ᠰᠤᠷᠪᠤᠯᠵᠢᠯᠠᠬᠴᠢ ᠦᠪᠤᠷ ᠮᠤᠡᠭᠭᠤᠯ᠎ᠤᠨ ᠶᠡᠭᠡ ᠰᠤᠷᠭᠠᠭᠤᠯᠢ ᠡᠴᠠ ᠤᠢᠯᠠᠭᠠᠬᠰᠡᠨᠢ᠋ᠢᠡᠷ᠂ ᠤᠯᠤᠰ᠎ᠤᠨ ᠨᠡᠢᠭᠡᠮ᠎ᠦᠨ ᠰᠢᠨᠵᠢᠯᠡᠬᠦ ᠤᠬᠠᠭᠠᠨ᠎ᠤ ᠰᠠᠭᠤᠷᠢ ᠮᠥᠩᠭᠦᠨ᠎ᠦ ᠲᠥᠰᠦᠯ᠎ᠤᠨ ᠦᠷ᠎ᠡ ᠪᠦᠲᠦᠭᠡᠯ ᠪᠤᠯᠬᠤ 《ᠮᠤᠩᠭᠤᠯ ᠬᠢᠲᠠᠳ ᠶᠡᠬᠡ ᠲᠤᠯᠢ》ᠵᠢ ᠨᠠᠢᠷᠠᠭᠤᠯᠤᠨ ᠬᠡᠪᠯᠡᠬᠦᠯᠬᠦ ᠠᠵᠢᠯ ᠤᠢᠷ᠎ᠠ᠎ᠳᠦ ᠪᠦᠬᠦ ᠲᠠᠯ᠎ᠠ ᠪᠡᠷ ᠡᠬᠢᠯᠡᠭᠰᠡᠨ ᠪᠠᠢᠨ᠎ᠠ᠃ ᠲᠤᠰ ᠲᠤᠯᠢ ᠪᠢᠴᠢᠭ ᠤᠯᠤᠰ᠎ᠤᠨ ᠦᠨᠳᠦᠰᠦᠲᠡᠨ᠎ᠦ ᠦᠰᠦᠭ ᠪᠢᠴᠢᠭ᠎ᠦᠨ ᠬᠡᠪᠯᠡᠯ᠎ᠦᠨ ᠲᠤᠰᠬᠠᠢ ᠪᠡᠯᠡ ᠮᠥᠩᠭᠦᠨ᠎ᠦ ᠳᠡᠮᠵᠢᠯᠭᠡ᠎ᠪᠡᠷ 2025 ᠤᠨ᠎ᠳᠤ ᠵᠢᠩᠬᠢᠨᠢ᠎ᠪᠡᠷ ᠬᠡᠪᠯᠡᠭᠳᠡᠬᠦ ᠪᠡᠷ ᠪᠤᠢ᠃ ᠡᠨᠡ ᠨᠢ ᠮᠤᠩᠭᠤᠯ — ᠬᠢᠲᠠᠳ ᠬᠤᠤᠰ ᠬᠡᠯᠨ᠎ᠶᠢ ᠬᠠᠷᠢᠴᠠᠭᠤᠯᠤᠭᠰᠠᠨ ᠠᠩᠬᠠᠨ᠎ᠤ ᠶᠡᠬᠡ ᠲᠤᠯᠢ ᠪᠤᠯᠬᠤ ᠮᠦᠷᠳᠡᠭᠡᠨ ᠮᠤᠩᠭᠤᠯ ᠬᠢᠲᠠᠳ ᠬᠡᠯᠡᠨ᠎ᠤ ᠤᠷᠴᠢᠭᠤᠯᠭ᠎ᠠ᠎ᠳᠤ ᠴᠢᠬᠤᠯᠠ ᠭᠠᠷᠤᠨ ᠠᠪᠤᠯᠭ᠎ᠠ ᠪᠤᠯᠬᠤ ᠪᠠᠷ ᠪᠠᠷᠠᠬᠤ ᠦᠭᠡᠢ᠂ ᠦᠨᠳᠦᠰᠦᠲᠡᠨ᠎ᠨᠦᠭᠦᠳ᠎ᠦᠨ ᠰᠤᠶᠤᠯ᠎ᠤᠨ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ᠎ᠢ ᠨᠠᠡᠭ ᠬᠦᠨᠵᠡᠬᠡᠢ ᠠᠬᠢᠭᠤᠯᠬᠤ᠎ᠳᠦ ᠨᠡᠮᠡᠬᠦᠷᠢ ᠬᠠᠨᠳᠢᠪᠢ᠋ᠢᠡᠨ ᠦᠵᠡᠬᠦᠯᠬᠦ ᠪᠤᠯᠤᠨ᠎ᠠ᠃
ᠤᠢᠯᠠᠭᠠᠬᠰᠡᠨᠢ᠋ᠢᠡᠷ᠂ 《ᠮᠤᠩᠭᠤᠯ ᠬᠢᠲᠠᠳ ᠶᠡᠬᠡ ᠲᠤᠯᠢ》 ᠵᠢ ᠥᠪᠦᠷ ᠮᠤᠩᠭᠤᠯ᠎ᠤᠨ ᠶᠡᠬᠡ ᠰᠤᠷᠭᠠᠭᠤᠯᠢ᠎ᠶᠢᠨ ᠰᠡᠴᠡᠨᠪᠠᠭᠠᠲᠤᠷ ᠫᠷᠤᠹᠧᠰᠰᠤᠷ ᠡᠷᠬᠢᠯᠡᠨ ᠨᠠᠢᠷᠠᠭᠤᠯᠵᠦ ᠪᠠᠢᠭ᠎ᠠ ᠪᠦᠭᠡᠳ 20 ᠲᠦᠮᠡ ᠤᠷᠴᠢᠮ ᠲᠤᠯᠤᠭᠠᠢ ᠦᠭᠡ ᠲᠡᠢ᠂ 350 ᠲᠦᠮᠨ ᠤᠷᠴᠢᠮ ᠦᠰᠦᠭ ᠲᠠᠢ᠂ 16 ᠵᠦᠰᠦᠮ᠎ᠤᠨ 2800 ᠤᠷᠴᠢᠮ ᠨᠢᠭᠤᠷ ᠬᠠᠭᠤᠳᠠᠰᠤ ᠲᠠᠢ᠃ ᠲᠤᠰ ᠲᠤᠯᠢ ᠪᠢᠴᠢᠭ ᠲᠸ᠋ᠤᠳᠤ ᠦᠶ᠎ᠡ᠎ᠶᠢᠨ ᠮᠤᠩᠭᠤᠯ ᠤᠳᠬ᠎ᠠ ᠵᠤᠬᠢᠶᠠᠯ᠎ᠤᠨ ᠬᠡᠯᠡᠨ᠎ᠦ ᠦᠭᠡᠰ᠎ᠢᠶᠠᠷ ᠭᠤᠤᠯ ᠪᠤᠯᠭᠠᠨ᠂ ᠡᠷᠲᠡᠨ᠎ᠦ ᠦᠭᠡᠰ᠂ ᠶᠠᠷᠢᠶᠠᠨ᠎ᠤ ᠬᠡᠯᠡᠨ᠎ᠦ ᠦᠭᠡᠰ᠂ ᠨᠤᠲᠤᠭ᠎ᠤᠨ ᠠᠶᠠᠯᠭᠤᠨ᠎ᠤ ᠦᠭᠡᠰ ᠪᠤᠯᠤᠨ ᠠᠳᠠᠯᠢ ᠪᠤᠰᠤ ᠰᠢᠨᠵᠢᠯᠡᠭᠡᠨ᠎ᠦ ᠰᠠᠯᠠᠭᠠᠨ᠎ᠳᠤ ᠬᠡᠷᠡᠭᠯᠡᠭᠳᠡᠳᠡᠭ ᠪᠠᠢᠩᠭᠤ᠎ᠶᠢᠨ ᠨᠡᠷ᠎ᠡ ᠲᠤᠮᠢᠶ᠎ᠠ᠎ᠶᠢ ᠴᠤ᠌ ᠵᠤᠬᠢᠬᠤ ᠬᠡᠮᠵᠢᠶ᠎ᠡ᠎ᠪᠡᠷ ᠲᠤᠯᠢᠴᠢᠯᠠᠨ ᠤᠷᠤᠭᠤᠯᠵᠠᠢ ᠃ ᠲᠤᠯᠢ ᠪᠢᠴᠢᠭ᠎ᠦᠨ ᠦᠭᠡᠰ᠎ᠦᠨ ᠵᠤᠷᠪᠤᠰ ᠨᠢ ᠭᠤᠤᠯ ᠵᠤᠷᠪᠤᠰ᠂ ᠳᠡᠳ᠋ ᠵᠤᠷᠪᠤᠰ᠎ᠲᠦ ᠬᠤᠪᠢᠶᠠᠭᠳᠠᠬᠤ ᠪᠥᠭᠡᠳ ᠭᠤᠤᠯ ᠵᠤᠷᠪᠤᠰ ᠨᠢ ᠲᠤᠯᠤᠭᠠᠢ ᠦᠭᠡ (ᠮᠤᠩᠭᠤᠯ ᠪᠢᠴᠢᠭ᠎ᠢᠶᠡᠷ)᠂ ᠲᠡᠭᠦᠨ᠎ᠦ ᠯᠠᠲ᠋ᠢᠨ ᠭᠠᠯᠢᠭ᠍ᠯᠠᠯ᠂ ᠪᠠᠷᠢᠮᠵᠢᠶ᠎ᠠ ᠠᠪᠢᠶᠠᠨ᠎ᠤ ᠳᠠᠭᠤᠳᠠᠯᠭ᠎ᠠ᠎ᠶᠢᠨ ᠭᠠᠯᠢᠭ᠍ᠯᠠᠯ᠂ ᠦᠭᠡᠰ᠎ᠦᠨ ᠠᠢᠮᠠᠭ᠂ ᠰᠢᠨᠵᠢᠯᠡᠭᠡᠨ᠎ᠦ ᠰᠠᠯᠠᠭ᠎ᠠ ᠪᠤᠯᠤᠨ ᠬᠡᠯᠡᠨ᠎ᠦ ᠵᠠᠨᠠᠷ᠎ᠤᠨ ᠲᠤᠪᠴᠢ ᠨᠡᠷᠡᠢᠳᠦᠯ᠂ ᠤᠳᠬ᠎ᠠ᠎ᠶᠢᠨ ᠲᠠᠢᠯᠪᠤᠷᠢ ᠪᠤᠶᠤ ᠬᠢᠲᠠᠳ ᠤᠷᠴᠢᠭᠤᠯᠭ᠎ᠠ᠎ᠪᠠᠷ ᠪᠦᠷᠢᠯᠳᠦᠪᠡ᠃ ᠦᠭᠡ᠎ᠶᠢᠨ ᠤᠳᠬ᠎ᠠ ᠬᠡᠷᠡᠭᠯᠡᠭᠡ᠎ᠶᠢ ᠲᠤᠯᠢ ᠠᠰᠢᠭ᠍ᠯᠠᠭ᠍ᠴᠢᠳᠲᠤ ᠨᠡᠩ ᠤᠨᠤᠪᠴᠢᠲᠠᠢ ᠤᠢᠯᠠᠭᠠᠭᠤᠯᠵᠤ ᠡᠵᠡᠮᠰᠢᠭᠦᠯᠬᠦ᠎ᠶᠢᠨ ᠲᠤᠯᠠᠳᠠ᠂ ᠵᠠᠷᠢᠮ ᠲᠤᠯᠤᠭᠠᠢ ᠦᠭᠡ᠎ᠶᠢᠨ ᠤᠳᠬ᠎ᠠ᠎ᠶᠢᠨ ᠲᠠᠢᠯᠪᠤᠷᠢ᠎ᠳᠤ ᠵᠢᠱ᠌ᠢᠶ᠎ᠡ ᠳᠠᠭᠠᠯᠳᠤᠭᠤᠯᠤᠨ᠎ᠠ᠃
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号