ᠮᠠᠨ ᠤ᠋ ᠤᠷᠤᠨ ᠤ᠋ ᠶᠡᠬᠡᠩᠬᠢ ᠭᠠᠵᠠᠷ ᠲᠦ᠍ ᠪᠤᠷᠤᠭᠠᠨ ᠴᠠᠰᠤ ᠬᠤᠯᠢᠯᠳᠤᠨ ᠤᠷᠤᠵᠤ ᠶᠡᠬᠡ ᠰᠠᠯᠬᠢ ᠰᠠᠯᠬᠢᠯᠠᠨ᠎ᠠ
2025-03-14 18:29:20
ᠵᠣᠬᠢᠶᠠᠭ᠍ᠴᠢ᠄
ᠦᠨᠢᠷ
ᠣᠩᠱᠢᠭ᠍ᠰᠠᠨ ᠣᠳᠠᠭ᠎ᠠ᠄
★★★☆☆

ᠦᠪᠡᠷᠳᠡᠬᠡᠨ ᠵᠠᠰᠠᠬᠤ ᠤᠷᠤᠨ ᠤ᠋ ᠴᠠᠭ ᠠᠭᠤᠷ ᠤ᠋ᠨ ᠬᠤᠷᠢᠶ᠎ᠠ ᠡᠴᠡ ᠤᠢᠯᠠᠭᠠᠭᠰᠠᠨ ᠵᠢᠡᠷ᠂ ᠨᠡᠯᠢᠶᠡᠳ ᠴᠢᠩᠭ᠎ᠠ ᠬᠦᠢᠳᠡᠨ ᠠᠭᠠᠷ ᠤ᠋ᠨ ᠨᠦᠯᠦᠬᠡᠯᠡᠯ ᠵᠢᠡᠷ 3 ᠰᠠᠷ᠎ᠠ ᠵᠢᠨ 14 ᠡᠴᠡ 18 ᠤ᠋ ᠡᠳᠤᠷ ᠪᠤᠯᠳᠠᠯ᠎ᠠ᠂ ᠮᠠᠨ ᠤ᠋ ᠤᠷᠤᠨ ᠤ᠋ ᠶᠡᠬᠡᠩᠬᠢ ᠭᠠᠵᠠᠷ ᠲᠦ᠍ ᠪᠤᠷᠤᠭᠠᠨ ᠴᠠᠰᠤ ᠤᠷᠤᠵᠤ᠂ ᠶᠡᠬᠡ ᠰᠠᠯᠬᠢ ᠰᠠᠯᠬᠢᠯᠠᠨ᠂ ᠠᠭᠠᠷ ᠤ᠋ᠨ ᠲᠤᠯᠠᠭᠠᠨ ᠪᠠᠭᠤᠷᠠᠨ᠎ᠠ᠃

14 ᠤ᠋  8 ᠴᠠᠭ ᠡᠴᠡ 18 ᠤ᠋  8 ᠴᠠᠭ ᠪᠤᠯᠳᠠᠯ᠎ᠠ᠂ ᠮᠠᠨ ᠤ᠋ ᠤᠷᠤᠨ ᠤ᠋ ᠶᠡᠬᠡᠩᠬᠢ ᠭᠠᠵᠠᠷ ᠲᠦ᠍ ᠪᠠᠭ᠎ᠠ ᠴᠠᠰᠤ ᠪᠤᠶᠤ ᠪᠤᠷᠤᠭᠠᠨ ᠴᠠᠰᠤ ᠬᠤᠯᠢᠯᠳᠤᠵᠤ ᠤᠷᠤᠨ᠎ᠠ᠃ ᠡᠬᠦᠨ ᠳ᠋ᠤ᠂ ᠤᠯᠠᠭᠠᠨᠴᠠᠪ ᠬᠤᠳᠠ ᠵᠢᠨ ᠡᠮᠤᠨ᠎ᠠ ᠪᠠᠶ᠎ᠠ᠂ ᠰᠢᠯᠢ ᠵᠢᠨ ᠭᠤᠤᠯ ᠠᠢᠮᠠᠭ ᠤ᠋ᠨ ᠲᠤᠮᠳᠠ ᠪᠠᠶ᠎ᠠ ᠪᠠ ᠡᠮᠤᠨ᠎ᠠ ᠪᠠᠶ᠎ᠠ᠂ ᠤᠯᠠᠭᠠᠨᠬᠠᠳᠠ ᠬᠤᠳᠠ ᠵᠢᠨ ᠪᠠᠷᠠᠭᠤᠨ ᠪᠠᠶ᠎ᠠ ᠪᠠ ᠬᠤᠢᠳᠤ ᠪᠠᠶ᠎ᠠ᠂ ᠲᠦᠩᠯᠢᠶᠤᠤ ᠬᠤᠳᠠ ᠵᠢᠨ ᠪᠠᠷᠠᠭᠤᠨ ᠬᠤᠢᠳᠤ ᠪᠠᠶ᠎ᠠ ᠳ᠋ᠤ ᠲᠤᠮᠳᠠ ᠵᠡᠷᠬᠡ ᠵᠢᠨ ᠴᠠᠰᠤ ᠤᠷᠤᠨ᠎ᠠ; ᠤᠯᠠᠭᠠᠨᠴᠠᠪ ᠬᠤᠳᠠ ᠵᠢᠨ ᠡᠮᠤᠨ᠎ᠠ ᠪᠠᠶ᠎ᠠ ᠵᠢᠨ ᠡᠮᠤᠨ᠎ᠡ ᠬᠡᠰᠡᠭ᠂ ᠰᠢᠯᠢ ᠵᠢᠨ ᠭᠤᠤᠯ ᠠᠢᠮᠠᠭ ᠤ᠋ᠨ ᠡᠮᠤᠨ᠎ᠠ ᠪᠠᠶ᠎ᠠ᠂ ᠤᠯᠠᠭᠠᠨᠬᠠᠳᠠ ᠬᠤᠳᠠ ᠵᠢᠨ ᠪᠠᠷᠠᠭᠤᠨ ᠪᠡᠶ᠎ᠠ ᠳ᠋ᠤ ᠶᠡᠬᠡ ᠴᠠᠰᠤ ᠤᠷᠤᠵᠤ᠂ ᠬᠡᠰᠡᠭ ᠭᠠᠵᠠᠷ ᠲᠦ᠍ ᠤᠨᠴᠠ ᠶᠡᠬᠡ ᠴᠠᠰᠤ ᠤᠷᠤᠨ᠎ᠠ᠃

14 ᠤ᠋ 8 ᠴᠠᠭ ᠡᠴᠡ 18 ᠤ᠋  8 ᠴᠠᠭ ᠪᠤᠯᠳᠠᠯ᠎ᠠ᠂ ᠮᠠᠨ ᠤ᠋ ᠤᠷᠤᠨ ᠤ᠋ ᠲᠤᠮᠳᠠ ᠪᠠ ᠪᠠᠷᠠᠭᠤᠨ ᠪᠠᠶ᠎ᠠ ᠵᠢᠨ ᠶᠡᠬᠡᠩᠬᠢ ᠭᠠᠵᠠᠷ ᠪᠤᠯᠤᠨ ᠵᠡᠬᠦᠨ ᠪᠠᠶ᠎ᠠ ᠵᠢᠨ ᠪᠠᠷᠠᠭᠤᠨ ᠬᠡᠰᠡᠭ ᠲᠦ᠍ ᠪᠠᠷᠠᠭᠤᠨ ᠡᠴᠡ ᠪᠤᠶᠤ ᠪᠠᠷᠠᠭᠤᠨ ᠬᠤᠢᠨ᠎ᠠ ᠡᠴᠡ 5 — 6 ᠲᠡᠰ ᠤ᠋ᠨ ᠰᠠᠯᠬᠢ᠂ ᠤᠬᠤᠷ ᠬᠤᠭᠤᠴᠠᠭᠠᠨ ᠳ᠋ᠤ 7 — 8 ᠲᠡᠰ ᠤ᠋ᠨ ᠶᠡᠬᠡ ᠰᠠᠯᠬᠢ ᠰᠠᠯᠬᠢᠯᠠᠨ᠎ᠠ᠃ 14 ᠪᠠ 15 ᠤ᠋ ᠡᠳᠤᠷ ᠪᠠᠷᠠᠭᠤᠨ ᠪᠠᠶ᠎ᠠ ᠵᠢᠨ ᠬᠡᠰᠡᠭ ᠭᠠᠵᠠᠷ ᠲᠦ᠍ ᠲᠤᠭᠤᠰᠤ ᠲᠡᠭᠳᠡᠨ᠎ᠠ᠃

14 ᠤ᠋ 8 ᠴᠠᠭ ᠡᠴᠡ 18 ᠤ᠋  8 ᠴᠠᠭ ᠪᠤᠯᠳᠠᠯ᠎ᠠ᠂ ᠪᠦᠬᠦ ᠤᠷᠤᠨ ᠤ᠋ ᠶᠡᠬᠡᠩᠬᠢ ᠭᠠᠵᠠᠷ ᠤ᠋ᠨ ᠠᠭᠠᠷ ᠤ᠋ᠨ ᠲᠤᠯᠠᠭᠠᠨ ᠪᠠᠭᠤᠷᠠᠨ᠎ᠠ᠃ ᠡᠬᠦᠨ ᠳ᠋ᠤ ᠪᠠᠷᠠᠭᠤᠨ ᠪᠠᠶ᠎ᠠ ᠵᠢᠨ ᠶᠡᠬᠡᠩᠬᠢ ᠬᠡᠰᠡᠭ ᠂ ᠲᠤᠮᠳᠠ ᠪᠠᠶ᠎ᠠ ᠵᠢᠨ ᠪᠠᠷᠠᠭᠤᠨ ᠬᠡᠰᠡᠭ ᠪᠠ ᠡᠮᠤᠨ᠎ᠠ ᠬᠡᠰᠡᠭ᠂ ᠵᠡᠬᠦᠨ ᠡᠮᠤᠨ᠎ᠠ ᠪᠠᠶ᠎ᠠ ᠵᠢᠨ ᠪᠠᠷᠠᠭᠤᠨ ᠬᠡᠰᠡᠭ ᠤ᠋ᠨ ᠠᠭᠠᠷ ᠤ᠋ᠨ ᠲᠤᠯᠠᠭᠠᠨ 6 — 8 ᠭᠷᠠᠳᠦ᠋ᠰ ᠪᠠᠭᠤᠷᠠᠵᠤ᠂ ᠬᠡᠰᠡᠭ ᠭᠠᠵᠠᠷ ᠤ᠋ᠨ ᠠᠭᠠᠷ ᠤ᠋ᠨ ᠲᠤᠯᠠᠭᠠᠨ 8 — 12 ᠭᠷᠠᠳᠦ᠋ᠰ ᠪᠠᠭᠤᠷᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号