ᠳᠤᠤᠯᠢ ᠵᠢᠨ ᠤᠯᠠᠮᠵᠢᠯᠠᠯ ᠪᠠ 《ᠵᠠᠩᠭᠠᠷ》 《ᠭᠡᠰᠡᠷ》 ᠰᠤᠳᠤᠯᠤᠯ᠎ᠤᠨ ᠡᠷᠳᠡᠮ ᠰᠢᠨᠵᠢᠯᠡᠭᠡᠨ᠎ᠦ ᠰᠤᠳᠤᠯᠤᠨ ᠶᠠᠷᠢᠯᠴᠠᠬᠤ ᠬᠤᠷᠠᠯ ᠬᠦᠬᠡᠬᠤᠳᠠ ᠳ᠋ᠤ ᠶᠠᠪᠤᠭᠳᠠᠪᠠ
2025-11-03 10:18:36
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

11 ᠰᠠᠷ᠎ᠠ ᠵᠢᠨ 1᠎ᠤ᠋ ᠡᠳᠤᠷ᠂ ᠦᠪᠤᠷ ᠮᠤᠩᠭᠤᠯ᠎ᠤᠨ ᠶᠡᠬᠡ ᠰᠤᠷᠭᠠᠭᠤᠯᠢ ᠵᠢᠨ ᠮᠤᠩᠭᠤᠯ ᠰᠤᠳᠤᠯᠤᠯ᠎ᠤᠨ ᠳᠡᠭᠡᠳᠤ ᠰᠤᠷᠭᠠᠭᠤᠯᠢ ᠡᠴᠡ ᠭᠤᠤᠯᠯᠠᠨ ᠡᠷᠬᠢᠯᠡᠵᠦ᠂ ᠦᠪᠤᠷ ᠮᠤᠩᠭᠤᠯ᠎ᠤᠨ ᠦᠪᠡᠷᠳᠡᠭᠡᠨ ᠵᠠᠰᠬᠠᠤ ᠤᠷᠤᠨ᠎ᠦ ᠤᠮᠠᠷᠠᠳᠤ ᠬᠢᠯᠢ ᠵᠢᠨ  ᠰᠤᠷᠪᠤᠯᠵᠢ ᠪᠢᠴᠢᠭ᠎ᠰᠤᠳᠤᠯᠤᠯ᠎ᠤᠨ ᠰᠠᠭᠤᠷᠢᠨ ᠭᠠᠵᠠᠷ ᠪᠠ ᠦᠪᠤᠷ ᠮᠤᠩᠭᠤᠯ᠎ᠤᠨ ᠶᠡᠬᠡ ᠰᠤᠷᠭᠠᠭᠤᠯᠢ ᠵᠢᠨ 《ᠵᠠᠩᠭᠠᠷ》 ᠰᠤᠳᠤᠯᠤᠯ ᠎ᠤᠨ ᠲᠦᠪ ᠡᠴᠡ ᠳᠠᠭᠠᠭᠠᠴᠢᠯᠠᠨ ᠡᠷᠬᠢᠯᠡᠭᠰᠡᠨ ᠳᠤᠤᠯᠢ ᠵᠢᠨ ᠤᠯᠠᠮᠵᠢᠯᠠᠯ ᠪᠠ《ᠵᠠᠩᠭᠠᠷ》 《ᠭᠡᠰᠡᠷ》 ᠰᠤᠳᠤᠯᠤᠯ᠎ᠤᠨ ᠡᠷᠳᠡᠮ ᠰᠢᠨᠵᠢᠯᠡᠭᠡᠨ᠎ᠦ ᠰᠤᠳᠤᠯᠤᠨ ᠶᠠᠷᠢᠯᠴᠠᠬᠤ ᠬᠤᠷᠠᠯ ᠬᠦᠬᠡᠬᠤᠳᠠ ᠳ᠋ᠤ ᠶᠠᠪᠤᠭᠳᠠᠪᠠ᠃

ᠳᠤᠰ ᠤᠳᠠᠭᠠᠨ᠎ᠦ ᠡᠷᠳᠡᠮ ᠰᠢᠨᠵᠢᠯᠡᠭᠡᠨ ᠎ᠦ ᠰᠤᠳᠤᠯᠤᠨ ᠶᠠᠷᠢᠯᠴᠠᠬᠤ ᠬᠤᠷᠠᠯ ᠨᠢ ᠰᠢᠨ᠎ᠠ ᠴᠠᠭ ᠦᠶ᠎ᠠ ᠳ᠋ᠡᠬᠢ《ᠵᠠᠩᠭᠠᠷ》 《ᠭᠡᠰᠡᠷ》 ᠎ᠤ᠋ᠨ ᠰᠤᠶᠤᠯ᠎ᠤᠨ  ᠤᠯᠠᠮᠵᠢᠯᠠᠯ ᠪᠤᠯᠤᠨ ᠬᠦᠭᠵᠢᠯᠳᠡ ᠵᠢ ᠠᠬᠢᠭᠤᠯᠬᠤ ᠪᠡᠷ ᠵᠤᠷᠢᠯᠭ᠎ᠠ ᠪᠡᠨ ᠪᠤᠯᠭᠠᠵᠦ᠂ ᠳᠤᠮᠳᠠᠳᠤ ᠤᠯᠤᠰ᠎ᠤᠨ ᠨᠡᠢᠭᠡᠮ᠎ᠤᠨ ᠰᠢᠨᠵᠢᠯᠡᠬᠦ ᠤᠬᠠᠭᠠᠨ᠎ᠦ ᠬᠦᠷᠢᠶᠡᠯᠡᠩ᠂ ᠪᠡᠭᠡᠵᠢᠩ ᠶᠡᠬᠡ ᠰᠤᠷᠭᠠᠭᠤᠯᠢ᠂ ᠲᠦᠪ᠎ᠤᠨ ᠦᠨᠳᠤᠰᠤᠳᠡᠨ᠎ᠦ ᠶᠡᠬᠡ ᠰᠤᠷᠭᠠᠭᠤᠯᠢ᠂ ᠰᠢᠨᠵᠢᠶᠡᠩ᠎ᠤᠨ ᠶᠡᠬᠡ ᠰᠤᠷᠭᠠᠭᠤᠯᠢ᠂ ᠬᠦᠬᠡᠨᠠᠭᠤᠷ᠎ᠤᠨ ᠦᠨᠳᠤᠰᠤᠳᠡᠨ᠎ᠦ ᠶᠡᠬᠡ ᠰᠤᠷᠭᠠᠭᠤᠯᠢ᠂ ᠪᠠᠷᠠᠭᠤᠨ ᠬᠤᠢᠳᠤ ᠵᠢᠨ ᠦᠨᠳᠤᠰᠤᠳᠡᠨ᠎ᠦ ᠶᠡᠬᠡ ᠰᠤᠷᠭᠠᠭᠤᠯᠢ ᠵᠢᠴᠢ ᠦᠪᠤᠷ ᠮᠤᠩᠭᠤᠯ᠎ᠤᠨ ᠶᠡᠬᠡ ᠰᠤᠷᠭᠠᠭᠤᠯᠢ᠂ ᠦᠪᠤᠷ ᠮᠤᠩᠭᠤᠯ᠎ᠤᠨ ᠪᠠᠭᠰᠢ ᠵᠢᠨ ᠶᠡᠬᠡ ᠰᠤᠷᠭᠠᠭᠤᠯᠢ ᠵᠡᠷᠭᠡ ᠤᠷᠤᠨ᠎ᠦ ᠳᠤᠳᠤᠨ᠎ᠠ ᠭᠠᠳᠠᠨᠠᠬᠢ 10 ᠭᠠᠷᠤᠢ ᠶᠡᠬᠡ ᠳᠡᠭᠡᠳᠤ ᠰᠤᠷᠭᠠᠭᠤᠯᠢ᠂ ᠡᠷᠳᠡᠮ ᠰᠢᠨᠵᠢᠯᠡᠭᠡᠨ᠎ᠦ ᠪᠠᠢᠭᠤᠯᠭ᠎ᠠ ᠨᠢᠭᠡᠴᠢ᠂ ᠰᠤᠷᠭᠠᠨ ᠬᠦᠮᠦᠵᠢᠯ᠂ ᠬᠡᠪᠯᠡᠯ᠎ᠤᠨ ᠬᠤᠷᠢᠶ᠎ᠠ ᠡᠴᠡ ᠬᠦᠷᠦᠯᠴᠡᠨ ᠢᠷᠡᠭᠰᠡᠨ 60 ᠰᠢᠬᠠᠮ ᠳᠤᠰᠬᠠᠢ ᠮᠡᠷᠭᠡᠵᠢᠯᠳᠡᠨ᠂ ᠡᠷᠳᠡᠮᠳᠡᠨ ᠮᠡᠷᠭᠡᠵᠢᠯᠳᠡᠨ ᠤᠷᠤᠯᠴᠠᠵᠦ᠂  《 ᠵᠠᠩᠭᠠᠷ 》 《ᠭᠡᠰᠡᠷ》 ᠰᠤᠳᠤᠯᠤᠯ᠎ᠤᠨ ᠳᠠᠯ᠎ᠠ ᠪᠡᠷ ᠬᠦᠨᠵᠡᠭᠡᠢ ᠰᠤᠳᠤᠯᠤᠨ ᠶᠠᠷᠢᠯᠴᠠᠭᠰᠠᠨ ᠪᠠᠢᠨ᠎ᠠ᠃

ᠤᠢᠯᠠᠭᠠᠭᠰᠠᠨ ᠵᠢᠠᠷ᠂ ᠬᠤᠷᠠᠯ ᠳ᠋ᠤ 《ᠵᠠᠩᠭᠠᠷ》 《ᠭᠡᠰᠡᠷ》 ᠎ᠤ᠋ᠨ ᠳᠤᠬᠠᠢ  56 ᠦᠬᠦᠯᠡᠯ ᠳᠡᠪᠰᠢᠬᠦᠯᠦᠭᠳᠡᠵᠦ᠂ 《ᠵᠠᠩᠭᠠᠷ 》 《ᠭᠡᠰᠡᠷ》 ᠎ᠤ᠋ᠨ ᠰᠤᠶᠤᠯ ᠎ᠢ  ᠬᠡᠷᠬᠢᠨ ᠤᠯᠠᠮᠵᠢᠯᠠᠵᠦ ᠵᠠᠯᠭᠠᠮᠵᠢᠯᠠᠬᠤ᠂  ᠰᠢᠨᠡᠴᠢᠯᠡᠵᠦ ᠬᠦᠭᠵᠢᠬᠦᠯᠬᠦ ᠭᠤᠤᠯ ᠰᠡᠳᠤᠪ᠎ᠤᠨ ᠳᠤᠭᠤᠷᠢᠨ ᠳ᠋ᠤ ᠭᠤᠷᠪᠡᠨ ᠳᠤᠭᠤᠢᠯᠠᠩ ᠬᠤᠪᠢᠶᠠᠵᠦ ᠰᠤᠳᠤᠯᠤᠨ ᠶᠠᠷᠢᠯᠴᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号