ᠹᠦᠵᠢᠶᠠᠨ ᠮᠤᠵᠢ᠎ᠶᠢᠨ ᠯᠦᠩ ᠶᠠᠨ ᠬᠣᠲᠠ᠎ᠶᠢᠨ ᠴᠠᠩ ᠲᠢᠩ ᠰᠢᠶᠠᠨ᠎ᠤ ᠵᠦᠸᠸ ᠲᠢᠶᠠᠨ ᠪᠠᠯᠭᠠᠰᠤᠨ᠎ᠤ ᠯᠦ᠍ ᠲᠠᠨ ᠲᠣᠰᠬᠣᠨ᠎ᠳᠤ᠂ ᠨᠢᠭᠡᠨ ᠬᠥᠬᠡ ᠲᠣᠭᠣᠰᠬ᠎ᠠ ᠬᠠᠷ᠎ᠠ ᠸᠠᠭᠠᠷᠵᠢᠡᠷ ᠪᠠᠷᠢᠭᠰᠠᠨ ᠡᠷᠲᠡᠨ᠎ᠦ ᠠᠷᠠᠳ᠎ᠤᠨ ᠣᠷᠣᠨ ᠰᠠᠭᠤᠴᠠ ᠪᠠᠢᠷᠢᠯᠠᠵᠤ᠂ ᠬᠡᠷᠡᠮ ᠳᠡᠭᠡᠷᠡᠬᠢ ᠤᠯᠠᠭᠠᠨ ᠦᠰᠦᠭᠲᠦ ᠤᠷᠢᠶ᠎ᠠ ᠨᠢ ᠮᠥᠨ ᠬᠦ᠌ ᠲᠣᠳᠣᠬᠠᠨ ᠬᠠᠷᠠᠭᠳᠠᠨ᠎ᠠ᠃ ᠡᠨᠡ ᠪᠣᠯ ᠮᠠᠨ᠎ᠤ ᠴᠡᠷᠢᠭ᠎ᠦᠨ ᠮᠣᠷᠢᠲᠤ ᠴᠡᠷᠢᠭ ᠠᠩᠭᠢ᠎ᠶᠢᠨ ᠡᠷᠲᠡ ᠦᠶ᠎ᠡ᠎ᠶᠢᠨ ᠡᠭᠦᠰᠬᠡᠨ ᠪᠠᠢᠭᠤᠯᠤᠭ᠍ᠴᠢ᠎ᠶᠢᠨ ᠨᠢᠭᠡ᠂ ᠱᠠᠨ ᠰᠢ ᠴᠠᠬᠠᠷ ᠡᡁᠸᠪᠸᠢ᠎ᠵᠢᠨ ᠴᠡᠷᠢᠭ᠎ᠤᠨ ᠲᠤᠭᠤᠷᠢᠭ᠎ᠤᠨ ᠮᠤᠷᠢᠲᠤ ᠴᠡᠷᠢᠭ᠎ᠤᠨ ᠬᠤᠷᠢᠶ᠎ᠠ᠎ᠵᠢᠨ ᠦᠷᠡᠭᠳᠡᠭᠰᠡᠨ ᠪᠠᠭᠠᠲᠤᠷ ᠯᠢᠦ ᠶᠦᠨ ᠪᠢᠶᠣᠣ ᠵᠢᠨ ᠬᠠᠭᠤᠴᠢᠨ ᠰᠠᠭᠤᠴᠠ ᠪᠣᠯᠣᠨ᠎ᠠ᠃
ᠯᠢᠦ ᠶᠦᠨ ᠪᠢᠶᠣᠣ ᠯᠦ᠍ ᠲᠠᠨ ᠲᠣᠰᠬᠣᠨ᠎ᠤ ᠨᠢᠭᠡᠨ ᠲᠠᠷᠢᠶᠠᠴᠢᠨ᠎ᠤ ᠭᠡᠷ ᠪᠦᠯᠢ᠎ᠳᠦ ᠳᠦᠷᠦᠵᠦ᠂ ᠡᠴᠢᠭᠡ ᠡᠬᠡ ᠨᠢ ᠲᠠᠷᠢᠶ᠎ᠠ ᠲᠠᠷᠢᠵᠤ ᠠᠮᠢᠳᠤᠷᠠᠳᠠᠭ ᠪᠠᠢᠵᠠᠢ᠃ 1929 ᠣᠨ᠎ᠡᠴᠡ 1931 ᠣᠨ ᠪᠣᠯᠲᠠᠯ᠎ᠠ᠂ ᠯᠢᠦ ᠶᠦᠨ ᠪᠢᠶᠣᠣ ᠤᠷᠢᠳ ᠬᠣᠵᠢᠳ ᠪᠠᠭᠠᠴᠤᠳ᠎ᠤᠨ ᠬᠣᠰᠢᠭᠤᠴᠢ ᠠᠩᠭᠢ᠂ ᠡᠪ ᠬᠠᠮᠲᠤ ᠵᠠᠯᠠᠭᠤᠴᠤᠳ᠎ᠤᠨ ᠡᠪᠯᠡᠯ᠂ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠭᠰᠠᠨ ᠪᠥᠭᠡᠳ ᠤᠯᠠᠭᠠᠨ ᠴᠡᠷᠢᠭ᠎ᠲᠦ ᠣᠷᠣᠵᠤ᠂ ᠤᠯᠠᠭᠠᠨ 12 ᠳ᠋ᠤᠭᠠᠷ ᠠᠷᠮᠢ᠎ᠶᠢᠨ 36 ᠳ᠋ᠤᠭᠠᠷ ᠳ᠋ᠢᠸᠢᠽᠢ᠎ᠶᠢᠨ 108 ᠳ᠋ᠤᠭᠠᠷ ᠬᠤᠷᠢᠶ᠎ᠠ᠎ᠵᠢᠨ ᠲᠠᠩᠨᠠᠨ ᠪᠠᠢᠴᠠᠭᠠᠬᠤ ᠰᠠᠯᠠᠭᠠᠨ ᠳᠠᠷᠤᠭ᠎ᠠ ᠵᠡᠷᠭᠡ ᠲᠤᠰᠢᠶᠠᠯ᠎ᠢ ᠡᠭᠦᠷᠭᠡᠯᠡᠵᠦ ᠥᠩᠭᠡᠷᠡᠪᠡ᠃
ᠤᠷᠳᠤ ᠵᠠᠮ᠎ᠤᠨ ᠠᠶᠠᠨ ᠲᠠᠢ᠍ᠢᠨ ᠡᠬᠢᠯᠡᠭᠰᠡᠨ᠎ᠦ ᠲᠠᠷᠠᠭ᠎ᠠ᠂ ᠯᠢᠦ ᠶᠦᠨ ᠪᠢᠶᠣᠣ ᠢᠯᠡᠷᠡᠯ ᠰᠠᠢᠨ᠎ᠡᠴᠡ ᠪᠣᠯᠵᠤ᠂ ᠳ᠋ᠢᠸᠢᠽᠢ᠎ᠶᠢᠨ ᠲᠠᠨᠭᠨᠠᠨ ᠪᠠᠢᠴᠠᠭᠠᠬᠤ ᠰᠤᠮᠤᠨ᠎ᠤ ᠰᠤᠮᠤᠨ ᠳᠠᠷᠤᠭ᠎ᠠ᠎ᠶᠢᠨ ᠲᠤᠰᠢᠶᠠᠯ᠎ᠢ ᠡᠭᠦᠷᠭᠡᠯᠡᠪᠡ᠃ 1935 ᠣᠨ᠎ᠤ 9 ᠰᠠᠷ᠎ᠠ᠎ᠡᠴᠡ 1936 ᠣᠨ᠎ᠤ ᠳᠤᠮᠳᠠᠴᠢ ᠪᠣᠯᠲᠠᠯ᠎ᠠ᠂ ᠯᠢᠦ ᠶᠦᠨ ᠪᠢᠶᠣᠣ ᠤᠷᠢᠳ ᠬᠣᠵᠢᠳ ᠤᠯᠠᠭᠠᠨ ᠴᠡᠷᠢᠭ᠎ᠦᠨ ᠨᠢᠭᠡᠳᠦᠭᠡᠷ ᠲᠠᠯ᠎ᠠ᠎ᠵᠢᠨ ᠴᠡᠷᠢᠭ᠎ᠦᠨ ᠨᠢᠭᠡᠳᠦᠭᠡᠷ ᠨᠢᠭᠡᠳᠬᠡᠯ ᠠᠷᠮᠢ᠎ᠶᠢᠨ ᠰᠢᠭᠤᠳ ᠬᠠᠷᠢᠶ᠎ᠠ ᠲᠠᠩᠨᠠᠨ ᠪᠠᠢᠴᠠᠭᠠᠬᠤ ᠰᠤᠮᠤᠨ᠎ᠤ ᠳᠡᠳ᠋ ᠰᠤᠮᠤᠨ ᠳᠠᠷᠤᠭ᠎ᠠ᠂ ᠮᠣᠷᠢᠲᠤ ᠴᠡᠷᠢᠭ᠎ᠦᠨ ᠲᠠᠩᠨᠠᠨ ᠪᠠᠢᠴᠠᠭᠠᠬᠤ ᠰᠤᠮᠤᠨ᠎ᠤ ᠰᠤᠮᠤᠨ ᠳᠠᠷᠤᠭ᠎ᠠ ᠵᠡᠷᠭᠡ ᠲᠤᠰᠢᠶᠠᠯ᠎ᠢ ᠬᠠᠷᠢᠭᠤᠴᠠᠪᠠ᠃ ᠡᠨᠡ ᠬᠣᠭᠣᠷᠣᠨᠳᠤ᠂ ᠲᠡᠷᠡ ᠪᠠᠢᠯᠳᠤᠭᠠᠨ᠎ᠤ ᠳᠤᠮᠳᠠ ᠤᠳᠠᠭ᠎ᠠ ᠳᠠᠷᠠᠭᠠᠯᠠᠨ ᠭᠠᠪᠢᠶ᠎ᠠ ᠪᠠᠢᠭᠤᠯᠪᠠ᠃
1936 ᠣᠨ᠎ᠳᠤ᠂ ᠤᠯᠠᠭᠠᠨ ᠴᠡᠷᠢᠭ ᠪᠦᠦ ᠠᠨ ᠰᠢᠶᠠᠨ (ᠤᠳᠤ᠎ᠶᠢᠨ ᠱᠠᠨᠰᠢ ᠮᠤᠵᠢ᠎ᠶᠢᠨ ᠶᠠᠨ ᠠᠨ ᠬᠤᠳᠠ᠎ᠶᠢᠨ ᡁᠢ ᠳ᠋ᠠᠨ ᠰᠢᠶᠠᠨ) ᠳ᠋ᠤ᠌ ᠤᠯᠠᠭᠠᠨ ᠴᠡᠷᠢᠭ᠎ᠦᠨ ᠨᠢᠭᠡᠳᠦᠭᠡᠷ ᠲᠠᠯ᠎ᠠ᠎ᠵᠢᠨ ᠴᠡᠷᠢᠭ᠎ᠦᠨ ᠨᠢᠭᠡᠳᠦᠭᠡᠷ ᠮᠣᠷᠢᠲᠤ ᠴᠡᠷᠢᠭ᠎ᠦᠨ ᠬᠣᠷᠢᠶ᠎ᠠ᠎ᠶᠢ ᠪᠠᠢᠭᠤᠯᠵᠤ᠂ ᠯᠢᠦ ᠶᠦᠨ ᠪᠢᠶᠣᠣ ᠬᠣᠷᠢᠶᠠᠨ ᠳᠠᠷᠤᠭ᠎ᠠ᠎ᠶᠢᠨ ᠲᠤᠰᠢᠶᠠᠯ᠎ᠢ ᠬᠠᠷᠢᠭᠤᠴᠠᠪᠠ᠃ 1937 ᠣᠨ᠎ᠤ 2 ᠰᠠᠷ᠎ᠠ᠎ᠳᠤ᠂ ᠯᠢᠦ ᠶᠦᠨ ᠪᠢᠶᠣᠣ ᠶᠠᠨ ᠠᠨ᠎ᠤ ᠶᠠᠫᠤᠨ᠎ᠢ ᠡᠰᠡᠷᠭᠦᠴᠡᠬᠦ ᠴᠡᠷᠢᠭ ᠵᠠᠰᠠᠭ᠎ᠤᠨ ᠶᠡᠬᠡ ᠰᠤᠷᠭᠠᠭᠤᠯᠢ᠎ᠶᠢᠨ ᠨᠢᠭᠡᠳᠦᠭᠡᠷ ᠬᠤᠭᠤᠴᠠᠭᠠᠨ᠎ᠤ ᠰᠤᠷᠤᠯᠴᠠᠯᠭ᠎ᠠ᠎ᠳᠤ ᠣᠷᠣᠯᠴᠠᠪᠠ᠃ ᠪᠦᠬᠦ ᠦᠨᠳᠦᠰᠦᠲᠡᠨ᠎ᠦ ᠶᠠᠫᠤᠨ᠎ᠢ ᠡᠰᠡᠷᠭᠦᠴᠡᠬᠦ ᠳᠠᠢ᠍ᠢᠨ ᠡᠭᠦᠰᠦᠭᠰᠡᠨᠦ ᠳᠠᠷᠠᠭ᠎ᠠ᠂ ᠮᠣᠷᠢᠲᠤ ᠴᠡᠷᠢᠭ᠎ᠦᠨ ᠬᠣᠷᠢᠶ᠎ᠠ᠎ᠶᠢ 115 ᠳ᠋ᠤᠭᠠᠷ ᠳ᠋ᠢᠸᠢᠽᠢ᠎ᠶᠢᠨ ᠮᠣᠷᠢᠲᠤ ᠴᠡᠷᠢᠭ᠎ᠦᠨ ᠪᠠᠲᠯᠢᠶᠤᠨ ᠪᠣᠯᠭᠠᠨ ᠥᠭᠡᠷᠡᠴᠢᠯᠡᠵᠦ᠂ ᠯᠢᠦ ᠶᠦᠨ ᠪᠢᠶᠣᠣ ᠪᠠᠲᠯᠢᠶᠤᠨ᠎ᠤ ᠳᠠᠷᠤᠭ᠎ᠠ᠎ᠶᠢᠨ ᠲᠤᠰᠢᠶᠠᠯ᠎ᠢ ᠬᠠᠷᠢᠭᠤᠴᠠᠪᠠ᠃
ᠯᠦᠩ ᠶᠠᠨ ᠬᠣᠲᠠ᠎ᠶᠢᠨ ᠲᠡᠦᠬᠡ ᠣᠢᠯᠠᠯᠭ᠎ᠠ᠎ᠶᠢᠨ ᠰᠠᠯᠠᠭ᠎ᠠ ᠮᠥᠴᠢᠷ᠎ᠡᠴᠡ ᠶᠠᠫᠤᠨ᠎ᠢ ᠡᠰᠡᠷᠭᠦᠴᠡᠬᠦ ᠲᠡᠶ᠋ᠢᠨ᠎ᠦ ᠢᠯᠠᠯᠲᠠ᠎ᠶᠢᠨ ᠲᠡᠦᠬᠡᠨ ᠤᠯᠠ ᠮᠥᠷ᠎ᠢ ᠳᠤᠷᠠᠰᠬᠠᠬᠤ᠎ᠶᠢᠨ ᠲᠥᠯᠥᠭᠡ ᠴᠤᠭᠯᠠᠭᠤᠯᠤᠭᠰᠠᠨ ᠶᠠᠫᠤᠨ᠎ᠢ ᠡᠰᠡᠷᠭᠦᠴᠡᠬᠦ ᠲᠡᠶ᠋ᠢᠨ᠎ᠦ ᠬᠠᠭᠤᠴᠢᠨ ᠬᠡᠷᠡᠯ ᠵᠢᠷᠤᠭ᠎ᠤᠳ ᠨᠢ ᠦᠷᠡᠭᠳᠡᠭᠰᠡᠨ ᠪᠠᠭᠠᠲᠤᠷ ᠯᠢᠦ ᠶᠦᠨ ᠪᠢᠶᠣᠣ᠎ᠶᠢᠨ ᠠᠮᠢᠳᠤ ᠰᠡᠷᠡᠭᠦᠨ ᠪᠠᠢᠬᠤ ᠦᠶ᠎ᠡ᠎ᠶᠢᠨ ᠴᠤᠭ ᠵᠢᠪᠬᠤᠭ᠎ᠠ ᠲᠠᠢ ᠳᠦᠷᠢ ᠪᠠᠢᠳᠠᠯ ᠪᠣᠯᠣᠨ ᠮᠣᠷᠢᠲᠤ ᠴᠡᠷᠢᠭ᠎ᠦᠨ ᠬᠤᠷᠢᠶ᠎ᠠ᠎ᠵᠢᠨ ᠰᠦᠷ ᠬᠦᠴᠦᠨ᠎ᠢ ᠬᠠᠷᠠᠭᠤᠯᠵᠤ ᠪᠠᠢᠨ᠎ᠠ᠃ ᠯᠢᠦ ᠶᠦᠨ ᠪᠢᠶᠣᠣ 1937 ᠣᠨ᠎ᠤ 9 ᠰᠠᠷ᠎ᠠ᠎ᠳᠤ ᠨᠠᠢ᠍ᠮᠠᠳᠤᠭᠠᠷ ᠵᠠᠮ᠎ᠤᠨ ᠴᠡᠷᠢᠭ᠎ᠦᠨ ᠭᠣᠣᠯ ᠬᠦᠴᠦᠨ᠎ᠢ ᠳᠠᠭᠠᠵᠤ ᠤᠮᠠᠷᠠᠲᠤ ᠣᠷᠣᠨ᠎ᠤ ᠶᠠᠫᠤᠨ᠎ᠢ ᠡᠰᠡᠷᠭᠦᠴᠡᠬᠦ ᠡᠮᠦᠨ᠎ᠡ ᠹᠷᠣᠨᠲ᠎ᠲᠤ ᠬᠦᠷᠴᠦ᠂ ᠳᠠᠷᠠᠭ᠎ᠠ ᠨᠢ ᠴᠡᠷᠢᠭ ᠠᠩᠭᠢ᠎ᠪᠠᠨ ᠳᠠᠭᠠᠭᠤᠯᠤᠨ ᠫᠢᠩ ᠰᠢᠩ ᠭᠤᠸᠠᠨᠪᠤᠭᠤᠮᠳᠠᠵᠢᠨ ᠳᠠᠢᠯᠠᠯᠳᠤᠭᠠᠨ᠎ᠳᠤ ᠣᠷᠣᠯᠴᠠᠪᠠ᠃ ᠫᠢᠩ ᠰᠢᠩ ᠭᠤᠸᠠᠨ ᠪᠣᠭᠣᠮᠲᠠ᠎ᠶᠢᠨ ᠳᠠᠢᠯᠠᠯᠳᠤᠭᠠᠨ᠎ᠤ ᠬᠠᠵᠠᠭᠤ᠎ᠶᠢᠨ ᠠᠮᠤᠷ ᠲᠦᠪᠰᠢᠨ᠎ᠢ ᠪᠠᠲᠤᠯᠠᠵᠤ᠂ ᠶᠠᠫᠤᠨ ᠳᠡᠭᠡᠷᠡᠮ᠎ᠢ ᠤᠰᠠᠳᠬᠠᠬᠤ᠎ᠶᠢᠨ ᠲᠥᠯᠥᠭᠡ᠂ ᠯᠢᠦ ᠶᠦᠨ ᠪᠢᠶᠣᠣ ᠵᠠᠷᠯᠢᠭ᠋᠎ᠢᠶᠠᠷ ᠴᠡᠷᠢᠭ ᠠᠩᠭᠢ᠎ᠪᠠᠨ ᠳᠠᠭᠠᠭᠤᠯᠤᠨ ᠭᠠᠵᠠᠷ᠎ᠤᠨ ᠪᠠᠢᠴᠠ ᠪᠡᠷᠬᠡ ᠪᠠᠷᠲᠠᠭᠠᠲᠠᠢ ᠳ᠋ᠣᠣ ᠮᠠ ᠭᠤᠸᠠᠨ ᠪᠣᠭᠣᠮᠲᠠ᠎ᠶᠢ ᠡᠵᠡᠯᠡᠪᠡ᠃
《ᠳ᠋ᠣᠣ ᠮᠠ ᠭᠤᠸᠠᠨᠤ ᠳᠠᠢᠯᠠᠯᠳᠤᠭᠠᠨ᠎ᠳᠤ᠂ ᠯᠢᠦ ᠶᠦᠨ ᠪᠢᠶᠣᠣ ᠴᠡᠷᠢᠭ ᠠᠩᠭᠢ᠎ᠪᠠᠨ ᠳᠠᠭᠠᠭᠤᠯᠤᠨ ᠠᠭᠤᠯᠠᠨ ᠣᠷᠣᠨ᠎ᠤ ᠨᠠᠷᠢᠨ ᠵᠥᠷᠢᠭ ᠵᠠᠮ᠎ᠢᠶᠠᠷ 16 ᠴᠠᠭ ᠲᠦᠷᠭᠡᠨ ᠠᠶᠠᠯᠠᠵᠤ ᠲᠣᠭᠲᠠᠭᠰᠠᠨ ᠭᠠᠵᠠᠷ᠎ᠲᠠᠭᠠᠨ ᠬᠦᠷᠦᠭᠰᠡᠨ ᠪᠥᠭᠡᠳ ᠣᠢᠷ᠎ᠠ ᠬᠠᠪᠢ᠎ᠶᠢᠨ ᠶᠠᠫᠤᠨ ᠴᠡᠷᠢᠭ᠎ᠲᠠᠢ ᠬᠠᠷᠭᠤᠵᠤ ᠪᠠᠢᠯᠳᠤᠪᠠ》ᠭᠡᠵᠦ ᠹᠦᠵᠢᠶᠠᠨ᠎ᠤ ᠪᠠᠷᠠᠭᠤᠨ ᠬᠡᠰᠡᠭ᠎ᠦᠨ ᠬᠤᠪᠢᠰᠬᠠᠯ᠎ᠤᠨ ᠦᠷᠡᠭᠳᠡᠭᠰᠡᠨ ᠪᠠᠭᠠᠲᠤᠷᠴᠤᠳ᠎ᠤᠨ ᠳᠤᠷᠠᠰᠬᠠᠯ᠎ᠤᠨ ᠣᠷᠳᠣᠨ᠎ᠤ ᠤᠤᠯ᠎ᠤᠨ ᠳᠠᠷᠤᠭ᠎ᠠ ᠵᠢᠶᠠᠩ ᠬᠣᠩ ᠶᠢᠩ ᠬᠡᠯᠡᠪᠡ᠃ ᠯᠢᠦ ᠶᠦᠨ ᠪᠢᠶᠣᠣ ᠴᠡᠷᠢᠭ ᠠᠩᠭᠢ᠎ᠪᠠᠨ ᠵᠢᠯᠣᠭᠣᠳᠤᠨ ᠶᠠᠫᠤᠨ ᠴᠡᠷᠢᠭ᠎ᠦᠨ ᠪᠡᠬᠢᠯᠡᠯᠲᠡ᠎ᠶᠢ ᠪᠤᠯᠢᠶᠠᠨ ᠠᠪᠴᠤ᠂ ᠳ᠋ᠣᠣ ᠮᠠ ᠭᠤᠸᠠᠨ᠎ᠳᠤ ᠣᠢᠷᠠᠲᠤᠭᠰᠠᠨ ᠶᠠᠫᠤᠨ ᠴᠡᠷᠢᠭ᠎ᠦᠨ ᠵᠦᠭ ᠰᠢᠷᠦᠭᠦᠨ ᠳᠠᠭᠠᠷᠢᠯᠲᠠ ᠶᠠᠪᠤᠭᠤᠯᠵᠤ᠂ ᠵᠢᠯᠣᠭᠣᠳᠤᠭ᠍ᠴᠢ᠎ᠶᠢ ᠨᠢ ᠫᠤᠤᠳᠠᠨ ᠠᠯᠠᠪᠠ᠃ ᠡᠨᠡ ᠤᠳᠠᠭᠠᠨ᠎ᠤ ᠪᠠᠢᠯᠳᠤᠭᠠᠨ᠎ᠳᠤ ᠯᠢᠦ ᠶᠦᠨ ᠪᠢᠶᠣᠣ ᠵᠢᠨ ᠮᠣᠷᠢᠲᠤ ᠴᠡᠷᠢᠭ᠎ᠦᠨ ᠪᠠᠲᠯᠢᠶᠤᠨ ᠶᠠᠫᠤᠨ ᠴᠡᠷᠢᠭ᠎ᠦᠨ ᠣᠯᠠᠨ ᠤᠳᠠᠭᠠᠨ᠎ᠤ ᠳᠠᠭᠠᠷᠢᠯᠲᠠ᠎ᠶᠢ ᠴᠣᠬᠢᠨ ᠤᠬᠤᠷᠢᠭᠤᠯᠵᠠᠢ᠃ ᠬᠠᠷᠠᠩᠭᠤᠢ ᠪᠣᠯᠬᠤ᠎ᠳᠤ᠂ ᠲᠡᠷᠡ ᠴᠡᠷᠢᠭ ᠠᠩᠭᠢ᠎ᠪᠠᠨ ᠵᠢᠯᠣᠭᠣᠳᠤᠨ ᠳᠠᠢᠰᠤᠨ᠎ᠳᠤ ᠶᠡᠷᠦᠩᠬᠡᠢ ᠳᠠᠭᠠᠷᠢᠯᠲᠠ ᠶᠠᠪᠤᠭᠤᠯᠵᠤ᠂ ᠶᠠᠫᠤᠨ ᠴᠡᠷᠢᠭ᠎ᠢ ᠴᠤᠬᠢᠵᠤ ᠤᠬᠤᠷᠢᠭᠤᠯᠪᠠ᠃
1937 ᠣᠨ᠎ᠤ 10 ᠰᠠᠷ᠎ᠠ᠎ᠳᠤ᠂ ᠯᠢᠦ ᠶᠦᠨ ᠪᠢᠶᠣᠣ ᠪᠠᠰᠠ ᠤᠷᠢᠳ ᠬᠣᠵᠢᠳ ᠴᠡᠷᠢᠭ ᠠᠩᠭᠢ᠎ᠪᠠᠨ ᠳᠠᠭᠠᠭᠤᠯᠤᠨ ᠴᠢᠦᠢ ᠶᠠᠩ᠂ ᠲᠠᠩ ᠰᠢᠶᠠᠨ ᠵᠡᠷᠭᠡ ᠭᠠᠵᠠᠷ᠎ᠢ ᠡᠵᠡᠯᠡᠵᠦ᠂ ᠶᠡᠬᠡ ᠬᠡᠮᠵᠢᠶᠡᠨ᠎ᠦ ᠶᠠᠫᠤᠨ᠎ᠤ ᠬᠠᠭᠤᠷᠮᠠᠭ ᠴᠡᠷᠢᠭ᠎ᠢ ᠤᠰᠠᠳᠬᠠᠵᠤ᠂ ᠪᠧᠢ ᠶᠤᠸᠠᠢ ᠣᠷᠣᠨ᠎ᠤ ᠶᠠᠫᠤᠨ᠎ᠢ ᠡᠰᠡᠷᠭᠦᠴᠡᠬᠦ ᠰᠠᠭᠤᠷᠢᠨ ᠭᠠᠵᠠᠷ᠎ᠢ ᠪᠠᠢᠭᠤᠯᠪᠠ᠃ 1938 ᠣᠨ᠎ᠳᠤ᠂ ᠰᠢᠤᠢ᠍ᠢᠵᠸᠤ᠂ ᠦᠬᠠᠨ ᠵᠡᠷᠭᠡ ᠭᠠᠵᠠᠷ᠎ᠤᠨ ᠬᠠᠮᠲᠤᠷᠠᠭᠰᠠᠨ ᠪᠠᠢᠯᠳᠤᠭᠠᠨ᠎ᠳᠤ ᠬᠠᠮᠵᠢᠯᠴᠠᠬᠤ᠎ᠶᠢᠨ ᠲᠥᠯᠥᠭᠡ᠂ ᠯᠢᠦ ᠶᠦᠨ ᠪᠢᠶᠣᠣ ᠵᠠᠷᠯᠢᠭ᠋᠎ᠢᠶᠠᠷ ᠮᠣᠷᠢᠲᠤ ᠴᠡᠷᠢᠭ᠎ᠦᠨ ᠪᠠᠲᠯᠢᠶᠤᠨᠢ ᠳᠠᠭᠠᠭᠤᠯᠤᠨ ᠵᠢᠨ ᠫᠦ᠋ ᠱᠤᠭᠤᠮ ᠵᠦᠭ ᠲᠠᠭᠠᠷᠢᠵᠤ᠂ ᠤᠯᠠᠨ ᠤᠳᠠᠭ᠎ᠠ ᠶᠠᠫᠤᠨ ᠴᠡᠷᠢᠭ᠎ᠲᠠᠢ ᠰᠢᠷᠦᠭᠦᠨ ᠪᠠᠢᠯᠳᠤᠪᠠ᠃ ᠲᠤᠰ ᠵᠢᠯ᠎ᠦᠨ 10 ᠰᠠᠷ᠎ᠠ᠎ᠳᠤ᠂ ᠯᠢᠦ ᠶᠦᠨ ᠪᠢᠶᠣᠣ ᠡᠪᠡᠳᠴᠢᠨ᠎ᠲᠠᠢ ᠪᠠᠢᠲᠠᠯ᠎ᠠ᠎ᠪᠠᠨ ᠴᠡᠷᠢᠭ ᠠᠩᠭᠢ᠎ᠪᠠᠨ ᠳᠠᠭᠠᠭᠤᠯᠤᠨ ᠡᠳᠦᠷ ᠰᠥᠨᠢ ᠦᠭᠡᠢ 300 ᠭᠠᠷᠤᠢ ᠭᠠᠵᠠᠷ ᠠᠶᠠᠯᠠᠵᠤ᠂ 《ᠱᠦᠭᠦᠷᠳᠡᠯᠲᠡ》᠎ᠶ᠋ᠢ ᠡᠰᠡᠷᠭᠦᠴᠡᠬᠦ ᠳᠤᠮᠳᠠ ᠱᠠᠨ ᠰᠢ ᠴᠠᠬᠠᠷ ᠡᡁᠸᠪᠸᠢ ᠣᠷᠣᠨ᠎ᠤ ᠶᠠᠫᠤᠨ ᠴᠡᠷᠢᠭ᠎ᠦᠨ ᠭᠤᠤ ᠮᠸᠨ ᠪᠠᠯᠭᠠᠰᠤ᠎ᠶᠢᠨ ᠵᠢᠯᠤᠭᠣᠳᠬᠤ ᠭᠠᠵᠠᠷ᠎ᠲᠤ《ᠲᠣᠯᠣᠭᠠᠢ ᠴᠠᠪᠴᠢᠬᠤ ᠠᠵᠢᠯᠯᠠᠭ᠎ᠠ》ᠶᠠᠪᠤᠭᠤᠯᠵᠤ᠂ ᠶᠠᠫᠤᠨ ᠴᠡᠷᠢᠭ᠎ᠦᠨ ᠵᠢᠯᠤᠭᠣᠳᠬᠤ ᠭᠠᠵᠠᠷ᠎ᠢ ᠠᠮᠵᠢᠯᠲᠠ ᠲᠠᠢ ᠪᠡᠷ ᠴᠣᠬᠢᠨ ᠤᠨᠠᠭᠠᠪᠠ᠃
1940 ᠣᠨ᠎ᠤ ᠡᠬᠢ᠎ᠪᠡᠷ᠂ ᠯᠢᠦ ᠶᠦᠨ ᠪᠢᠶᠣᠣ ᠵᠢᠨ ᠮᠣᠷᠢᠲᠤ ᠴᠡᠷᠢᠭ᠎ᠦᠨ ᠪᠠᠲᠯᠢᠶᠤᠨᠢ ᠱᠠᠨ ᠰᠢ ᠴᠠᠬᠠᠷ ᠾᠸᠪᠸᠢ ᠵᠢᠨ ᠴᠡᠷᠢᠭ᠎ᠦᠨ ᠲᠣᠭᠣᠷᠢᠭ᠋᠎ᠤᠨ ᠭᠤᠷᠪᠠᠳᠤᠭᠠᠷ ᠬᠤᠪᠢᠶᠠᠷᠢ ᠲᠣᠭᠣᠷᠢᠭ᠋᠎ᠤᠨ ᠮᠣᠷᠢᠲᠤ ᠴᠡᠷᠢᠭ᠎ᠦᠨ ᠬᠣᠷᠢᠶ᠎ᠠ ᠪᠣᠯᠭᠠᠨ ᠥᠭᠡᠷᠡᠴᠢᠯᠡᠨ ᠪᠠᠢᠭᠤᠯᠪᠠ᠃ ᠲᠤᠰ ᠵᠢᠯ᠎ᠦᠨ 8 ᠰᠠᠷ᠎ᠠ᠎ᠳᠤ᠂ ᠲᠡᠷᠡ ᠵᠠᠷᠯᠢᠭ᠋᠎ᠢᠶᠠᠷ ᠴᠡᠷᠢᠭ ᠠᠩᠭᠢ᠎ᠪᠠᠨ ᠳᠠᠭᠠᠭᠤᠯᠤᠨ ᠵᠠᠭᠤᠨ ᠬᠤᠷᠢᠶ᠎ᠠ ᠴᠡᠷᠢᠭ᠎ᠤᠨ ᠳᠠᠢᠯᠠᠯᠳᠤᠭᠠᠨ᠎ᠳᠤ ᠣᠷᠣᠯᠴᠠᠵᠤ᠂ ᠾᠸᠪᠸᠢ ᠮᠤᠵᠢ᠎ᠶᠢᠨ ᠲᠠᠩ ᠰᠢᠶᠠᠨ᠂ ᠸᠠᠨ ᠰᠢᠶᠠᠨ (ᠤᠳᠤ᠎ᠶᠢᠨ ᠱᠦᠨ ᠫᠢᠩ ᠰᠢᠶᠠᠨ)᠂ ᠸᠠᠩ ᠳᠦ᠂ ᠪᠦᠦ ᠳ᠋ᠢᠩ ᠣᠷᠴᠢᠮ᠎ᠢᠶᠠᠷ ᠠᠶᠠᠯᠠᠨ ᠪᠠᠢᠯᠳᠤᠪᠠ᠃ ᠲᠤᠰ ᠵᠢᠯ᠎ᠦᠨ ᠡᠪᠦᠯ᠂ 《ᠱᠦᠭᠦᠷᠳᠡᠯᠲᠡ》᠎ᠶ᠋ᠢ ᠡᠰᠡᠷᠭᠦᠴᠡᠬᠦ ᠳᠤᠮᠳᠠ᠂ ᠲᠡᠷᠡ ᠴᠡᠷᠢᠭ ᠠᠩᠭᠢ᠎ᠪᠠᠨ ᠳᠠᠭᠠᠭᠤᠯᠤᠨ ᠤᠯᠠᠨ ᠲᠦᠮᠡᠨ᠎ᠢ ᠳᠠᠢ᠍ᠢᠴᠢᠯᠠᠨ ᠵᠠᠰᠠᠮᠠᠯ ᠵᠠᠮ ᠲᠡᠮᠦᠷ ᠵᠠᠮ᠎ᠢ 30 ᠭᠠᠷᠤᠢ ᠤᠳᠠᠭ᠎ᠠ ᠡᠪᠳᠡᠵᠦ᠂ 14 ᠤᠳᠠᠭ᠎ᠠ ᠰᠢᠷᠦᠭᠦᠨ ᠪᠠᠢᠯᠳᠤᠵᠤ᠂ ᠶᠠᠫᠤᠨ ᠳᠡᠭᠡᠷᠡᠮᠴᠢᠳ᠎ᠦᠨ ᠰᠥᠰᠥ᠎ᠶᠢ ᠬᠡᠮᠬᠡᠷᠡᠭᠦᠯᠦᠭᠰᠡᠨ ᠪᠠᠢᠨ᠎ᠠ᠃
ᠤᠷᠳᠤ ᠬᠤᠭᠤᠴᠠᠭᠠᠨ᠎ᠤ ᠪᠡᠷᠬᠡ ᠬᠠᠲᠠᠭᠤᠵᠢᠯᠲᠠᠢ ᠪᠠᠢᠯᠳᠤᠨ ᠲᠡᠮᠡᠴᠡᠬᠦ ᠠᠮᠢᠳᠤᠷᠠᠯ᠎ᠡᠴᠡ ᠪᠣᠯᠵᠤ ᠯᠢᠦ ᠶᠦᠨ ᠪᠢᠶᠣᠣ ᠠᠭᠤᠰᠬᠢᠨ ᠡᠪᠡᠳᠴᠢᠨ᠎ᠳᠦ ᠨᠡᠷᠪᠡᠭᠳᠡᠪᠡ᠂ ᠲᠡᠷᠡ ᠤᠯᠠᠨ ᠤᠳᠠᠭ᠎ᠠ ᠠᠮᠠᠷᠠᠵᠦ ᠡᠮᠨᠡᠨ ᠵᠠᠰᠠᠬᠤ ᠵᠢ ᠲᠡᠪᠴᠢᠭᠰᠡᠨ ᠡᠴᠡ ᠬᠠᠮᠤᠭ᠎ᠤᠨ ᠰᠠᠢᠨ ᠡᠮᠨᠡᠬᠦ ᠬᠤᠭᠤᠴᠠᠭ᠎ᠠ ᠵᠢ ᠠᠯᠲᠠᠵᠠᠢ᠃ 1942 ᠣᠨ᠎ᠤ 4 ᠰᠠᠷ᠎ᠠ᠎ᠶᠢᠨ 12 ᠤ᠋ᠨ ᠡᠳᠦᠷ᠂ ᠯᠢᠦ ᠶᠦᠨ ᠪᠢᠶᠣᠣ ᠡᠪᠡᠳᠴᠢᠨ᠎ᠢᠶᠡᠷ ᠾᠸᠪᠸᠢ ᠵᠢᠨ ᠰᠢᠶᠣᠣ ᠹᠸᠩ ᠰᠢᠶᠠᠨ᠎ᠳᠤ ᠨᠠᠰᠤ ᠪᠠᠷᠠᠪᠠ᠂ ᠰᠠᠶᠢ 29 ᠨᠠᠰᠤᠲᠠᠢ ᠪᠠᠢᠯ᠎ᠠ᠃ ᠲᠤᠰ ᠵᠢᠯ᠎ᠦᠨ 6 ᠰᠠᠷ᠎ᠠ᠎ᠳᠤ᠂ ᠱᠠᠨ ᠰᠢ ᠴᠠᠬᠠᠷ ᠾᠸᠪᠸᠢ ᠵᠢᠨ ᠬᠢᠵᠠᠭᠠᠷ ᠣᠷᠣᠨ᠎ᠤ ᠨᠠᠮ᠎ᠤᠨ ᠵᠣᠬᠢᠶᠠᠨ ᠪᠠᠢᠭᠤᠯᠤᠯᠲᠠ ᠪᠣᠯᠣᠨ ᠶᠠᠫᠤᠨ᠎ᠢ ᠡᠰᠡᠷᠭᠦᠴᠡᠬᠦ ᠵᠠᠰᠠᠭ᠎ᠤᠨ ᠣᠷᠳᠣᠨ ᠰᠢᠶᠣᠣ ᠹᠸᠩ ᠰᠢᠶᠠᠨ᠎ᠢ ᠶᠦᠨ ᠪᠢᠶᠣᠣ ᠰᠢᠶᠠᠨ ᠭᠡᠵᠦ ᠬᠠᠯᠠᠪᠠ᠃ 1953 ᠣᠨ᠎ᠳᠤ ᠦᠷᠡᠭᠳᠡᠭᠰᠡᠨ ᠪᠠᠭᠠᠲᠤᠷᠴᠤᠳ᠎ᠤᠨ ᠴᠢᠨᠳᠠᠷ᠎ᠢ ᠤᠮᠠᠷᠠᠲᠤ᠎ᠶᠢᠨ ᠴᠡᠷᠢᠭ᠎ᠦᠨ ᠲᠣᠭᠣᠷᠢᠭ᠋᠎ᠤᠨ ᠦᠷᠡᠭᠳᠡᠭᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ᠎ᠳᠦ ᠰᠢᠯᠵᠢᠭᠦᠯᠦᠨ ᠣᠷᠣᠰᠢᠭᠤᠯᠪᠠ᠃
ᠯᠢᠦ ᠶᠦᠨ ᠪᠢᠶᠣᠣ᠎ᠶᠢᠨ ᠣᠬᠣᠷᠬᠠᠨ ᠪᠥᠭᠡᠳ ᠭᠡᠷᠡᠯ ᠰᠠᠴᠤᠷᠠᠩᠭᠤᠢ ᠨᠢᠭᠡ ᠨᠠᠰᠤ ᠨᠢ ᠨᠤᠲᠤᠭ ᠤᠰᠤᠨ᠎ᠤ ᠬᠢᠨᠢ ᠥᠨᠢᠳᠡ᠎ᠶᠢᠨ ᠣᠮᠣᠭ᠍ᠰᠢᠯ ᠪᠣᠯᠵᠠᠢ᠃《ᠦᠷᠡᠭᠳᠡᠭᠰᠡᠨ ᠪᠠᠭᠠᠲᠤᠷᠴᠤᠳ᠎ᠤᠨ ᠨᠠᠮ᠎ᠤᠨ ᠬᠤᠪᠢᠰᠬᠠᠯᠲᠤ ᠦᠢᠯᠡᠰ᠎ᠲᠦ ᠬᠢᠵᠠᠭᠠᠯᠠᠰᠢ ᠦᠭᠡᠢ ᠦᠨᠡᠨᠴᠢ ᠰᠢᠳᠤᠷᠭᠤ ᠪᠠᠢᠬᠤ᠂ ᠡᠷᠡᠯᠬᠡᠭ ᠪᠠᠭᠠᠲᠤᠷᠯᠢᠭ᠋᠎ᠢᠶᠠᠷ ᠪᠠᠢᠯᠳᠤᠭᠠᠨ᠎ᠳᠤ ᠣᠷᠣᠯᠴᠠᠬᠤ ᠵᠣᠷᠢᠭ᠋ ᠰᠠᠨᠠᠭ᠎ᠠ᠎ᠶᠢ ᠤᠯᠠᠮᠵᠢᠯᠠᠨ ᠪᠠᠳᠠᠷᠠᠭᠤᠯᠬᠤ᠎ᠶᠢᠨ ᠲᠥᠯᠥᠭᠡ᠂ ᠹᠦᠵᠢᠶᠠᠨ᠎ᠤ ᠪᠠᠷᠠᠭᠤᠨ ᠬᠡᠰᠡᠭ᠎ᠦᠨ ᠬᠤᠪᠢᠰᠬᠠᠯ᠎ᠤᠨ ᠲᠡᠦᠬᠡ᠎ᠶᠢᠨ ᠮᠦᠽᠧᠢ᠎ᠳᠦ ᠦᠷᠡᠭᠳᠡᠭᠰᠡᠨ ᠪᠠᠭᠠᠲᠤᠷ ᠯᠢᠦ ᠶᠦᠨ ᠪᠢᠶᠣᠣ ᠵᠢᠨ ᠦᠢᠯᠡ ᠠᠵᠢᠯᠯᠠᠭ᠎ᠠ᠎ᠶᠢᠨ ᠦᠵᠡᠭᠦᠯᠭᠡ᠎ᠶᠢᠨ ᠲᠣᠭᠣᠷᠢᠭ᠋ ᠲᠣᠬᠢᠷᠠᠭᠤᠯᠪᠠ》᠃ ᠴᠠᠩ ᠲᠢᠩ ᠰᠢᠶᠠᠨ᠎ᠤ ᠨᠠᠮ᠎ᠤᠨ ᠬᠤᠷᠢᠶ᠎ᠠ᠎ᠵᠢᠨ ᠨᠠᠮ᠎ᠤᠨ ᠲᠡᠦᠬᠡ ᠣᠷᠣᠨ ᠨᠤᠲᠤᠭ᠎ᠤᠨ ᠣᠢᠯᠠᠯᠭ᠎ᠠ ᠰᠤᠳᠤᠯᠬᠤ ᠲᠠᠰᠤᠭ᠎ᠤᠨ ᠡᠷᠬᠢᠯᠡᠭᠴᠢ ᠸᠠᠩ ᠶᠢᠩ᠂ ᠣᠢᠷ᠎ᠠ᠎ᠶᠢᠨ ᠵᠢᠯ᠎ᠡᠴᠡ ᠨᠠᠭᠠᠰᠢ᠂ ᠵᠠᠰᠠᠭ᠎ᠤᠨ ᠣᠷᠳᠣᠨ ᠪᠠᠰᠠ ᠯᠦ᠍ ᠲᠠᠨ ᠲᠣᠰᠬᠣᠨ᠎ᠢ ᠬᠤᠪᠢᠰᠬᠠᠯᠲᠤ ᠬᠥᠮᠦᠵᠢᠯ᠎ᠦᠨ ᠰᠠᠭᠤᠷᠢᠨ ᠪᠣᠯᠭᠠᠵᠤ᠂ ᠦᠷᠡᠭᠳᠡᠭᠰᠡᠨ ᠪᠠᠭᠠᠲᠤᠷ ᠯᠢᠦ ᠶᠦᠨ ᠪᠢᠶᠣᠣ᠎ᠶᠢᠨ ᠬᠠᠭᠤᠴᠢᠨ ᠰᠠᠭᠤᠴᠠ᠎ᠶᠢ ᠰᠡᠯᠪᠢᠨ ᠵᠠᠰᠠᠬᠤ ᠵᠡᠷᠭᠡ᠎ᠶᠢ ᠤᠯᠤᠰ᠎ᠤᠨ ᠤᠷᠳᠤ ᠵᠠᠮ᠎ᠤᠨ ᠠᠶᠠᠨ ᠲᠠᠢ᠍ᠢᠨ᠎ᠦ ᠰᠣᠶᠣᠯ᠎ᠤᠨ ᠴᠡᠴᠡᠷᠯᠢᠭ᠎ᠦᠨ ᠪᠦᠲᠦᠭᠡᠨ ᠪᠠᠢᠭᠤᠯᠤᠯᠲᠠ᠎ᠶᠢᠨ ᠲᠦᠷᠦᠯ ᠵᠦᠢᠯ᠎ᠳᠦ ᠣᠷᠣᠭᠤᠯᠪᠠ ᠭᠡᠵᠡᠢ᠃
(ᠰᠢᠨᠬᠤᠸᠠ ᠬᠤᠷᠢᠶ᠎ᠠ᠎ᠵᠢᠨ ᠹᠦᠵᠧᠦ᠎ᠶᠢᠨ ᠴᠠᠬᠢᠯᠭᠠᠨ ᠮᠡᠳᠡᠭᠡ)