ᠨᠠᠢᠷᠠᠭᠤᠯᠤᠭᠴᠢ ᠶ᠋ᠢᠨ ᠦᠭᠡ᠄
ᠭᠠᠵᠠᠷ ᠵᠦᠢ ᠶ᠋ᠢᠨ ᠢᠯᠡᠷᠬᠡᠢᠯᠡᠯ ᠢ᠋ ᠬᠠᠮᠠᠭᠠᠯᠠᠵᠤ ᠠᠰᠢᠭᠯᠠᠬᠤ ᠪᠤᠯ ᠤᠷᠤᠨ ᠨᠤᠳᠤᠭ ᠤ᠋ᠨ ᠠᠵᠤ ᠠᠬᠤᠢ ᠶ᠋ᠢᠨ ᠬᠦᠭᠵᠢᠯᠳᠡ ᠶ᠋ᠢ ᠠᠬᠢᠭᠤᠯᠵᠤ᠂ ᠮᠠᠯᠴᠢᠨ ᠲᠠᠷᠢᠶᠠᠴᠢᠨ ᠤ᠋ ᠤᠷᠤᠯᠭ᠎ᠠ ᠶ᠋ᠢ ᠨᠡᠮᠡᠭᠳᠡᠭᠦᠯᠦᠨ ᠪᠠᠶᠠᠵᠢᠭᠤᠯᠬᠤ ᠪᠦᠲᠦᠮᠵᠢᠳᠠᠢ ᠠᠷᠭ᠎ᠠ ᠵᠠᠮ ᠮᠦᠨ᠃ ᠭᠠᠵᠠᠷ ᠵᠦᠢ ᠶ᠋ᠢᠨ ᠢᠯᠡᠷᠬᠡᠢᠯᠡᠯ ᠨᠢ ᠭᠠᠵᠠᠷ ᠤᠷᠤᠨ ᠤ᠋ ᠪᠦᠲᠦᠭᠡᠭᠳᠡᠭᠦᠨ ᠢ᠋ ᠢᠯᠭᠠᠨ ᠲᠠᠨᠢᠬᠤ ᠲᠡᠮᠳᠡᠭ ᠲᠡᠳᠦᠢ ᠪᠢᠰᠢ᠂ ᠨᠡᠩ ᠴᠤ᠌ ᠪᠦᠲᠦᠭᠡᠭᠳᠡᠭᠦᠨ ᠤ᠋ ᠶᠠᠰᠤ ᠴᠢᠨᠠᠷ ᠤ᠋ᠨ ᠭᠡᠷᠡᠴᠢᠯᠡᠯ ᠪᠠᠢᠵᠤ᠂ ᠮᠠᠨ ᠤ᠋ ᠤᠯᠤᠰ ᠲᠤᠰᠬᠠᠢ 《 ᠭᠠᠵᠠᠷ ᠵᠦᠢ ᠶ᠋ᠢᠨ ᠢᠯᠡᠷᠬᠡᠢᠯᠡᠯᠳᠦ ᠪᠦᠲᠦᠭᠡᠭᠳᠡᠭᠦᠨ ᠢ᠋ ᠬᠠᠮᠠᠭᠠᠯᠠᠬᠤ ᠠᠷᠭ᠎ᠠ 》 ᠵᠢ ᠳᠤᠭᠳᠠᠭᠠᠨ ᠬᠡᠷᠡᠭᠵᠢᠬᠦᠯᠵᠤ᠂ ᠭᠠᠵᠠᠷ ᠵᠦᠢ ᠶ᠋ᠢᠨ ᠢᠯᠡᠷᠬᠡᠢᠯᠡᠯᠳᠦ ᠪᠦᠲᠦᠭᠡᠭᠳᠡᠭᠦᠨ ᠢ᠋ ᠬᠠᠤᠯᠢ ᠶ᠋ᠢᠨ ᠬᠠᠮᠠᠭᠠᠯᠠᠯᠳᠠ ᠳ᠋ᠤ ᠤᠷᠤᠭᠤᠯᠪᠠ᠃ ᠤᠳᠤᠬᠠᠨ ᠪᠤᠯᠳᠠᠯ᠎ᠠ ᠮᠠᠨ ᠤ᠋ ᠤᠷᠤᠨ ᠳ᠋ᠤ ᠨᠡᠢᠳᠡ 234 ᠭᠠᠵᠠᠷ ᠵᠦᠢ ᠶ᠋ᠢᠨ ᠢᠯᠡᠷᠬᠡᠢᠯᠡᠯᠳᠤ ᠬᠠᠮᠠᠭᠠᠯᠠᠯᠳᠠ ᠶ᠋ᠢᠨ ᠪᠦᠲᠦᠭᠡᠭᠳᠡᠭᠦᠨ᠂ 186 ᠭᠠᠵᠠᠷ ᠵᠦᠢ ᠶ᠋ᠢᠨ ᠢᠯᠡᠷᠬᠡᠢᠯᠡᠯᠳᠦ ᠨᠡᠢᠳᠡ ᠶ᠋ᠢᠨ ᠬᠡᠷᠡᠭᠯᠡᠭᠡᠨ ᠤ᠋ ᠲᠠᠸᠠᠷ ᠤ᠋ᠨ ᠲᠡᠮᠳᠡᠭ ᠪᠠ ᠭᠡᠷᠡᠴᠢᠯᠡᠯ ᠤ᠋ᠨ ᠲᠠᠸᠠᠷ ᠤ᠋ᠨ ᠲᠡᠮᠳᠡᠭ ᠲᠠᠢ ᠪᠤᠯᠵᠤ᠂ 2024 ᠤᠨ ᠤ᠋ ᠰᠡᠭᠦᠯᠴᠢ ᠪᠤᠯᠳᠠᠯ᠎ᠠ ᠪᠦᠬᠦ ᠤᠷᠤᠨ ᠤ᠋ ᠭᠠᠵᠠᠷ ᠵᠦᠢ ᠶ᠋ᠢᠨ ᠢᠯᠡᠷᠬᠡᠢᠯᠡᠯᠳᠤ ᠪᠦᠲᠦᠭᠡᠭᠳᠡᠭᠦᠨ ᠤ᠋ ᠪᠦᠬᠦ ᠠᠵᠤ ᠦᠢᠯᠡᠰ ᠤ᠋ᠨ ᠬᠡᠯᠬᠢᠶ᠎ᠠ ᠶ᠋ᠢᠨ ᠶᠡᠷᠦᠩᠬᠡᠢ ᠦᠢᠯᠡᠳᠭᠦᠨ ᠤ᠋ ᠦᠷᠳᠡᠭ 250 ᠳ᠋ᠦᠩᠰᠢᠭᠤᠷ ᠲᠦᠭᠦᠷᠢᠭ ᠲᠤ᠌ ᠬᠦᠷᠴᠠᠢ᠃

《ᠰᠢᠨ᠎ᠠ ᠬᠦᠳᠡᠭᠡ》 ᠲᠤᠰᠬᠠᠢ ᠬᠡᠪᠯᠡᠯ ᠲᠤᠰ ᠬᠤᠭᠤᠴᠠᠭ᠎ᠠ ᠳ᠋ᠤ ᠦᠪᠡᠷᠳᠡᠭᠡᠨ ᠵᠠᠰᠠᠬᠤ ᠤᠷᠤᠨ ᠤ᠋ 《ᠭᠠᠵᠠᠷ ᠵᠦᠢ ᠶ᠋ᠢᠨ ᠢᠯᠡᠷᠬᠡᠢᠯᠡᠯᠳᠦ ᠪᠦᠲᠦᠭᠡᠭᠳᠡᠭᠦᠨ ᠵᠢᠡᠷ ᠤᠷᠤᠨ ᠪᠦᠰᠡ ᠶ᠋ᠢᠨ ᠴᠢᠨᠠᠷ ᠰᠠᠢᠳᠠᠢ ᠬᠦᠭᠵᠢᠯᠳᠡ ᠶ᠋ᠢ ᠠᠬᠢᠭᠤᠯᠤᠭᠰᠠᠨ ᠨᠡᠢᠳᠡᠯᠢᠭ ᠵᠢᠱ᠌ᠢᠶᠠ》 ᠳ᠋ᠤ ᠤᠷᠤᠭᠰᠠᠨ ᠰᠦᠨᠢᠳ ᠬᠤᠨᠢ ᠵᠢᠨ ᠮᠢᠬ᠎ᠠ ᠶ᠋ᠢᠨ ᠲᠤᠬᠠᠢ ᠮᠡᠳᠡᠭᠡᠯᠡᠯ ᠢ᠋ ᠳᠡᠪᠰᠢᠭᠦᠯᠵᠦ᠂ ᠭᠠᠵᠠᠷ ᠵᠦᠢ ᠶ᠋ᠢᠨ ᠢᠯᠡᠷᠬᠡᠢᠯᠡᠯᠳ᠋ᠤ ᠪᠦᠳᠦᠬᠡᠭᠳᠡᠬᠦᠨ ᠢ᠋ ᠠᠰᠢᠬᠯᠠᠨ ᠤᠷᠤᠨ ᠨᠤᠳᠤᠭ ᠤ᠋ᠨ ᠠᠵᠤ ᠠᠬᠤᠢ ᠶ᠋ᠢᠨ ᠬᠦᠭᠵᠢᠯᠳᠡ ᠶ᠋ᠢ ᠠᠬᠢᠭᠤᠯᠵᠤ᠂ ᠮᠠᠯᠴᠢᠨ ᠲᠠᠷᠢᠶᠠᠴᠢᠨ ᠤ᠋ ᠤᠷᠤᠯᠭ᠎ᠠ ᠶ᠋ᠢ ᠨᠡᠮᠡᠭᠳᠡᠭᠦᠯᠦᠭᠰᠡᠨ ᠨᠡᠢᠳᠡᠯᠢᠭ ᠲᠤᠷᠰᠢᠯᠭ᠎ᠠ ᠶ᠋ᠢ ᠲᠠᠨᠢᠯᠴᠠᠭᠤᠯᠤᠨ᠂ ᠪᠦᠬᠦ ᠤᠷᠤᠨ ᠤ᠋ ᠡᠯ᠎ᠠ ᠭᠠᠵᠠᠷ ᠤ᠋ᠨ ᠬᠢᠨ ᠳ᠋ᠤ ᠲᠤᠯᠢᠯᠠᠭᠤᠯᠬᠤ ᠶ᠋ᠢ ᠵᠤᠷᠢᠪᠠ᠃
ᠡᠬᠡ ᠪᠠᠢᠭᠠᠯᠢ ᠡᠴᠡ ᠰᠦᠨᠢᠳ ᠨᠤᠳᠤᠭ ᠤ᠋ᠨ ᠠᠷᠠᠳ ᠲᠦᠮᠡᠨ ᠳ᠋ᠤ ᠰᠤᠶᠤᠷᠬᠠᠭᠰᠠᠨ ᠨᠠᠨᠳᠢᠨ ᠬᠡᠰᠢᠭ ᠤ᠋ᠨ ᠨᠢᠭᠡ ᠪᠤᠯ ᠰᠦᠨᠢᠳ ᠬᠤᠨᠢ ᠶᠤᠮ᠃ 《 ᠳᠤᠮᠳᠠᠳᠤ ᠤᠯᠤᠰ ᠤ᠋ᠨ ᠰᠠᠢᠨ ᠬᠤᠨᠢᠨ ᠮᠢᠬ᠎ᠠ ᠦᠪᠦᠷ ᠮᠤᠨᠭᠭᠤᠯ ᠳ᠋ᠤ ᠪᠤᠢ᠂ ᠦᠪᠦᠷ ᠮᠤᠨᠭᠭᠤᠯ ᠤ᠋ᠨ ᠰᠠᠢᠨ ᠬᠤᠨᠢᠨ ᠮᠢᠬ᠎ᠠ ᠰᠦᠨᠢᠳ ᠲᠦ᠍ ᠪᠤᠢ》᠂ 《 ᠰᠦᠨᠢᠳ ᠬᠤᠨᠢ ᠪᠤᠯ 〈 ᠬᠤᠨᠢᠨ ᠤ᠋ ᠳᠤᠲᠤᠷᠠᠬᠢ ᠮᠠᠯᠤᠷ ᠦᠳᠡᠭᠡ〉᠂ ᠰᠦᠨᠢᠳ ᠬᠤᠨᠢ ᠵᠢᠨ ᠮᠢᠬ᠎ᠠ ᠪᠤᠯ 〈 ᠮᠢᠬᠠᠨ ᠤ᠋ ᠳᠤᠲᠤᠷᠠᠬᠢ ᠤᠷᠬᠤᠳᠠᠢ 〉》 ᠬᠡᠮᠡᠳᠡᠭ᠃
ᠰᠦᠨᠢᠳ ᠬᠤᠨᠢ ᠪᠤᠯ ᠮᠤᠩᠭᠤᠯ ᠬᠤᠨᠢ ᠵᠢᠨ ᠨᠢᠭᠡ ᠤᠳᠤᠮ᠂ ᠮᠢᠨᠭᠭᠠᠨ ᠵᠢᠯ ᠤ᠋ᠨ ᠳᠠᠰᠬᠠᠨ ᠲᠡᠵᠢᠭᠡᠭᠰᠡᠨ ᠲᠡᠦᠬᠡ ᠲᠠᠢ ᠰᠢᠯᠢᠳᠡᠭ ᠡᠭᠦᠯᠳᠡᠷ ᠤ᠋ᠨ ᠬᠤᠨᠢ ᠪᠤᠯᠤᠨ᠎ᠠ᠃ ᠰᠦᠨᠢᠳ ᠬᠤᠨᠢ ᠵᠢᠨ ᠤᠯᠠᠩᠬᠢ ᠨᠢ ᠬᠠᠷ᠎ᠠ ᠲᠤᠯᠤᠭᠠᠢᠳᠤ ( ᠡᠭᠦᠨ ᠤ᠋ ᠲᠤᠳᠤᠷ᠎ᠠ ᠬᠠᠷ᠎ᠠ ᠨᠢᠳᠤᠳᠤ᠂ ᠬᠠᠷ᠎ᠠ ᠬᠠᠯᠵᠠᠨ ᠪᠠ ᠬᠠᠷ᠎ᠠ ᠬᠦᠵᠦᠭᠦᠳᠦ ᠬᠤᠨᠢ ᠪᠦᠷ ᠪᠠᠭᠳᠠᠨ᠎ᠠ ) ᠳᠠᠪᠬᠤᠷ ᠵᠢᠰᠦᠮ ᠲᠠᠢ ᠪᠠᠢᠵᠤ᠂ ᠪᠠᠰᠠ ᠬᠠᠷ᠎ᠠ ᠪᠤᠷᠤ᠂ ᠰᠢᠷ᠎ᠠ ᠵᠢᠰᠦᠮ ᠤ᠋ᠨ ᠬᠤᠨᠢᠳ ᠴᠤ᠌ ᠪᠤᠢ ᠃ ᠲᠡᠭᠦᠨ ᠤ᠋ ᠳᠦᠷᠪᠡᠨ ᠮᠦᠴᠢ ᠨᠢ ᠤᠬᠤᠷ᠂ ᠨᠢᠷᠤᠭᠤ ᠨᠢ ᠦᠷᠭᠡᠨ ᠤᠷᠳᠤ᠂ ᠪᠤᠯᠴᠢᠩ ᠮᠢᠬ᠎ᠠ ᠨᠢ ᠬᠦᠭᠵᠢᠯᠳᠡ ᠰᠠᠢᠳᠠᠢ᠂ ᠰᠡᠭᠦᠯ ᠨᠢ ᠳᠤᠮᠳᠠ ᠵᠡᠷᠭᠡ ᠶ᠋ᠢᠨ ᠦᠭᠡᠭᠦᠯᠢᠭ ᠪᠠᠢᠳᠠᠭ᠃ ᠰᠦᠨᠢᠳ ᠬᠤᠨᠢ ᠵᠢᠨ ᠮᠢᠬ᠎ᠠ ᠨᠢ ᠡᠷᠳᠡᠨ ᠤ᠋ ᠬᠠᠭᠠᠳ ᠪᠠ ᠲᠦᠷᠦ ᠶ᠋ᠢᠨ ᠲᠦᠰᠢᠮᠡᠳ ᠰᠠᠢᠳ ᠨᠠᠷ ᠤ᠋ᠨ ᠪᠠᠶᠠᠷ ᠨᠠᠢᠷ ᠲᠠᠭᠠᠨ ᠦᠷᠭᠦᠯᠵᠢ ᠵᠤᠭᠤᠭᠯᠠᠳᠠᠭ ᠠᠮᠳᠠᠳᠤ ᠰᠢᠭᠦᠰᠦ ᠪᠠᠢᠭᠰᠡᠨ ᠢ᠋ ᠲᠡᠦᠬᠡ ᠶ᠋ᠢᠨ ᠮᠠᠲᠧᠷᠢᠶᠠᠯ ᠳ᠋ᠤ ᠲᠡᠮᠳᠡᠭᠯᠡᠵᠦ ᠪᠤᠢ᠃
ᠰᠦᠨᠢᠳ ᠬᠤᠨᠢ ᠪᠤᠯ ᠡᠬᠡ ᠪᠠᠢᠭᠠᠯᠢ ᠳ᠋ᠠᠭᠠᠨ ᠵᠤᠬᠢᠴᠠᠭᠰᠠᠨ᠂ ᠪᠡᠶ᠎ᠠ ᠪᠢᠯᠳᠡᠷ ᠲᠤᠷᠪᠢᠯᠢᠭ᠂ ᠭᠠᠩ ᠬᠠᠭᠤᠷᠠᠢ ᠳ᠋ᠤ ᠭᠠᠢᠬᠠᠯᠳᠠᠢ ᠲᠡᠰᠪᠤᠷᠢᠳᠠᠢ᠂ ᠦᠰᠴᠤ ᠪᠤᠢᠵᠢᠬᠤ ᠨᠢ ᠲᠦᠷᠭᠡᠨ ᠠᠮᠢᠳᠠᠨ ᠪᠠᠢᠵᠤ᠂ 《ᠰᠦᠨᠢᠳ ᠬᠤᠨᠢ ᠴᠢᠨᠢ ᠰᠢᠷᠤᠢ ᠪᠡᠨ ᠢᠳᠡᠭᠡᠳ ᠯᠡ ᠲᠠᠷᠭᠤᠯᠠᠭᠠᠳ ᠪᠠᠢᠬᠤ ᠶᠤᠮ ᠡ》 ᠭᠡᠵᠦ ᠮᠠᠯᠴᠢᠳ ᠶᠠᠷᠢᠬᠤ ᠶᠤᠮ᠃ ᠡᠨᠡ ᠨᠢ ᠰᠦᠨᠢᠳ ᠬᠤᠨᠢ ᠶ᠋ᠢᠨ ᠭᠤᠤᠯ ᠭᠠᠷᠤᠯᠲᠠ ᠶ᠋ᠢᠨ ᠤᠷᠤᠨ ᠪᠤᠯᠬᠤ ᠰᠦᠨᠢᠳ ᠵᠡᠭᠦᠨ ᠬᠤᠰᠢᠭᠤ ᠪᠤᠯᠤᠨ ᠰᠦᠨᠢᠳ ᠪᠠᠷᠠᠭᠤᠨ ᠬᠤᠰᠢᠭᠤ ᠪᠤᠯ ᠰᠢᠯᠢ ᠶ᠋ᠢᠨ ᠭᠤᠤᠯ ᠠᠢᠮᠠᠭ ᠤ᠋ᠨ ᠪᠠᠷᠠᠭᠤᠨ ᠬᠤᠢᠲᠦ ᠬᠡᠰᠡᠭ ᠲᠦ᠍ ᠪᠠᠢᠷᠢᠯᠠᠬᠤ᠂ ᠵᠢᠯ ᠤ᠋ᠨ ᠳᠤᠮᠳᠠᠴᠢ ᠬᠤᠷ᠎ᠠ ᠲᠤᠨᠳᠠᠰᠤᠨ ᠤ᠋ ᠬᠡᠮᠵᠢᠶ᠎ᠡ ᠨᠢ 200 ᠮᠢᠯᠢᠮᠸᠲᠷ ᠴᠤ᠌ ᠬᠦᠷᠬᠦ ᠦᠭᠡᠢ ᠡᠯᠡᠰᠦᠷᠬᠡᠭ ᠭᠤᠪᠢ ᠨᠤᠲᠤᠭ ᠪᠠᠢᠬᠤ ᠡᠴᠡ ᠪᠤᠯᠵᠠᠢ᠃ ᠰᠦᠨᠢᠳ ᠤ᠋ᠨ ᠦᠪᠡᠷᠮᠢᠴᠡ ᠤᠨᠴᠠᠭᠠᠢ ᠪᠠᠢᠭᠠᠯᠢ ᠤᠷᠴᠢᠨ ᠳ᠋ᠤ ᠵᠤᠬᠢᠴᠠᠨ ᠤᠷᠭᠤᠭᠰᠠᠨ ᠬᠢᠶᠠᠭ ᠬᠢᠯᠭᠠᠨ᠎ᠠ᠂ ᠠᠭᠢ ᠂ ᠬᠦᠮᠡᠯᠢ᠂ ᠲᠠᠭᠠᠨ᠎ᠠ᠂ ᠶᠦᠷᠭᠦᠭ ᠵᠡᠷᠭᠡ ᠭᠠᠩ ᠳ᠋ᠤ ᠲᠡᠰᠪᠦᠷᠢᠲᠠᠢ᠂ ᠡᠷᠦᠳᠡᠰᠦ ᠪᠤᠳᠠᠰ ᠪᠠ ᠰᠢᠷᠬᠡᠭᠯᠢᠭ ᠡᠳ᠋ ᠡᠯᠪᠡᠭ ᠠᠭᠤᠯᠤᠭᠳᠠᠬᠤ ᠡᠪᠡᠰᠦ ᠤᠷᠭᠤᠮᠠᠯ ᠨᠢ ᠰᠦᠨᠢᠳ ᠬᠤᠨᠢ ᠵᠢᠨ ᠭᠤᠤᠯ ᠲᠡᠵᠢᠭᠡᠯ ᠡᠪᠡᠰᠦ ᠪᠤᠯᠤᠨ᠎ᠠ᠃ ᠰᠦᠨᠢᠳ ᠬᠤᠨᠢ ᠡᠢᠨ ᠬᠦ᠌ ᠡᠪᠡᠰᠦ ᠪᠡᠯᠴᠢᠭᠡᠷ ᠶ᠋ᠢᠡᠷ ᠲᠠᠷᠭᠤ ᠬᠦᠴᠦ ᠰᠠᠢᠨ ᠠᠪᠬᠤ ᠪᠡᠷ ᠦᠯᠦ ᠪᠠᠷᠠᠮ᠂ ᠡᠪᠤᠯ ᠬᠠᠪᠤᠷ ᠤ᠋ᠨ ᠤᠯᠠᠷᠢᠯ ᠳ᠋ᠤ ᠴᠤ᠌ ᠲᠠᠷᠭᠤ ᠬᠦᠴᠦ ᠪᠡᠨ ᠪᠠᠷᠤᠭᠳᠠᠢ ᠳ᠋ᠤ ᠠᠯᠳᠠᠳᠠᠭ ᠦᠭᠡᠢ ᠪᠠᠢᠵᠤ᠂ ᠰᠢᠨᠡᠬᠡᠨ ᠨᠤᠭᠤᠭᠠᠷᠠᠭᠰᠠᠨ ᠪᠡᠯᠴᠢᠭᠡᠷ ᠲᠤ᠌ ᠰᠠᠷ᠎ᠠ ᠰᠢᠬᠠᠮ ᠪᠡᠯᠴᠢᠪᠡᠯ ᠭᠦᠵᠡᠭᠡ ᠨᠢ ᠰᠠᠪᠰᠠᠯᠠᠵᠤ᠂ ᠮᠢᠬ᠎ᠠ ᠲᠠᠷᠭᠤ ᠲᠦᠷᠭᠡᠨ ᠰᠠᠭᠤᠵᠤ᠂ ᠬᠡᠩᠭᠦᠳᠡᠭ ᠳᠡᠭᠡᠷ᠎ᠠ ᠨᠢ ᠨᠢᠮᠬᠡᠨ ᠦᠭᠡᠬᠦ ᠪᠦᠷᠬᠦᠭᠡᠳ ᠮᠢᠬ᠎ᠠ ᠨᠢ ᠲᠤᠢᠯ ᠤ᠋ᠨ ᠠᠮᠳᠠ ᠰᠢᠮ᠎ᠠ ᠳᠠᠢ ᠪᠤᠯᠳᠠᠭ ᠶᠤᠮ᠃
ᠰᠦᠨᠢᠳ ᠬᠤᠨᠢ ᠵᠢᠨ ᠮᠢᠬ᠎ᠠ ᠪᠤᠯ ᠰᠢᠭᠤᠳ ᠴᠢᠨᠠᠵᠤ ᠢᠳᠡᠬᠦ᠂ ᠬᠠᠯᠠᠭᠤᠨ ᠲᠤᠭᠤᠭ᠎ᠠ ᠳ᠋ᠤ ᠢᠳᠡᠬᠦ᠂ ᠬᠠᠭᠤᠷᠴᠤ ᠢᠳᠡᠬᠦ ᠱᠠᠯᠪᠢᠩ ᠪᠤᠤᠵᠠ ᠬᠢᠵᠦ ᠢᠳᠡᠬᠦ᠂ ᠱᠤᠷᠤᠯᠠᠵᠤ ᠢᠳᠡᠬᠦ ᠵᠡᠷᠭᠡ ᠠᠯᠢ ᠠᠯᠢᠨ ᠳ᠋ᠤᠨᠢ ᠰᠠᠢᠨ ᠳᠤᠬᠢᠷᠠᠨ᠎ᠠ᠃ ᠮᠢᠬ᠎ᠠ ᠨᠢ ᠠᠮᠳᠠ ᠲᠠᠢ ᠪᠦᠭᠡᠳ ᠬᠠᠷ᠎ᠠ ᠮᠢᠬ᠎ᠠ ᠠᠷᠪᠢᠨ᠂ ᠥᠭᠡᠬᠦ ᠪᠠᠭ᠎ᠠ ᠪᠠᠢᠵᠤ᠂ ᠨᠠᠰᠤ ᠭᠦᠢᠴᠡᠭᠰᠡᠨ ᠠᠯᠠᠰᠢᠨ ᠤ᠋ ᠡᠷ᠎ᠠ ᠬᠤᠨᠢ ᠶ᠋ᠢᠨ ᠬᠠᠷ᠎ᠠ ᠮᠢᠬᠠᠨ ᠤ᠋ ᠨᠤᠷᠮ᠎ᠠ ᠨᠢ 72% ᠲᠤ᠌ ᠬᠦᠷᠴᠦ ᠪᠤᠢ᠃
ᠦᠪᠦᠷ ᠮᠤᠩᠭᠤᠯ ᠲᠡᠷᠡᠴᠢᠯᠡᠨ ᠪᠦᠬᠦ ᠤᠯᠤᠰ ᠲᠤ᠌ ᠰᠦᠨᠢᠳ ᠨᠤᠳᠤᠭ ᠬᠠᠮᠢᠭ᠎ᠠ ᠪᠠᠢᠬᠤ ᠶ᠋ᠢ ᠮᠡᠳᠡᠬᠦ ᠦᠭᠡᠢ ᠴᠤ᠌ 《 ᠰᠦᠨᠢᠳ ᠬᠤᠨᠢ ᠵᠢᠨ ᠮᠢᠬ᠎ᠠ ᠠᠮᠳᠠ ᠰᠢᠮᠳᠡ ᠳᠠᠢ 》 ᠶ᠋ᠢ ᠮᠡᠳᠡᠬᠦ ᠦᠭᠡᠢ ᠬᠦᠮᠦᠨ ᠴᠦᠬᠡᠨ ᠶᠤᠮ᠃ ᠪᠡᠭᠡᠵᠢᠩ ᠤ᠋ᠨ ᠨᠡᠷᠡᠳᠦ ᠬᠤᠭᠤᠯᠠᠨ ᠭᠡᠷ 《 ᠳ᠋ᠦᠩ ᠯᠠᠶ ᠱᠦᠨ 》 ᠤ᠋ ᠬᠢ ᠬᠠᠯᠠᠭᠤᠨ ᠲᠣᠭᠣᠭ᠎ᠠ ᠳ᠋ᠠᠭᠠᠨ ᠰᠥᠨᠢᠳ ᠬᠤᠨᠢ ᠵᠢᠨ ᠮᠢᠬ᠎ᠠ ᠵᠢ ᠬᠡᠷᠡᠭᠯᠡᠭᠰᠡᠭᠡᠷ ᠢᠷᠡᠵᠠᠢ᠃ ᠤᠵᠤᠭᠤᠷ ᠨᠢᠭᠡ ᠤᠶᠤᠳᠠᠨ 《ᠬᠤᠨᠢᠨ ᠮᠢᠬ᠎ᠠ ᠢᠳᠡᠬᠦ ᠦᠭᠡᠢ》 ᠭᠡᠳ ᠯᠡ ᠪᠠᠢᠭᠰᠠᠨ ᠶ᠋ᠢᠡᠨ ᠵᠤᠨ ᠤ᠋ ᠠᠮᠠᠷᠠᠯᠳᠠ ᠪᠡᠷ ᠰᠦᠨᠢᠳ ᠨᠤᠳᠤᠭ ᠲᠤ᠌ ᠬᠦᠷᠦᠭᠰᠡᠨ ᠴᠢᠨᠢ ᠬᠠᠷᠢᠨ ᠬᠤᠨᠢᠨ ᠮᠢᠬ᠎ᠠ ᠶ᠋ᠢ ᠬᠡᠨ ᠡᠴᠡ ᠴᠤ᠌ ᠢᠯᠡᠭᠦᠦ ᠢᠳᠡᠯ᠎ᠠ ᠭᠡᠰᠡᠨ ᠶᠠᠪᠤᠳᠠᠯ ᠵᠠᠯᠠᠭᠤ ᠤᠶᠤᠳᠠᠳ ᠤ᠋ᠨ ᠲᠤᠮᠳᠠ ᠨᠢᠬᠡᠨ ᠦᠶ᠎ᠠ ᠱᠤᠤᠬᠢᠵᠤ ᠪᠠᠢᠭᠰᠠᠨ ᠪᠢᠯᠡ᠃
《ᠦᠪᠦᠷ ᠮᠤᠨᠭᠭᠤᠯ ᠤ᠋ᠨ ᠬᠤᠨᠢᠨ ᠮᠢᠬ᠎ᠠ ᠦᠨᠡᠬᠡᠷ ᠠᠮᠳᠠ ᠲᠠᠢ》 ᠂ 《 ᠡᠨᠡ ᠬᠤᠨᠢᠨ ᠮᠢᠬ᠎ᠠ ᠭᠤᠶᠤ ᠠᠮᠲᠠ ᠲᠠᠢ᠂ ᠦᠴᠦᠬᠡᠨ ᠴᠦ᠍ ᠰᠢᠨᠭᠭᠡᠭ ᠦᠨᠦᠷ ᠦᠭᠡᠢ》 ᠁ ᠭᠡᠵᠦ ᠲᠦᠷᠦᠭᠦᠬᠡᠨ ᠭᠤᠸᠠᠨᠭᠵᠸᠦ ᠬᠤᠲᠠ ᠳ᠋ᠤ ᠶᠠᠪᠤᠬᠳᠠᠬᠰᠠᠨ ᠰᠢᠯᠢ ᠶ᠋ᠢᠨ ᠭᠤᠤᠯ ᠠᠢᠮᠠᠭ ᠤ᠋ᠨ ᠰᠦᠨᠢᠳ ᠵᠡᠭᠦᠨ ᠬᠤᠰᠢᠭᠤᠨ ᠤ᠋ ᠰᠤᠶᠤᠯ ᠵᠢᠭᠤᠯᠴᠢᠯᠠᠯ ᠤ᠋ᠨ ᠠᠷᠠᠯᠵᠢᠶᠡᠴᠢᠨ ᠤᠷᠢᠬᠤ ᠲᠠᠨᠢᠯᠴᠠᠭᠤᠯᠭ᠎ᠠ ᠶ᠋ᠢᠨ ᠬᠤᠷᠠᠯ ᠳ᠋ᠤ ᠰᠦᠨᠢᠳ ᠬᠤᠨᠢ ᠵᠢᠨ ᠮᠢᠬ᠎ᠠ ᠶ᠋ᠢ ᠠᠮᠳᠠᠯᠠᠭᠰᠠᠨ ᠭᠤᠸᠠᠨᠭᠵᠸᠦ ᠬᠤᠲᠠ ᠶ᠋ᠢᠨ ᠠᠷᠠᠳ ᠡᠷᠡᠬᠡᠢ ᠭᠠᠷᠭᠠᠨ ᠱᠠᠭᠰᠢᠵᠠᠭᠠᠵᠤ ᠯᠡ ᠪᠠᠢᠯ᠎ᠠ᠃
ᠰᠦᠨᠢᠳ ᠬᠤᠨᠢ ᠵᠢᠨ ᠮᠢᠬ᠎ᠠ ᠳ᠋ᠤ ᠬᠥᠮᠦᠨ ᠤ᠋ ᠪᠡᠶ᠎ᠡ ᠳ᠋ᠤ ᠱᠠᠭᠠᠷᠳᠠᠭ᠍ᠳᠠᠬᠤ ᠤᠭᠤᠷᠠᠭ᠂ ᠺᠠᠯᠼ᠂ ᠲᠡᠮᠦᠷ ᠵᠢᠴᠢ ᠡᠯ᠎ᠡ ᠵᠦᠢᠯ ᠤ᠋ᠨ ᠠᠮᠢᠨᠣ᠋ ᠬᠦᠴᠢᠯ ᠪᠣᠯᠤᠨ ᠥᠭᠡᠬᠦᠨ ᠬᠦᠴᠢᠯ ᠡᠯᠪᠡᠭ ᠠᠭᠤᠯᠤᠭ᠍ᠳᠠᠵᠦ᠂ ᠵᠤᠬᠢᠬᠤ ᠬᠡᠮᠵᠢᠶ᠎ᠠ ᠪᠡᠷ ᠢᠳᠡᠪᠡᠯ ᠵᠢᠷᠦᠬᠡ᠂ ᠶᠡᠬᠡ ᠲᠠᠷᠢᠬᠢ ᠪᠣᠯᠤᠨ ᠦᠷᠡᠵᠢᠯ ᠤ᠋ᠨ ᠡᠷᠬᠡᠲᠡᠨ ᠤ᠋ ᠡᠷᠡᠭᠦᠯ ᠮᠡᠨᠳᠦ᠍ ᠳ᠋ᠤ ᠰᠠᠢᠨ ᠪᠦᠭᠡᠳ ᠪᠤᠯᠴᠢᠩ ᠢ᠋ ᠴᠢᠩᠭᠠᠷᠠᠭᠤᠯᠤᠨ ᠮᠠᠷᠢᠶ᠎ᠠ ᠱᠢᠭᠤᠷᠠᠭᠤᠯᠬᠤ ᠦᠢᠯᠡᠳᠦᠯ ᠲᠠᠢ᠃ ᠰᠥᠨᠢᠳ ᠬᠤᠨᠢ ᠵᠢᠨ ᠰᠡᠭᠦᠯ ᠤ᠋ᠨ ᠥᠭᠡᠬᠦᠨ ᠳ᠋ᠤ ᠠᠭᠤᠯᠤᠭ᠍ᠳᠠᠬᠤ ᠴᠠᠪᠠᠤᠯᠢᠭ ᠤᠭᠤᠷᠠᠭ᠂ ᠳᠤᠲᠠᠭᠤ ᠲᠣᠰᠣᠨ ᠬᠦᠴᠢᠯ ᠪᠠ ᠶᠠᠮᠠ ᠬᠦᠴᠢᠯ ᠨᠢ ᠬᠥᠮᠦᠨ ᠤ᠋ ᠪᠡᠶ᠎ᠡ ᠶ᠋ᠢᠨ ᠱᠢᠮ᠎ᠡ ᠲᠡᠵᠢᠭᠡᠯ ᠤ᠋ᠨ ᠬᠡᠷᠡᠭ᠌ᠴᠡᠭᠡ ᠳ᠋ᠤ ᠮᠠᠰᠢ ᠳᠣᠭᠢᠷᠠᠳᠠᠭ᠃
1990 ᠤᠨ ᠳ᠋ᠤ ᠦᠪᠦᠷ ᠮᠤᠩᠭᠤᠯ ᠤ᠋ᠨ ᠲᠠᠷᠢᠶᠠᠯᠠᠩ ᠮᠠᠯ ᠠᠵᠤ ᠠᠬᠤᠢ ᠶ᠋ᠢᠨ ᠳᠡᠭᠡᠳᠦ ᠰᠤᠷᠭᠠᠭᠤᠯᠢ (ᠤᠳᠤ ᠵᠢᠨ ᠦᠪᠦᠷ ᠮᠤᠩᠭᠤᠯ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ) ᠶ᠋ᠢᠨ ᠮᠠᠯ ᠠᠵᠤ ᠠᠬᠤᠢ ᠶ᠋ᠢᠨ ᠡᠷᠳᠡᠮᠳᠡᠨ ᠨᠠᠷ ᠰᠦᠨᠢᠳ ᠬᠤᠨᠢ ᠶ᠋ᠢ ᠰᠤᠳᠤᠯᠬᠤ ᠠᠵᠢᠯ ᠢ᠋ ᠬᠦᠯᠢᠶᠡᠨ ᠠᠪᠴᠤ᠂ 6 ᠵᠢᠯ ᠤ᠋ᠨ ᠡᠭᠦᠯᠳᠡᠷ ᠪᠤᠢᠵᠢᠭᠤᠯᠬᠤ ᠠᠵᠢᠯ ᠶ᠋ᠢᠡᠷ ᠳᠠᠮᠵᠢᠭᠠᠳ ᠤᠤᠯ ᠤ᠋ᠨ ᠪᠠᠢᠭᠰᠠᠨ ᠰᠦᠷᠦᠭ ᠤ᠋ᠨ ᠶᠠᠰᠤ ᠴᠢᠨᠠᠷ ᠢ᠋ ᠢᠯᠡᠷᠬᠡᠢ ᠰᠠᠢᠵᠢᠷᠠᠭᠤᠯᠵᠤ᠂ ᠬᠡᠯᠪᠡᠷᠢ ᠳᠦᠷᠰᠦ ᠪᠠ ᠤᠨᠴᠠᠯᠢᠭ ᠰᠢᠨᠵᠢ ᠶ᠋ᠢ ᠨᠢ ᠬᠡᠪᠰᠢᠭᠦᠯᠵᠦ ᠲᠤᠪᠤᠢᠯᠭᠠᠭᠰᠠᠨ ᠪᠦᠭᠡᠳ ᠮᠢᠬᠠᠨ ᠤ᠋ ᠭᠠᠷᠤᠯᠳᠠ ᠶ᠋ᠢ ᠴᠤ᠌ ᠶᠡᠬᠡ ᠪᠡᠷ ᠳᠡᠭᠡᠭᠰᠢᠯᠡᠭᠦᠯᠵᠠᠢ᠃ 1995 ᠤᠨ ᠳ᠋ᠤ ᠰᠦᠨᠢᠳ ᠬᠤᠨᠢ ᠦᠪᠦᠷ ᠮᠤᠩᠭᠤᠯ ᠤ᠋ᠨ ᠮᠠᠯ ᠵᠢᠬᠦᠷᠳᠡᠨ ᠤ᠋ ᠰᠢᠯᠢᠳᠡᠭ ᠡᠭᠦᠯᠳᠡᠷ ᠶ᠋ᠢᠡᠷ ᠨᠤᠳᠠᠯᠠᠭᠳᠠᠪᠠ᠃ 2005 ᠤᠨ ᠳ᠋ᠤ ᠦᠪᠦᠷ ᠮᠤᠩᠭᠤᠯ ᠤ᠋ᠨ ᠰᠦᠨᠢᠳ ᠤ᠋ᠨ ᠮᠢᠬᠠᠨ ᠤ᠋ ᠦᠢᠯᠡᠰ ᠤ᠋ᠨ ᠬᠢᠵᠠᠭᠠᠷᠳᠦ ᠺᠤᠮᠫᠠᠨᠢ ᠶᠤᠷᠳᠠᠨ᠂ ᠠᠷᠠᠪ ᠤ᠋ᠨ ᠬᠤᠯᠪᠤᠭᠠᠳᠤ ᠠᠬᠠᠮᠠᠳᠳᠤ ᠤᠯᠤᠰ ᠵᠡᠷᠭᠡ ᠳᠤᠮᠳᠠᠳᠤ ᠳᠤᠷᠤᠨᠠᠳᠤ ᠶ᠋ᠢᠨ ᠤᠯᠤᠰ ᠤ᠋ᠳ ᠲᠤ᠌ ᠹᠷᠠᠨᠼᠢ ᠮᠠᠶᠢᠭ ᠤ᠋ᠨ ᠬᠤᠨᠢᠨ ᠤ᠋ ᠬᠠᠪᠢᠷᠭ᠎ᠠ᠂ ᠬᠤᠨᠢᠨ ᠮᠢᠬ᠎ᠠ ᠵᠢᠨ ᠠᠮᠠᠨ ᠵᠤᠭ᠎ᠠ ᠶ᠋ᠢᠨ ᠢᠳᠡᠬᠡᠨ᠂ ᠡᠷᠡᠭᠦᠯᠵᠢᠯ ᠤ᠋ᠨ ᠬᠡᠷᠡᠭᠴᠡᠭᠡᠨ ᠤ᠋ ᠬᠤᠨᠢᠨ ᠮᠢᠬ᠎ᠠ᠂ ᠳᠤᠤᠷ᠎ᠠ ᠳᠤᠯᠠᠭᠠᠨ ᠳ᠋ᠤ ᠰᠦᠨ ᠬᠦᠴᠢᠯ ᠢ᠋ ᠨᠢ ᠦᠭᠡᠢᠳᠡᠭᠦᠯᠦᠭᠰᠡᠨ ᠳᠦᠷᠭᠡᠨ ᠬᠦᠯᠳᠡᠭᠡᠭᠰᠡᠨ ᠬᠤᠨᠢᠨ ᠮᠢᠬ᠎ᠠ ᠵᠡᠷᠭᠡ ᠰᠦᠨᠢᠳ ᠬᠤᠨᠢᠨ ᠤ᠋ ᠮᠢᠬ᠎ᠠ ᠶ᠋ᠢᠨ ᠪᠦᠲᠦᠭᠡᠭᠳᠡᠭᠦᠨ ᠢ᠋ 1178 ᠳᠤᠨ ᠭᠠᠷᠭᠠᠵᠤ᠂ 435 ᠲᠦᠮᠡᠨ ᠳ᠋ᠤᠯᠯᠠᠷ ᠤ᠋ᠨ ᠭᠠᠳᠠᠭᠠᠳᠤ ᠭᠤᠪᠢᠭᠤᠯᠭ᠎ᠠ ᠡᠭᠦᠳᠴᠠᠢ᠃ 2007 ᠤᠨ ᠳ᠋ᠤ ᠰᠦᠨᠢᠳ ᠵᠡᠭᠦᠨ ᠬᠤᠰᠢᠭᠤᠨ ᠡᠴᠡ ᠰᠦᠨᠢᠳ ᠬᠤᠨᠢ ᠵᠢᠨ ᠮᠢᠬ᠎ᠠ ᠶ᠋ᠢ ᠤᠯᠤᠰ ᠤ᠋ᠨ ᠭᠠᠵᠠᠷ ᠵᠦᠢ ᠶ᠋ᠢᠨ ᠢᠯᠡᠷᠬᠡᠢᠯᠡᠯᠳᠦ ᠬᠠᠮᠠᠭᠠᠯᠠᠯᠳᠠ ᠶ᠋ᠢᠨ ᠪᠦᠲᠦᠭᠡᠭᠳᠡᠭᠦᠨ ᠶ᠋ᠢᠡᠷ ᠪᠦᠷᠢᠳᠬᠡᠬᠦᠯᠵᠤ᠂ 2010 ᠤᠨ ᠳ᠋ᠤ ᠰᠦᠨᠢᠳ ᠬᠤᠨᠢ ᠪᠦᠬᠦ ᠤᠯᠤᠰ ᠤ᠋ᠨ ᠮᠠᠯ ᠵᠢᠬᠦᠷᠳᠡᠨ ᠤ᠋ ᠰᠢᠯᠢᠳᠡᠭ ᠡᠭᠦᠯᠳᠡᠷ ᠵᠢᠡᠷ ᠨᠤᠳᠠᠯᠠᠭᠳᠠᠪᠠ᠃ 2017 ᠤᠨ ᠳ᠋ᠤ ᠰᠦᠨᠢᠳ ᠵᠡᠭᠦᠨ ᠬᠤᠰᠢᠭᠤ 《 ᠤᠯᠤᠰ ᠤ᠋ᠨ ᠰᠦᠨᠢᠳ ᠬᠤᠨᠢ ᠶ᠋ᠢ ᠮᠠᠯᠵᠢᠬᠤ ᠵᠢᠴᠢ ᠡᠳ᠋ᠰᠢᠭᠦᠯᠦᠨ ᠪᠤᠯᠪᠠᠰᠤᠷᠠᠭᠤᠯᠬᠤ ᠪᠠᠷᠢᠮᠵᠢᠶᠠᠵᠢᠭᠰᠠᠨ ᠵᠢᠱ᠌ᠢᠶᠠ ᠦᠵᠡᠭᠦᠯᠬᠦ ᠤᠷᠤᠨ》 ᠤ᠋ ᠲᠦᠷᠦᠯ ᠵᠦᠢᠯ ᠢ᠋ ᠡᠷᠡᠮᠡᠯᠵᠡᠨ ᠤᠯᠵᠤ᠂ ᠰᠦᠨᠢᠳ ᠬᠤᠨᠢ ᠶ᠋ᠢ ᠮᠠᠯᠵᠢᠬᠤ ᠡᠴᠡ ᠰᠦᠨᠢᠳ ᠬᠤᠨᠢᠨ ᠤ᠋ ᠮᠢᠬ᠎ᠠ ᠶ᠋ᠢᠨ ᠪᠦᠲᠦᠭᠡᠭᠳᠡᠭᠦᠨ ᠢ᠋ ᠡᠳ᠋ᠰᠢᠭᠦᠯᠦᠨ ᠪᠤᠯᠪᠠᠰᠤᠷᠠᠭᠤᠯᠬᠤ ᠬᠦᠷᠳᠡᠯᠡᠬᠢ ᠪᠦᠬᠦ ᠶᠠᠪᠤᠴᠠ ᠶ᠋ᠢᠨ ᠪᠠᠷᠢᠮᠵᠢᠶᠠᠵᠢᠭᠰᠠᠨ ᠰᠢᠰᠲ᠋ᠧᠮ ᠢ᠋ ᠪᠠᠢᠭᠤᠯᠵᠠᠢ᠃ 2024 ᠤᠨ ᠳ᠋ᠤ 《ᠰᠦᠨᠢᠳ ᠬᠤᠨᠢ ᠵᠢᠨ ᠮᠢᠬ᠎ᠠ》 ᠤᠯᠤᠰ ᠤ᠋ᠨ ᠭᠠᠵᠠᠷ ᠵᠦᠢ ᠶ᠋ᠢᠨ ᠢᠯᠡᠷᠬᠡᠢᠯᠡᠯᠲᠦ ᠬᠠᠮᠠᠭᠠᠯᠠᠯᠲᠠ ᠶ᠋ᠢᠨ ᠢᠨᠵᠸᠨ᠋ᠸᠷᠢᠩ ᠤ᠋ᠨ ᠲᠦᠷᠦᠯ ᠵᠦᠢᠯ ᠳ᠋ᠤ ᠰᠤᠨᠭᠭᠤᠬᠳᠠᠵᠤ᠂ ᠲᠤᠰ ᠢᠨᠵᠧᠨᠧᠷᠢᠩ ᠳ᠋ᠤ ᠤᠷᠤᠭᠰᠠᠨ ᠪᠦᠬᠦ ᠤᠯᠤᠰ ᠤ᠋ᠨ ᠴᠤᠷ ᠤ᠋ᠨ ᠭᠠᠭᠴᠠ ᠬᠤᠨᠢᠨ ᠮᠢᠬ᠎ᠠ ᠶ᠋ᠢᠨ ᠲᠦᠷᠦᠯ ᠤ᠋ᠨ ᠭᠠᠵᠠᠷ ᠵᠦᠢ ᠶ᠋ᠢᠨ ᠢᠯᠡᠷᠬᠡᠢᠯᠡᠯᠳᠤ ᠪᠦᠲᠦᠭᠡᠭᠳᠡᠭᠦᠨ ᠪᠤᠯᠤᠭᠰᠠᠨ ᠪᠦᠭᠡᠳ ᠦᠪᠦᠷ ᠮᠤᠨᠭᠭᠤᠯ ᠡᠴᠡ ᠰᠤᠩᠭᠤᠭᠳᠠᠭᠰᠠᠨ ᠴᠤᠷ ᠤ᠋ᠨ ᠭᠠᠬᠴᠠ ᠭᠠᠵᠠᠷ ᠵᠦᠢ ᠶ᠋ᠢᠨ ᠢᠯᠡᠷᠬᠡᠢᠯᠡᠯᠳᠤ ᠪᠦᠲᠦᠭᠡᠭᠳᠡᠭᠦᠨ ᠪᠤᠯᠵᠤ᠂ ᠮᠠᠨ ᠤ᠋ ᠤᠷᠤᠨ ᠤ᠋︽ᠭᠠᠵᠠᠷ ᠵᠦᠢ ᠶ᠋ᠢᠨ ᠢᠯᠡᠷᠬᠡᠢᠯᠡᠯᠳᠤ ᠪᠦᠲᠦᠭᠡᠭ᠌ᠳᠡᠭᠦᠨ ᠢ᠋ᠶ᠋ᠡᠷ ᠤᠷᠤᠨ ᠪᠦᠰᠡ ᠶ᠋ᠢᠨ ᠴᠢᠨᠠᠷ ᠰᠠᠢᠲᠠᠢ ᠬᠦᠭ᠌ᠵᠢᠯᠲᠡ ᠵᠢ ᠠᠬᠢᠭᠤᠯᠤᠭᠰᠠᠨ 10 ᠨᠡᠢᠲᠡᠯᠢᠭ ᠵᠢᠱ᠌ᠢᠶ᠎ᠡ︾ ᠶ᠋ᠢᠨ ᠨᠢᠭᠡ ᠪᠡᠷ ᠰᠤᠨᠭᠭᠤᠬᠳᠠᠪᠠ ᠃
《 ᠰᠦᠨᠢᠳ ᠬᠤᠨᠢ ᠵᠢᠨ ᠮᠢᠬ᠎ᠠ 》 ᠶ᠋ᠢᠨ ᠵᠠᠬ᠎ᠠ ᠳᠡᠯᠭᠡᠭᠦᠷ ᠤ᠋ᠨ ᠨᠦᠯᠦᠭᠡᠯᠡᠬᠦ ᠬᠦᠴᠦᠨ ᠢ᠋ ᠴᠢᠨᠠᠭᠰᠢᠳᠠ ᠳᠡᠭᠡᠭᠰᠢᠯᠡᠭᠦᠯᠬᠦ ᠶ᠋ᠢᠨ ᠲᠦᠯᠦᠭᠡ᠂ ᠤᠢᠷ᠎ᠠ ᠶ᠋ᠢᠨ ᠵᠢᠯ ᠡᠴᠡ ᠰᠢᠯᠢ ᠶ᠋ᠢᠨ ᠭᠤᠤᠯ ᠠᠢᠮᠠᠭ ᠰᠦᠯᠵᠢᠶ᠎ᠠ ᠵᠠᠭᠤᠴᠢᠯᠠᠭᠤᠷ ᠶ᠋ᠢᠡᠷ ᠦᠷᠭᠡᠨ ᠲᠠᠯᠬᠡᠷ ᠶ᠋ᠢᠡᠷ ᠤᠬᠠᠭᠤᠯᠬᠤ ᠠᠵᠢᠯᠯᠠᠭ᠎ᠠ ᠦᠷᠨᠢᠭᠦᠯᠬᠦ ᠶ᠋ᠢᠨ ᠬᠠᠮᠳᠤ ᠪᠡᠭᠡᠵᠢᠩ᠂ ᠱᠠᠩᠬᠠᠢ᠂ ᠬᠠᠩᠵᠧᠦ᠂ ᠱᠢᠶᠠᠮᠧᠨ᠂ ᠭᠤᠸᠠᠨᠭᠵᠸᠦ ᠵᠡᠷᠭᠡ ᠭᠠᠵᠠᠷ ᠲᠦ᠍ ᠲᠠᠨᠢᠯᠴᠠᠭᠤᠯᠬᠤ ᠬᠤᠷᠠᠯ ᠬᠢᠬᠦ ᠂ ᠠᠮᠧᠷᠢᠺᠠ ᠶ᠋ᠢᠨ ᠨᠠᠰᠳᠠᠺ ᠠᠭᠤᠳᠠᠮ ᠲᠠᠯᠠᠪᠠᠢ ᠳ᠋ᠤ ᠵᠠᠷ ᠲᠠᠯᠪᠢᠬᠤ ᠵᠡᠷᠭᠡ ᠤᠯᠠᠨ ᠠᠷᠭ᠎ᠠ ᠬᠡᠯᠪᠡᠷᠢ ᠪᠡᠷ ᠰᠥᠨᠢᠳ ᠬᠤᠨᠢ ᠵᠢᠨ ᠮᠢᠬ᠎ᠠ ᠪᠡᠨ ᠤᠬᠠᠭᠤᠯᠵᠠᠢ᠃ ᠡᠭᠦᠨ ᠤ᠋ ᠵᠡᠷᠭᠡ ᠪᠡᠷ ᠲᠢᠶᠠᠨ ᠮᠤᠤ᠂ ᠵᠢᠩ ᠳ᠋ᠦᠩ᠂ ᠲᠤᠤ ᠪᠦᠦ ᠵᠡᠷᠭᠡ ᠡᠯᠧᠺᠲ᠋ᠷᠤᠨ ᠬᠤᠳᠠᠯᠳᠤᠭᠠᠨ ᠤ᠋ ᠲᠠᠪᠴᠠᠩ ᠶ᠋ᠢᠡᠷ ᠪᠣᠷᠣᠯᠠᠭᠤᠯᠭ᠎ᠠ ᠶ᠋ᠢᠨ ᠠᠷᠭ᠎ᠠ ᠵᠠᠮ ᠶ᠋ᠢᠡᠨ ᠦᠷᠭᠡᠳᠭᠡᠪᠡ᠃ ᠡᠳᠦᠭᠡ ᠰᠦᠨᠢᠳ ᠬᠤᠨᠢ ᠵᠢᠨ ᠮᠢᠬ᠎ᠠ ᠪᠡᠭᠡᠵᠢᠩ᠂ ᠱᠠᠩᠬᠠᠢ᠂ ᠨᠠᠨᠵᠢᠩ ᠵᠡᠷᠭᠡ ᠪᠦᠬᠦ ᠤᠯᠤᠰ ᠤ᠋ᠨ ᠡᠯ᠎ᠠ ᠭᠠᠵᠠᠷ ᠲᠤ᠌ ᠰᠦᠯᠵᠢᠶ᠎ᠠ ᠪᠠ ᠪᠤᠳᠠᠳᠤ ᠳᠡᠯᠭᠡᠭᠦᠷ ᠶ᠋ᠢᠡᠷ ᠪᠤᠷᠤᠯᠠᠭᠤᠯᠤᠭᠳᠠᠵᠤ᠂ ᠪᠡᠭᠡᠵᠢᠩ ᠬᠤᠳᠠ ᠳ᠋ᠡᠬᠢ ᠵᠢᠨ ᠵᠤᠤ ᠢᠳᠡᠭᠡᠨ ᠤ᠋ ᠦᠢᠯᠡᠰ᠂ ᠯᠠᠨ ᠲᠢᠶᠠᠨ ᠮᠠᠯᠵᠢᠬᠤ ᠦᠢᠯᠡᠰ᠂ ᠸᠸᠢ ᠰᠢᠨ ᠮᠢᠬᠠᠨ ᠤ᠋ ᠦᠢᠯᠡᠰ ᠵᠡᠷᠭᠡ ᠠᠵᠤ ᠠᠬᠤᠢᠯᠠᠯ ᠤ᠋ᠨ ᠬᠢᠨ ᠵᠢᠯ ᠤ᠋ᠨ 1.34 ᠳ᠋ᠦᠩᠰᠢᠭᠤᠷ ᠲᠦᠭᠦᠷᠢᠭ ᠤ᠋ᠨ ᠰᠦᠨᠢᠳ ᠬᠤᠨᠢ ᠵᠢᠨ ᠮᠢᠬ᠎ᠠ ᠶ᠋ᠢᠨ ᠪᠦᠲᠦᠭᠡᠭᠳᠡᠭᠦᠨ ᠢ᠋ ᠪᠤᠷᠤᠯᠠᠭᠤᠯᠵᠤ ᠪᠠᠢᠨ᠎ᠠ᠃
ᠤᠯᠤᠰ ᠳᠠᠶᠠᠭᠠᠷ ᠵᠢᠴᠢ ᠤᠯᠤᠰ ᠤ᠋ᠨ ᠭᠠᠳᠠᠭᠠᠳᠤ ᠳ᠋ᠤ ᠬᠦᠷᠳᠡᠯ᠎ᠠ ᠨᠡᠷ᠎ᠠ ᠮᠠᠨᠳᠤᠭᠰᠠᠨ ᠰᠦᠨᠢᠳ ᠬᠤᠨᠢ ᠶ᠋ᠢᠨ ᠮᠢᠬᠠᠨ ᠤ᠋ ᠦᠨ᠎ᠡ ᠬᠠᠨᠭᠰᠢ ᠨᠢ ᠬᠠᠷᠢᠴᠠᠨᠭᠭᠤᠢ ᠦᠨᠳᠦᠷ ᠪᠠᠢᠳᠠᠭ ᠶ᠋ᠢᠡᠷ ᠵᠠᠷᠢᠮ ᠬᠠᠤᠯᠢ ᠪᠤᠰᠤ ᠡᠳᠡᠭᠡᠳ ᠠᠰᠢᠭ ᠤᠯᠬᠤ ᠶ᠋ᠢᠨ ᠲᠦᠯᠦᠭᠡ ᠪᠤᠰᠤᠳ ᠭᠠᠵᠠᠷ ᠤ᠋ᠨ ᠬᠤᠨᠢᠨ ᠮᠢᠬ᠎ᠠ ᠶ᠋ᠢ ᠰᠦᠨᠢᠳ ᠬᠤᠨᠢ ᠵᠢᠨ ᠮᠢᠬ᠎ᠠ ᠬᠡᠮᠡᠨ ᠪᠤᠷᠤᠯᠠᠭᠤᠯᠵᠤ ᠬᠡᠷᠡᠭᠯᠡᠭᠴᠢ ᠶ᠋ᠢ ᠮᠡᠬᠡᠯᠡᠬᠦ ᠪᠠᠢᠳᠠᠯ ᠡᠭᠦᠰᠪᠡ᠃ ᠡᠨᠡ ᠬᠦ᠌ ᠪᠠᠢᠳᠠᠯ ᠳ᠋ᠤ ᠴᠢᠭᠯᠡᠭᠦᠯᠦᠨ ᠰᠢᠯᠢ ᠶ᠋ᠢᠨ ᠭᠤᠤᠯ ᠤ᠋ᠨ ᠬᠢᠨ ᠪᠡᠯᠴᠢᠭᠡᠷ ᠡᠴᠡ ᠬᠤᠭᠤᠯᠠᠨ ᠰᠢᠷᠡᠭᠡ ᠬᠦᠷᠳᠡᠯᠡᠬᠢ ᠰᠦᠨᠢᠳ ᠬᠤᠨᠢ ᠵᠢᠨ ᠮᠢᠬ᠎ᠠ ᠶ᠋ᠢ ᠪᠦᠬᠦ ᠶᠠᠪᠤᠴᠠ ᠪᠡᠷ ᠮᠦᠷᠳᠡᠬᠦ ᠰᠢᠰᠲᠸᠮ ᠢ᠋ ᠪᠠᠢᠭᠤᠯᠵᠤ᠂ ᠰᠦᠨᠢᠳ ᠬᠤᠨᠢ ᠪᠦᠷᠢ ᠳ᠋ᠤ ᠲᠤᠰᠬᠠᠢ 《ᠡᠭᠡᠮᠦᠭ》 ᠵᠡᠭᠦᠯᠭᠡᠨ᠂ ᠪᠦᠲᠦᠭᠡᠭᠳᠡᠭᠦᠨ ᠪᠤᠯᠭᠠᠨ ᠳ᠋ᠤ ᠮᠡᠷᠬᠡᠨ ᠴᠤᠬᠤᠷ ᠬᠠᠳᠠᠵᠠᠢ᠃ ᠬᠡᠷᠡᠭᠯᠡᠭᠴᠢᠳ ᠮᠡᠷᠭᠡᠨ ᠴᠤᠬᠤᠷ ᠢ᠋ ᠰᠢᠷᠪᠢᠭᠰᠡᠬᠡᠷ ᠭᠠᠷᠤᠯᠳᠠ ᠶ᠋ᠢᠨ ᠤᠷᠤᠨ᠂ ᠬᠢᠵᠢᠭ ᠤ᠋ᠨ ᠪᠠᠢᠴᠠᠭᠠᠯᠳᠠ᠂ ᠡᠳ᠋ᠰᠢᠭᠦᠯᠦᠨ ᠪᠤᠯᠪᠠᠰᠤᠷᠠᠭᠤᠯᠤᠭᠰᠠᠨ ᠶᠠᠪᠤᠴᠠ ᠵᠡᠷᠭᠡ ᠮᠡᠳᠡᠭᠡ ᠵᠠᠩᠭᠢ ᠵᠢ ᠨᠢ ᠦᠵᠡᠴᠢᠬᠡᠨᠠ᠃ 2022 ᠤᠨ ᠡᠴᠡ ᠨᠠᠭᠠᠰᠢ《ᠡᠭᠡᠮᠦᠭ》 ᠲᠠᠢ 39 ᠲᠦᠮᠡᠨ ᠰᠦᠨᠢᠳ ᠬᠤᠨᠢ ᠵᠢ ᠨᠢᠳᠤᠯᠤᠨ ᠪᠤᠯᠪᠠᠰᠤᠷᠠᠭᠤᠯᠤᠭᠰᠠᠨ ᠤ᠋ ᠲᠠᠷᠠᠭ᠎ᠠ ᠪᠡᠭᠡᠵᠢᠩ᠂ ᠱᠠᠩᠬᠠᠢ᠂ ᠭᠤᠸᠠᠩᠵᠧᠤ ᠵᠡᠷᠭᠡ ᠶᠡᠬᠡ ᠬᠤᠳᠠ ᠳ᠋ᠤ ᠪᠤᠷᠤᠯᠠᠭᠤᠯᠪᠠ᠃
ᠤᠳᠤᠬᠠᠨ ᠳ᠋ᠤ ᠰᠦᠨᠢᠳ ᠬᠤᠨᠢ ᠵᠢᠨ ᠮᠢᠬ᠎ᠠ ᠨᠢ 200 ᠭᠠᠷᠤᠢ ᠵᠦᠢᠯ ᠤ᠋ᠨ ᠪᠦᠲᠦᠭᠡᠭᠳᠡᠭᠦᠨ ᠲᠠᠢ ᠪᠤᠯᠵᠤ᠂ ᠰᠦᠨᠢᠳ ᠵᠡᠭᠦᠨ ᠬᠤᠰᠢᠭᠤ ᠵᠢᠯ ᠤ᠋ᠨ 40 ᠭᠠᠷᠤᠢ ᠲᠦᠮᠡᠨ ᠰᠦᠨᠢᠳ ᠬᠤᠨᠢ ᠶ᠋ᠢ ᠨᠠᠷᠢᠯᠢᠭ ᠡᠳ᠋ᠰᠢᠭᠦᠯᠦᠨ ᠪᠤᠯᠪᠠᠰᠤᠷᠠᠭᠤᠯᠵᠤ ᠪᠤᠢ᠃ ᠰᠦᠨᠢᠳ ᠬᠤᠨᠢ ᠵᠢᠨ ᠮᠢᠬᠠᠨ ᠤ᠋ ᠠᠵᠤ ᠦᠢᠯᠡᠰ ᠨᠢ 《ᠠᠵᠤ ᠠᠬᠤᠢᠯᠠᠯ + ᠰᠠᠭᠤᠷᠢᠨ + ᠮᠠᠯᠵᠢᠬᠤ ᠡᠷᠦᠬᠡ 》 ᠶ᠋ᠢᠨ ᠵᠠᠬᠪᠤᠷ ᠶ᠋ᠢᠡᠷ ᠵᠠᠬᠢᠶᠠᠯᠠᠭ᠎ᠠ ᠶ᠋ᠢᠨ ᠬᠡᠯᠪᠡᠷᠢ ᠪᠡᠷ ᠲᠡᠵᠢᠭᠡᠨ ᠦᠷᠡᠵᠢᠭᠦᠯᠬᠦ᠌᠂ ᠬᠠᠮᠠᠭᠠᠯᠠᠯᠲᠠ ᠶ᠋ᠢᠨ ᠦᠨ᠎ᠡ ᠪᠡᠷ ᠬᠤᠳᠠᠯᠳᠤᠨ ᠠᠪᠬᠤ ᠬᠥᠭ᠌ᠵᠢᠯᠲᠡ ᠶ᠋ᠢᠨ ᠬᠡᠯᠪᠡᠷᠢ ᠵᠢ ᠪᠦᠷᠢᠯᠳᠦᠭᠦᠯᠵᠤ᠂ ᠮᠠᠯᠴᠢᠳ ᠤ᠋ᠨ ᠣᠷᠣᠯᠭ᠎ᠠ ᠶ᠋ᠢᠨ ᠨᠡᠮᠡᠭᠳᠡᠯ ᠢ᠋ ᠲᠠᠢᠴᠢᠯᠠᠪᠠ᠃ ᠡᠭᠦᠨ ᠳ᠋ᠤ ᠰᠦᠨᠢᠳ ᠵᠡᠭᠦᠨ ᠬᠤᠰᠢᠭᠤᠨ ᠤ᠋ ᠳᠠᠯᠠᠢ ᠰᠤᠮᠤ ᠵᠢᠨ ᠬᠦᠭᠵᠢᠯᠲᠦ ᠭᠠᠴᠠᠭᠠᠨ ᠤ᠋ ᠰᠢᠮᠡᠲᠦ ᠮᠠᠯ ᠠᠵᠤ ᠠᠬᠤᠢ ᠶ᠋ᠢᠨ ᠲᠤᠰᠬᠠᠢ ᠬᠤᠷᠰᠢᠶ᠎ᠠ ᠨᠢ ᠡᠳ᠋ᠰᠢᠭᠦᠯᠦᠨ ᠪᠤᠯᠪᠠᠰᠤᠷᠠᠭᠤᠯᠬᠤ ᠠᠵᠤ ᠠᠬᠤᠢᠯᠠᠯ ᠵᠢᠴᠢ ᠤᠢᠷ᠎ᠠ ᠬᠠᠪᠢ ᠶ᠋ᠢᠨ ᠮᠠᠯᠴᠢᠳ ᠲᠠᠢ ᠵᠠᠬᠢᠶᠠᠯᠠᠭ᠎ᠠ ᠶ᠋ᠢᠨ ᠭᠡᠷ᠎ᠡ ᠲᠤᠬᠲᠠᠬᠤ ᠪᠡᠷ ᠳᠠᠮᠵᠢᠨ ᠮᠠᠯᠴᠢᠳ ᠤ᠋ᠨ ᠵᠢᠯ ᠤ᠋ᠨ ᠤᠷᠤᠯᠭ᠎ᠠ ᠶ᠋ᠢ 75 ~ 100 ᠲᠦᠮᠡᠨ ᠲᠦᠭᠦᠷᠢᠭ ᠨᠡᠮᠡᠭᠳᠡᠭᠦᠯᠦᠭᠰᠡᠨ ᠠᠵᠢ᠃
《ᠰᠦᠨᠢᠳ ᠬᠤᠨᠢ ᠵᠢᠨ ᠮᠢᠬ᠎ᠠ 》 ᠶ᠋ᠢᠨ ᠭᠠᠵᠠᠷ ᠵᠦᠢ ᠶ᠋ᠢᠨ ᠢᠯᠡᠷᠬᠡᠢᠯᠡᠯᠳᠦ ᠲᠦᠷᠦᠯ ᠲᠡᠮᠳᠡᠭ ᠲᠦᠷᠦᠬᠦᠬᠡᠨ 《 2025 ᠤᠨ ᠤ᠋ ᠶᠡᠬᠡ ᠡᠷᠡᠭᠦᠯ ᠮᠡᠨᠳᠦ ᠶ᠋ᠢᠨ ᠲᠦᠷᠦᠯ ᠲᠡᠮᠳᠡᠭ ᠤ᠋ᠨ ᠨᠡᠢᠳᠡᠯᠢᠭ ᠵᠢᠱ᠌ᠢᠶᠠ 》 ᠪᠡᠷ ᠦᠨᠡᠯᠡᠭᠳᠡᠵᠤ ᠂ ᠡᠬᠡ ᠪᠠᠢᠭᠠᠯᠢ ᠡᠴᠡ ᠰᠤᠶᠤᠷᠬᠠᠬᠰᠠᠨ ᠡᠨᠡ ᠬᠦ᠌ ᠨᠠᠨᠳᠢᠨ ᠬᠡᠰᠢᠭ ᠢ᠋ ᠨᠡᠩ ᠤᠯᠠᠨ ᠬᠦᠮᠦᠨ ᠳ᠋ᠤ ᠬᠦᠷᠳᠡᠭᠡᠨ ᠂ ᠮᠠᠯᠴᠢᠨ ᠲᠦᠮᠡᠨ ᠶ᠋ᠢᠡᠨ ᠤᠯᠠᠮ ᠪᠠᠶᠠᠵᠢᠭᠤᠯᠵᠤ᠂ ᠤᠷᠤᠨ ᠨᠤᠳᠤᠭ ᠶ᠋ᠢᠡᠨ ᠨᠡᠩ ᠰᠠᠢᠳᠦᠷ ᠬᠦᠭᠵᠢᠭᠦᠯᠦᠨ ᠮᠠᠨᠳᠤᠭᠤᠯᠬᠤ ᠰᠠᠷᠠᠭᠤᠯ ᠵᠠᠮ ᠳᠤᠷᠠᠢᠵᠤ ᠪᠠᠢᠨ᠎ᠠ᠃