ᠍ᠢᠨ᠎ᠦ ᠲᠠᠯᠠᠪᠤᠷ᠎ᠲᠤ ᠬᠦᠷᠭᠡᠪᠡ ᠁ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠠᠨᠠᠭᠠᠴᠢᠯᠠᠨ ᠪᠠᠢᠭᠤᠯᠤᠭᠰᠠᠨ ᠶᠠᠫᠤᠨ᠎ᠢ ᠡᠰᠡᠷᠭᠦᠴᠡᠬᠦ ᠦᠨᠳᠦᠰᠦᠲᠡᠨ᠎ᠦ ᠨᠢᠭᠡᠳᠦᠮᠡᠯ ᠹᠷᠣᠨᠲ᠎ᠤᠨ ᠲᠤᠭ᠎ᠳᠣᠣᠷ᠎ᠠ᠂ ᠡᠯ᠎ᠡ ᠨᠠᠮ ᠪᠦᠯᠦᠭ᠂ ᠡᠯ᠎ᠡ ᠦᠨᠳᠦᠰᠦᠲᠡᠨ᠂ ᠡᠯ᠎ᠡ ᠳᠠᠪᠬᠤᠷᠭ᠎ᠠ᠂ ᠡᠯ᠎ᠡ ᠪᠦᠯᠬᠦᠮ᠎ᠦᠨ ᠬᠢᠨ ᠬᠠᠷᠭᠢᠰ ᠳᠠᠢᠰᠤᠨ᠎ᠢ ᠬᠠᠮᠲᠤ᠎ᠪᠠᠷ ᠬᠣᠷᠣᠰᠴᠤ᠂ ᠤᠯᠤᠰ᠎ᠤᠨ ᠠᠶᠤᠯ ᠵᠣᠪᠠᠯᠠᠩ᠎ᠢ ᠬᠠᠮᠲᠤ᠎ᠪᠠᠷ ᠲᠤᠭᠤᠯᠵᠤ᠂ ᠠᠵᠢᠯᠴᠢᠨ ᠲᠠᠷᠢᠶᠠᠴᠢᠨ ᠴᠡᠷᠢᠭ ᠰᠡᠬᠡᠭᠡᠲᠡᠨ ᠬᠤᠳᠠᠯᠳᠤᠭᠠᠴᠢᠨ ᠰᠡᠳᠬᠢᠯ ᠨᠢᠭᠡᠳᠦᠨ ᠬᠦᠴᠦ᠎ᠪᠡᠨ ᠬᠠᠮᠲᠤᠳᠬᠠᠵᠤ᠂  ᠶᠠᠫᠤᠨ᠎ᠢ ᠡᠰᠡᠷᠭᠦᠴᠡᠭᠰᠡᠨ ᠰᠦᠷ ᠵᠢᠪᠬᠤᠯᠠᠩᠲᠤ ᠲᠤᠤᠯᠢᠰ᠎ᠢ ᠪᠢᠴᠢᠭᠯᠡᠵᠡᠢ᠃

ᠶᠡᠷᠦᠩᠬᠡᠢ ᠱᠦᠵᠢ ᠰᠢ᠎ᠶᠢᠨ ᠫᠢᠩ᠎ᠤᠨ ᠭᠦᠨᠵᠡᠭᠡᠢ ᠵᠢᠭᠠᠵᠤ ᠭᠠᠷᠭᠠᠭᠰᠠᠨᠴᠢᠯᠠᠨ᠄《ᠳᠤᠮᠳᠠᠳᠤ ᠤᠯᠤᠰ᠎ᠤᠨ ᠠᠷᠠᠳ ᠲᠦᠮᠡᠨ ᠡᠷᠡᠰ ᠬᠠᠳᠠᠨ ᠵᠣᠷᠢᠭ᠋᠎ᠢᠶᠠᠷ ᠬᠦᠴᠦᠷᠬᠡᠭ ᠳᠠᠢᠰᠤᠨ᠎ᠲᠠᠢ ᠪᠠᠢᠯᠳᠤᠵᠤ᠂ ᠴᠢᠰᠤ ᠮᠢᠬ᠎ᠡ ᠪᠡᠷ᠎ᠢᠶᠡᠨ ᠤᠷᠳᠤ ᠴᠠᠭᠠᠨ ᠬᠡᠷᠡᠮ᠎ᠢ ᠪᠤᠰᠬᠠᠵᠤ᠂ ᠣᠢᠷ᠎ᠠ ᠦᠶ᠎ᠡ᠎ᠡᠴᠡ ᠨᠠᠭᠠᠰᠢᠬᠢ ᠭᠠᠳᠠᠭᠠᠳᠤ᠎ᠶᠢᠨ ᠳᠠᠢᠰᠤᠨ᠎ᠤ ᠲᠦᠷᠢᠮᠡᠬᠡᠢᠯᠡᠯ᠎ᠢ ᠡᠰᠡᠷᠭᠦᠴᠡᠭᠰᠡᠨ ᠠᠨᠭᠬᠠᠳᠠᠭᠴᠢ ᠪᠦᠷᠢᠨ ᠢᠯᠠᠯᠲᠠ᠎ᠶᠢ ᠣᠯᠵᠠᠢ》᠃

ᠡᠨᠡ ᠬᠦ᠌ ᠠᠭᠤᠤ ᠶᠡᠬᠡ ᠢᠯᠠᠯᠲᠠ ᠨᠢ ᠶᠠᠫᠤᠨ᠎ᠤ ᠴᠡᠷᠢᠭᠯᠡᠬᠦ ᠦᠵᠡᠯ᠎ᠦᠨ ᠳᠤᠮᠳᠠᠳᠤ ᠤᠯᠤᠰ᠎ᠢ ᠺᠣᠯᠣᠨᠢᠴᠢᠯᠠᠨ ᠪᠣᠭᠣᠯᠴᠢᠯᠠᠬᠤ ᠭᠡᠰᠡᠨ ᠭᠣᠷᠢᠳᠠᠯᠭ᠎ᠠ᠎ᠶᠢ ᠲᠤᠢᠯᠪᠤᠷᠢᠲᠠᠢ ᠪᠤᠳᠠ ᠨᠢᠷᠭᠡᠵᠦ᠂ ᠣᠷᠴᠢᠨ ᠦᠶ᠎ᠡ᠎ᠡᠴᠡ ᠨᠠᠭᠠᠰᠢᠬᠢ ᠳᠤᠮᠳᠠᠳᠤ ᠤᠯᠤᠰ᠎ᠤᠨ ᠭᠠᠳᠠᠭᠠᠳᠤ᠎ᠶᠢᠨ ᠲᠦᠷᠢᠮᠡᠬᠡᠢᠯᠡᠯ᠎ᠢ ᠡᠰᠡᠷᠭᠦᠴᠡᠭᠡᠳ ᠤᠳᠠᠭ᠎ᠠ ᠳᠠᠷᠠᠭᠠᠯᠠᠨ ᠢᠯᠠᠭᠳᠠᠭᠰᠠᠨ ᠦᠨᠳᠦᠰᠦᠲᠡᠨ᠎ᠦ ᠭᠤᠲᠤᠮᠰᠢᠭ᠋᠎ᠢ ᠠᠷᠢᠯᠭᠠᠪᠠ᠃ ᠠᠷᠠᠳ ᠲᠦᠮᠡᠨ ᠪᠣᠯ ᠲᠡᠦᠬᠡ᠎ᠶᠢ ᠡᠭᠦᠳᠦᠨ ᠪᠦᠲᠦᠭᠡᠭᠴᠢ ᠮᠥᠨ᠂ ᠵᠢᠩᠬᠢᠨᠢ ᠪᠠᠭᠠᠲᠤᠷ ᠮᠥᠨ᠂ ᠳᠤᠮᠳᠠᠳᠤ᠎ᠶᠢᠨ ᠦᠨᠳᠦᠰᠦᠲᠡᠨ ᠪᠣᠯ ᠡᠷᠡᠰ ᠬᠠᠲᠠᠭᠤ ᠠᠮᠢᠵᠢᠷᠠᠯ᠎ᠤᠨ ᠬᠦᠴᠦᠨ᠎ᠲᠠᠢ ᠦᠨᠳᠦᠰᠦᠲᠡᠨ ᠮᠥᠨ ᠭᠡᠳᠡᠭ᠎ᠢ ᠡᠨᠡ ᠬᠦ᠌ ᠢᠯᠠᠯᠲᠠ ᠭᠦᠢᠴᠡᠳ ᠭᠡᠷᠡᠴᠢᠯᠡᠭᠰᠡᠨ ᠪᠠᠢᠨ᠎ᠠ᠃

ᠡᠷᠡᠰ ᠬᠠᠳᠠᠨ ᠵᠣᠷᠢᠭ᠋ ᠡᠪᠦᠷᠯᠡᠨ᠂ ᠳᠤᠮᠳᠠᠳᠤ᠎ᠶᠢᠨ ᠦᠨᠳᠦᠰᠦᠲᠡᠨ᠎ᠤ ᠨᠢᠷᠤᠭᠤ ᠲᠤᠯᠭᠠᠭᠤᠷᠢ ᠪᠤᠯᠪᠠ

9 ᠰᠠᠷ᠎ᠠ᠎ᠶᠢᠨ 3 ᠎ᠤ᠋ ᠡᠳᠦᠷ᠂ ᠣᠭᠲᠠᠷᠭᠤᠢ᠎ᠶᠢᠨ ᠱᠠᠲᠤᠯᠵᠢᠨ ᠡᠩᠨᠡᠭᠡ ᠲᠢᠶᠠᠨ ᠠᠨ ᠮᠸᠨ ᠠᠭᠤᠳᠠᠮ ᠲᠠᠯᠠᠪᠠᠢ᠎ᠪᠠᠷ ᠨᠢᠰᠦᠨ ᠥᠩᠭᠡᠷᠡᠬᠦ ᠦᠶ᠎ᠡ᠎ᠳᠦ᠂《ᠲᠠᠯᠠᠢ ᠣᠭᠲᠠᠷᠭᠤᠢ᠎ᠶᠢᠨ ᠬᠠᠮᠠᠭᠠᠯᠠᠭ᠍ᠴᠢ》 ᠸᠠᠩ ᠸᠧᠢ᠎ᠶᠢᠨ ᠡᠬᠡᠨᠡᠷ ᠷᠤᠸᠠᠨ ᠭᠦᠸᠧ ᠴᠢᠨ ᠶᠣᠰᠣᠯᠠᠯ᠎ᠤᠨ ᠲᠠᠢᠰᠠᠨ ᠳᠡᠭᠡᠷ᠎ᠡ ᠡᠴᠡ ᠸᠠᠩ ᠸᠧᠢ᠎ᠶᠢᠨ ᠰᠡᠭᠦᠳᠡᠷ᠎ᠢ ᠬᠥᠬᠡ ᠣᠭᠲᠠᠷᠭᠤᠢ ᠵᠦᠭ ᠡᠷᠭᠦᠨ᠎ᠡ ︱

《81192᠂ ᠲᠠ ᠪᠤᠴᠠᠵᠤ ᠨᠢᠰᠦᠭᠡᠷᠡᠢ!》

《ᠪᠢ ᠪᠤᠴᠠᠵᠤ ᠴᠢᠳᠠᠬᠤ ᠦᠭᠡᠢ ᠪᠣᠯᠵᠠᠢ᠂ ᠲᠠ ᠨᠠᠷ ᠦᠷᠭᠦᠯᠵᠢᠯᠡᠨ ᠤᠷᠤᠭᠰᠢᠯᠠ!》

ᠸᠠᠩ ᠸᠧᠢ᠎ᠶᠢᠨ ᠠᠮᠢ ᠦᠷᠡᠭᠳᠡᠬᠦ᠎ᠡᠴᠡ ᠡᠮᠦᠨᠡᠬᠢ ᠬᠠᠮᠤᠭ ᠰᠡᠭᠦᠯᠴᠢ᠎ᠶᠢᠨ ᠦᠭᠡ ᠡᠭᠦᠯᠡ ᠮᠠᠨᠠᠨ᠎ᠢ ᠬᠠᠭ᠎ᠠ ᠵᠦᠰᠦᠪᠡ᠃

《ᠸᠠᠩ ᠸᠧᠢ᠂ ᠪᠢ ᠶᠣᠰᠣᠯᠠᠯ᠎ᠳᠤ ᠣᠷᠣᠯᠴᠠᠬᠤ᠎ᠪᠠᠷ ᠤᠷᠢᠭ᠍ᠳᠠᠵᠠᠢ᠃ ᠴᠢ ᠬᠠᠷᠠ᠎ᠳᠠ᠂ ᠳᠠᠢ᠍ᠢᠴᠢᠨ ᠨᠥᠬᠥᠳ ᠴᠢᠨᠢ ᠪᠠᠢᠯᠳᠤᠭᠠᠨ᠎ᠤ ᠨᠢᠰᠬᠡᠯ᠎ᠢᠶᠡᠨ ᠵᠢᠯᠣᠭᠣᠳᠤᠨ ᠪᠡᠭᠡᠵᠢᠩ᠎ᠦᠨ ᠲᠢᠶᠠᠨ ᠠᠨ ᠮᠧᠨ᠎ᠢᠶᠡᠷ ᠨᠢᠰᠦᠨ ᠥᠩᠭᠡᠷᠡᠵᠤ ᠪᠠᠢᠨ᠎ᠠ!ᠪᠢᠳᠡ ᠴᠢᠨᠤ ᠬᠠᠷᠢᠵᠤ ᠢᠷᠡᠬᠦ᠎ᠶᠢ ᠬᠦᠯᠢᠶᠡᠭᠰᠡᠭᠡᠷ ᠪᠠᠢᠨ᠎ᠠ》!ᠠᠯᠤᠰᠷᠠᠵᠤ ᠬᠤᠯᠠᠳᠠᠭᠰᠠᠨ ᠣᠭᠲᠠᠷᠭᠤᠢ᠎ᠶᠢᠨ ᠱᠠᠲᠤᠯᠵᠢᠨ ᠡᠩᠨᠡᠭᠡ᠎ᠶᠢ ᠬᠠᠷᠠᠭᠠᠳ᠂ ᠷᠤᠸᠠᠨ ᠭᠦᠸᠸ ᠴᠢᠨ᠎ᠦ ᠳᠤᠳᠤᠷ᠎ᠠ ᠤᠳᠠᠲᠠᠯ᠎ᠠ ᠲᠠᠢᠪᠤᠰᠢᠷᠠᠵᠦ ᠴᠢᠳᠠᠬᠤ ᠦᠭᠡᠢ ᠪᠠᠢᠯ᠎ᠠ᠄ ᠤᠳᠤ ᠪᠢᠳᠡᠨ᠎ᠳᠦ ᠨᠢᠭᠡᠨᠲᠡ ᠬᠠᠮᠤᠭ᠎ᠤᠨ ᠲᠡᠷᠢᠭᠦᠨ᠎ᠦ ᠪᠠᠢᠯᠳᠤᠭᠠᠨ᠎ᠤ ᠨᠢᠰᠬᠡᠯ᠎ᠲᠠᠢ᠂ ᠶᠠᠮᠠᠷ ᠴᠤ᠌ ᠬᠦᠴᠦᠷᠬᠡᠭ ᠳᠠᠢᠰᠤᠨ᠎ᠡᠴᠡ ᠰᠦᠷᠳᠡᠬᠦ ᠦᠭᠡᠢ ᠪᠣᠯᠵᠠᠢ᠃

ᠲᠡᠭᠷᠢ ᠭᠠᠵᠠᠷ᠎ᠢ ᠤᠶᠠᠷᠠᠭᠤᠯᠤᠮ᠎ᠠ ᠬᠠᠢᠷ᠎ᠠ ᠰᠡᠳᠬᠢᠯᠭᠡ ᠵᠢᠨ ᠴᠤᠤᠷᠢᠶ᠎ᠠ ᠨᠢ ᠶᠠᠭᠤᠨ᠎ᠡᠴᠡ ᠴᠤ᠌ ᠠᠶᠤᠨ ᠰᠦᠷᠳᠡᠬᠦ ᠦᠭᠡᠢ᠂ ᠬᠦᠴᠦᠯᠡᠨ ᠴᠢᠷᠮᠠᠢᠵᠤ ᠬᠦᠴᠦᠷᠬᠡᠭᠵᠢᠬᠦ ᠴᠠᠭ ᠦᠶ᠎ᠡ᠎ᠶᠢᠨ ᠵᠣᠷᠢᠭ᠋ ᠰᠠᠨᠠᠭ᠎ᠠ᠎ᠪᠠᠷ ᠪᠢᠯᠬᠠᠨ᠎ᠠ᠃

《ᠳᠤᠮᠳᠠᠳᠤ᠎ᠶᠢᠨ ᠦᠨᠳᠦᠰᠦᠲᠡᠨ ᠪᠣᠯ ᠬᠦᠴᠦᠷᠬᠡᠭ᠎ᠡᠴᠡ ᠰᠦᠷᠳᠡᠬᠦ ᠦᠭᠡᠢ᠂ ᠪᠡᠶ᠎ᠡ᠎ᠪᠡᠨ ᠳᠠᠭᠠᠭᠠᠵᠤ ᠬᠦᠴᠦᠷᠬᠡᠭᠵᠢᠳᠡᠭ ᠠᠭᠤᠤ ᠶᠡᠬᠡ ᠦᠨᠳᠦᠰᠦᠲᠡᠨ ᠮᠥᠨ》᠃

ᠶᠡᠷᠦᠩᠬᠡᠢ ᠱᠦᠵᠢ ᠰᠢ᠎ᠶᠢᠨ ᠫᠢᠩ ᠠᠳᠠᠯᠢ ᠪᠤᠰᠤ ᠲᠠᠯᠠᠪᠤᠷ᠎ᠲᠤ ᠳᠤᠮᠳᠠᠳᠤ᠎ᠶᠢᠨ ᠦᠨᠳᠦᠰᠦᠲᠡᠨ᠎ᠦ ᠰᠢᠨᠲᠠᠷᠠᠰᠢ ᠦᠭᠡᠢ ᠵᠣᠷᠢᠭ᠋ ᠰᠠᠨᠠᠭ᠎ᠠ᠎ᠶᠢ ᠤᠯᠠᠨ ᠤᠳᠠᠭ᠎ᠠ ᠭᠦᠨ ᠰᠡᠳᠬᠢᠯᠭᠡ᠎ᠲᠠᠢ ᠶᠠᠷᠢᠭ᠍ᠰᠠᠨ ᠪᠥᠭᠡᠳ ᠬᠠᠯᠠ ᠵᠣᠪᠠᠯᠠᠩ᠎ᠢ ᠳᠠᠪᠠᠨ ᠲᠤᠭᠤᠯᠤᠭᠰᠠᠨ ᠳᠤᠮᠳᠠᠳᠤ᠎ᠶᠢᠨ ᠦᠨᠳᠦᠰᠦᠲᠡᠨ 《ᠶᠡᠷᠦ᠎ᠡᠴᠡ ᠳᠠᠷᠤᠯᠠᠭᠳᠠᠨ ᠨᠤᠭᠤᠷᠠᠵᠤ ᠦᠵᠡᠭᠡ ᠦᠭᠡᠢ》᠂ ᠬᠠᠷᠢᠨ ᠨᠤᠭᠤᠷᠠᠯ ᠪᠦᠳᠦᠷᠢᠯ᠎ᠳᠦ ᠲᠤᠯᠭᠠᠷᠠᠬᠤ ᠲᠤᠳᠤᠮ ᠡᠷᠡᠯᠬᠡᠭᠯᠡᠨ ᠲᠡᠮᠡᠴᠡᠵᠦ᠂《ᠲᠠᠰᠤᠷᠠᠯᠳᠠ ᠦᠭᠡᠢ ᠬᠠᠯᠠ ᠵᠣᠪᠠᠯᠠᠩ᠎ᠤᠨ ᠳᠤᠮᠳᠠ ᠦᠰᠦᠨ ᠪᠣᠢᠵᠢᠵᠤ᠂ ᠬᠠᠯᠠ ᠵᠣᠪᠠᠯᠠᠩ᠎ᠤᠨ ᠳᠤᠮᠳᠠ ᠡᠴᠡ ᠡᠷᠡᠯᠬᠡᠭᠯᠡᠨ ᠪᠣᠰᠴᠠᠢ》 ᠭᠡᠵᠦ ᠵᠢᠭᠠᠵᠤ ᠭᠠᠷᠭᠠᠪᠠ᠃

ᠵᠡᠭᠦᠨ ᠬᠣᠢᠲᠤ᠎ᠶ᠋ᠢᠨ ᠬᠠᠷ᠎ᠠ ᠬᠥᠷᠥᠰᠥᠨ ᠳᠡᠭᠡᠷ᠎ᠡ᠂ ᠶᠠᠫᠣᠨ᠎ᠢ ᠡᠰᠡᠷᠭᠦᠴᠡᠬᠦ᠌ ᠬᠣᠯᠪᠣᠭᠠᠲᠤ ᠴᠡᠷᠢᠭ᠎ᠦᠨ ᠳᠠᠷᠤᠭ᠎ᠠ ᠪᠠᠢᠯᠳᠤᠭ᠍ᠴᠢᠳ ᠦᠬᠦᠬᠦ᠌ ᠵᠢ ᠤᠨᠳᠠᠬᠤ᠎ᠶᠢᠨ ᠳᠡᠳᠦᠢ ᠪᠤᠳᠤᠪᠠ; ᠤᠮᠠᠷᠠᠲᠤ ᠣᠷᠣᠨ᠎ᠤ ᠬᠦᠬᠡ ᠳᠠᠷᠢᠶᠠᠨ᠎ᠳᠦ᠂ ᠫᠠᠷᠲ᠋ᠢᠽᠠᠨ ᠪᠠᠭᠠᠲᠤᠷ ᠡᠷ᠎ᠡ ᠣᠮᠣᠭ ᠲᠡᠭᠦᠯᠳᠡᠷ; ᠶᠠᠨ ᠠᠨ᠎ᠤ ᠪᠦᠦ ᠲᠠ ᠱᠠᠨ ᠠᠭᠤᠯᠠᠨ᠎ᠳᠤ ᠬᠦᠰᠡᠯ ᠡᠷᠡᠮᠡᠯᠵᠡᠯ᠎ᠦᠨ ᠳ᠋ᠧᠩ ᠬᠢᠯᠠᠯᠵᠠᠨ᠎ᠠ; ᠶᠦᠨᠨᠠᠨ ᠪᠢᠷᠮᠠ᠎ᠶ᠋ᠢᠨ ᠵᠠᠰᠠᠮᠠᠯ ᠵᠠᠮ᠎ᠢᠶᠡᠷ᠂ ᠡᠮᠦᠨᠡᠲᠦ ᠲᠠᠯᠠᠢ᠎ᠶ᠋ᠢᠨ ᠮᠠᠱᠢᠨ᠎ᠤ ᠠᠵᠢᠯᠴᠢᠨ ᠠᠮᠢ ᠨᠠᠰᠤ᠎ᠪᠠᠷ᠎ᠢᠶᠠᠨ ᠶᠠᠫᠣᠨ᠎ᠢ ᠡᠰᠡᠷᠭᠦᠴᠡᠬᠦ᠌ ᠲᠠᠢ᠌ᠨ᠎ᠦ ᠡᠳ᠋ ᠪᠣᠳᠠᠰ᠎ᠢ ᠬᠦᠷᠭᠡᠪᠡ᠁ 14 ᠵᠢᠯ᠎ᠦᠨ ᠶᠠᠫᠣᠨ᠎ᠢ ᠡᠰᠡᠷᠭᠦᠴᠡᠬᠦ᠌ ᠲᠠᠢ᠌ᠨ ᠲᠤᠢᠯ᠎ᠤᠨ ᠬᠠᠲᠠᠭᠤᠵᠢᠯᠲᠠᠢ ᠶᠠᠪᠤᠭ᠍ᠳᠠᠵᠤ᠂ ᠪᠦᠬᠦ᠌ ᠦᠨᠳᠦᠰᠦᠲᠡᠨ᠎ᠦ ᠪᠠᠲᠤ ᠴᠢᠩᠭ᠎ᠠ ᠰᠥᠰᠥ᠍ ᠵᠣᠷᠢᠭ᠎ᠢ ᠳᠠᠪᠲᠠᠨ ᠪᠣᠯᠪᠠᠰᠤᠷᠠᠭᠤᠯᠪᠠ᠃

ᠵᠡᠷᠯᠢᠭ ᠪᠠᠯᠠᠮᠠᠳ ᠲᠦᠷᠢᠮᠡᠬᠡᠢᠯᠡᠯ᠎ᠳᠦ ᠤᠴᠠᠷᠠᠵᠤ ᠤᠯᠤᠰ ᠮᠥᠬᠥᠮᠡᠷ ᠪᠠᠢᠭ᠍ᠰᠠᠨ ᠡᠴᠡ᠎ᠪᠠᠨ ᠳᠤᠮᠳᠠᠳᠤ ᠤᠯᠤᠰ᠎ᠤᠨ ᠳᠡᠯᠡᠬᠡᠶ ᠳᠡᠭᠡᠷᠡᠬᠢ ᠲᠣᠮᠣ ᠤᠯᠤᠰ᠎ᠤᠨ ᠪᠠᠢᠷᠢ ᠰᠠᠭᠤᠷᠢ᠎ᠶ᠋ᠢ ᠳᠠᠬᠢᠨ ᠲᠣᠭ᠍ᠲᠠᠭᠠᠬᠤ ᠪᠣᠯᠲᠠᠯ᠎ᠠ; 《ᠨᠢᠭᠡ ᠮᠠᠱᠢᠨ ᠲᠡᠷᠭᠡ᠂ ᠨᠢᠭᠡ ᠨᠢᠰᠭᠡᠯ᠂ ᠨᠢᠭᠡ ᠲᠠᠩᠺ᠂ ᠨᠢᠭᠡ ᠲᠷᠠᠺᠲ᠋ᠣᠷ᠎ᠢ ᠴᠤ᠌ ᠦᠢᠯᠡᠳᠴᠦ᠍ ᠳᠡᠢᠯᠬᠦ᠌ ᠦᠭᠡᠢ》 ᠪᠠᠢᠭ᠍ᠰᠠᠨ ᠡᠴᠡ ᠪᠠᠨ ᠪᠦᠬᠦ᠌ ᠪᠥᠮᠪᠥᠷᠴᠡᠭ᠎ᠦᠨ ᠬᠠᠮᠤᠭ᠎ᠤᠨ ᠪᠦᠷᠢᠨ ᠲᠡᠭᠦᠯᠳᠡᠷ ᠠᠵᠤ ᠦᠢᠯᠡᠳᠪᠦᠷᠢ᠎ᠶ᠋ᠢᠨ ᠱᠢᠰᠲᠸᠮ ᠲᠠᠢ ᠪᠤᠯᠤᠭᠰᠠᠨ ᠬᠦᠷᠲᠡᠯ᠎ᠡ ᠁ ᠤᠳᠤᠭ᠎ᠠ ᠤᠨᠢᠶᠠᠷ ᠰᠠᠷᠨᠢᠵᠤ᠂ ᠥᠨᠢ ᠤᠳᠠᠭᠠᠨ ᠲᠡᠦᠬᠡ᠎ᠲᠡᠶ ᠨᠤᠲᠤᠭ ᠳᠡᠪᠢᠰᠭᠡᠷ ᠠᠮᠢᠵᠢᠷᠠᠯ᠎ᠤᠨ ᠬᠦᠴᠦᠨ᠎ᠢᠶᠡᠷ ᠪᠢᠯᠬᠠᠪᠠ᠃

《ᠥᠨᠥᠳᠦᠷ᠂ ᠳᠤᠮᠳᠠᠳᠤ ᠤᠯᠤᠰ᠎ᠤᠨ ᠠᠷᠠᠳ ᠲᠦᠮᠡᠨ᠎ᠦ ᠡᠳ᠋ᠯᠡᠵᠦ᠍ ᠪᠠᠢᠭ᠎ᠠ ᠠᠯᠢᠪᠠ ᠪᠦᠬᠦᠨ ᠨᠢ ᠳᠤᠮᠳᠠᠳᠤᠴᠤᠳ᠎ᠤᠨ ᠤᠶᠤᠨ ᠤᠬᠠᠭᠠᠨ ᠠᠪᠢᠶᠠᠰ ᠴᠢᠳᠠᠪᠤᠷᠢ᠎ᠶ᠋ᠢ ᠨᠢᠭ᠍ᠲᠠᠷᠠᠭᠤᠯᠵᠤ᠂ ᠳᠤᠮᠳᠠᠳᠤᠴᠤᠳ᠎ᠤᠨ ᠱᠢᠷᠭᠠᠭᠤ ᠬᠥᠳᠡᠯᠮᠦᠷᠢ ᠬᠦᠴᠦ᠍ ᠬᠥᠯᠥᠰᠥ᠎ᠶ᠋ᠢ ᠱᠢᠩᠭᠡᠭᠡᠵᠦ᠍᠂ ᠳᠤᠮᠳᠠᠳᠤᠴᠤᠳ᠎ᠤᠨ ᠯᠤᠲᠤ ᠶᠡᠬᠡ ᠦᠷᠡᠭ᠌ᠳᠡᠯ ᠠᠭᠤᠯᠵᠤ ᠪᠠᠢᠨ᠎ᠠ》᠃ ᠶᠡᠷᠦᠩᠬᠡᠢ ᠱᠦᠵᠢ ᠰᠢ ᠵᠢᠨ ᠫᠢᠩ᠎ᠦᠨ ᠶᠠᠷᠢᠶ᠎ᠠ᠎ᠶ᠋ᠢ ᠡᠷᠭᠢᠴᠡᠭᠦᠯᠪᠡᠯ᠂ ᠮᠠᠨ᠎ᠤ ᠳᠤᠮᠳᠠᠳᠤ ᠤᠯᠤᠰ᠎ᠤᠨ ᠬᠥᠮᠦᠨ ᠪᠣᠯᠤᠭ᠍ᠰᠠᠨ ᠣᠮᠣᠭ ᠪᠠᠬᠠᠳᠤᠯᠲᠤ ᠰᠡᠳᠭᠢᠯᠭᠡ ᠤᠯᠠᠮ ᠴᠢᠩᠭᠠᠷᠠᠨ᠎ᠠ᠃

ᠬᠦᠴᠦᠷᠬᠡᠭᠯᠡᠯ᠎ᠡᠴᠡ ᠠᠶᠤᠬᠤ ᠦᠭᠡᠢ᠂ ᠪᠡᠶ᠎ᠡ᠎ᠪᠡᠨ ᠳᠠᠭᠠᠭᠠᠵᠤ ᠬᠦᠴᠦᠷᠬᠡᠭ᠌ᠵᠢᠵᠦ᠍᠂ ᠬᠤᠪᠢ ᠵᠠᠶᠠᠭ᠎ᠠ᠎ᠪᠠᠨ ᠥᠪᠡᠷ᠎ᠦᠨ ᠭᠠᠷ᠎ᠲᠠᠭᠠᠨ ᠪᠠᠲᠤ ᠡᠵᠡᠮᠳᠡᠪᠡ᠃

《ᠪᠢᠳᠡ ᠥᠪᠡᠷ᠎ᠦᠨ ᠭᠡᠰᠡᠨ ᠨᠢᠰᠭᠡᠯ᠎ᠲᠡᠶ ᠪᠣᠯᠤᠭ᠍ᠰᠠᠨ ᠦᠦ? ᠲᠡᠳᠡ ᠪᠠᠰᠠ ᠢᠷᠡᠵᠦ᠍ ᠴᠢᠳᠠᠨ᠎ᠠ ᠦᠦ? 》

《ᠲᠠᠬᠢᠵᠤ ᠢᠷᠡᠵᠦ ᠴᠢᠳᠠᠬᠤ ᠦᠭᠡᠢ᠂ ᠬᠡᠨ ᠴᠦ᠍ ᠴᠢᠳᠠᠬᠤ ᠦᠭᠡᠢ! ᠥᠨᠥᠳᠦᠷ᠂ ᠳᠤᠮᠳᠠᠳᠤ᠎ᠶ᠋ᠢᠨ ᠬᠥᠮᠦᠨ᠎ᠦ ᠲᠩᠷᠢ᠂ ᠳᠤᠮᠳᠠᠳᠤ᠎ᠶ᠋ᠢᠨ ᠬᠥᠮᠦᠨ᠎ᠦ ᠭᠠᠵᠠᠷ᠂ ᠳᠤᠮᠳᠠᠳᠤ᠎ᠶ᠋ᠢᠨ ᠬᠥᠮᠦᠨ᠎ᠦ ᠳᠠᠯᠠᠢ᠎ᠶ᠋ᠢ ᠪᠦᠷ ᠳᠤᠮᠳᠠᠳᠤ᠎ᠶ᠋ᠢᠨ ᠬᠥᠮᠦᠨ ᠥᠪᠡᠷ᠎ᠢᠶᠡᠨ ᠡᠵᠡᠨ ᠮᠡᠳᠡᠵᠤ ᠪᠠᠢᠨ᠎ᠠ!》

9 ᠰᠠᠷ᠎ᠠ᠎ᠶ᠋ᠢᠨ 3 ᠎ᠤ᠋ ᠣᠷᠣᠶ᠂ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠡᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠲᠡᠢᠨ ᠢᠯᠠᠯᠲᠠ ᠣᠯᠤᠭ᠍ᠰᠠᠨ 80 ᠵᠢᠯ᠎ᠦᠨ ᠣᠶ᠎ᠶ᠋ᠢ ᠳᠤᠷᠠᠰᠭᠠᠬᠤ ᠤᠷᠠᠨ ᠰᠠᠢᠬᠠᠨ᠎ᠤ ᠦᠳᠡᠱᠢᠯᠡᠭᠡ ᠳᠡᠭᠡᠷ᠎ᠡ᠂  ᠴᠠᠭ ᠣᠷᠣᠨ ᠵᠠᠶ᠎ᠶ᠋ᠢ ᠳᠤᠭᠤᠯᠤᠭ᠍ᠰᠠᠨ ᠡᠨᠡ ᠬᠦ᠌ ᠶᠠᠷᠢᠯᠴᠠᠭ᠎ᠠ᠎ᠨᠢ ᠬᠥᠮᠦᠰ᠎ᠢ ᠤᠶᠠᠷᠠᠭᠤᠯᠪᠠ᠃《ᠪᠡᠶ᠎ᠡ᠎ᠪᠡᠨ ᠳᠠᠭᠠᠭᠠᠵᠤ ᠥᠪᠡᠷ᠎ᠢ᠎ᠪᠡᠨ ᠬᠦᠴᠦᠷᠬᠡᠭ᠌ᠵᠢᠭᠦᠯᠬᠦ᠌》  ᠵᠣᠷᠢᠭ ᠰᠠᠨᠠᠭᠠᠨ᠎ᠤ ᠴᠥᠮ᠎ᠡ ᠨᠢ ᠳᠤᠮᠳᠠᠳᠤ ᠤᠯᠤᠰ᠎ᠤᠨ ᠬᠥᠮᠦᠨ ᠨᠢᠭᠡᠪᠦᠷᠢ᠎ᠶ᠋ᠢᠨ ᠬᠠᠯᠠᠭᠤᠨ ᠴᠢᠰᠤ᠎ᠶ᠋ᠢ ᠣᠷᠭᠢᠯᠤᠭᠤᠯᠤᠨ᠎ᠠ᠃

ᠨᠠᠢ᠍ᠮᠠᠳᠤᠭᠠᠷ ᠵᠠᠮ᠎ᠤᠨ ᠴᠡᠷᠢᠭ᠎ᠦᠨ ᠭᠤᠷᠪᠠᠨ ᠵᠠᠭᠤ ᠲᠠᠪᠢ ᠶᠢᠰᠦᠳᠦᠭᠡᠷ ᠪᠠᠷᠢᠭᠠᠳᠠ᠎ᠶ᠋ᠢᠨ ᠳᠠᠷᠤᠭ᠎ᠠ ᠪᠠᠢᠯᠳᠤᠭ᠍ᠴᠢᠳ《ᠥᠪᠡᠷ᠎ᠢᠶᠡᠨ ᠭᠠᠷ ᠬᠥᠳᠡᠯᠵᠦ᠍᠂ ᠢᠳᠡᠵᠦ᠍ ᠡᠮᠦᠰᠭᠦ᠎ᠪᠡᠨ ᠡᠯᠪᠡᠭ ᠳᠡᠯᠪᠡᠭ ᠪᠣᠯᠭᠠᠬᠤ》 ᠲᠤᠭ᠎ᠢ ᠥᠨᠳᠥᠷ ᠡᠷᠭᠦᠵᠦ᠍᠂ ᠨᠠᠨ ᠨᠢ ᠸᠠᠨ᠎ᠢ ᠵᠤᠷᠢᠪᠠ; 《ᠬᠣᠶᠠᠷ ᠪᠥᠮᠪᠥᠭᠡ ᠨᠢᠭᠡ ᠤᠳᠤᠨ》 ᠤ᠋ ᠥᠷᠯᠥᠭ ᠭᠠᠪᠢᠶᠠᠲᠠᠨ᠎ᠨᠠᠷ ᠪᠠᠷᠠᠭᠤᠨ ᠬᠣᠢᠲᠤ᠎ᠶ᠋ᠢᠨ ᠴᠦᠯ᠎ᠳᠦ ᠬᠡᠳᠦᠨ ᠠᠷᠪᠠᠨ ᠵᠢᠯ ᠦᠨᠳᠦᠰᠦᠯᠡᠵᠦ᠍᠂ ᠨᠡᠢᠳᠡ᠎ᠳᠦ ᠨᠡᠷ᠎ᠡ ᠦᠭᠡᠢ ᠪᠡᠷ ᠡᠬᠡ ᠤᠯᠤᠰ᠎ᠲᠠᠭᠠᠨ 《ᠰᠡᠯᠡᠮ᠎ᠡ ᠳᠠᠪᠳᠠᠵᠤ ᠪᠠᠮᠪᠠᠢ ᠴᠢᠳᠬᠤᠵᠤ》 ᠦᠭᠪᠡ; ᠶᠤᠸᠠᠨ ᠯᠦᠩ ᠫᠢᠩ᠎ᠢᠶᠡᠷ ᠲᠥᠯᠥᠭᠡᠯᠡᠭᠦᠯᠦᠭ᠌ᠰᠡᠨ ᠲᠠᠷᠢᠶᠠᠯᠠᠩ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠠᠵᠢᠯᠲᠠᠳ ᠡᠳᠦᠷ ᠪᠦᠷᠢ ᠱᠢᠷᠭᠠᠭᠤ ᠬᠠᠲᠠᠭᠤᠵᠢᠯᠲᠠᠶ ᠠᠵᠢᠯᠯᠠᠵᠤ᠂ ᠳᠤᠮᠳᠠᠳᠤ ᠤᠯᠤᠰ᠎ᠤᠨ ᠬᠥᠮᠦᠰ᠎ᠲᠦ ᠪᠤᠳᠠᠭᠠᠨ ᠠᠶᠠᠭ᠎ᠠ ᠵᠢ ᠴᠢᠩᠭ᠎ᠠ ᠠᠳᠭᠤᠭᠤᠯᠪᠠ ᠁

ᠤᠶᠤᠨ ᠰᠠᠨᠠᠭᠠᠨ᠎ᠤ ᠭᠠᠯ ᠪᠠᠮᠪᠠᠷ ᠦᠨᠢ ᠤᠳᠠᠭᠠᠨ ᠳᠡᠦᠬᠡᠨ᠎ᠠ ᠪᠤᠤᠬᠢᠶ᠎ᠡ ᠳᠠᠮᠵᠢᠬᠳᠠᠨ ᠬᠢᠯᠠᠯᠵᠠᠵᠤ᠂ ᠤᠯᠤᠰ᠎ᠤᠨ ᠬᠥᠭ᠌ᠵᠢᠯᠲᠡ ᠡᠳᠦᠷ᠎ᠡᠴᠡ ᠡᠳᠦᠷ ᠱᠢᠨᠡᠳᠴᠦ᠍ ᠪᠠᠢᠨ᠎ᠠ᠃

ᠬᠣᠴᠣᠷᠤᠩᠭᠤᠢ᠂ ᠴᠣᠬᠢᠭ᠍ᠳᠠᠵᠤ ᠪᠠᠢᠭ᠍ᠰᠠᠨ ᠡᠴᠡ᠎ᠪᠠᠨ ᠦᠨᠳᠦᠰᠦᠲᠡᠨ᠎ᠦ ᠲᠤᠰᠠᠭᠠᠷ ᠲᠣᠭ᠍ᠲᠠᠨᠢᠯ ᠬᠦᠷᠲᠡᠯ᠎ᠡ᠂  ᠶᠠᠳᠠᠭᠤ ᠬᠣᠭᠣᠰᠣᠨ ᠪᠠᠢᠭ᠍ᠰᠠᠨ ᠡᠴᠡ᠎ᠪᠠᠨ ᠴᠠᠭ ᠦᠶ᠎ᠡ᠎ᠶ᠋ᠢᠨ ᠡᠮᠦᠨ᠎ᠡ ᠡᠩᠨᠡᠭᠡᠨ᠎ᠳᠦ ᠤᠷᠤᠬᠤ ᠬᠦᠷᠲᠡᠯ᠎ᠡ᠂ ᠪᠢᠳᠡ ᠤᠯᠤᠰ ᠪᠠ ᠦᠨᠳᠦᠰᠦᠲᠡᠨ᠎ᠦ ᠬᠥᠭ᠌ᠵᠢᠯᠲᠡ᠎ᠶ᠋ᠢ ᠥᠪᠡᠷ᠎ᠦᠨ ᠬᠦᠴᠦᠨ᠎ᠦ᠎ᠪᠡᠨ ᠰᠠᠭᠤᠷᠢ ᠴᠡᠭ ᠳᠡᠭᠡᠷ᠎ᠡ ᠲᠠᠯᠪᠢᠬᠤ᠎ᠶ᠋ᠢ ᠪᠠᠷᠢᠮᠲᠠᠯᠠᠵᠤ᠂ ᠤᠶᠤᠨ ᠴᠢᠳᠠᠯ᠎ᠢᠶᠠᠨ ᠲᠥᠪᠯᠡᠷᠡᠭᠦᠯᠦᠨ ᠥᠪᠡᠷ᠎ᠦᠨ ᠶᠠᠪᠤᠳᠠᠯ᠎ᠢᠶᠠᠨ ᠰᠠᠢᠲᠤᠷ ᠬᠢᠪᠡ᠃

ᠶᠡᠷᠦᠩᠬᠡᠢ ᠱᠦᠵᠢ ᠰᠢ ᠵᠢᠨ ᠫᠢᠩ᠂ ᠡᠨᠡ ᠬᠦ᠌ ᠪᠡᠶ᠎ᠡ᠎ᠪᠡᠨ ᠳᠠᠭᠠᠭᠠᠵᠤ ᠡᠵᠡᠨ ᠮᠡᠳᠡᠬᠦ᠌ ᠰᠦᠪᠡᠭ᠌ᠴᠢᠯᠡᠯ ᠪᠣᠯᠤᠨ ᠦᠢᠯᠡᠳᠦᠯᠭᠡ᠎ᠶ᠋ᠢᠨ ᠵᠣᠷᠢᠭ ᠰᠠᠨᠠᠭ᠎ᠠ᠂ ᠡᠨᠡ ᠬᠦ᠌ ᠥᠪᠡᠷ᠎ᠦᠨ ᠵᠠᠮ᠎ᠢᠶᠠᠷ᠎ᠢᠶᠠᠨ ᠵᠠᠮᠨᠠᠬᠤ᠎ᠶ᠋ᠢ ᠪᠠᠷᠢᠮᠲᠠᠯᠠᠬᠤ ᠡᠷᠡᠰ ᠪᠠᠲᠤ ᠢᠲᠡᠭᠡᠯ ᠪᠣᠯᠤᠨ ᠵᠣᠷᠢᠭ ᠪᠣᠯ ᠮᠠᠨ᠎ᠤ ᠨᠠᠮ᠎ᠤᠨ ᠪᠦᠬᠦ᠌ ᠤᠨᠤᠯ ᠪᠣᠯᠤᠨ ᠦᠢᠯᠡᠳᠦᠯᠭᠡ᠎ᠶ᠋ᠢᠨ ᠵᠣᠭ᠍ᠰᠣᠴᠠ ᠪᠣᠯᠤᠨ᠎ᠠ᠂ ᠪᠠᠰᠠ ᠴᠤ᠌ ᠨᠠᠮ ᠪᠣᠯᠤᠨ ᠠᠷᠠᠳ ᠲᠦᠮᠡᠨ᠎ᠦ ᠦᠢᠯᠡᠰ᠎ᠦᠨ ᠢᠯᠠᠯᠲᠠ ᠡᠴᠡ ᠰᠢᠨ᠎ᠡ ᠢᠯᠠᠯᠲᠠ᠎ᠳᠤ ᠬᠦᠷᠬᠦ᠌ ᠦᠨᠳᠦᠰᠦᠨ ᠪᠠᠲᠤᠯᠠᠭ᠎ᠠ ᠪᠣᠯᠤᠨ᠎ᠠ ᠭᠡᠵᠦ᠍ ᠭᠦᠨᠵᠡᠭᠡᠢ ᠵᠢᠭᠠᠵᠤ ᠭᠠᠷᠭᠠᠪᠠ᠃

ᠬᠦᠴᠦᠷᠬᠡᠭᠯᠡᠯ ᠡᠴᠡ ᠠᠶᠤᠬᠤ ᠥᠬᠡᠶ᠂ ᠪᠡᠶ᠎ᠡ᠎ᠪᠡᠨ ᠳᠠᠭᠠᠭᠠᠨ ᠬᠦᠴᠦᠷᠬᠡᠭ᠌ᠵᠢᠵᠦ᠍᠂ ᠡᠩᠬᠡ ᠲᠠᠢᠪᠤᠩ᠎ᠢ ᠰᠠᠬᠢᠨ ᠬᠠᠮᠠᠭᠠᠯᠠᠵᠤ᠂ ᠡᠷᠡᠯᠬᠡᠭ᠌ᠯᠡᠨ ᠤᠷᠤᠭ᠍ᠰᠢᠯᠠᠨ᠎ᠠ᠃

ᠠᠯᠤᠰ ᠡᠵᠡᠮᠰᠢᠯ᠎ᠤᠨ᠂ ᠤᠰᠤᠨ ᠳᠤᠤᠷᠠᠬᠢ᠂ ᠲᠣᠣᠷ ᠰᠦᠯᠵᠢᠶ᠎ᠡ ᠴᠠᠬᠢᠯᠭᠠᠨ ᠵᠡᠷᠭᠡ ᠬᠦᠷᠢᠶᠡᠨ᠎ᠦ ᠱᠢᠨ᠎ᠡ ᠬᠡᠯᠪᠡᠷᠢ᠎ᠶ᠋ᠢᠨ ᠪᠠᠢᠯᠳᠤᠭᠠᠨ᠎ᠤ ᠲᠣᠨᠣᠭ᠍ᠯᠠᠯ᠂ ᠬᠡᠳᠦ ᠳᠠᠭᠤᠨ ᠬᠤᠷᠳᠤᠴᠠᠲᠤ ᠵᠠᠯᠠᠭᠤᠷᠲᠤ ᠰᠤᠮᠤ᠂ ᠪᠠᠢᠯᠳᠤᠬᠤ ᠪᠤᠳᠤᠯᠭ᠎ᠠ᠎ᠶ᠋ᠢᠨ ᠵᠠᠯᠠᠭᠤᠷᠲᠤ ᠰᠤᠮᠤ ᠵᠡᠷᠭᠡ ᠤᠯᠤᠰ᠎ᠤᠨ ᠰᠤᠳᠤᠨ ᠲᠣᠨᠣᠭ᠍ᠯᠠᠯ ᠁ ᠠᠯᠢ ᠤᠯᠠᠨ ᠤᠯᠤᠰ᠎ᠲᠠᠭᠠᠨ ᠦᠢᠯᠡᠳᠪᠦᠷᠢᠯᠡᠭ᠌ᠰᠡᠨ ᠲᠡᠷᠢᠭᠦᠨ᠎ᠦ ᠲᠣᠨᠣᠭ᠍ᠯᠠᠯ ᠨᠢ ᠪᠦᠬᠦ᠌ ᠳᠡᠯᠡᠬᠡᠢ᠎ᠳᠦ ᠳᠤᠮᠳᠠᠳᠤ ᠤᠯᠤᠰ᠎ᠤᠨ ᠡᠩᠬᠡ ᠲᠠᠢᠪᠤᠩ᠎ᠢ ᠬᠠᠮᠠᠭᠠᠯᠠᠬᠤ ᠢᠲᠡᠭᠡᠯ ᠵᠣᠷᠢᠭ᠎ᠢ ᠦᠵᠡᠬᠦᠯᠵᠦ᠂ ᠪᠦᠬᠦ᠌ ᠪᠥᠮᠪᠥᠷᠴᠡᠭ᠎ᠦᠨ ᠠᠮᠤᠷ ᠲᠦᠪᠱᠢᠨ᠎ᠦ ᠵᠠᠰᠠᠯᠲᠠ᠎ᠳᠤ ᠲᠣᠭ᠍ᠲᠠᠭᠤᠨ ᠬᠦᠴᠦᠨ ᠨᠡᠮᠡᠷᠢᠯᠡᠪᠡ᠃

ᠡᠩᠬᠡ ᠲᠠᠢᠪᠤᠩ ᠶᠠᠭᠤᠨ᠎ᠳᠤ ᠲᠦᠱᠢᠭ᠌ᠯᠡᠬᠦ᠌ ᠪᠤᠢ? 《ᠨᠢᠭᠡᠨ ᠬᠦᠴᠦᠷᠬᠡᠭ ᠶᠡᠬᠡ ᠤᠯᠤᠰ ᠪᠠᠢᠪᠠᠯ ᠰᠠᠶᠢ ᠵᠢᠩᠬᠢᠨᠢ ᠡᠩᠬᠡ ᠲᠠᠢᠪᠤᠩ ᠪᠠᠢᠵᠤ ᠴᠢᠳᠠᠨ᠎ᠠ!》 ᠭᠡᠵᠦ 《ᠪᠥᠬᠥᠳᠡ ᠨᠠᠢᠷᠠᠮᠳᠠᠬᠤ ᠤᠯᠤᠰ᠎ᠤᠨ ᠭᠠᠪᠢᠶᠠᠨ ᠲᠡᠮᠳᠡᠭ》 ᠵᠡᠭᠦᠵᠦ ᠶᠤᠰᠤᠯᠠᠯ ᠰᠤᠨᠢᠷᠬᠠᠭᠰᠠᠨ ᠳᠤᠮᠳᠠᠳᠤ ᠤᠯᠤᠰ᠎ᠤᠨ ᠢᠨᠵᠧᠨᠧᠷᠢᠩ᠎ᠦᠨ ᠬᠦᠷᠢᠶᠡᠯᠡᠩ᠎ᠦᠨ ᠠᠺᠠᠳᠧᠮᠢᠴᠢ ᠵᠥᠩ ᠨᠠᠨ ᠱᠠᠨ ᠥᠪᠡᠷ᠎ᠦᠨ ᠬᠠᠷᠢᠭᠤᠯᠲᠠ ᠪᠠᠨ ᠦᠭᠪᠡ᠃

ᠦᠩᠭᠡᠷᠡᠭᠰᠡᠨ᠎ᠤ ᠶᠠᠪᠤᠳᠠᠯ ᠢᠷᠡᠭᠡᠳᠦᠢ ᠵᠢ ᠰᠡᠩᠬᠡᠷᠡᠭᠦᠯᠦᠨ᠎ᠡ᠃ ᠣᠳᠣᠬᠠᠨ᠎ᠤ ᠳᠡᠯᠡᠬᠡᠢ ᠶᠢᠷᠲᠢᠨᠴᠦ᠍ ᠲᠡᠢᠮᠦ᠍ ᠲᠠᠢᠪᠤᠩ ᠪᠢᠰᠢ᠂ ᠰᠦᠷᠳᠡᠭᠦᠯᠦᠯ ᠶᠡᠷᠦ᠍᠎ᠡᠴᠡ ᠬᠣᠯᠠᠳᠠᠭ᠎ᠠ ᠦᠭᠡᠢ ᠶᠤᠮ᠃ ᠬᠥᠮᠦᠨ ᠲᠥᠷᠥᠯᠬᠢᠲᠡᠨ ᠮᠥᠨ ᠯᠡ ᠡᠩᠬᠡ ᠲᠠᠢᠪᠤᠩ ᠪᠠᠢᠬᠤ ᠦᠦ ᠡᠰᠡᠬᠦᠯ᠎ᠡ ᠲᠠᠢ᠌ᠨ ᠳᠠᠵᠢᠨ ᠬᠢᠬᠦ᠎ᠤᠤ᠂ ᠶᠠᠷᠢᠯᠴᠠᠭ᠎ᠠ ᠬᠢᠬᠦ ᠦᠦ ᠡᠰᠡᠬᠦᠯ᠎ᠡ ᠡᠰᠡᠷᠭᠦᠴᠡᠯᠳᠦᠬᠦ ᠦᠦ᠂ ᠬᠠᠮᠲᠤ᠎ᠪᠠᠷ ᠠᠱᠢᠭ ᠬᠦᠷᠳᠡᠬᠦ᠌ ᠦᠦ ᠡᠰᠡᠬᠦᠯ᠎ᠡ ᠦᠯᠦ ᠡᠪᠰᠡᠬᠦ᠎ᠤᠤ ᠬᠡᠬᠦ ᠰᠣᠩᠭᠣᠯᠲᠠ ᠲᠤᠯᠭᠠᠷᠠᠵᠤ ᠪᠠᠢᠨ᠎ᠠ᠃

《ᠳᠤᠮᠳᠠᠳᠤ ᠤᠯᠤᠰ᠎ᠤᠨ ᠠᠷᠠᠳ ᠲᠦᠮᠡᠨ ᠡᠷᠡᠰ ᠪᠠᠳᠤ ᠪᠡᠷ ᠲᠡᠦᠬᠡ᠎ᠶ᠋ᠢᠨ ᠵᠥᠪ ᠲᠠᠯ᠎ᠠ᠎ᠳᠤ ᠵᠣᠭ᠍ᠰᠣᠵᠤ᠂ ᠬᠥᠮᠦᠨ ᠲᠥᠷᠥᠯᠬᠢᠲᠡᠨ᠎ᠦ ᠪᠣᠯᠪᠠᠰᠤᠨ᠎ᠤ ᠲᠠᠪᠱᠢᠯᠳᠠ᠎ᠶ᠋ᠢᠨ ᠲᠠᠯ᠎ᠠ᠎ᠳᠤ ᠵᠣᠭ᠍ᠰᠣᠵᠤ᠂ ᠡᠩᠬᠡ ᠲᠠᠢᠪᠤᠩ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ᠎ᠶ᠋ᠢ ᠪᠠᠷᠢᠮᠲᠠᠯᠠᠵᠤ᠂ ᠡᠯ᠎ᠡ ᠤᠯᠤᠰ᠎ᠤᠨ ᠠᠷᠠᠳ ᠲᠦᠮᠡᠨ᠎ᠲᠡᠶ ᠭᠠᠷ ᠬᠣᠯᠪᠣᠨ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠤᠨ᠎ᠠ》᠃ ᠶᠡᠷᠦᠩᠬᠡᠢ ᠱᠦᠵᠢ ᠰᠢ ᠵᠢᠨ ᠫᠢᠩ ᠳᠤᠷᠠᠰᠭᠠᠬᠤ ᠶᠡᠬᠡ ᠬᠤᠷᠠᠯ ᠳᠡᠭᠡᠷ᠎ᠡ ᠲᠥᠪ ᠴᠢᠩᠭ᠎ᠠ᠎ᠪᠠᠷ ᠲᠤᠩᠬᠠᠭ᠍ᠯᠠᠪᠠ᠃

ᠥᠨᠥᠳᠦᠷ᠎ᠦᠨ ᠳᠤᠮᠳᠠᠳᠤ ᠤᠯᠤᠰ ᠪᠣᠳᠠᠲᠤ ᠬᠦᠴᠦᠨ᠎ᠢᠶᠡᠷ ᠡᠩᠬᠡ ᠲᠠᠢᠪᠤᠩ᠎ᠢ ᠬᠠᠮᠠᠭᠠᠯᠠᠵᠤ᠂ ᠨᠡᠭᠡᠭᠡᠯᠲᠡᠲᠦ ᠬᠡᠬᠦᠳᠡᠭ ᠴᠡᠭᠡᠵᠢ᠎ᠪᠡᠷ ᠳᠡᠯᠡᠬᠡᠢ ᠳ᠋ᠠᠬᠢᠨ᠎ᠢ ᠤᠭ᠍ᠲᠤᠨ᠎ᠠ᠃ ᠪᠡᠶ᠎ᠡ᠎ᠪᠡᠨ ᠳᠠᠭᠠᠭᠠᠵᠤ ᠬᠦᠴᠦᠷᠬᠡᠭ᠌ᠵᠢᠭ᠌ᠰᠡᠨ ᠳᠤᠮᠳᠠᠳᠤ ᠤᠯᠤᠰ᠎ᠤᠨ ᠠᠷᠠᠳ ᠲᠦᠮᠡᠨ ᠪᠣᠯ ᠢᠮᠠᠭ᠍ᠲᠠ ᠳᠡᠯᠡᠬᠡᠢ᠎ᠶ᠋ᠢᠨ ᠡᠩᠬᠡ ᠲᠠᠢᠪᠤᠩ ᠬᠥᠭ᠌ᠵᠢᠯᠲᠡ᠎ᠶ᠋ᠢ ᠬᠠᠮᠠᠭᠠᠯᠠᠬᠤ ᠡᠷᠡᠰ ᠪᠠᠲᠤ ᠬᠦᠴᠦᠨ ᠮᠥᠨ ᠭᠡᠳᠡᠭ᠎ᠢ ᠲᠡᠦᠬᠡ ᠨᠢᠭᠡᠨᠲᠡ ᠭᠡᠷᠡᠴᠢᠯᠡᠭ᠌ᠰᠡᠨ ᠪᠥᠭᠡᠳ ᠦᠷᠭᠦᠯᠵᠢᠯᠡᠨ ᠭᠡᠷᠡᠴᠢᠯᠡᠬᠦ᠌ ᠪᠣᠯᠤᠨ᠎ᠠ᠃

ᠰᠡᠳᠭᠢᠯ ᠨᠢᠭᠡᠳᠦᠨ ᠬᠦᠴᠦ᠍᠎ᠪᠡᠨ ᠬᠠᠮᠲᠤᠳᠭᠠᠵᠤ᠂ ᠲᠡᠦᠬᠡ᠎ᠶ᠋ᠢᠨ ᠱᠢᠨ᠎ᠡ ᠠᠭᠤᠤ ᠦᠢᠯᠡᠰ᠎ᠢ ᠡᠭᠦᠳᠦᠨ ᠴᠤᠬᠴᠠᠯᠠᠨ᠎ᠠ

《ᠵᠣᠯ ᠵᠢᠷᠭᠠᠯᠲᠤ ᠰᠠᠢ᠌ᠨ ᠰᠠᠢᠬᠠᠨ ᠠᠮᠢᠳᠤᠷᠠᠯ᠎ᠢ ᠬᠥᠭᠡᠭᠡᠴᠡᠯᠳᠦᠬᠦ᠌ ᠪᠣᠯ ᠡᠯ᠎ᠡ ᠤᠯᠤᠰ᠎ᠤᠨ ᠠᠷᠠᠳ ᠲᠦᠮᠡᠨ᠎ᠦ ᠬᠠᠮᠲᠤ᠎ᠶ᠋ᠢᠨ ᠬᠦᠰᠡᠯ ᠡᠷᠡᠮᠡᠯᠵᠡᠯ ᠮᠥᠨ᠂ ᠶᠠᠮᠠᠷᠪᠠ ᠦᠶ᠎ᠡ᠎ᠳᠦ ᠴᠦ᠍ ᠭᠡᠰᠡᠨ ᠪᠢᠳᠡ ᠴᠥᠮ ᠠᠷᠠᠳ ᠲᠦᠮᠡᠨ᠎ᠦ ᠪᠤᠳᠤᠯ ᠰᠡᠳᠭᠢᠯ᠎ᠢ ᠦᠪᠡᠷ᠎ᠤᠨ᠎ᠢᠶᠡᠨ ᠪᠤᠳᠤᠯ ᠰᠡᠳᠭᠢᠯ ᠪᠤᠯᠭᠠᠵᠤ᠂ ᠳᠡᠯᠡᠬᠡᠢ ᠳ᠋ᠠᠬᠢᠨ ᠤ᠋ ᠠᠱᠢᠭ ᠲᠤᠰᠠ᠎ᠵᠢ ᠦᠪᠡᠷ᠎ᠤᠨ᠎ᠢᠶᠡᠨ ᠠᠱᠢᠭ ᠲᠤᠰᠠ ᠪᠠᠨ ᠪᠣᠯᠭᠠᠵᠤ᠂ ᠠᠷᠠᠳ ᠲᠦᠮᠡᠨ᠎ᠦ ᠠᠵᠠ ᠵᠢᠷᠭᠠᠯ᠎ᠢ ᠨᠡᠮᠡᠭ᠌ᠳᠡᠭᠦᠯᠬᠦ᠌᠎ᠪᠡᠷ ᠴᠥᠬᠥᠷᠡᠰᠢ ᠦᠭᠡᠢ ᠴᠢᠷᠮᠠᠢᠨ᠎ᠠ》᠃ ᠶᠡᠷᠦᠩᠬᠡᠢ ᠱᠦᠵᠢ ᠰᠢ ᠵᠢᠨ ᠫᠢᠩ᠎ᠦᠨ ᠢᠳᠡ ᠬᠦᠴᠦᠲᠡᠢ ᠦᠭᠡ ᠶᠠᠷᠢᠶ᠎ᠠ ᠨᠢ ᠦᠨᠳᠦᠰᠦᠲᠡᠨ᠎ᠦ ᠪᠦᠯᠬᠦᠮᠳᠡᠯ᠎ᠦᠨ ᠬᠦᠴᠦᠷᠬᠡᠭ ᠶᠡᠬᠡ ᠬᠠᠮᠲᠤᠷᠠᠯ ᠬᠦᠴᠦᠨ᠎ᠢ ᠨᠢᠭ᠍ᠲᠠᠷᠠᠭᠤᠯᠵᠤ᠂ ᠲᠦᠭ ᠲᠦᠮᠡᠨ ᠳᠤᠮᠳᠠᠳᠤ᠎ᠶ᠋ᠢᠨ ᠬᠥᠪᠡᠭᠦᠳ ᠥᠬᠢᠳ᠎ᠦᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢᠨ ᠲᠥᠯᠥᠭᠡ ᠡᠷᠡᠮᠡᠬᠡᠢᠯᠡᠨ ᠤᠷᠤᠭ᠍ᠰᠢᠯᠠᠬᠤ᠎ᠶ᠋ᠢ ᠵᠣᠷᠢᠭ᠍ᠵᠢᠭᠤᠯᠪᠠ᠃

ᠳᠤᠷᠠᠰᠭᠠᠬᠤ ᠶᠡᠬᠡ ᠬᠤᠷᠠᠯ᠎ᠤᠨ ᠠᠬᠤᠶ ᠲᠠᠯᠠᠪᠠᠶ᠎ᠳᠤ᠂ ᠭᠤᠷᠪᠠᠨ 《人》 ᠥᠰᠥᠭ᠎ᠦᠨ ᠶᠣᠰᠣᠯᠠᠯ ᠦᠵᠡᠬᠦ᠌ ᠲᠠᠢᠰᠠ ᠨᠢ 《众》 ᠭᠡᠬᠦ ᠥᠰᠥᠭ᠎ᠢ ᠪᠦᠷᠢᠯᠳᠦᠭᠦᠯᠵᠦ᠍᠂ ᠳᠡᠮᠡᠶ ᠬᠣᠯᠠ ᠥᠬᠡᠶ ᠪᠠᠢᠭ᠎ᠠ 《ᠪᠣᠯᠣᠳ ᠲᠡᠮᠦᠷ ᠣᠷᠳᠣ ᠴᠠᠭᠠᠨ ᠬᠡᠷᠡᠮ》 ᠤ᠋ᠨ ᠣᠨ᠎ᠤ ᠳ᠋ᠤᠭᠠᠷ᠎ᠤᠨ ᠲᠠᠪᠴᠠᠩ ᠬᠦᠷᠳᠡᠯ᠎ᠡ ᠦᠷᠬᠦᠯᠵᠢᠯᠡᠪᠡ᠁

《ᠪᠦᠯᠬᠦᠮᠳᠡᠯ ᠪᠣᠯ ᠠᠯᠢᠪᠠ ᠬᠦᠴᠢᠷ ᠪᠡᠷᠬᠡᠱᠢᠶᠡᠯ᠎ᠢ ᠢᠯᠠᠨ ᠳᠠᠪᠠᠬᠤ ᠬᠦᠴᠦᠷᠬᠡᠭ ᠶᠡᠬᠡ ᠬᠦᠴᠦᠨ ᠮᠥᠨ᠂ ᠬᠥᠮᠦᠰ᠎ᠦᠨ ᠰᠡᠳᠭᠢᠯ᠎ᠢ ᠨᠢᠭ᠍ᠲᠠᠷᠠᠭᠤᠯᠵᠤ᠂ ᠠᠭᠤᠤ ᠦᠢᠯᠡᠰ᠎ᠢ ᠪᠦᠲᠦᠭᠡᠬᠦ᠌ ᠴᠢᠬᠤᠯᠠ ᠪᠠᠲᠤᠯᠠᠭ᠎ᠠ ᠮᠥᠨ》 ᠭᠡᠵᠦ᠍ ᠶᠡᠷᠦᠩᠬᠡᠢ ᠱᠦᠵᠢ ᠰᠢ ᠵᠢᠨ ᠫᠢᠩ ᠭᠦᠨᠵᠡᠭᠡᠢ ᠵᠢᠭᠠᠵᠤ ᠭᠠᠷᠭᠠᠪᠠ᠃

ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ᠎ᠦ ᠠᠭᠤᠤ ᠶᠡᠬᠡ ᠢᠯᠠᠯᠲᠠ ᠨᠢ ᠳᠤᠮᠳᠠᠳᠤ ᠤᠯᠤᠰ᠎ᠤᠨ ᠳᠡᠯᠡᠬᠡᠢ ᠳᠡᠭᠡᠷᠡᠬᠢ ᠲᠤᠮᠤ ᠤᠯᠤᠰ᠎ᠤᠨ ᠪᠠᠢᠷᠢ ᠰᠠᠭᠤᠷᠢ᠎ᠶ᠋ᠢ ᠲᠠᠬᠢᠨ ᠲᠣᠭ᠍ᠲᠠᠭᠠᠵᠤ᠂ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢᠨ ᠭᠡᠭᠡᠨ ᠰᠠᠷᠠᠭᠤᠯ ᠢᠷᠡᠭᠡᠳᠦᠢ᠎ᠶ᠋ᠢ ᠨᠡᠭᠡᠭᠡᠭ᠌ᠰᠡᠨ ᠪᠠᠢᠨ᠎ᠠ᠃ ᠬᠠᠯᠠᠭᠤᠨ ᠴᠢᠰᠤ ᠪᠠ ᠳᠠᠷᠢ᠎ᠶᠢᠨ ᠭᠠᠯ᠎ᠤᠨ ᠠᠷᠢᠭᠤᠳᠭᠠᠯ᠎ᠢᠶᠠᠷ ᠳᠤᠮᠳᠠᠳᠤ᠎ᠶ᠋ᠢᠨ ᠦᠨᠳᠦᠰᠦᠲᠡᠨ ᠨᠡᠩ ᠨᠢᠭ᠍ᠲᠠᠷᠠᠨ ᠪᠦᠯᠬᠦᠮᠳᠡᠬᠦ ᠪᠤᠯᠪᠠ᠃

ᠪᠦᠬᠦ᠌ ᠪᠥᠮᠪᠥᠷᠴᠡᠭ᠎ᠦᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠥᠷᠢᠰᠥᠯᠳᠦᠭᠡᠨ᠎ᠦ ᠡᠮᠦᠨ᠎ᠡ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠠᠵᠢᠯᠲᠠᠳ ᠤᠶᠤᠨ ᠤᠬᠠᠭᠠᠨ᠎ᠢᠶᠠᠨ ᠲᠥᠪᠯᠡᠷᠡᠭᠦᠯᠦᠨ ᠪᠣᠭᠣᠮᠲᠠ ᠱᠢᠪᠲᠤᠯᠵᠤ᠂ 《ᠬᠦᠴᠢᠷ ᠠᠰᠠᠭᠤᠳᠠᠯ》 ᠢ᠋ ᠱᠢᠢᠳᠪᠦᠷᠢᠯᠡᠨ 《ᠪᠣᠭᠣᠮᠢ》 ᠪᠤᠯᠵᠤ ᠪᠠᠢᠭ᠎ᠠ ᠠᠰᠠᠭᠤᠳᠠᠯ᠎ᠢ ᠳᠠᠭᠠᠷᠢᠵᠤ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠰᠦᠷ ᠳᠠᠯᠠᠢᠴᠠᠲᠠᠢ ᠥᠷᠨᠢᠯᠲᠡ ᠭᠠᠷᠭᠠᠪᠠ;

ᠤᠯᠤᠰ᠎ᠤᠨ ᠬᠥᠭ᠌ᠵᠢᠯᠲᠡ᠎ᠶ᠋ᠢᠨ ᠪᠣᠷᠣ ᠲᠥᠰᠦᠪ᠎ᠢ ᠵᠢᠷᠤᠭ᠍ᠯᠠᠵᠤ᠂ ᠥᠷᠭᠡᠨ ᠤᠯᠠᠨ ᠲᠦᠮᠡᠨ ᠢᠳᠡᠪᠬᠢᠲᠡᠢ ᠣᠷᠣᠯᠴᠠᠨ᠂ ᠰᠠᠨᠠᠯ ᠵᠥᠪᠯᠡᠯᠭᠡ ᠳᠤᠷᠠᠳᠴᠤ᠌᠂ ᠲᠤᠰᠤᠯ ᠤᠰᠤ ᠰᠢᠬ ᠤᠶᠤᠨ ᠤᠬᠠᠭᠠᠨ᠎ᠢᠶᠠᠷ ᠴᠠᠭ ᠦᠶ᠎ᠡ᠎ᠶ᠋ᠢᠨ ᠲᠠᠪᠱᠢᠯᠳᠠ᠎ᠶ᠋ᠢ ᠠᠬᠢᠭᠤᠯᠬᠤ ᠠᠨᠠᠪᠠᠳ ᠲᠠᠯᠠᠢ ᠮᠡᠳᠦ ᠬᠦᠴᠦᠨ ᠢ᠋ ᠨᠢᠭ᠍ᠲᠠᠷᠠᠭᠤᠯᠪᠠ;

ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠰᠦᠷ ᠳᠠᠯᠠᠢᠴᠠᠲᠠᠢ ᠠᠶᠠᠨ᠎ᠳᠤ᠂ ᠭᠠᠳᠠᠭᠠᠳᠤ᠎ᠳᠤ ᠰᠠᠭᠤᠭ᠎ᠠ ᠬᠠᠷᠢᠶᠠᠲᠤ ᠠᠬ᠎ᠠ ᠳᠡᠭᠦᠦ᠍᠎ᠨᠡᠷ ᠡᠬᠡ ᠤᠯᠤᠰ᠎ᠢᠶᠠᠨ ᠢᠮᠠᠭ᠍ᠲᠠ ᠪᠤᠳᠤᠵᠤ᠂ ᠨᠤᠲᠤᠭ ᠤᠰᠤ᠎ᠪᠠᠨ ᠰᠠᠨᠠᠭᠠᠯᠵᠠᠵᠤ᠂ ᠠᠭᠤᠯᠠ ᠳᠠᠯᠠᠢ᠎ᠶ᠋ᠢ ᠠᠯᠤᠰᠯᠠᠭ᠍ᠰᠠᠨ ᠪᠠᠲᠤ ᠰᠠᠬᠢᠯᠲᠠ ᠪᠣᠯᠤᠨ ᠵᠢᠳᠬᠦᠯ ᠴᠢᠷᠮᠠᠢᠯᠭ᠎ᠠ᠎ᠪᠠᠷ᠎ᠢᠶᠠᠨ ᠰᠡᠳᠭᠢᠯ ᠨᠢᠭᠡᠳᠦᠨ ᠲᠡᠮᠡᠴᠡᠭ᠌ᠰᠡᠨ ᠬᠠᠭᠤᠳᠠᠰᠤ᠎ᠶ᠋ᠢ ᠦᠷᠭᠦᠯᠵᠢᠯᠡᠨ ᠪᠢᠴᠢᠭ᠌ᠯᠡᠪᠡ;

ᠤᠷᠤᠭ᠍ᠰᠢ ᠪᠠᠨ᠂ ᠤᠷᠤᠭ᠍ᠰᠢ ᠪᠠᠨ᠂ ᠤᠷᠤᠭ᠍ᠰᠢ ᠪᠠᠨ! ᠲᠣᠭ᠎ᠠ ᠲᠣᠮᠰᠢ ᠦᠭᠡᠢ ᠡᠭᠡᠯ ᠵᠢᠷ᠎ᠦᠨ ᠬᠥᠮᠦᠰ ᠡᠪᠦᠭᠡ ᠳᠡᠭᠡᠳᠦᠰ᠎ᠦᠨ᠎ᠢᠶᠡᠨ ᠮᠥᠷ᠎ᠢᠶᠡᠷ ᠤᠷᠤᠭ᠍ᠰᠢᠯᠠᠵᠤ ᠪᠠᠢᠨ᠎ᠠ᠃ ᠡᠳᠦᠷ ᠰᠠᠷ᠎ᠠ ᠡᠭᠡᠯᠵᠢᠯᠡᠵᠦ᠂ ᠨᠢᠷᠤᠭᠤ ᠭᠡᠳᠡᠢᠨ ᠵᠤᠭᠰᠤᠵᠤ᠂ ᠵᠣᠷᠢᠭ ᠰᠠᠨᠠᠭ᠎ᠠ᠎ᠶ᠋ᠢ ᠵᠠᠯᠭᠠᠮᠵᠢᠯᠠᠵᠦ᠂ ᠠᠷᠠᠳ ᠲᠦᠮᠡᠨ᠎ᠦ ᠠᠤᠭ᠎ᠠ ᠬᠦᠴᠦᠨ᠎ᠳᠦ ᠲᠦᠱᠢᠭ᠌ᠯᠡᠨ᠎ᠠ᠃

ᠡᠨᠡ ᠬᠦ᠌ ᠬᠦᠴᠦᠨ ᠨᠢ ᠴᠢᠰᠤᠨ ᠤᠳᠤᠮ᠎ᠤᠨ ᠵᠠᠯᠭᠠᠮᠵᠢᠯᠠᠯ ᠡᠴᠡ ᠢᠷᠡᠯᠲᠡ᠎ᠲᠡᠶ —

ᠳᠤᠮᠳᠠᠳᠤ᠎ᠶ᠋ᠢᠨ ᠪᠣᠯᠪᠠᠰᠤᠨ ᠪᠣᠯ ᠳᠡᠯᠡᠬᠡᠢ ᠳᠡᠭᠡᠷᠡᠬᠢ ᠴᠤᠷ᠎ᠤᠨ ᠭᠠᠭ᠍ᠴᠠ 5000 ᠭᠠᠷᠤᠢ ᠵᠢᠯ ᠦᠷᠭᠦᠯᠵᠢᠯᠡᠭ᠌ᠰᠡᠨ ᠪᠥᠭᠡᠳ ᠶᠡᠷᠦ᠍᠎ᠡᠴᠡ ᠲᠠᠰᠤᠯᠳᠠᠭᠰᠠᠨ ᠦᠭᠡᠢ ᠥᠨᠢ ᠤᠳᠠᠭᠠᠨ ᠪᠣᠯᠪᠠᠰᠤᠨ ᠮᠥᠨ᠃ ᠪᠠᠲᠤ ᠴᠢᠩᠭ᠎ᠠ ᠡᠬᠡ ᠣᠷᠣᠨᠴᠢ ᠬᠠᠢᠷ᠎ᠠ ᠰᠡᠳᠭᠢᠯᠭᠡ᠂ ᠨᠤᠭᠤᠷᠠᠰᠢ ᠦᠭᠡᠢ ᠦᠨᠳᠦᠰᠦᠲᠡᠨ᠎ᠦ ᠵᠣᠷᠢᠭ ᠰᠠᠨᠠᠭ᠎ᠠ ᠪᠡᠷ ᠪᠢᠳᠡ ᠤᠳᠠᠭ᠎ᠠ ᠳᠠᠷᠠᠭᠠᠯᠠᠨ ᠬᠠᠯᠠ ᠵᠣᠪᠠᠯᠠᠩ᠎ᠢ ᠲᠤᠭᠤᠯᠵᠤ᠂ ᠢᠮᠠᠭ᠍ᠲᠠ ᠪᠣᠯᠪᠠᠰᠤᠨ᠎ᠢᠶᠡᠨ ᠤᠯᠠᠮᠵᠢᠯᠠᠨ ᠵᠠᠯᠭᠠᠮᠵᠢᠯᠠᠵᠤ᠂ ᠤᠷᠤᠭ᠍ᠰᠢᠯᠠᠬᠤ ᠠᠯᠬᠤᠭ᠎ᠠ᠎ᠪᠠᠨ ᠶᠡᠷᠦ᠍ ᠵᠣᠭ᠍ᠰᠣᠭᠰᠠᠨ ᠦᠭᠡᠢ᠃

ᠡᠨᠡ ᠬᠦ᠌ ᠬᠦᠴᠦᠨ ᠨᠢ ᠬᠦᠰᠡᠯ ᠵᠡᠭᠦᠳᠦ᠍᠎ᠶ᠋ᠢᠨ ᠲᠤᠬᠠᠢ ᠴᠥᠬᠥᠷᠡᠰᠢ ᠦᠭᠡᠢ ᠬᠥᠭᠡᠭᠡᠴᠡᠯᠳᠦᠯ ᠡᠴᠡ ᠢᠷᠡᠯᠳᠡ ᠲᠠᠢ —

ᠳᠤᠮᠳᠠᠳᠤ ᠤᠯᠤᠰ᠎ᠤᠨ ᠮᠠᠶ᠍ᠢᠭ᠎ᠤᠨ ᠣᠳᠣᠬᠢᠴᠢᠯᠠᠯᠲᠠ᠎ᠪᠠᠷ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠦᠬᠦ᠌ ᠲᠠᠯ᠎ᠠ᠎ᠪᠠᠷ ᠠᠬᠢᠭᠤᠯᠬᠤ ᠱᠢᠨ᠎ᠡ ᠠᠶᠠᠨ᠎ᠳᠤ᠂ ᠬᠦᠰᠡᠯ ᠵᠡᠭᠦᠳᠦ᠍᠎ᠶ᠋ᠢᠨ ᠤᠷᠢᠶᠠᠯᠠᠯ ᠨᠢ ᠬᠥᠮᠦᠰ᠎ᠢ ᠡᠷᠡᠯᠬᠡᠭ᠌ᠯᠡᠨ ᠳᠡᠮᠡᠴᠡᠬᠦᠯᠵᠦ᠂ ᠳᠤᠮᠳᠠᠳᠤ᠎ᠶ᠋ᠢᠨ ᠬᠥᠪᠡᠭᠦᠳ ᠥᠬᠢᠳ ᠰᠠᠢ᠌ᠨ ᠰᠠᠢᠬᠠᠨ ᠢᠷᠡᠭᠡᠳᠦᠢ ᠵᠦᠭ ᠢᠳᠡᠷᠡᠭᠦᠨ ᠠᠯᠬᠤᠭ᠎ᠠ ᠪᠡᠷ ᠤᠷᠤᠭᠰᠢᠯᠠᠨ᠎ᠠ᠃

ᠡᠨᠡ ᠬᠦ᠌ ᠬᠦᠴᠦᠨ ᠨᠢ ᠢᠷᠡᠭᠡᠳᠦᠢ᠎ᠶ᠋ᠢᠨ ᠲᠤᠬᠠᠢ ᠪᠠᠲᠤ ᠴᠢᠩᠭ᠎ᠠ ᠢᠲᠡᠭᠡᠯ ᠵᠣᠷᠢᠭ ᠡᠴᠡ ᠢᠷᠡᠯᠳᠡ᠎ᠲᠡᠶ —

ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢᠨ ᠰᠦᠷ ᠬᠦᠴᠦᠨ ᠬᠤᠷᠢᠭ᠍ᠯᠠᠭ᠍ᠳᠠᠰᠢ ᠦᠭᠡᠢ!

《14 ᠳ᠋ᠦᠩᠱᠢᠭᠤᠷ ᠭᠠᠷᠤᠢ ᠳᠤᠮᠳᠠᠳᠤᠴᠤᠳ ᠳᠤᠤᠭᠠᠷᠪᠠᠯ ᠲᠠᠭᠤ ᠨᠢᠭᠡᠲᠡᠢ ᠳᠤᠭ᠍ᠲᠤᠷᠪᠠᠯ ᠬᠦᠴᠦ᠍ ᠨᠢᠭᠡᠲᠡᠢ᠂ ᠬᠠᠲᠠᠭᠤ ᠪᠡᠷᠬᠡᠱᠢᠶᠡᠯ᠎ᠢ ᠬᠠᠮᠲᠤ᠎ᠪᠠᠷ ᠲᠤᠭᠤᠯᠵᠤ᠂ ᠲᠦᠮᠡᠨ ᠤᠯᠠᠨ᠎ᠢᠶᠠᠷ᠎ᠢᠶᠠᠨ ᠪᠤᠯᠤᠳ ᠬᠡᠷᠡᠮ ᠮᠡᠲᠦ ᠪᠠᠲᠤ ᠪᠡᠬᠢ ᠪᠠᠢᠪᠠᠯ᠂ ᠪᠦᠲᠦᠭᠡᠵᠦ᠍ ᠳᠡᠢᠯᠬᠦ᠌ ᠦᠭᠡᠢ ᠶᠠᠪᠤᠳᠠᠯ᠂ ᠳᠠᠪᠠᠵᠤ ᠳᠡᠢᠯᠬᠦ᠌ ᠦᠭᠡᠢ ᠳᠠᠪᠠᠭ᠎ᠠ ᠭᠡᠵᠦ᠍ ᠦᠭᠡᠢ ᠶᠤᠮ》᠃ ᠶᠡᠷᠦᠩᠬᠡᠢ ᠱᠦᠵᠢ ᠰᠢ ᠵᠢᠨ ᠫᠢᠩ᠎ᠦᠨ ᠡᠷᠡᠰ ᠪᠠᠲᠤ ᠦᠭᠡ ᠶᠠᠷᠢᠶ᠎ᠠ ᠨᠢ ᠰᠦᠷ ᠳᠠᠯᠠᠢᠴᠠᠲᠠᠢ ᠬᠦᠴᠦᠨ᠎ᠢ ᠨᠢᠭ᠍ᠲᠠᠷᠠᠭᠤᠯᠪᠠ᠃

ᠠᠷᠠᠳ ᠲᠦᠮᠡᠨ ᠪᠣᠯ ᠲᠡᠦᠬᠡ᠎ᠵᠢ ᠡᠭᠦᠳᠦᠨ ᠪᠦᠲᠦᠭᠡᠭ᠌ᠴᠢ ᠮᠥᠨ᠃ ᠰᠢᠨ᠎ᠡ ᠲᠡᠦᠬᠡ᠎ᠶᠢᠨ ᠣᠨᠴᠠᠯᠢᠭ ᠲᠠᠢ ᠮᠠᠰᠢ ᠤᠯᠠᠨ ᠠᠭᠤᠤ ᠶᠡᠬᠡ ᠲᠡᠮᠡᠴᠡᠯ᠎ᠳᠦ ᠣᠷᠣᠯᠴᠠᠵᠤ᠂ ᠳᠤᠮᠳᠠᠳᠤ ᠤᠯᠤᠰ᠎ᠤᠨ ᠠᠷᠠᠳ ᠲᠦᠮᠡᠨ ᠯᠠᠪᠲᠠᠢ ᠠᠭᠤᠯᠠ ᠵᠢ ᠨᠤᠷᠠᠭᠠᠨ ᠳᠠᠯᠠᠢ ᠵᠢ ᠶᠡᠭᠦᠯᠡᠬᠦ ᠠᠤᠭ᠎ᠠ ᠬᠦᠴᠦᠨ᠎ᠢ ᠪᠠᠳᠠᠷᠠᠭᠤᠯᠵᠤ᠂ ᠴᠠᠭ ᠦᠶ᠎ᠡ᠎ᠶᠢᠨ ᠶᠡᠬᠡ ᠤᠷᠤᠰᠬᠠᠯ ᠳᠤᠮᠳᠠ ᠡᠷᠡᠯᠬᠡᠭᠯᠡᠨ ᠲᠡᠮᠡᠴᠡᠵᠦ᠂ ᠴᠤᠴᠠᠯᠲᠠ ᠦᠭᠡᠢ ᠤᠷᠤᠭᠰᠢᠯᠠᠬᠤ ᠪᠣᠯᠤᠨ᠎ᠠ!

(ᠰᠢᠨᠬᠤᠸᠠ ᠬᠤᠷᠢᠶ᠎ᠠ᠎ᠶᠢᠨ ᠪᠡᠭᠡᠵᠢᠩ᠎ᠤᠨ 9 ᠰᠠᠷ᠎ᠠ᠎ᠶᠢᠨ 11 ᠤ᠋ ᠴᠠᠬᠢᠯᠭᠠᠨ ᠮᠡᠳᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号