ᠪᠠᠶᠠᠵᠢᠯ ᠤ᠋ᠨ ᠬᠡᠰᠢᠭ ᠳᠠᠯᠠᠯᠤᠭᠰᠠᠨ ᠰᠢᠨ᠎ᠠ ᠬᠤᠪᠢᠰᠤᠯᠳᠠ
2025-08-22 10:11:25
ᠵᠣᠬᠢᠶᠠᠭ᠍ᠴᠢ᠄
ᠪᠤᠶᠠᠠᠡᠨᠡᠷᠢᠯ ᠸᠴᠢᠷ ᠰᠦᠷᠳᠡᠢ
ᠣᠩᠱᠢᠭ᠍ᠰᠠᠨ ᠣᠳᠠᠭ᠎ᠠ᠄
★★★☆☆

《ᠤᠶᠤᠨᠴᠢ ᠬᠤᠨᠢ ᠤᠬᠢᠶᠠᠬᠤ ᠳᠡᠭᠦᠵᠢᠯᠡᠭᠦᠷ ᠢ᠋ ᠤᠭᠰᠠᠷᠠᠭᠰᠠᠨ ᠤ᠋ ᠳᠠᠷᠠᠭ᠎ᠠ 1000 ᠭᠠᠷᠤᠢ ᠬᠤᠨᠢ ᠪᠡᠨ 4 ᠴᠠᠭ ᠤ᠋ᠨ ᠳᠤᠳᠤᠷ᠎ᠠ ᠤᠬᠢᠶᠠᠴᠢᠬᠠᠵᠠᠢ᠂ ᠬᠦᠴᠦᠨ ᠳ᠋ᠤ ᠠᠷᠪᠢᠳᠠᠢ ᠪᠦᠭᠡᠳ ᠬᠦᠮᠦᠨ ᠨᠢ ᠴᠤ᠌ ᠮᠠᠯ ᠤ᠋ᠨ ᠡᠮ ᠳ᠋ᠤ ᠬᠤᠤᠷᠳᠠᠬᠤ ᠠᠶᠤᠯ ᠦᠬᠡᠢ ᠶᠤᠮ》 ᠭᠡᠵᠦ ᠤᠷᠳᠤᠰ ᠬᠤᠳᠠ ᠶ᠋ᠢᠨ ᠦᠦᠰᠢᠨ ᠬᠤᠰᠢᠭᠤᠨ ᠤ᠋ ᠰᠦᠯᠳᠡ ᠰᠤᠮᠤ ᠵᠢᠨ ᠲᠦᠩᠱ᠌ᠢ ᠭᠠᠴᠠᠭᠠᠨ ᠤ᠋ ᠨᠠᠷᠢᠨ ᠴᠠᠶ᠋ᠢᠳᠠᠮ ᠠᠮᠢ ᠠᠬᠤᠢ ᠶ᠋ᠢᠨ ᠭᠡᠷ ᠪᠦᠯᠢ ᠶ᠋ᠢᠨ ᠮᠠᠯᠵᠢᠯ ᠤ᠋ᠨ ᠲᠠᠯᠠᠪᠠᠢ ᠶ᠋ᠢᠨ ᠮᠠᠯᠴᠢᠨ ᠴᠡᠩᠬᠡᠯ ᠪᠠᠶᠠᠷ ᠳᠠᠢ ᠬᠡᠯᠡᠨ᠎ᠠ᠃

ᠮᠠᠯᠴᠢᠨ ᠴᠡᠩᠬᠡᠯ ᠪᠤᠯ ᠦᠦᠰᠢᠨ ᠬᠤᠰᠢᠭᠤᠨ ᠤ᠋ ᠤᠷᠳᠤᠰ ᠤ᠋ᠨ ᠨᠠᠷᠢᠨ ᠨᠤᠤᠰᠤᠳᠤ ᠬᠤᠨᠢ ᠵᠢᠨ ᠠᠵᠤ ᠦᠢᠯᠡᠰ ᠢ᠋ ᠬᠦᠭᠵᠢᠬᠦᠯᠬᠦ ᠵᠢᠱ᠌ᠢᠶ᠎ᠡ ᠦᠵᠡᠬᠦᠯᠬᠦ ᠡᠷᠦᠬᠡ ᠪᠤᠯᠬᠤ ᠪᠦᠭᠡᠳ ᠤᠷᠳᠤᠰ ᠤ᠋ᠨ ᠨᠠᠷᠢᠨ ᠨᠤᠤᠰᠤᠳᠤ ᠬᠤᠨᠢ ᠵᠢᠨ ᠢᠬᠡᠷ᠎ᠡ ᠬᠤᠷᠠᠭ᠎ᠠ ᠲᠦᠯᠯᠡᠭᠦᠯᠬᠦ ᠳᠤᠷᠰᠢᠯᠳᠠ ᠶ᠋ᠢᠨ ᠡᠷᠦᠬᠡ ᠶᠤᠮ᠃ ᠡᠳᠡᠨ ᠤ᠋ ᠬᠢᠨ 2017 ᠤᠨ ᠳ᠋ᠤ ᠨᠠᠷᠢᠨ ᠴᠠᠶ᠋ᠢᠳᠠᠮ ᠠᠮᠢ ᠠᠬᠤᠢ ᠶ᠋ᠢᠨ ᠭᠡᠷ ᠪᠦᠯᠢ ᠶ᠋ᠢᠨ ᠮᠠᠯᠵᠢᠯ ᠤ᠋ᠨ ᠲᠠᠯᠠᠪᠠᠢ ᠶ᠋ᠢ ᠪᠠᠢᠭᠤᠯᠵᠤ᠂ ᠳᠡᠷᠢᠬᠦᠨ ᠤ᠋ ᠮᠠᠯ ᠠᠵᠤ ᠠᠬᠤᠢ ᠶ᠋ᠢᠨ ᠮᠡᠷᠭᠡᠵᠢᠯ ᠢ᠋ ᠵᠠᠯᠭᠠᠭ᠎ᠠ ᠪᠡᠷ ᠤᠷᠤᠭᠤᠯᠤᠨ ᠠᠪᠴᠢᠷᠠᠵᠤ᠂ ᠠᠯᠤᠰ ᠡᠴᠡ ᠡᠵᠡᠮᠳᠡᠬᠦ ᠣᠶᠤᠨᠴᠢ ᠲᠡᠵᠢᠭᠡᠪᠦᠷᠢ ᠶ᠋ᠢᠨ ᠰᠢᠰᠲᠧᠮ ᠢ᠋ ᠤᠭᠰᠠᠷᠠᠨ᠂ ᠤᠳᠤᠬᠢᠴᠢᠯᠠᠭᠰᠠᠨ ᠤᠶᠤᠨᠴᠢ ᠮᠠᠯᠵᠢᠯ ᠤ᠋ᠨ ᠳᠠᠯᠠᠪᠠᠢ ᠵᠢ ᠪᠠᠢᠭᠤᠯᠵᠤ ᠡᠬᠢᠯᠡᠪᠠ᠃ ᠡᠨᠡ ᠬᠦ᠌ ᠤᠶᠤᠨᠴᠢ ᠲᠡᠵᠢᠭᠡᠪᠤᠷᠢ ᠶ᠋ᠢᠨ ᠰᠢᠰᠲᠧᠮ ᠢ᠋ ᠨᠢ ᠭᠠᠷ ᠤᠳᠠᠰᠤ ᠪᠡᠷ ᠠᠯᠤᠰ ᠡᠴᠡ ᠡᠵᠡᠮᠳᠡᠵᠦ ᠳᠡᠢᠯᠬᠦ ᠪᠦᠭᠡᠳ ᠮᠠᠯ ᠤᠨᠤᠭ᠎ᠠ ᠪᠡᠨ ᠮᠠᠰᠢᠨᠴᠢᠯᠠᠨ ᠤᠬᠢᠶᠠᠬᠤ᠂ ᠲᠡᠵᠢᠭᠡᠬᠦ ᠴᠠᠭ ᠪᠠ ᠲᠡᠵᠢᠭᠡᠬᠦ ᠬᠡᠮᠵᠢᠶ᠎ᠡ ᠵᠢ ᠰᠢᠨᠵᠢᠯᠡᠬᠦ ᠤᠬᠠᠭᠠᠨᠴᠢ ᠪᠠᠷ ᠲᠣᠬᠢᠷᠠᠭᠤᠯᠬᠤ᠂ ᠲᠡᠵᠢᠭᠡᠪᠦᠷᠢ ᠶ᠋ᠢᠨ ᠲᠥᠰᠥᠯ ᠢ᠋ ᠦᠨᠳᠦᠰᠦᠯᠡᠨ ᠲᠡᠵᠢᠭᠡᠯ ᠪᠣᠷᠳᠣᠭ᠎ᠠ ᠶ᠋ᠢᠨ ᠬᠠᠷᠢᠴᠠᠯ ᠵᠢᠴᠢ ᠲᠡᠵᠢᠭᠡᠭᠰᠡᠨ ᠪᠠᠢᠳᠠᠯ ᠢ᠋ ᠪᠥᠬᠥ ᠲᠠᠯ᠎ᠠ ᠪᠠᠷ ᠲᠡᠮᠳᠡᠭᠯᠡᠬᠦ᠂ ᠲᠣᠮᠣ᠌ ᠳ᠋ᠠᠢᠲ᠋ᠠ ᠶ᠋ᠢᠨ ᠣᠶᠤᠨᠴᠢ ᠵᠠᠳᠠᠯᠤᠯᠲᠠ ᠬᠢᠬᠦ ᠪᠠᠷ ᠳᠠᠮᠵᠢᠨ ᠳᠡᠵᠢᠭᠡᠯ ᠪᠤᠷᠳᠤᠭᠠᠨ ᠤ᠋ ᠨᠠᠢᠷᠠᠯᠭ᠎ᠠ ᠶ᠋ᠢᠨ ᠵᠦᠢ ᠵᠣᠬᠢᠰᠲᠠᠢ ᠴᠢᠨᠠᠷ ᠢ᠋ ᠵᠠᠳᠠᠯᠬᠤ᠂ ᠮᠠᠯ ᠤ᠋ᠨ ᠥᠰᠦᠯᠲᠡ ᠶ᠋ᠢᠨ ᠪᠠᠢᠳᠠᠯ᠂ ᠡᠷᠡᠭᠦᠯ ᠮᠡᠨᠳᠦ ᠶ᠋ᠢᠨ ᠪᠠᠢᠳᠠᠯ ᠢ᠋ ᠴᠠᠭ ᠲᠤᠬᠠᠢ ᠳ᠋ᠤᠨᠢ ᠬᠢᠨᠠᠨ ᠬᠡᠮᠵᠢᠬᠦ ᠵᠡᠷᠭᠡ ᠴᠢᠳᠠᠮᠵᠢ ᠵᠢ ᠪᠦᠷᠢᠯᠳᠦᠬᠦᠯᠵᠡᠢ᠃《ᠬᠥᠮᠥᠨ ᠤ᠋ ᠬᠦᠴᠦᠨ ᠳ᠋ᠤ ᠠᠷᠪᠢᠳᠠᠢ ᠪᠡᠷ ᠪᠠᠷᠠᠬᠤ ᠦᠭᠡᠢ ᠲᠡᠵᠢᠭᠡᠯ ᠪᠣᠷᠳᠣᠭ᠎ᠠ ᠶ᠋ᠢᠨ ᠠᠰᠢᠭ᠍ᠯᠠᠮᠵᠢ ᠵᠢ 20% ᠣᠷᠴᠢᠮ ᠳᠡᠭᠡᠭᠰᠢᠯᠡᠭᠦᠯᠪᠠ》 ᠭᠡᠵᠦ ᠴᠡᠩᠬᠡᠯ ᠰᠤᠷᠪᠤᠯᠵᠢᠯᠠᠭᠴᠢ ᠳ᠋ᠤ ᠳᠠᠨᠢᠯᠴᠠᠭᠤᠯᠤᠨ᠎ᠠ᠃


QQ20250822-101023.png


     ᠤᠷᠳᠤᠰ ᠤ᠋ᠨ ᠨᠠᠷᠢᠨ ᠨᠤᠤᠰᠤᠳᠤ ᠬᠤᠨᠢ           

            ᠪᠤᠶᠠᠨᠳᠤ  ᠰᠡᠭᠦᠳᠡᠷᠯᠡᠪᠡ


ᠣᠷᠳᠣᠰ ᠤ᠋ᠨ ᠥᠨᠳᠥᠷᠯᠢᠭ ᠤ᠋ᠨ ᠪᠠᠷᠠᠭᠤᠨ ᠡᠮᠦᠨ᠎ᠡ ᠪᠡᠶ᠎ᠡ ᠶ᠋ᠢᠨ ᠮᠤᠤᠠᠤᠰᠤ ᠶ᠋ᠢᠨ ᠡᠯᠡᠰᠦᠷᠭᠡᠭ ᠭᠠᠵᠠᠷ ᠤ᠋ᠨ ᠥᠷᠥᠴᠡᠨ ᠳ᠋ᠤ ᠪᠠᠢᠷᠢᠯᠠᠭ᠎ᠠ ᠦᠦᠰᠢᠨ ᠬᠤᠰᠢᠭᠤ ᠪᠤᠯ ᠤᠷᠳᠤᠰ ᠤ᠋ᠨ ᠨᠠᠷᠢᠨ ᠨᠤᠤᠰᠤᠳᠤ ᠬᠤᠨᠢ ᠵᠢᠨ ᠭᠤᠤᠯ ᠭᠠᠷᠤᠯᠳᠠ ᠶ᠋ᠢᠨ ᠤᠷᠤᠨ ᠪᠠᠢᠵᠤ᠂ 2025 ᠣᠨ ᠤ᠋ 6 ᠰᠠᠷ᠎ᠠ ᠪᠣᠯᠲᠠᠯ᠎ᠠ ᠳᠤᠰ ᠬᠣᠰᠢᠭᠤᠨ ᠤ᠋ ᠮᠠᠯᠵᠢᠵᠤ ᠪᠠᠢᠭ᠎ᠠ ᠣᠷᠳᠣᠰ ᠤ᠋ᠨ ᠨᠠᠷᠢᠨ ᠨᠣᠣᠰᠣᠲᠤ ᠬᠣᠨᠢ 126 ᠲᠦᠮᠡ ᠵᠢ ᠳᠠᠪᠠᠨ᠂ ᠣᠷᠳᠣᠰ ᠤ᠋ᠨ ᠨᠠᠷᠢᠨ ᠨᠣᠣᠰᠣᠲᠤ ᠬᠣᠨᠢ ᠵᠢᠨ ᠶᠡᠷᠦᠩᠬᠡᠢ ᠬᠡᠮᠵᠢᠶᠡᠨ ᠤ᠋ 89% ᠵᠢ ᠡᠵᠡᠯᠡᠵᠤ᠂ ᠨᠢᠬᠡᠨᠳᠡ ᠪᠥᠬᠥ ᠤᠯᠤᠰ ᠤ᠋ᠨ ᠰᠢᠶᠠᠨ ᠤ᠋ ᠱᠠᠳᠤᠨ ᠤ᠋ ᠬᠡᠪᠴᠢᠶ᠎ᠡ ᠪᠡᠷ ᠬᠠᠮᠤᠭ ᠤ᠋ᠨ ᠶᠡᠬᠡ᠂ ᠶᠠᠰᠤ ᠴᠢᠨᠠᠷ ᠶ᠋ᠢᠡᠷ ᠬᠠᠮᠤᠭ ᠤ᠋ᠨ ᠰᠢᠯᠢᠳᠡᠭ ᠨᠠᠷᠢᠨ ᠨᠣᠣᠰᠣᠲᠤ ᠬᠣᠨᠢ ᠵᠢᠨ ᠠᠵᠤ ᠦᠢᠯᠡᠰ ᠤ᠋ᠨ ᠰᠠᠭᠤᠷᠢᠨ ᠪᠤᠯᠵᠠᠢ᠃

ᠣᠷᠳᠣᠰ ᠤ᠋ᠨ ᠨᠠᠷᠢᠨ ᠨᠣᠣᠰᠣᠲᠤ ᠬᠣᠨᠢ ᠪᠤᠯ ᠨᠤᠤᠰᠤ ᠮᠢᠬᠠᠨ ᠤ᠋ ᠬᠤᠤᠰ ᠬᠡᠷᠡᠭᠴᠡᠭᠡᠳᠦ ᠬᠤᠨᠢ ᠪᠠᠢᠵᠤ᠂ ᠮᠢᠬ᠎ᠠ ᠨᠢ ᠵᠥᠭᠡᠯᠡᠨ ᠪᠦᠭᠡᠳ ᠰᠢᠭᠦᠰᠦᠯᠢᠭ᠂ ᠰᠢᠩᠬᠡᠭ ᠦᠨᠦᠷ ᠦᠭᠡᠢ᠂ ᠦᠭᠡᠬᠦ ᠲᠠᠢ ᠴᠤ᠌ ᠱᠠᠩᠳᠠᠭᠤᠨ ᠦᠭᠡᠢ᠂ ᠥᠩᠭᠡ ᠨᠢ ᠰᠣᠷᠭᠣᠭ᠂ ᠠᠮᠲᠠ ᠰᠠᠢᠲᠠᠢ᠂ Omega-3 ᠶ᠋ᠢᠨ ᠠᠭᠤᠯᠤᠭᠳᠠᠴᠠ ᠨᠢ ᠡᠩ ᠤ᠋ᠨ ᠬᠤᠨᠢ ᠡᠴᠡ 20% ᠤᠷᠴᠢᠮ ᠦᠨᠳᠦᠷ ᠵᠡᠷᠭᠡ ᠣᠨᠴᠠᠯᠢᠭ᠋ ᠶ᠋ᠢᠠᠷ ᠶ᠋ᠢᠠᠨ ᠠᠯᠳᠠᠷᠰᠢᠭᠰᠠᠨ ᠪᠥᠬᠥ ᠤᠯᠤᠰ ᠤ᠋ᠨ ᠭᠠᠵᠠᠷ ᠵᠦᠢ ᠶ᠋ᠢᠨ ᠢᠯᠡᠷᠬᠡᠢᠯᠡᠯᠳᠤ ᠬᠠᠮᠠᠭᠠᠯᠠᠯᠳᠠ ᠶ᠋ᠢᠨ ᠪᠦᠲᠦᠭᠡᠭᠳᠡᠭᠦᠨ ᠪᠤᠯᠤᠨ᠎ᠠ᠃ ᠪᠡᠶ᠎ᠠ ᠭᠦᠢᠴᠡᠭᠰᠡᠨ ᠡᠷ᠎ᠠ ᠬᠤᠨᠢ ᠵᠢᠨ ᠨᠤᠤᠰᠤᠨ ᠤ᠋ ᠭᠠᠷᠤᠯᠳᠠ ᠨᠢ 20 ᠵᠢᠩ ᠤᠷᠴᠢᠮ᠂ ᠪᠡᠶ᠎ᠠ ᠭᠦᠢᠴᠡᠭᠰᠡᠨ ᠡᠮ᠎ᠠ ᠬᠤᠨᠢ ᠵᠢᠨ ᠨᠤᠤᠰᠤᠨ ᠤ᠋ ᠭᠠᠷᠤᠯᠳᠠ ᠨᠢ 12 ᠵᠢᠩ ᠤᠷᠴᠢᠮ ᠪᠠᠢᠵᠤ᠂ ᠨᠤᠤᠰᠤᠨ ᠤ᠋ ᠨᠠᠷᠢᠴᠠ ᠨᠢ 16.94 ᠮᠢᠺᠷᠤᠮᠧᠲᠷ ᠲᠤ᠌ ᠬᠦᠷᠴᠤ᠂ ᠡᠩ ᠤ᠋ᠨ ᠬᠤᠨᠢ ᠡᠴᠡ 15% ᠤᠷᠴᠢᠮ ᠨᠠᠷᠢᠨ ᠪᠠᠢᠵᠤ᠂ ᠳᠡᠭᠡᠳᠦ ᠳᠡᠰ ᠤ᠋ᠨ ᠨᠡᠭᠡᠮᠡᠯ ᠤ᠋ᠨ ᠦᠢᠯᠡᠳᠭᠦᠨ ᠦᠢᠯᠡᠳᠪᠤᠷᠢᠯᠡᠬᠦ ᠰᠢᠯᠢᠳᠡᠭ ᠨᠤᠤᠰᠤ ᠪᠤᠯᠬᠤ ᠶᠤᠮ᠃

ᠦᠦᠰᠢᠨ ᠬᠤᠰᠢᠭᠤ 2022 ᠣᠨ ᠡᠴᠡ ᠡᠬᠢᠯᠡᠨ ᠣᠷᠳᠣᠰ ᠤ᠋ᠨ ᠨᠠᠷᠢᠨ ᠨᠣᠣᠰᠣᠲᠤ ᠬᠤᠨᠢ ᠵᠢᠨ ᠤᠶᠤᠨᠴᠢ ᠮᠠᠯ ᠠᠵᠤ ᠠᠬᠤᠢ ᠶ᠋ᠢᠨ ᠠᠮᠢ ᠠᠬᠤᠢ ᠶ᠋ᠢᠨ ᠰᠢᠰᠲ᠋ᠧᠮ ᠢ᠋ ᠪᠠᠶ᠋ᠢᠭᠤᠯᠵᠤ᠂ 2024 ᠣᠨ ᠳ᠋ᠤ《ᠣᠷᠳᠣᠰ ᠤ᠋ᠨ ᠨᠠᠷᠢᠨ ᠨᠣᠣᠰᠣᠲᠤ ᠬᠣᠨᠢ ᠵᠢᠨ ᠤᠳᠤᠮ ᠤᠭᠰᠢᠯ ᠤ᠋ᠨ ᠲᠠᠩᠰᠠ ᠡᠪᠬᠡᠮᠡᠯ ᠤ᠋ᠨ ᠬᠠᠮᠢᠶᠠᠷᠤᠯᠲᠠ ᠶ᠋ᠢᠨ ᠲᠠᠪᠴᠠᠩ》 ᠪᠣᠯᠣᠨ 《ᠣᠷᠳᠣᠰ ᠤ᠋ᠨ ᠨᠠᠷᠢᠨ ᠨᠣᠣᠰᠣᠲᠤ ᠬᠣᠨᠢ ᠵᠢᠨ ᠠᠰᠢᠭ ᠰᠢᠮ᠎ᠠ ᠶ᠋ᠢᠨ ᠪᠦᠲᠦᠭᠡᠭᠳᠡᠬᠦᠨ ᠤ᠋ ᠮᠦᠷᠳᠡᠯᠳᠡ ᠪᠠ ᠡᠯᠧᠺᠲᠷᠣᠨ ᠬᠤᠳᠠᠯᠳᠤᠭᠠᠨ ᠤ᠋ ᠶᠠᠪᠤᠲᠠᠯ ᠤ᠋ᠨ ᠲᠠᠪᠴᠠᠩ》 ᠢ᠋ ᠵᠠᠯᠭᠠᠭ᠎ᠠ ᠪᠡᠷ ᠪᠠᠢᠭᠤᠯᠵᠤ᠂ ᠣᠷᠳᠣᠰ ᠤ᠋ᠨ ᠨᠠᠷᠢᠨ ᠨᠣᠣᠰᠣᠲᠤ ᠬᠣᠨᠢ ᠵᠢᠨ ᠠᠰᠢᠭ ᠰᠢᠮ᠎ᠠ ᠶ᠋ᠢᠨ ᠪᠦᠲᠦᠭᠡᠭᠳᠡᠭᠦᠨ ᠤ᠋ ᠬᠤᠳᠠᠯ ᠬᠠᠭᠤᠷᠮᠠᠭ ᠢ᠋ ᠰᠡᠷᠭᠡᠢᠯᠡᠬᠦ ᠮᠦᠷᠳᠡᠯᠳᠡ ᠵᠢᠨ ᠰᠢᠰᠲᠧᠮ ᠢ᠋ ᠪᠠᠢᠭᠤᠯᠤᠨ᠂ ᠬᠣᠨᠢ ᠨᠢᠭᠡᠪᠦᠷᠢ ᠵᠢ 《ᠪᠡᠶ᠎ᠡ ᠶ᠋ᠢᠨ ᠦᠨᠡᠮᠯᠡᠯ》 ᠲᠠᠢ ᠪᠣᠯᠭᠠᠵᠤ᠂ ᠪᠦᠲᠦᠭᠡᠭᠳᠡᠭᠦᠨ ᠤ᠋ ᠪᠤᠷᠤᠯᠠᠭᠤᠯᠭ᠎ᠠ ᠶ᠋ᠢ ᠪᠥᠬᠥ ᠶᠠᠪᠤᠴᠠ ᠪᠡᠷ ᠨᠢ ᠨᠡᠬᠡᠮᠵᠢᠯᠠᠨ ᠮᠥᠷᠳᠡᠵᠦ ᠪᠣᠯᠬᠤ ᠵᠢ ᠴᠢᠷᠮᠠᠢᠨ ᠪᠡᠶᠡᠯᠡᠭᠦᠯᠦᠭᠰᠡᠭᠡᠷ ᠢᠷᠡᠪᠡ᠃ 2022 ᠤᠨ ᠡᠴᠡ 2024 ᠤᠨ ᠪᠤᠯᠳᠠᠯ᠎ᠠ᠂ ᠲᠤᠰ ᠬᠤᠰᠢᠭᠤ 52 ᠤᠶᠤᠨᠴᠢ ᠭᠡᠷ ᠪᠦᠯᠢ ᠶ᠋ᠢᠨ ᠮᠠᠯᠵᠢᠯ ᠤ᠋ᠨ ᠲᠠᠯᠠᠪᠠᠢ ᠪᠣᠯᠣᠨ 1 ᠤᠶᠤᠨᠴᠢ ᠡᠭᠦᠯᠳᠡᠷ ᠪᠣᠢᠵᠢᠭᠤᠯᠬᠤ ᠲᠠᠯᠠᠪᠠᠢ ᠵᠢ ᠪᠠᠢᠭᠤᠯᠵᠤ᠂ ᠪᠦᠬᠦ ᠬᠣᠰᠢᠭᠤᠨ ᠤ᠋ ᠤᠶᠤᠨᠴᠢ ᠮᠠᠯ ᠠᠵᠤ ᠠᠬᠤᠢ ᠶ᠋ᠢᠨ ᠰᠢᠰᠲᠧᠮ ᠢ᠋ ᠬᠡᠷᠡᠭᠵᠢᠭᠦᠯᠵᠦ ᠪᠠᠢᠭ᠎ᠠ ᠮᠠᠯᠵᠢᠯ ᠤ᠋ᠨ ᠲᠠᠯᠠᠪᠠᠢ ᠶ᠋ᠢᠨ ᠳᠤᠮᠳᠠᠴᠢ ᠲᠡᠵᠢᠭᠡᠨ ᠦᠷᠡᠵᠢᠭᠦᠯᠬᠦ ᠥᠪᠡᠷ ᠤ᠋ᠨ ᠥᠷᠲᠡᠭ ᠨᠢ 15% — 20% ᠪᠠᠷ ᠪᠠᠭᠤᠷᠠᠵᠤ᠂ ᠮᠠᠯ ᠤ᠋ᠨ ᠭᠠᠷᠭᠠᠯᠲᠠ ᠶ᠋ᠢᠨ ᠨᠣᠷᠮ᠎ᠠ ᠨᠢ 10% — 15% ᠪᠠᠷ ᠳᠡᠭᠡᠭᠰᠢᠯᠡᠨ᠂ ᠮᠠᠯᠴᠢᠨ ᠲᠠᠷᠢᠶᠠᠴᠢᠨ ᠤ᠋ ᠬᠥᠮᠥᠨ ᠳᠤᠮᠳᠠᠴᠢ ᠶ᠋ᠢᠨ ᠣᠷᠣᠯᠭ᠎ᠠ ᠨᠢ 20% ᠭᠠᠷᠤᠢ ᠪᠡᠷ ᠨᠡᠮᠡᠭᠳᠡᠪᠠ᠃

ᠡᠨᠡ ᠵᠢᠯ ᠳᠤᠰ ᠬᠤᠰᠢᠭᠤ ᠪᠠᠰᠠ 《ᠦᠦᠰᠢᠨ ᠬᠣᠰᠢᠭᠤᠨ ᠤ᠋ ᠮᠠᠯ ᠠᠵᠤ ᠠᠬᠤᠢ ᠶ᠋ᠢᠨ ᠬᠡᠯᠪᠡᠷᠢ ᠶ᠋ᠢ ᠬᠤᠪᠢᠷᠠᠭᠤᠯᠤᠨ ᠲᠠᠰ ᠳᠡᠪᠰᠢᠬᠦᠯᠬᠦ ᠭᠤᠷᠪᠠᠨ ᠵᠢᠯ ᠤ᠋ᠨ ᠠᠵᠢᠯᠯᠠᠭᠠᠨ ᠤ᠋ ᠲᠥᠰᠥᠯ (2025 ᠣᠨ︱2027 ᠣᠨ)》 ᠢ᠋ ᠲᠣᠭᠲᠠᠭᠠᠨ ᠨᠡᠢᠳᠡᠯᠡᠵᠦ᠂ ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ ᠢ᠋ ᠠᠭᠤᠰᠤᠯᠴᠠᠭᠤᠯᠤᠨ ᠬᠦᠭᠵᠢᠭᠦᠯᠬᠦ᠂ ᠲᠦᠷᠦᠯ ᠲᠡᠮᠳᠡᠭ ᠤ᠋ᠨ ᠪᠠᠢᠭᠤᠯᠤᠯᠲᠠ ᠶ᠋ᠢ ᠴᠢᠩᠭᠠᠳᠬᠠᠬᠤ᠂ ᠲᠸᠭᠨᠢᠭ ᠮᠡᠷᠭᠡᠵᠢᠯ ᠢ᠋ ᠰᠤᠳᠤᠯᠤᠨ ᠨᠡᠭᠡᠭᠡᠬᠦ ᠪᠠ ᠰᠢᠯᠢᠳᠡᠭ ᠡᠭᠦᠯᠳᠡᠷ ᠢ᠋ ᠳᠡᠯᠭᠡᠷᠡᠭᠦᠯᠬᠦ᠂ ᠲᠡᠵᠢᠭᠡᠨ ᠦᠷᠡᠵᠢᠭᠦᠯᠬᠦ ᠰᠠᠭᠤᠷᠢ ᠲᠥᠬᠦᠭᠡᠷᠦᠮᠵᠢ ᠵᠢ ᠰᠢᠨᠡᠴᠢᠯᠡᠬᠦ ᠳ᠋ᠤ ᠨᠦᠬᠦᠪᠤᠷᠢ ᠤᠯᠭᠤᠬᠤ ᠡᠷᠴᠢᠮ ᠢ᠋ ᠴᠢᠩᠭᠠᠷᠠᠭᠤᠯᠬᠤ᠂ ᠨᠡᠢᠭᠡᠮᠴᠢᠯᠡᠭᠰᠡᠨ ᠦᠢᠯᠡᠴᠢᠯᠡᠭᠡᠨ ᠤ᠋ ᠰᠢᠰᠲᠧᠮ ᠢ᠋ ᠲᠡᠭᠦᠯᠳᠡᠷᠵᠢᠭᠦᠯᠬᠦ ᠵᠡᠷᠭᠡ ᠤᠯᠠᠨ ᠳᠠᠯ᠎ᠠ ᠶ᠋ᠢᠨ ᠲᠦᠰᠦᠪ ᠲᠦᠯᠦᠪᠯᠡᠭᠡ ᠳᠤᠷᠠᠳᠴᠠᠢ᠃ ᠡᠭᠦᠨ ᠳ᠋ᠤ ᠦᠷᠡᠵᠢᠭᠦᠯᠵᠤ ᠪᠤᠢᠵᠢᠭᠤᠯᠬᠤ᠂ ᠲᠡᠵᠢᠭᠡᠵᠤ ᠠᠷᠠᠴᠢᠯᠠᠬᠤ᠂ ᠬᠡᠮ ᠬᠢᠵᠢᠭ ᠢ᠋ ᠰᠡᠷᠭᠡᠢᠯᠡᠬᠦ᠂ ᠬᠡᠮ ᠬᠢᠵᠢᠭ ᠤ᠋ᠨ ᠪᠠᠢᠴᠠᠭᠠᠯᠳᠠ ᠬᠢᠬᠦ᠂ ᠪᠤᠷᠤᠯᠠᠭᠤᠯᠬᠤ ᠵᠡᠷᠭᠡ ᠳᠠᠪᠤ ᠶ᠋ᠢ ᠬᠠᠮᠤᠷᠤᠭᠰᠠᠨ ᠤᠷᠳᠤᠰ ᠤ᠋ᠨ ᠨᠠᠷᠢᠨ ᠨᠤᠤᠰᠤᠳᠤ ᠬᠤᠨᠢ ᠵᠢᠨ ᠬᠤᠳᠠᠯ ᠬᠠᠭᠤᠷᠮᠠᠭ ᠢ᠋ ᠰᠡᠷᠭᠡᠢᠯᠡᠬᠦ ᠰᠢᠰᠲ᠋ᠧᠮ ᠢ᠋ ᠲᠦᠪᠯᠡᠷᠡᠭᠦᠯᠦᠨ ᠪᠠᠢᠭᠤᠯᠬᠤ; ᠵᠢᠯ ᠪᠤᠯᠭᠠᠨ ᠨᠢᠭᠡ ᠪᠦᠯᠦᠭ ᠲᠡᠵᠢᠭᠡᠨ ᠦᠷᠡᠵᠢᠭᠦᠯᠬᠦ ᠰᠠᠭᠤᠷᠢ ᠲᠦᠬᠦᠭᠡᠷᠦᠮᠵᠢ ᠶ᠋ᠢ ᠰᠢᠨ᠎ᠠ ᠪᠡᠷ ᠪᠠᠢᠭᠤᠯᠬᠤ ᠪᠤᠶᠤ ᠦᠷᠭᠡᠳᠭᠡᠨ ᠪᠠᠢᠭᠤᠯᠬᠤ; ᠤᠷᠳᠤᠰ ᠤ᠋ᠨ ᠨᠠᠷᠢᠨ ᠨᠤᠤᠰᠤᠳᠤ ᠬᠤᠨᠢ ᠵᠢᠨ ᠰᠢᠨ᠎ᠠ ᠬᠡᠯᠪᠡᠷᠢ ᠶ᠋ᠢᠨ ᠡᠵᠡᠩᠨᠡᠯᠳᠡ ᠶ᠋ᠢᠨ ᠭᠤᠤᠯ ᠴᠤᠭᠴᠠ ᠶ᠋ᠢ ᠪᠤᠢᠵᠢᠭᠤᠯᠵᠤ᠂ 40 ᠤᠶᠤᠨᠴᠢ ᠮᠠᠯᠵᠢᠯ ᠤ᠋ᠨ ᠲᠠᠯᠠᠪᠠᠢ ᠪᠠᠢᠭᠤᠯᠬᠤ; ᠵᠢᠯ ᠪᠤᠯᠭᠠᠨ 1600 ᠰᠢᠯᠢᠳᠡᠭ ᠡᠭᠦᠯᠳᠡᠷ ᠤ᠋ᠨ ᠬᠤᠴᠠ ᠲᠠᠷᠬᠠᠭᠠᠵᠤ᠂ 6 ᠲᠦᠮᠡᠨ ᠬᠤᠨᠢ ᠳ᠋ᠤ ᠮᠦᠷᠳᠡᠯᠳᠡ ᠶ᠋ᠢᠨ ᠡᠭᠡᠮᠦᠭ ᠵᠡᠭᠦᠯᠭᠡᠬᠦ; ᠭᠡᠮ ᠬᠢᠵᠢᠭ ᠢ᠋ ᠰᠡᠷᠭᠡᠢᠯᠡᠨ ᠡᠵᠡᠮᠳᠡᠬᠦ ᠲᠤᠮᠤ ᠳ᠋ᠠᠢᠲ᠋ᠠ ᠶ᠋ᠢᠨ ᠬᠠᠮᠢᠶᠠᠷᠤᠯᠳᠠ ᠶ᠋ᠢᠨ ᠳᠠᠪᠴᠠᠩ ᠢ᠋ ᠪᠠᠢᠭᠤᠯᠵᠤ᠂ ᠰᠦᠯᠵᠢᠶᠡᠨ ᠤ᠋ ᠮᠠᠯ ᠡᠮᠨᠡᠯᠭᠡ ᠶ᠋ᠢᠨ ᠬᠤᠷᠢᠶ᠎ᠠ ᠵᠢᠨ ᠳᠠᠪᠴᠠᠩ (ᠰᠦᠯᠵᠢᠶ᠎ᠠ ᠪᠡᠷ ᠤᠨᠤᠰᠢᠯᠠᠨ᠂ ᠵᠢᠯᠤᠭᠤᠴᠢ ᠦᠭᠡᠢ ᠨᠢᠰᠭᠡᠯ ᠶ᠋ᠢᠡᠷ ᠡᠮ ᠬᠦᠷᠭᠡᠬᠦ) ᠢ᠋ ᠪᠠᠢᠭᠤᠯᠤᠨ᠎ᠠ ᠭᠡᠬᠦ ᠵᠡᠷᠭᠡ ᠪᠡᠷ ᠳᠤᠷᠠᠳᠴᠤ᠂ 2027 ᠤᠨ ᠪᠤᠯᠳᠠᠯ᠎ᠠ ᠪᠦᠬᠦ ᠬᠤᠰᠢᠭᠤᠨ ᠤ᠋ ᠡᠯ᠎ᠠ ᠭᠠᠴᠠᠭ᠎ᠠ ᠲᠤᠰᠬᠤᠨ ᠳ᠋ᠤ ᠭᠠᠷ ᠬᠡᠭᠡᠯᠳᠦᠭᠦᠯᠭᠡ ᠶ᠋ᠢᠨ ᠦᠷᠳᠡᠭᠡ ᠶ᠋ᠢ ᠲᠦᠭᠡᠮᠡᠯᠵᠢᠭᠦᠯᠦᠭᠰᠡᠨ ᠨᠤᠷᠮ᠎ᠠ ᠶ᠋ᠢ 85% ᠶ᠋ᠢ ᠳᠠᠪᠠᠭᠤᠯᠵᠤ᠂ ᠰᠢᠯᠢᠳᠡᠭ ᠡᠭᠦᠯᠳᠡᠷ ᠤ᠋ᠨ ᠬᠤᠴᠠ ᠶ᠋ᠢᠨ ᠪᠦᠷᠭᠦᠯᠳᠡ ᠶ᠋ᠢᠨ ᠨᠤᠷᠮ᠎ᠠ ᠶ᠋ᠢ 100% ᠳ᠋ᠤ ᠬᠦᠷᠭᠡᠨ᠂ ᠮᠠᠯ ᠠᠵᠤ ᠠᠬᠤᠢ ᠶ᠋ᠢᠨ ᠮᠠᠰᠢᠨᠴᠢᠯᠠᠯᠳᠠ ᠶ᠋ᠢᠨ ᠨᠤᠷᠮ᠎ᠠ ᠶ᠋ᠢ 50% ᠶ᠋ᠢ ᠳᠠᠪᠠᠭᠤᠯᠵᠤ᠂ ᠮᠠᠯ ᠡᠮᠨᠡᠯᠬᠡ ᠵᠢᠨ ᠨᠡᠢᠭᠡᠮᠴᠢᠯᠡᠭᠰᠡᠨ ᠦᠢᠯᠡᠴᠢᠯᠡᠭᠡ ᠶ᠋ᠢ ᠪᠦᠬᠦᠨ ᠢ᠋ ᠪᠦᠷᠭᠦᠬᠦᠯᠤᠨ᠂ ᠤᠷᠳᠤᠰ ᠤ᠋ᠨ ᠨᠠᠷᠢᠨ ᠨᠤᠤᠰᠤᠳᠤ ᠬᠤᠨᠢ ᠶ᠋ᠢ ᠲᠦᠪᠯᠡᠷᠡᠭᠦᠯᠦᠨ ᠠᠷᠠᠯᠵᠢᠶᠠᠯᠠᠬᠤ ᠲᠤᠭᠤᠷᠢᠭ ᠢ᠋ ᠪᠦᠳᠦᠬᠡᠨ ᠪᠠᠢᠭᠤᠯᠬᠤ ᠪᠡᠷ ᠲᠤᠭᠳᠠᠵᠠᠢ᠃

ᠤᠳᠤ ᠦᠦᠰᠢᠨ ᠬᠤᠰᠢᠭᠤ ᠵᠢᠯ ᠤ᠋ᠨ 60 ᠲᠦᠮᠡ ᠤᠷᠴᠢᠮ ᠨᠠᠷᠢᠨ ᠨᠤᠤᠰᠤᠳᠤ ᠬᠤᠨᠢ ᠵᠢ ᠬᠤᠳᠠᠯᠳᠤᠨ ᠰᠢᠢᠳᠪᠤᠷᠢᠯᠡᠵᠤ᠂ ᠵᠢᠯ ᠤ᠋ᠨ ᠮᠢᠬᠠᠨ ᠤ᠋ ᠭᠠᠷᠤᠯᠳᠠ ᠨᠢ 1 ᠲᠦᠮᠡᠨ ᠳᠤᠨ ᠢ᠋ ᠳᠠᠪᠠᠨ᠂ ᠨᠤᠤᠰᠤᠨ ᠤ᠋ ᠭᠠᠷᠤᠯᠳᠠ ᠨᠢ 5000 ᠲᠤᠨ ᠳ᠋ᠤ ᠬᠦᠷᠴᠤ᠂ ᠵᠢᠯ ᠤ᠋ᠨ ᠦᠢᠯᠡᠳᠭᠦᠨ ᠤ᠋ ᠦᠷᠳᠡᠭ ᠨᠢ 11.74 ᠳ᠋ᠦᠩᠰᠢᠭᠤᠷ ᠲᠦᠭᠦᠷᠢᠭ ᠲᠤ᠌ ᠬᠦᠷᠴᠤ᠂ ᠲᠦᠷᠦᠯ ᠲᠡᠮᠳᠡᠭ ᠤ᠋ᠨ ᠦᠷᠳᠡᠭ ᠨᠢ 81.56 ᠳ᠋ᠦᠩᠰᠢᠭᠤᠷ ᠲᠦᠭᠦᠷᠢᠭ ᠲᠤ᠌ ᠬᠦᠷᠴᠤ ᠪᠠᠢᠨ᠎ᠠ᠃ ᠪᠦᠬᠦ ᠬᠤᠰᠢᠭᠤᠨ ᠤ᠋ ᠨᠠᠷᠢᠨ ᠨᠤᠤᠰᠤᠳᠤ ᠬᠤᠨᠢ ᠲᠡᠵᠢᠭᠡᠵᠦ ᠪᠠᠢᠭ᠎ᠠ ᠡᠷᠦᠬᠡ 1.2 ᠲᠦᠮᠡ ᠶ᠋ᠢ ᠳᠠᠪᠠᠵᠤ᠂ ᠡᠭᠦᠨ ᠳ᠋ᠤ ᠠᠮᠢ ᠠᠬᠤᠢ ᠶ᠋ᠢᠨ ᠬᠡᠯᠪᠡᠷᠢ ᠶ᠋ᠢᠨ ᠦᠨᠳᠦᠷ ᠦᠷ᠎ᠠ ᠠᠰᠢᠭᠳᠤ ᠤᠷᠳᠤᠰ ᠤ᠋ᠨ ᠨᠠᠷᠢᠨ ᠨᠤᠤᠰᠤᠳᠤ ᠬᠤᠨᠢ ᠵᠢᠨ ᠭᠡᠷ ᠪᠦᠯᠢ ᠶ᠋ᠢᠨ ᠮᠠᠯᠵᠢᠯ ᠤ᠋ᠨ ᠲᠠᠯᠠᠪᠠᠢ 2000 ᠭᠠᠷᠤᠢ ᠪᠠᠢᠵᠤ᠂ 18 ᠲᠤᠮᠤ ᠬᠡᠯᠪᠡᠷᠢ ᠶ᠋ᠢᠨ ᠬᠤᠨᠢᠨ ᠨᠤᠤᠰᠤ ᠬᠤᠳᠠᠯᠳᠤᠨ ᠠᠪᠬᠤ ᠭᠠᠵᠠᠷ᠂ 3 ᠬᠤᠴᠠ ᠶ᠋ᠢᠨ ᠲᠠᠯᠠᠪᠠᠢ ᠪᠤᠯᠤᠨ 5 ᠳᠠᠭᠠᠭᠤᠯᠤᠭᠴᠢ ᠠᠵᠤ ᠠᠬᠤᠢᠯᠠᠯ᠂ 103 ᠲᠤᠰᠬᠠᠢ ᠬᠤᠷᠰᠢᠶ᠎ᠠ᠂ 365 ᠭᠡᠭᠡᠯᠳᠦᠭᠦᠯᠭᠡ ᠶ᠋ᠢᠨ ᠦᠷᠳᠡᠭᠡ ᠲᠠᠢ ᠪᠤᠯᠵᠤ᠂ ᠭᠠᠷ ᠬᠡᠭᠡᠯᠳᠦᠭᠦᠯᠭᠡ ᠶ᠋ᠢᠨ ᠨᠤᠷᠮ᠎ᠠ ᠨᠢ 85% ᠶ᠋ᠢ ᠳᠠᠪᠠᠨ᠂ ᠪᠦᠬᠦ ᠬᠤᠰᠢᠭᠤᠨ ᠤ᠋ 60% ᠡᠴᠡ ᠳᠡᠭᠡᠭᠰᠢᠬᠢ ᠮᠠᠯᠴᠢᠨ ᠲᠠᠷᠢᠶᠠᠴᠢᠨ ᠢ᠋ ᠳᠠᠢᠴᠢᠯᠠᠨ ᠤᠷᠤᠯᠭ᠎ᠠ ᠶ᠋ᠢ ᠨᠢ ᠨᠡᠮᠡᠭᠳᠡᠭᠦᠯᠵᠦ ᠪᠠᠢᠨ᠎ᠠ᠃

ᠤᠷᠳᠤᠰ ᠤ᠋ᠨ ᠨᠠᠷᠢᠨ ᠨᠤᠤᠰᠤᠳᠤ ᠬᠤᠨᠢ ᠪᠤᠯ ᠤᠷᠤᠨ ᠨᠤᠳᠤᠭ ᠤ᠋ᠨ ᠮᠤᠩᠭᠤᠯ ᠬᠤᠨᠢ ᠵᠢ ᠰᠢᠨᠵᠢᠶᠠᠩ ᠤ᠋ᠨ ᠨᠠᠷᠢᠨ ᠨᠤᠤᠰᠤᠳᠤ ᠬᠤᠴᠠ ᠪᠡᠷ ᠬᠡᠬᠡᠯᠳᠦᠬᠦᠯᠵᠤ᠂ ᠪᠠᠭ᠎ᠠ ᠬᠡᠮᠵᠢᠶᠡᠨ ᠤ᠋ ᠵᠦᠪᠯᠡᠯᠳᠦ ᠶ᠋ᠢᠨ ᠮᠧᠷᠢᠨᠤᠰ ᠬᠤᠨᠢ ᠪᠤᠯᠤᠨ ᠹᠦᠷᠹᠠᠰ ᠬᠤᠨᠢᠨ ᠤ᠋ ᠴᠢᠰᠦ ᠪᠡᠷ ᠡᠷᠯᠢᠰᠡᠵᠢᠬᠦᠯᠵᠤ ᠪᠤᠢᠵᠢᠭᠤᠯᠤᠭᠰᠠᠨ ᠰᠠᠢᠨ ᠡᠭᠦᠯᠳᠡᠷ ᠤ᠋ᠨ ᠬᠤᠨᠢ ᠪᠤᠯᠤᠨ᠎ᠠ᠃ ᠡᠨᠡ ᠵᠢᠯ ᠪᠤᠯ ᠦᠪᠡᠷᠳᠡᠭᠡᠨ ᠵᠠᠰᠠᠬᠤ ᠤᠷᠤᠨ ᠤ᠋ ᠬᠤᠯᠪᠤᠭᠳᠠᠯ ᠪᠦᠬᠦᠢ ᠰᠠᠯᠠᠭ᠎ᠠ ᠮᠦᠴᠢᠷ ᠡᠴᠡ ᠦᠦᠰᠢᠨ ᠬᠤᠰᠢᠭᠤ ᠪᠡᠷ ᠭᠤᠤᠯ ᠪᠤᠯᠭᠠᠨ ᠪᠤᠢᠵᠢᠭᠤᠯᠵᠤ ᠭᠠᠷᠭᠠᠭᠰᠠᠨ ᠨᠠᠷᠢᠨ ᠨᠤᠤᠰᠤᠳᠤ ᠬᠤᠨᠢ ᠶ᠋ᠢ 《ᠤᠷᠳᠤᠰ ᠤ᠋ᠨ ᠨᠠᠷᠢᠨ ᠨᠤᠤᠰᠤᠳᠤ ᠬᠤᠨᠢ》 ᠭᠡᠵᠦ ᠵᠢᠩᠬᠢᠨᠢ ᠪᠡᠷ ᠨᠡᠷᠡᠢᠳᠦᠭᠰᠡᠨ 40 ᠵᠢᠯ ᠤ᠋ᠨ ᠤᠢ ᠪᠤᠯᠬᠤ ᠶᠤᠮ᠃

40 ᠵᠢᠯ ᠤ᠋ᠨ ᠲᠤᠷᠰᠢ᠂ ᠦᠦᠰᠢᠨ ᠬᠤᠰᠢᠭᠤ ᠤᠷᠳᠤᠰ ᠤ᠋ᠨ ᠨᠠᠷᠢᠨ ᠨᠤᠤᠰᠤᠳᠤ ᠬᠤᠨᠢ ᠵᠢᠨ ᠠᠵᠤ ᠦᠢᠯᠡᠰ ᠢ᠋ 《ᠪᠠᠷᠢᠮᠵᠢᠶᠠᠵᠢᠭᠤᠯᠬᠤ᠂ ᠬᠡᠪᠴᠢᠶᠡᠵᠢᠭᠦᠯᠬᠦ᠂ ᠲᠦᠷᠦᠯ ᠲᠡᠮᠳᠡᠭᠵᠢᠭᠦᠯᠬᠦ》 ᠴᠢᠭᠯᠡᠯ ᠶ᠋ᠢᠡᠷ ᠪᠦᠬᠦ ᠬᠦᠴᠦᠨ ᠶ᠋ᠢᠡᠷ ᠬᠦᠭᠵᠢᠭᠦᠯᠦᠭᠰᠡᠭᠡᠷ ᠢᠷᠡᠵᠦ᠂ ᠤᠷᠳᠤᠰ ᠤ᠋ᠨ ᠨᠠᠷᠢᠨ ᠨᠤᠤᠰᠤᠳᠤ ᠬᠤᠨᠢ ᠵᠢᠨ ᠠᠵᠤ ᠦᠢᠯᠡᠰ ᠢ᠋ ᠨᠢᠭᠡ ᠵᠦᠢᠯ ᠤ᠋ᠨ ᠤᠯᠠᠮᠵᠢᠯᠠᠯᠳᠦ ᠮᠠᠯ ᠠᠵᠤ ᠠᠬᠤᠢ ᠡᠴᠡ ᠤᠳᠤᠮᠯᠠᠯ ᠤ᠋ᠨ ᠡᠬᠢ ᠪᠠᠶᠠᠯᠢᠭ ᠢ᠋ ᠬᠠᠮᠠᠭᠠᠯᠠᠬᠤ᠂ ᠠᠮᠢ ᠠᠬᠤᠢ ᠶ᠋ᠢᠨ ᠬᠡᠯᠪᠡᠷᠢ ᠪᠡᠷ ᠲᠡᠵᠢᠭᠡᠨ ᠦᠷᠡᠵᠢᠭᠦᠯᠬᠦ᠂ ᠨᠠᠷᠢᠯᠢᠭ ᠡᠳ᠋ᠰᠢᠭᠦᠯᠦᠨ ᠪᠤᠯᠪᠠᠰᠤᠷᠠᠭᠤᠯᠬᠤ ᠪᠠ ᠲᠦᠷᠦᠯ ᠲᠡᠮᠳᠡᠭᠴᠢᠯᠡᠨ ᠡᠵᠡᠩᠨᠡᠨ ᠪᠤᠷᠤᠯᠠᠭᠤᠯᠬᠤ ᠶ᠋ᠢ ᠨᠢᠭᠡ ᠴᠤᠭᠴᠠᠵᠢᠭᠤᠯᠤᠭᠰᠠᠨ ᠤᠳᠤ ᠦᠶ᠎ᠠ ᠶ᠋ᠢᠨ ᠠᠵᠤ ᠦᠢᠯᠡᠰ ᠤ᠋ᠨ ᠪᠦᠯᠦᠭᠵᠢᠯ ᠪᠤᠯᠭᠠᠨ ᠬᠦᠭᠵᠢᠭᠦᠯᠪᠠ᠃

40 ᠵᠢᠯ ᠤ᠋ᠨ ᠲᠤᠷᠰᠢ᠂ ᠦᠤᠰᠢᠨ ᠬᠤᠰᠢᠭᠤ ᠤᠷᠤᠨ ᠤ᠋ ᠲᠤᠳᠤᠭᠠᠳᠤ ᠭᠠᠳᠠᠭᠠᠳᠦ ᠶ᠋ᠢᠨ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠪᠠᠢᠭᠤᠯᠤᠮᠵᠢ ᠪᠠ ᠮᠡᠷᠭᠡᠵᠢᠯ ᠤ᠋ᠨ ᠪᠦᠯᠬᠦᠮ ᠲᠠᠢ ᠤᠷᠳᠤ ᠬᠤᠭᠤᠴᠠᠭ᠎ᠠ ᠪᠡᠷ ᠬᠠᠮᠳᠤᠷᠠᠨ ᠠᠵᠢᠯᠯᠠᠵᠤ᠂ ᠤᠷᠳᠤᠰ ᠤ᠋ᠨ ᠨᠠᠷᠢᠨ ᠨᠤᠤᠰᠤᠳᠤ ᠬᠤᠨᠢ ᠵᠢᠨ ᠶᠡᠷᠦᠩᠬᠡᠢᠯᠡᠭᠰᠡᠨ ᠦᠢᠯᠡᠳᠪᠤᠷᠢᠯᠡᠯ ᠤ᠋ᠨ ᠴᠢᠨᠰᠠᠭ᠎ᠠ ᠶ᠋ᠢ ᠪᠦᠬᠦ ᠤᠯᠤᠰ ᠤ᠋ᠨ ᠲᠡᠷᠢᠭᠦᠨ ᠤ᠋ ᠲᠦᠪᠰᠢᠨ ᠳ᠋ᠤ ᠬᠦᠷᠭᠡᠵᠤ᠂ ᠨᠤᠤᠰᠤᠨ ᠤ᠋ ᠭᠠᠷᠤᠯᠳᠠ ᠶ᠋ᠢ ᠨᠢ 1 — 1.5 ᠺᠢᠯᠦᠭᠷᠠᠮ ᠨᠡᠮᠡᠭᠳᠡᠭᠦᠯᠦᠨ᠂ ᠮᠢᠬᠠᠨ ᠤ᠋ ᠭᠠᠷᠤᠯᠳᠠ ᠶ᠋ᠢ ᠨᠢ  5 — 8 ᠺᠢᠯᠦᠭᠷᠠᠮ ᠨᠡᠮᠡᠭᠳᠡᠭᠦᠯᠵᠦ᠂ ᠲᠤᠷᠰᠢᠯᠳᠠ ᠶ᠋ᠢᠨ ᠡᠷᠦᠬᠡ ᠶ᠋ᠢᠨ ᠢᠭᠡᠷ᠎ᠠ ᠬᠤᠷᠠᠭ᠎ᠠ ᠲᠤᠰᠬᠤ ᠨᠤᠷᠮ᠎ᠠ ᠨᠢ 10% ᠪᠠᠢᠭᠰᠠᠨ ᠡᠴᠡ ᠪᠠᠨ 50% ᠪᠤᠯᠤᠨ ᠳᠡᠭᠡᠭᠰᠢᠯᠡᠪᠡ᠃

ᠤᠳᠤ ᠦᠦᠰᠢᠨ ᠬᠤᠰᠢᠭᠤᠨ ᠤ᠋ ᠡᠯ᠎ᠡ ᠰᠤᠮᠤ ᠪᠠᠯᠭᠠᠰᠤ ᠶ᠋ᠢᠨ ᠤᠷᠳᠤᠰ ᠤ᠋ᠨ ᠨᠠᠷᠢᠨ ᠨᠤᠤᠰᠤᠳᠤ ᠬᠤᠨᠢ ᠲᠡᠵᠢᠭᠡᠨ ᠦᠷᠡᠵᠢᠭᠦᠯᠬᠦ ᠭᠤᠤᠯᠯᠠᠬᠤ ᠤᠷᠤᠨ ᠤ᠋ ᠬᠢᠨ ᠨᠡᠢᠳᠡ 8 ᠲᠦᠮᠡᠨ ᠮᠦᠷᠳᠡᠯᠳᠡ ᠶ᠋ᠢᠨ ᠡᠯᠧᠺᠲᠷᠣᠨ ᠡᠭᠡᠮᠦᠭ ᠲᠠᠷᠬᠠᠭᠠᠵᠤ᠂ ᠲᠡᠵᠢᠭᠡᠨ ᠦᠷᠡᠵᠢᠭᠦᠯᠬᠦ ᠪᠠ ᠡᠳ᠋ᠰᠢᠭᠦᠯᠦᠨ ᠪᠣᠷᠣᠯᠠᠭᠤᠯᠬᠤ ᠲᠣᠭ᠎ᠠ ᠪᠠᠷᠢᠮᠲᠠ ᠵᠢ ᠬᠣᠯᠪᠣᠨ ᠨᠡᠪᠲᠡᠷᠡᠯᠴᠡᠭᠦᠯᠬᠦ ᠵᠢ ᠠᠩᠬ᠎ᠠ ᠠᠯᠬᠤᠮ ᠪᠡᠶᠡᠯᠡᠭᠦᠯᠦᠭᠰᠡᠨ ᠪᠠᠢᠨ᠎ᠠ᠃

《ᠪᠢᠳᠡ ᠮᠥᠷᠳᠡᠯᠳᠡ ᠵᠢᠨ ᠰᠢᠰᠲᠧᠮ ᠪᠠ ᠡᠯᠧᠺᠲᠷᠣᠨ ᠬᠤᠳᠠᠯᠳᠤᠭᠠᠨ ᠤ᠋ ᠲᠠᠪᠴᠠᠩ ᠶ᠋ᠢᠡᠷ ᠳᠠᠮᠵᠢᠨ ᠣᠷᠳᠣᠰ ᠤ᠋ᠨ ᠨᠠᠷᠢᠨ ᠨᠣᠣᠰᠣᠲᠤ ᠬᠣᠨᠢ ᠵᠢᠨ ᠲᠥᠷᠥᠯ ᠲᠡᠮᠳᠡᠭ ᠤ᠋ᠨ ᠨᠥᠯᠥᠭᠡᠯᠡᠬᠦ ᠬᠦᠴᠦᠨ ᠪᠤᠯᠤᠨ ᠵᠠᠬ᠎ᠠ ᠳᠡᠯᠭᠡᠭᠦᠷ ᠤ᠋ᠨ ᠥᠷᠢᠰᠦᠯᠳᠦᠬᠦ ᠬᠦᠴᠦᠨ ᠢ᠋ ᠢᠯᠡᠳᠲᠡ ᠳᠡᠭᠡᠭᠰᠢᠯᠡᠭᠦᠯᠵᠦ᠂ ᠮᠠᠯᠴᠢᠨ ᠲᠠᠷᠢᠶᠠᠴᠢᠳ ᠲᠤ᠌ ᠣᠷᠣᠯᠭ᠎ᠠ ᠪᠡᠨ ᠲᠣᠭᠲᠠᠭᠤᠨ ᠶ᠋ᠢᠡᠷ ᠨᠡᠮᠡᠭᠳᠡᠭᠦᠯᠬᠦ ᠵᠠᠮ ᠢ᠋ ᠨᠡᠭᠡᠭᠡᠨ ᠥᠭᠴᠦ᠂ ᠣᠷᠳᠣᠰ ᠤ᠋ᠨ ᠨᠠᠷᠢᠨ ᠨᠣᠣᠰᠣᠲᠤ ᠬᠣᠨᠢ ᠵᠢᠨ ᠠᠵᠤ ᠦᠢᠯᠡᠰ ᠤ᠋ᠨ ᠬᠡᠪᠴᠢᠶᠡᠵᠢᠭᠰᠠᠨ᠂ ᠪᠡᠷᠢᠮᠵᠢᠶᠠᠵᠢᠭᠰᠠᠨ᠂ ᠣᠶᠤᠨᠴᠢᠯᠠᠭᠰᠠᠨ ᠳᠠᠢᠰᠢ ᠲᠠᠰ ᠳᠡᠪᠰᠢᠬᠦ᠎ᠶᠢ ᠠᠬᠢᠭᠤᠯᠵᠤ ᠪᠠᠢᠨ᠎ᠠ》 ᠭᠡᠵᠦ ᠦᠦᠰᠢᠨ ᠬᠤᠰᠢᠭᠤᠨ ᠤ᠋  ᠳᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠳᠤᠪᠴᠢᠶ᠎ᠠ ᠵᠢᠨ ᠳᠠᠷᠢᠶᠠᠯᠠᠩ ᠮᠠᠯ ᠠᠵᠤ ᠠᠬᠤᠢ ᠶ᠋ᠢᠨ ᠮᠡᠷᠭᠡᠵᠢᠯ ᠢ᠋ ᠲᠠᠯᠬᠡᠷᠡᠬᠦᠯᠬᠦ ᠳᠦᠪ ᠤ᠋ᠨ ᠡᠷᠬᠢᠯᠡᠭᠴᠢ ᠡᠷᠳᠡᠨᠢᠪᠤᠯᠠᠭ ᠰᠤᠷᠪᠤᠯᠵᠢᠯᠠᠭᠴᠢ ᠳ᠋ᠤ ᠶᠠᠷᠢᠨ᠎ᠠ᠃

ᠨᠤᠮᠢᠨ ᠳᠠᠩᠰᠤᠭ ᠦᠦᠰᠢᠨ ᠳ᠋ᠤ ᠮᠠᠯ ᠠᠵᠤ ᠠᠬᠤᠢ ᠶ᠋ᠢᠨ ᠬᠤᠪᠢᠰᠤᠯᠲᠠ ᠰᠡᠮᠬᠡᠨ ᠡᠭᠦᠰᠴᠤ᠂ ᠴᠢᠨᠠᠷ ᠰᠠᠢᠳᠠᠢ ᠬᠦᠭᠵᠢᠯᠳᠡ ᠶ᠋ᠢᠨ ᠰᠢᠨ᠎ᠠ ᠬᠠᠭᠤᠳᠠᠰᠤ ᠶ᠋ᠢ ᠲᠠᠰᠤᠷᠠᠯᠳᠠ ᠦᠭᠡᠢ ᠪᠢᠴᠢᠭᠯᠡᠭᠰᠡᠬᠡᠷ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号