ᠠᠨᠾᠦ᠋ᠢ ᠮᠤᠵᠢ ᠶᠢᠨ ᠡᡁᠸᠹᠸᠢ ᠬᠤᠳᠠ ᠶᠢᠨ ᠱᠤ᠌ ᠱᠠᠨ ᠤ ᠦᠷᠡᠭᠳᠡᠭᠰᠡᠨ ᠪᠠᠭᠠᠲᠤᠷᠴᠤᠳ ᠤᠨ ᠪᠤᠩᠬᠤᠨ ᠤ ᠬᠦᠷᠢᠶᠡᠯᠡᠩ ᠦᠨ ᠬᠦᠬᠡᠷᠡᠨ ᠨᠤᠭᠤᠭᠠᠷᠠᠭᠰᠠᠨ ᠨᠠᠷᠠᠰᠤ ᠮᠠᠢᠯᠠᠰᠤ ᠶᠢᠨ ᠳᠤᠮᠳᠠ᠂ ᠶᠠᠫᠤᠨ ᠢ ᠡᠰᠡᠷᠭᠦᠴᠡᠭᠰᠡᠨ ᠦᠷᠡᠭᠳᠡᠭᠰᠡᠨ ᠪᠠᠭᠠᠲᠤᠷ ᠼᠠᠢ ᠪᠢᠩ ᠶᠠᠨ ᠵᠠᠩᠵᠤᠨ᠎ᠤ ᠬᠦᠷᠡᠯ ᠱᠤᠭᠤᠮᠠᠯ ᠨᠠᠮ ᠵᠢᠮ ᠰᠦᠨᠳᠡᠷᠯᠡᠨ᠎ᠡ᠃ ᠲᠠᠢᠯᠪᠤᠷᠢᠯᠠᠭ᠍ᠴᠢ ᠬᠦᠨᠭᠭᠢᠨᠡᠮᠡ ᠬᠤᠭᠤᠯᠠᠢ ᠪᠡᠷ ᠶᠠᠫᠤᠨ᠎ᠢ ᠡᠰᠡᠷᠭᠦᠴᠡᠬᠦ ᠳᠠᠶ᠋ᠢᠨ᠎ᠦ ᠦᠯᠢᠭᠡᠷ ᠲᠣᠮᠣᠭᠢ ᠶᠠᠷᠢᠬᠤ ᠳ᠋ᠤ ᠪᠠᠭᠴᠠ ᠪᠠᠭᠴᠠ ᠪᠡᠷ ᠠᠶᠠᠷᠬᠠᠨ ᠲᠠᠯᠪᠢᠭ᠍ᠰᠠᠨ ᠴᠠᠭᠠᠨ ᠤᠳᠪᠠᠯᠠ ᠴᠡᠴᠡᠭ ᠰᠠᠨᠠᠯ ᠮᠥᠷᠥᠭᠡᠳᠦᠯ᠎ᠢ ᠳᠠᠭᠤ ᠦᠭᠡᠢ ᠲᠤᠭᠠᠴᠢᠨ᠎ᠠ᠃
1902 ᠣᠨ᠎ᠳᠤ᠂ ᠼᠠᠢ ᠪᠢᠩ ᠶᠠᠨ ᠾᠧᠹᠧᠢ᠎ᠶᠢᠨ ᠵᠡᠭᠦᠨ ᠲᠡᠭᠦᠷᠭᠡ᠎ᠶᠢᠨ ᠬᠤ᠌ ᠴᠢᠶᠠᠨ ᠲᠣᠰᠬᠣᠨ᠎ᠳᠤ ᠲᠦᠷᠦᠪᠡ᠃ ᠲᠡᠷᠡ ᠭᠡᠷ᠎ᠦᠨ ᠰᠤᠷᠭᠠᠭᠤᠯᠢ ᠳ᠋ᠤ ᠰᠢᠷᠭᠠᠭᠤ ᠰᠤᠷᠤᠯᠴᠠᠵᠤ ᠪᠠᠢᠬᠤ ᠳ᠋ᠠᠭᠠᠨ ᠯᠢᠶᠠᠩ ᠴᠢ ᠴᠤᠤ᠎ᠶᠢᠨ 《ᠶᠢᠨ ᠪᠢᠨᠭ ᠲᠠᠰᠤᠭ᠎ᠤᠨ ᠵᠣᠬᠢᠶᠠᠯ᠎ᠤᠨ ᠲᠡᠭᠦᠪᠦᠷᠢ》 ᠶ᠋ᠢ ᠤᠩᠰᠢᠬᠤ ᠳᠤᠷᠠᠲᠠᠢ ᠪᠠᠢᠵᠤ᠂ 《ᠳᠡᠯᠡᠬᠡᠢ ᠳ᠋ᠠᠬᠢᠨ᠎ᠤ ᠮᠠᠨᠳᠤᠯ ᠬᠦᠭᠵᠢᠯ ᠳᠤᠷᠤᠢᠳᠠᠯ ᠪᠠᠭᠤᠷᠠᠯᠢ ᠥᠪᠡᠷ᠎ᠦᠨ ᠡᠭᠦᠷᠭᠡ ᠬᠠᠷᠢᠭᠤᠴᠠᠯᠭ᠎ᠠ᠎ᠪᠡᠨ ᠪᠣᠯᠭᠠᠬᠤ》 ᠣᠮᠣᠭ ᠲᠡᠭᠦᠯᠳᠡᠷ ᠬᠦᠰᠡᠯ ᠵᠣᠷᠢᠯᠲᠠ᠎ᠲᠠᠢ ᠪᠠᠢᠵᠠᠢ᠃ 17 ᠨᠠᠰᠤᠲᠠᠢ ᠰᠤᠷᠤᠯᠭ᠎ᠠ᠎ᠪᠠᠨ ᠳᠣᠷᠭᠣᠨ ᠵᠣᠭᠰᠣᠬᠤ ᠦᠶ᠎ᠡ᠎ᠳᠦ᠂ ᠲᠡᠷᠡ ᠬᠡᠳᠦᠢᠪᠡᠷ ᠬᠥᠳᠡᠭᠡ ᠲᠣᠰᠬᠣᠨ᠎ᠳᠤ ᠪᠢᠴᠢᠭ ᠵᠢᠭᠠᠵᠤ ᠪᠠᠢᠭᠰᠠᠨ ᠪᠣᠯᠪᠠᠴᠤ ᠲᠠᠪᠤᠨ ᠰᠠᠷ᠎ᠠ᠎ᠶᠢᠨ ᠳᠥᠷᠪᠡᠨ᠎ᠦ ᠶᠡᠬᠡ ᠤᠷᠤᠰᠬᠠᠯ᠎ᠤᠨ ᠨᠦᠯᠦᠭᠡ ᠪᠡᠷ᠂ ᠠᠷᠠᠳ ᠢᠷᠭᠡᠳ᠎ᠢ ᠠᠪᠤᠷᠠᠬᠤ ᠤᠯᠤᠰ᠎ᠵᠢᠡᠨ ᠠᠪᠤᠷᠠᠬᠤ ᠦᠷ᠎ᠡ ᠨᠢᠭᠡᠨᠲᠡ ᠲᠡᠭᠦᠨ᠎ᠦ ᠰᠡᠳᠬᠢᠯ᠎ᠳᠦ ᠰᠣᠶᠣᠭᠠᠯᠠᠪᠠ᠃
1924 ᠣᠨ᠎ᠳᠤ᠂ ᠼᠠᠢ ᠪᠢᠩ ᠶᠠᠨ ᠲᠦᠩ ᠮᠧᠩ ᠬᠤᠢ ᠡᠪᠯᠡᠯ᠎ᠦᠨ ᠠᠬᠠᠮᠠᠳ ᠭᠡᠰᠢᠭᠦᠨ ᠪᠠᠢᠭᠰᠠᠨ ᠨᠠᠭᠠᠴᠤ ᠠᠪᠤ ᠳ᠋ᠧᠩ ᠽᠢ ᠶᠦᠨ᠎ᠤ ᠵᠢᠯᠣᠭᠣᠳᠤᠯᠭ᠎ᠠ ᠳᠣᠣᠷ᠎ᠠ ᠬᠤᠸᠠᠩᠫᠦ᠋ ᠴᠡᠷᠢᠭ᠎ᠦᠨ ᠰᠤᠷᠭᠠᠭᠤᠯᠢ᠎ᠳᠤ ᠣᠷᠣᠵᠤ᠂ 《ᠤᠯᠤᠰ᠎ᠢᠶᠠᠨ ᠠᠪᠤᠷᠠᠵᠤ ᠠᠷᠠᠳ᠎ᠢᠶᠠᠨ ᠠᠪᠤᠷᠠᠬᠤ》ᠪᠤᠳᠤᠯ ᠨᠢ ᠲᠡᠭᠦᠨ᠎ᠦ ᠰᠡᠳᠬᠢᠯ᠎ᠳᠦ ᠨᠡᠩ ᠭᠦᠨ ᠬᠠᠳᠠᠩᠰᠢᠵᠠᠢ᠃ ᠲᠡᠭᠦᠰᠦᠭᠰᠡᠨ᠎ᠦ ᠳᠠᠷᠠᠭ᠎ᠠ᠂ ᠼᠠᠢ ᠪᠢᠩ ᠶᠠᠨ ᠬᠤᠪᠢᠰᠬᠠᠯ᠎ᠤᠨ ᠰᠢᠨ᠎ᠡ ᠬᠦᠴᠦᠨ ᠪᠣᠯᠵᠤ᠂ ᠢᠷᠭᠡᠨ᠎ᠦ ᠬᠤᠪᠢᠰᠬᠠᠯᠲᠤ ᠴᠡᠷᠢᠭ᠎ᠢ ᠳᠠᠭᠠᠨ ᠳᠠᠢᠨ ᠪᠠᠢᠯᠳᠤᠭᠠᠨ ᠳ᠋ᠤ ᠤᠷᠤᠯᠴᠠᠵᠤ᠂ 13 ᠵᠢᠯ᠎ᠦᠨ ᠬᠤᠭᠤᠴᠠᠭᠠᠨ᠎ᠳᠤ ᠤᠳᠠᠭ᠎ᠠ ᠳᠠᠷᠠᠭᠠᠯᠠᠨ ᠭᠠᠪᠢᠶ᠎ᠠ ᠪᠠᠢᠭᠤᠯᠪᠠ᠃
1937 ᠣᠨ᠎ᠳᠤ᠂ ᠶᠠᠫᠤᠨ᠎ᠢ ᠡᠰᠡᠷᠭᠦᠴᠡᠬᠦ ᠲᠠᠢ᠍ᠢᠨ ᠪᠦᠬᠦ ᠲᠠᠯ᠎ᠠ᠎ᠪᠠᠷ ᠡᠬᠢᠯᠡᠪᠡ᠂ ᠲᠤᠬᠠᠢ᠎ᠵᠢᠨ ᠦᠶ᠎ᠡ᠎ᠳ᠋ᠤ ᠼᠠᠢ ᠪᠢᠩ ᠶᠠᠨ ᠢᠷᠭᠡᠨ᠎ᠦ ᠬᠤᠪᠢᠰᠬᠠᠯᠲᠤ ᠴᠡᠷᠢᠭ᠎ᠦᠨ ᠬᠠᠭᠤᠷᠠᠢ ᠵᠠᠮ᠎ᠤᠨ ᠴᠡᠷᠢᠭ᠎ᠦᠨ 18 ᠳ᠋ᠤᠭᠠᠷ ᠠᠷᠮᠢ᠎ᠶᠢᠨ 67 ᠳ᠋ᠤᠭᠠᠷ ᠳ᠋ᠢᠸᠢᠽᠢ᠎ᠶᠢᠨ 201 ᠳ᠋ᠤᠭᠡᠷ ᠪᠠᠷᠢᠭᠠᠳᠠ᠎ᠶᠢᠨ ᠬᠣᠰᠢᠭᠤᠴᠢ ᠭᠸᠨ᠋ᠸᠷᠡᠯ ᠪᠠᠷᠢᠭᠠᠳᠠ᠎ᠶᠢᠨ ᠳᠠᠷᠤᠭ᠎ᠠ ᠪᠣᠯᠤᠭᠠᠳ ᠪᠠᠢᠪᠠ᠃ 8 ᠰᠠᠷ᠎ᠠ᠎ᠶᠢᠨ 13 ᠤ᠋ ᠡᠳᠦᠷ᠂ ᠰᠦᠩ ᠬ᠍ᠤ ᠵᠢᠨ ᠬᠠᠮᠲᠤᠷᠠᠭᠰᠠᠨ ᠪᠠᠢᠯᠳᠤᠭᠠᠨ ᠡᠬᠢᠯᠡᠵᠦ᠂ ᠼᠠᠢ ᠪᠢᠩ ᠶᠠᠨ᠄《ᠴᠡᠷᠢᠭ ᠬᠥᠮᠥᠨ ᠦᠬᠦᠬᠦ᠎ᠡᠴᠡ ᠠᠶᠤᠬᠤ ᠦᠭᠡᠢ᠂ ᠤᠯᠤᠰ᠎ᠤᠨ᠎ᠢᠶᠠᠨ ᠲᠥᠯᠥᠭᠡ ᠦᠬᠦᠵᠦ ᠳᠡᠢᠯᠬᠦ ᠦᠭᠡᠢ᠎ᠡᠴᠡ ᠯᠡ ᠠᠶᠤᠨ᠎ᠠ!》ᠭᠡᠬᠦ ᠳᠠᠢᠨ ᠳ᠋ᠤ ᠤᠷᠤᠬᠤ ᠪᠡᠷ ᠭᠤᠶᠤᠴᠢᠯᠠᠬᠤ ᠪᠢᠴᠢᠭ ᠪᠢᠴᠢᠵᠦ᠂ 5000 ᠬᠥᠮᠥᠨ ᠳᠠᠭᠠᠭᠤᠯᠤᠨ ᠰᠥᠨᠢ ᠳᠦᠯᠢ᠎ᠪᠡᠷ ᠬᠣᠵᠢᠮ᠎ᠤᠨ ᠬᠥᠮᠥᠰ᠎ᠲᠦ 《ᠴᠢᠰᠤ ᠮᠢᠬᠠᠨ᠎ᠤ ᠲᠡᠭᠡᠷᠮ᠎ᠡ》 ᠬᠡᠮᠡᠭᠳᠡᠭᠰᠡᠨ ᠱᠠᠩᠬᠠᠢ᠎ᠶᠢᠨ ᠯᠥᠸᠧ ᠳ᠋ᠢᠶᠠᠨ᠎ᠤ ᠳᠠᠢ᠍ᠢᠨ᠎ᠦ ᠲᠠᠯᠠᠪᠤᠷ᠎ᠢ ᠲᠤᠰᠠᠯᠠᠪᠠ᠃ 8 ᠰᠠᠷ᠎ᠠ᠎ᠶᠢᠨ 26 ᠤ᠋ ᠡᠳᠦᠷ᠎ᠦᠨ ᠥᠷᠯᠥᠭᠡ᠎ᠶᠢᠨ 3 ᠴᠠᠭ᠎ᠲᠤ᠂ ᠼᠠᠢ ᠪᠢᠩ ᠶᠠᠨ ᠴᠡᠷᠢᠭ ᠠᠨᠭᠭᠢ ᠪᠠᠨ ᠵᠢᠯᠤᠭᠤᠳᠤᠨ ᠶᠠᠫᠤᠨ ᠴᠡᠷᠢᠭ᠎ᠦᠨ ᠭᠣᠣᠯ ᠬᠦᠴᠦᠨ᠎ᠦ ᠡᠭᠦᠷᠯᠡᠵᠦ ᠪᠠᠢᠭᠰᠠᠨ ᠯᠦ᠍ ᠣᠪᠣᠭᠲᠤ᠎ᠶᠢᠨ ᠭᠡᠷ᠎ᠲᠦ ᠳᠠᠭᠠᠷᠢᠯᠲᠠ ᠶᠠᠪᠤᠭᠤᠯᠵᠤ᠂ ᠶᠠᠫᠤᠨ ᠴᠡᠷᠢᠭ᠎ᠲᠠᠢ ᠠᠮᠢ ᠴᠦᠯᠡᠨ ᠪᠠᠢᠯᠳᠤᠪᠠ᠂ ᠰᠢᠷᠦᠭᠦᠨ ᠪᠠᠢᠯᠳᠤᠭᠠᠨ ᠳᠤᠮᠳᠠ ᠲᠡᠷᠡ ᠬᠡᠳᠦᠨ ᠰᠤᠮᠤᠨ᠎ᠳᠤ ᠣᠨᠣᠭᠳᠠᠵᠤ᠂ ᠪᠠᠭᠠᠲᠤᠷᠯᠢᠭ᠋᠎ᠢᠶᠠᠷ ᠪᠡᠶ᠎ᠡ ᠦᠷᠡᠭᠳᠡᠵᠡᠢ᠂ ᠰᠠᠶᠢ 35 ᠨᠠᠰᠤᠲᠠᠢ ᠪᠠᠢᠯ᠎ᠠ᠃
ᠴᠡᠷᠢᠭ ᠳᠠᠭᠠᠭᠤᠯᠤᠨ ᠱᠠᠩᠬᠠᠢ᠎ᠳᠤ ᠬᠦᠷᠬᠦ ᠵᠠᠮ ᠵᠠᠭᠤᠷ᠎ᠠ ᠪᠠᠨ᠂ ᠼᠠᠢ ᠪᠢᠩ ᠶᠠᠨ ᠲᠤᠬᠠᠢ᠎ᠶᠢᠨ ᠦᠶ᠎ᠡ᠎ᠶᠢᠨ ᠠᠨᠾᠦ᠋ᠢ ᠮᠤᠵᠢ᠎ᠶᠢᠨ ᠲᠥᠪ ᠠᠨᠴᠢᠩ᠎ᠳᠤ ᠡᠬᠡᠨᠡᠷ ᠵᠤᠤ ᡁᠢ ᠰᠢᠤᠸᠠᠢ ᠪᠣᠯᠣᠨ ᠦᠷ᠎ᠡ ᠬᠡᠦᠬᠡᠳᠵᠢᠡᠨ ᠤᠨᠭᠭᠤᠴᠠᠨ ᠡᠴᠡ ᠪᠠᠭᠤᠯᠭᠠᠵᠤ᠂ ᠠᠶᠠᠷᠯᠠᠨ ᠰᠠᠯᠬᠤ ᠦᠶ᠎ᠡ᠎ᠳᠡᠭᠡᠨ ᠡᠬᠡᠨᠡᠷᠲᠡᠬᠡᠨ᠄ ᠴᠢ ᠦᠷ᠎ᠡ ᠬᠡᠦᠬᠡᠳ᠎ᠢᠶᠡᠨ ᠰᠠᠢᠲᠤᠷ ᠬᠠᠷᠠᠭᠠᠯᠵᠠᠬᠤ᠎ᠡᠴᠡ ᠭᠠᠳᠠᠨ᠎ᠠ ᠪᠠᠰᠠ ᠡᠮᠡᠭᠲᠡᠢᠴᠦᠳ᠎ᠦᠨ ᠶᠠᠫᠤᠨ᠎ᠢ ᠡᠰᠡᠷᠭᠦᠴᠡᠵᠦ ᠮᠥᠬᠥᠯ᠎ᠡᠴᠡ ᠠᠪᠤᠷᠠᠬᠤ ᠪᠦᠯᠬᠦᠮ᠎ᠳᠦ ᠣᠷᠣᠯᠴᠠᠵᠤ᠂ ᠤᠯᠤᠰ ᠬᠦᠷᠤᠨ᠎ᠳᠡᠭᠡᠨ ᠬᠦᠴᠦ ᠪᠡᠨ ᠡᠷᠭᠦᠭᠡᠷᠡᠢ ᠭᠡᠵᠦ ᠵᠠᠬᠢᠪᠠ᠃ ᠲᠤᠢᠯ᠎ᠤᠨ ᠬᠠᠷᠭᠢᠰ ᠬᠡᠷᠴᠡᠭᠡᠢ ᠰᠦᠩ ᠬ᠍ᠤ᠌ ᠵᠢᠨ ᠬᠠᠮᠲᠤᠷᠠᠭᠰᠠᠨ ᠪᠠᠢᠯᠳᠤᠭᠠᠨ᠎ᠤ ᠬᠤᠭᠤᠴᠠᠭᠠᠨ ᠳ᠋ᠤ᠂ ᠼᠠᠢ ᠪᠢᠩ ᠶᠠᠨ 8 ᠰᠠᠷ᠎ᠠ᠎ᠶᠢᠨ 21 ᠡᠴᠡ 22 ᠤ᠋ᠨ ᠡᠳᠦᠷ ᠪᠣᠯᠲᠠᠯ᠎ᠠ ᠵᠠᠯᠭᠠᠭ᠎ᠠ᠎ᠪᠠᠷ ᠤᠯᠠᠨ ᠠᠷᠪᠢᠨ ᠭᠡᠷ᠎ᠦᠨ ᠵᠠᠬᠢᠳᠠᠯ ᠪᠢᠴᠢᠵᠤ ᠢᠯᠡᠭᠡᠪᠡ᠂ ᠡᠳᠡᠭᠡᠷ ᠵᠠᠬᠢᠳᠠᠯ ᠳ᠋ᠤ ᠡᠬᠡᠨᠡᠷ ᠬᠡᠦᠬᠡᠳ᠎ᠲᠡᠬᠡᠨ ᠬᠣᠷᠭᠣᠳᠠᠬᠤ ᠬᠠᠢᠷ᠎ᠠ ᠰᠡᠳᠬᠢᠯᠭᠡ ᠠᠭᠤᠯᠵᠤ ᠪᠠᠢᠬᠤ ᠪᠥᠭᠡᠳ ᠠᠮᠢ ᠪᠡᠶ᠎ᠠ ᠪᠠᠨ ᠴᠦᠯᠡᠵᠦ ᠤᠯᠤᠰ ᠤᠷᠤᠨ ᠳ᠋ᠠᠭᠠᠨ ᠵᠢᠳᠬᠦᠬᠦᠬᠠᠭᠠᠴᠡᠨ ᠰᠠᠯᠬᠤ ᠰᠠᠨᠠᠭ᠎ᠠ ᠪᠠᠰᠠ ᠢᠯᠡᠷᠡᠵᠦ ᠪᠠᠢᠪᠠ᠃ ᠡᠬᠡᠨᠡᠷᠲᠡᠬᠡᠨ ᠥᠭᠭᠦᠭᠰᠡᠨ ᠬᠠᠮᠤᠭ᠎ᠤᠨ ᠰᠡᠭᠦᠯᠴᠢ᠎ᠶᠢᠨ ᠨᠢᠭᠡ ᠭᠡᠷ᠎ᠦᠨ ᠵᠠᠬᠢᠳᠠᠯ ᠳ᠋ᠠᠭᠠᠨ ᠲᠡᠷᠡ᠄《ᠤᠯᠤᠰ ᠤᠷᠤᠨ ᠠᠶᠤᠯ ᠲᠦᠭᠰᠢᠭᠦᠷᠢ᠎ᠳᠤ ᠲᠤᠯᠭᠠᠷᠠᠭᠠᠳ᠂ ᠨᠢᠭᠡᠨᠲᠡ ᠬᠠᠮᠤᠭ᠎ᠤᠨ ᠡᠴᠦᠰ᠎ᠦᠨ ᠵᠠᠩᠭᠢᠯᠠᠭ᠎ᠠ᠎ᠶᠢᠨ ᠦᠶ᠎ᠡ ᠪᠣᠯᠣᠭᠠᠳ ᠪᠠᠢᠨ᠎ᠠ᠂ ᠤᠯᠤᠰ ᠤᠷᠤᠨ᠎ᠵᠢᠡᠨ ᠬᠠᠮᠠᠭᠠᠯᠠᠵᠤ ᠳᠡᠢᠯᠬᠦ ᠦᠭᠡᠢ ᠪᠤᠯ ᠭᠡᠷ ᠪᠦᠯᠢ ᠬᠡᠷᠬᠢᠨ ᠤᠷᠤᠰᠢᠨ ᠲᠣᠭᠲᠠᠨᠢᠵᠤ ᠴᠢᠳᠠᠬᠤ ᠠᠵᠢ?》 ᠭᠡᠵᠦ ᠪᠢᠴᠢᠵᠡᠢ᠂ 4 ᠡᠳᠦᠷ᠎ᠦᠨ ᠳᠠᠷᠠᠭ᠎ᠠ᠂ ᠲᠡᠷᠡ ᠤᠯᠤᠰ᠎ᠤᠨ᠎ᠢᠶᠠᠨ ᠲᠥᠯᠥᠭᠡ ᠪᠡᠶ᠎ᠡ ᠦᠷᠡᠭᠳᠡᠪᠡ᠃
ᠼᠠᠢ ᠪᠢᠩ ᠶᠠᠨ ᠪᠡᠶ᠎ᠡ ᠦᠷᠡᠭᠳᠡᠭᠰᠡᠨᠦ ᠳᠠᠷᠠᠭ᠎ᠠ᠂ ᠢᠷᠭᠡᠨ᠎ᠦ ᠵᠠᠰᠠᠭ᠎ᠤᠨ ᠣᠷᠳᠣᠨ ᠲᠡᠭᠦᠨ᠎ᠢ ᠬᠠᠭᠤᠷᠠᠢ ᠵᠠᠮ᠎ᠤᠨ ᠴᠡᠷᠢᠭ᠎ᠦᠨ ᠳᠡᠰᠯᠡᠭᠴᠢ ᠭᠸᠨ᠋ᠸᠷᠡᠯ ᠵᠢᠡᠷ ᠨᠡᠬᠡᠮᠵᠢᠯᠡᠨ ᠡᠷᠭᠦᠮᠵᠢᠯᠡᠪᠡ᠃ 1985 ᠣᠨ᠎ᠳᠤ᠂ ᠠᠨᠾᠦ᠋ᠢ ᠮᠤᠵᠢ᠎ᠶᠢᠨ ᠠᠷᠠᠳ᠎ᠤᠨ ᠵᠠᠰᠠᠭ᠎ᠤᠨ ᠣᠷᠳᠣᠨ᠎ᠡᠴᠡ ᠼᠠᠢ ᠪᠢᠩ ᠶᠠᠨ ᠢ ᠬᠤᠪᠢᠰᠬᠠᠯ᠎ᠤᠨ ᠦᠷᠡᠭᠳᠡᠭᠰᠡᠨ ᠪᠠᠭᠠᠲᠤᠷ ᠢᠶᠠᠷ ᠨᠡᠬᠡᠮᠵᠢᠯᠡᠨ ᠵᠥᠪᠰᠢᠶᠡᠷᠡᠵᠦ᠂ ᠴᠢᠨᠳᠠᠷ᠎ᠢ ᠨᠢ ᠳᠠᠷᠠᠭ᠎ᠠ ᠵᠢᠯ ᠳ᠋ᠦ᠍ᠨᠢ ᠾᠧᠹᠧᠢ ᠬᠤᠳᠠ᠎ᠳᠤ ᠰᠢᠯᠵᠢᠭᠦᠯᠦᠨ ᠣᠷᠣᠰᠢᠭᠤᠯᠪᠠ᠃ 2014 ᠣᠨ᠎ᠤ 9 ᠰᠠᠷ᠎ᠠ᠎ᠳᠤ᠂ ᠼᠠᠢ ᠪᠢᠩ ᠶᠠᠨ ᠠᠷᠠᠳ᠎ᠤᠨ ᠶᠠᠪᠤᠳᠠᠯ᠎ᠤᠨ ᠶᠠᠮᠤᠨ᠎ᠤ ᠨᠡᠢᠲᠡᠯᠡᠭᠰᠡᠨ ᠠᠩᠬᠠᠳᠠᠭ᠍ᠴᠢ ᠪᠦᠯᠦᠭ ᠶᠠᠫᠤᠨ᠎ᠢ ᠡᠰᠡᠷᠭᠦᠴᠡᠭᠰᠡᠨ ᠠᠯᠳᠠᠷᠲᠤ ᠦᠷᠡᠭᠳᠡᠭᠰᠡᠨ ᠪᠠᠭᠠᠲᠤᠷ ᠪᠣᠯᠣᠨ ᠪᠠᠭᠠᠲᠤᠷᠯᠢᠭ᠋ ᠬᠥᠮᠥᠰ᠎ᠦᠨ ᠨᠡᠷᠡᠰ᠎ᠲᠦ ᠵᠢᠭ᠍ᠰᠠᠭᠠᠭᠳᠠᠪᠠ᠃
2018 ᠣᠨ᠎ᠤ ᠬᠠᠩᠰᠢ᠎ᠶᠢᠨ ᠡᠳᠦᠷ᠂ ᠼᠠᠢ ᠪᠢᠩ ᠶᠠᠨ ᠪᠡᠶ᠎ᠡ ᠦᠷᠡᠭᠳᠡᠬᠦ ᠦᠶ᠎ᠡ᠎ᠳᠦ ᠰᠠᠶᠢ ᠤᠢ ᠲᠤᠯᠵᠤ ᠪᠠᠢᠭᠰᠠᠨ ᠬᠦᠦ ᠼᠠᠢ ᠵᠧ ᠱᠧᠩ ᠨᠢ ᠠᠪᠤ᠎ᠳᠠᠭᠠᠨ 81 ᠵᠢᠯ ᠠᠯᠤᠰᠯᠠᠭᠰᠠᠨ ᠬᠠᠷᠢᠭᠤ ᠵᠠᠬᠢᠳᠠᠯ ᠪᠢᠴᠢᠵᠦ᠄《ᠶᠠᠫᠤᠨ᠎ᠢ ᠡᠰᠡᠷᠭᠦᠴᠡᠬᠦ ᠲᠠᠢ᠍ᠢᠨ ᠢᠯᠠᠯᠲᠠ ᠣᠯᠪᠠ!ᠬᠠᠯᠠ ᠵᠣᠪᠠᠯᠠᠩ ᠠᠮᠰᠠᠭᠰᠠᠨ ᠳᠤᠮᠳᠠᠳᠤ᠎ᠶᠢᠨ ᠦᠨᠳᠦᠰᠦᠲᠡᠨ ᠪᠣᠰᠴᠤ ᠵᠣᠭᠰᠣᠭᠰᠠᠨ᠂ ᠪᠠᠶᠠᠵᠢᠭ᠍ᠰᠠᠨ᠎ᠡᠴᠡ᠎ᠪᠠᠨ ᠬᠦᠴᠦᠷᠬᠡᠭᠵᠢᠭᠰᠡᠨ ᠲᠡᠦᠬᠡᠲᠦ ᠴᠢᠨᠠᠷᠲᠠᠢ ᠦᠰᠦᠷᠦᠯᠲᠡ᠎ᠶᠢ ᠪᠡᠶᠡᠯᠡᠭᠦᠯᠪᠡ᠃ ᠲᠠᠨ᠎ᠤ ᠬᠦᠰᠡᠵᠦ ᠪᠠᠢᠭᠰᠠᠨ ᠠᠯᠢᠪᠠ ᠪᠦᠬᠦᠨ᠎ᠢ ᠪᠢ ᠲᠠᠨ᠎ᠳᠤ ᠭᠡᠷᠡᠴᠢᠯᠡᠵᠦ ᠥᠭᠬᠦᠯ᠎ᠡ!》 ᠭᠡᠵᠡᠢ᠃
ᠼᠠᠢ ᠪᠢᠩ ᠶᠠᠨ᠎ᠢ ᠳᠤᠷᠠᠰᠬᠠᠬᠤ᠎ᠶᠢᠨ ᠲᠥᠯᠥᠭᠡ᠂ ᠡᡁᠸᠹᠸᠢ ᠬᠤᠳᠠ᠎ᠶᠢᠨ ᠵᠠᠰᠠᠭ᠎ᠤᠨ ᠣᠷᠳᠣᠨ ᠲᠡᠭᠦᠨ ᠦ ᠬᠠᠭᠤᠴᠢᠨ ᠰᠠᠭᠤᠴᠠ᠎ᠶᠢᠨ ᠣᠢᠷᠠᠯᠴᠠᠭᠠᠬᠢ ᠵᠠᠮ᠎ᠢ 《ᠪᠢᠩ ᠶᠠᠨ ᠵᠠᠮ》 ᠭᠡᠵᠦ ᠥᠭᠡᠷᠡᠴᠢᠯᠡᠨ ᠨᠡᠷᠡᠢᠳᠪᠡ᠂ ᠡᠨᠡ ᠬᠦ᠌ ᠲᠡᠷᠭᠡ ᠤᠨᠤᠭ᠎ᠠ ᠰᠦᠯᠵᠢᠯᠳᠦᠭᠰᠡᠨ᠂ ᠥᠨᠳᠥᠷ ᠠᠰᠠᠷ ᠰᠡᠬᠦᠢᠨ ᠰᠦᠨᠳᠡᠷᠯᠡᠭᠰᠡᠨ ᠵᠡᠭᠡᠯᠢ ᠭᠤᠳᠤᠮᠵᠢ᠎ᠪᠠᠷ ᠡᠮᠦᠨᠡᠰᠢᠶᠠᠪᠤᠪᠠᠯ᠂ ᠲᠣᠭ᠎ᠠ ᠲᠣᠮᠰᠢ ᠦᠭᠡᠢ ᠤᠯᠠᠨ ᠦᠷᠡᠭᠳᠡᠭᠰᠡᠨ ᠪᠠᠭᠠᠲᠤᠷᠴᠤᠳ᠎ᠤᠨ ᠬᠦᠰᠡᠨ ᠮᠥᠷᠥᠭᠡᠳᠴᠦ ᠪᠠᠢᠭᠰᠠᠨ 《ᠰᠡᠷᠭᠦᠨ ᠮᠠᠨᠳᠤᠯᠲᠠ ᠵᠢᠨ ᠵᠠᠮ》 ᠳ᠋ᠤ ᠬᠦᠷᠳᠡᠭ᠃ ᠡᠳᠦᠭᠡ᠂ ᠡᠨᠳᠡᠬᠢ ᠨᠢ ᠬᠤᠪᠢᠰᠬᠠᠯᠲᠤ ᠤᠳᠤᠮᠰᠢᠯ᠎ᠢ ᠤᠯᠠᠮᠵᠢᠯᠠᠨ ᠵᠠᠯᠭᠠᠮᠵᠢᠯᠠᠬᠤ ᠴᠢᠬᠤᠯᠠ ᠪᠡᠯᠭᠡ ᠲᠡᠮᠳᠡᠭ ᠪᠣᠯᠵᠤ᠂ ᠵᠠᠯᠠᠭᠤᠴᠤᠳ ᠪᠠᠭᠠᠴᠤᠳ ᠡᠨᠳᠡ ᠢᠷᠡᠵᠥ ᠦᠷᠡᠭᠳᠡᠭᠰᠡᠨ ᠪᠠᠭᠠᠲᠤᠷᠴᠤᠳ᠎ᠤᠨ ᠦᠢᠯᠡ ᠠᠵᠢᠯᠯᠠᠭ᠎ᠠ᠎ᠶᠢ ᠰᠣᠨᠣᠰᠴᠤ᠂ ᠲᠤᠬᠠᠢ᠎ᠶᠢᠨ ᠭᠠᠵᠠᠷ᠎ᠤᠨ ᠳᠤᠮᠳᠠᠳᠤ ᠪᠠᠭ᠎ᠠ ᠰᠤᠷᠭᠠᠭᠤᠯᠢ ᠨᠢ ᠪᠠᠰᠠ ᠼᠠᠢ ᠪᠢᠩ ᠶᠠᠨ᠎ᠤ ᠭᠡᠷ᠎ᠦᠨ ᠵᠠᠬᠢᠳᠠᠯ᠎ᠢ ᠦᠵᠡᠯ ᠰᠠᠨᠠᠭ᠎ᠠ ᠤᠯᠤᠰ ᠲᠦᠷᠦ᠎ᠶᠢᠨ ᠬᠢᠴᠢᠶᠡᠯ᠎ᠦᠨ ᠲᠠᠩᠬᠢᠮ᠎ᠳᠤ ᠠᠭᠤᠰᠤᠯᠴᠠᠭᠤᠯᠵᠤ᠂ ᠤᠯᠤᠰ ᠤᠷᠤᠨ ᠵᠢᠡᠨ ᠬᠡᠬᠦ ᠬᠠᠢᠷ᠎ᠠ ᠰᠡᠳᠬᠢᠯᠭᠡ᠎ᠶᠢ ᠵᠤᠵᠠᠭᠠᠳᠬᠠᠵᠤ ᠪᠠᠢᠨ᠎ᠠ᠃
ᠼᠠᠢ ᠪᠢᠩ ᠶᠠᠨ᠎ᠤ 《ᠤᠯᠤᠰ᠎ᠢᠶᠠᠨ ᠬᠠᠢᠷᠠᠯᠠᠵᠤ᠂ ᠠᠷᠠᠳ ᠲᠦᠮᠡᠨ᠎ᠢᠶᠡᠨ ᠬᠠᠢᠷᠠᠯᠠᠵᠤ᠂ ᠭᠡᠷ ᠪᠦᠯᠢ᠎ᠪᠡᠨ ᠬᠠᠢᠷᠠᠯᠠᠬᠤ》 ᠭᠡᠷ ᠦᠨ ᠰᠤᠷᠭᠠᠯ ᠨᠢ ᠲᠡᠭᠦᠨ᠎ᠤ ᠦᠷ᠎ᠡ ᠬᠣᠢᠴᠢᠰ᠎ᠤᠨ ᠤᠯᠠᠮᠵᠢᠯᠠᠯ ᠳᠣᠣᠷ᠎ᠠ᠂ ᠨᠤᠲᠤᠭ᠎ᠤᠨ ᠠᠷᠠᠳ ᠲᠦᠮᠡᠨ᠂ ᠵᠠᠯᠠᠭᠤ ᠨᠢᠭᠡ ᠦᠶ᠎ᠡ᠎ᠶᠢᠨ ᠬᠢᠨᠢ ᠨᠥᠯᠥᠭᠡᠯᠡᠵᠦ ᠪᠠᠢᠨ᠎ᠠ᠃
《ᠨᠡᠶ᠋ᠢᠲᠡ᠎ᠶᠢᠨ ᠲᠥᠯᠥᠭᠡ ᠵᠢᠳᠬᠦᠵᠦ ᠬᠠᠤᠯᠢ᠎ᠶᠢ ᠰᠠᠬᠢᠬᠤ᠂ ᠠᠷᠢᠭᠤᠨ ᠴᠢᠬᠡᠴᠢ᠎ᠪᠡᠷ ᠪᠡᠶ᠎ᠡ᠎ᠪᠡᠨ ᠪᠠᠷᠢᠬᠤ᠂ ᠴᠢᠷᠮᠠᠢᠨ ᠠᠵᠢᠯᠯᠠᠬᠤ᠂ ᠬᠤᠪᠢ᠎ᠶᠢᠨ ᠠᠰᠢᠭ᠋᠎ᠢ ᠦᠯᠦ ᠬᠥᠭᠡᠭᠡᠴᠡᠯᠳᠦᠬᠦ》 ᠪᠣᠯ ᠲᠡᠭᠦᠨ᠎ᠤ ᠬᠦᠦ ᠼᠠᠢ ᠵᠧ ᠱᠸᠨᠭᠤᠨ ᠨᠠᠰᠤᠨ ᠲᠤᠷᠰᠢᠲᠠ ᠳ᠋ᠠᠭᠠᠨ ᠵᠢᠷᠤᠮᠯᠠᠭᠰᠠᠨ ᠢᠲᠡᠭᠡᠯ ᠪᠢᠰᠢᠷᠡᠯ ᠪᠤᠯᠤᠨ᠎ᠠ᠃ 2023 ᠣᠨ᠎ᠳᠤ ᠨᠠᠰᠤ ᠪᠠᠷᠠᠬᠤ᠎ᠡᠴᠡ ᠪᠠᠨ ᠡᠮᠦᠨ᠎ᠡ᠂ ᠲᠡᠷᠡ ᠪᠠᠰᠠ ᠦᠷᠭᠦᠯᠵᠢ ᠲᠤᠬᠠᠢ᠎ᠶᠢᠨ ᠭᠠᠵᠠᠷ᠎ᠤᠨ ᠳᠤᠮᠳᠠᠳᠤ ᠪᠠᠭ᠎ᠠ ᠰᠤᠷᠭᠠᠭᠤᠯᠢ᠂ ᠨᠡᠢᠭᠡᠮ ᠲᠣᠭᠣᠷᠢᠭ᠋᠎ᠤᠨ ᠨᠡᠶ᠋ᠢᠲᠡ᠎ᠶᠢᠨ ᠠᠰᠠᠷᠠᠮᠵᠢ᠎ᠶᠢᠨ ᠬᠢᠴᠢᠶᠡᠯ᠎ᠦᠨ ᠲᠠᠩᠬᠢᠮ᠎ᠳᠤ ᠶᠠᠫᠤᠨ᠎ᠢ ᠡᠰᠡᠷᠭᠦᠴᠡᠬᠦ ᠳᠠᠢ᠍ᠢᠨ᠎ᠦ ᠦᠯᠢᠭᠡᠷ᠎ᠢ ᠶᠠᠷᠢᠵᠤ ᠪᠠᠢᠪᠠ᠃
《ᠪᠢ ᠡᠪᠦᠭᠡ᠎ᠶᠢᠨ ᠵᠣᠷᠢᠭ᠋ ᠰᠠᠨᠠᠭᠠᠨ᠎ᠤ ᠨᠥᠯᠥᠭᠡ᠎ᠶᠢ ᠭᠦᠨ ᠬᠦᠷᠲᠡᠭᠰᠡᠨ ᠪᠤᠯᠬᠤᠷ ᠵᠢᠭᠠᠬᠠᠨ ᠤᠳᠬ᠎ᠠ ᠠᠭᠤᠯᠭ᠎ᠠ᠎ᠲᠠᠢ ᠤᠴᠢᠷ ᠬᠢᠭᠰᠡᠨ ᠯᠡ ᠲᠡᠳᠦᠢ》᠃ 2023 ᠣᠨ᠎ᠳᠤ᠂ ᠼᠠᠢ ᠪᠢᠩ ᠶᠠᠨ᠎ᠤ ᠣᠮᠪᠣᠯᠣ᠌ ᠼᠠᠢ ᠸᠸᠨ ᠭᠸ ᠪᠢᠩ ᠶᠠᠨ ᠵᠠᠮ᠎ᠤᠨ ᠬᠠᠵᠠᠭᠤ ᠳ᠋ᠤ ᠭᠣᠣᠯ᠎ᠳᠤ ᠦᠰᠦᠷᠦᠨ ᠣᠷᠣᠵᠤ᠂ ᠨᠢᠭᠡᠨ ᠤᠰᠤᠨ᠎ᠳᠤ ᠤᠨᠠᠭᠰᠠᠨ ᠬᠥᠮᠥᠨ᠎ᠢ ᠠᠪᠤᠷᠠᠨ ᠭᠠᠷᠭᠠᠵᠠᠢ᠃ ᠵᠠᠮ᠎ᠤᠨ ᠬᠥᠮᠥᠰ᠎ᠦᠨ ᠰᠡᠭᠦᠳᠡᠷᠯᠡᠭᠰᠡᠨ ᠸᠢᠳᠢᠤ᠋ ᠨᠢ ᠰᠦᠯᠵᠢᠶᠡᠨᠠᠨᠳᠠ ᠨᠠᠷ᠎ᠤᠨ ᠮᠠᠭᠲᠠᠭᠠᠯ ᠰᠠᠢᠰᠢᠶᠠᠯ᠎ᠢ ᠣᠯᠵᠤ᠂ ᠲᠡᠭᠦᠨ᠎ᠦ ᠪᠡᠶ᠎ᠡ᠎ᠶᠢᠨ ᠭᠠᠷᠤᠯ᠎ᠢ ᠮᠡᠳᠡᠭᠰᠡᠨ᠎ᠦ ᠳᠠᠷᠠᠭ᠎ᠠ᠂ ᠣᠯᠠᠨ᠎ᠢᠶᠠᠷ᠎ᠢᠶᠠᠨ ᠪᠠᠰᠠ ᠼᠠᠢ ᠪᠢᠩ ᠶᠠᠨ ᠵᠠᠩᠵᠤᠨ᠎ᠤ ᠵᠣᠷᠢᠭ᠋ ᠰᠠᠨᠠᠭᠠᠨ᠎ᠤ ᠤᠯᠠᠮᠵᠢᠯᠠᠯᠳᠤ ᠰᠡᠳᠬᠢᠯ ᠬᠦᠳᠡᠯᠪᠡ᠃
ᠰᠦᠩ ᠬ᠍ᠤ᠎ᠶᠢᠨ ᠳᠠᠢᠨ᠎ᠤ ᠭᠠᠯ ᠠᠷᠢᠯᠤᠭᠰᠠᠨ ᠪᠤᠯᠪᠠᠴᠤ ᠼᠠᠢ ᠪᠢᠩ ᠶᠠᠨ ᠵᠠᠩᠵᠤᠨ᠎ᠤ ᠠᠷᠢᠭᠤᠨ ᠴᠢᠰᠤ ᠪᠠ ᠠᠮᠢ ᠨᠠᠰᠤ᠎ᠪᠠᠷ᠎ᠢᠶᠠᠨ ᠪᠢᠴᠢᠭᠯᠡᠭᠰᠡᠨ ᠤᠯᠤᠰ ᠭᠡᠷ᠎ᠦᠨ ᠶᠡᠬᠡ ᠵᠢᠷᠤᠮ ᠨᠢ ᠬᠠᠷᠢᠨ ᠤᠨᠲᠠᠷᠠᠰᠢ ᠦᠭᠡᠢ ᠣᠴᠢ ᠰᠢᠭ᠋᠎ᠢᠶᠡᠷ ᠦᠶ᠎ᠡ ᠦᠶ᠎ᠡ᠎ᠶᠢᠨ ᠤᠯᠠᠮᠵᠢᠯᠠᠯ ᠳᠤᠮᠳᠠ ᠤᠷᠤᠭᠰᠢᠯᠠᠯᠲᠠ᠎ᠶᠢᠨ ᠵᠠᠮ᠎ᠢ ᠬᠡᠷᠡᠯᠳᠦᠬᠦᠯᠦᠨ᠎ᠡ᠃
(ᠰᠢᠨᠬᠤᠸᠠ ᠬᠤᠷᠢᠶ᠎ᠠ᠎ᠵᠢᠨ ᠾᠧᠹᠧᠢ᠎ᠶᠢᠨ ᠴᠠᠬᠢᠯᠭᠠᠨ ᠮᠡᠳᠡᠭᠡ )