《ᠠᠭᠤᠤ ᠶᠡᠭᠡ ᠤᠷᠠᠯᠢᠭᠴᠢᠨ ᠪᠦᠷ ᠠᠭᠠᠵᠢᠮ ᠵᠢᠡᠷ ᠤᠷᠤᠭᠰᠢᠯᠠᠬᠤ᠂ ᠠᠭᠠᠵᠢᠮ ᠵᠢᠡᠷ ᠰᠡᠭᠡᠭᠡᠷᠡᠭᠦ᠂ ᠠᠭᠠᠵᠢᠮ ᠵᠢᠡᠷ ᠠᠮᠵᠢᠯᠳᠠ ᠤᠯᠬᠤ ᠶᠠᠪᠤᠴᠠ ᠵᠢ ᠲᠤᠭᠤᠯᠳᠠᠭ᠃ ᠤᠷᠠᠯᠢᠭᠤᠨ ᠠᠵᠢᠯᠳᠠᠨ ᠠᠯᠤᠰ ᠭᠡᠳᠦ ᠵᠢᠨ ᠭᠦᠰᠡᠯᠡᠩᠢ ᠡᠪᠦᠷᠯᠡᠵᠤ᠂ ᠤᠢᠳᠬᠠᠷ ᠭᠠᠭᠴᠠᠭᠠᠷᠳᠠᠯᠢ ᠲᠠᠰᠪᠦᠷᠢᠯᠡᠨ ᠬᠠᠮᠤᠭ ᠰᠡᠭᠦᠯᠳᠤ ᠭᠦᠰᠡᠯ ᠮᠦᠷᠦᠭᠡᠳᠦᠯ ᠵᠢᠡᠨ ᠪᠡᠶᠡᠯᠡᠭᠦᠯᠭᠦ ᠭᠡᠷᠡᠭᠳᠡᠢ》
— ᠶᠡᠷᠦᠨᠭᠭᠡᠢ ᠱᠦᠵᠢ ᠰᠢ ᠵᠢᠨ ᠫᠢᠩᠤᠨ ᠤᠳᠬ᠎ᠠ ᠤᠷᠠᠯᠢᠭᠤᠨ ᠠᠵᠢᠯᠤᠨ ᠶᠠᠷᠢᠯᠴᠠᠬᠤ ᠬᠤᠷᠠᠯ ᠲᠡᠭᠡᠷᠡᠭᠢ ᠶᠠᠷᠢᠶ᠎ᠠ ᠡᠴᠡ ( 2014ᠤᠨ ᠤ 10 ᠰᠠᠷ᠎ᠠ ᠵᠢᠨ 15 ᠤ ᠡᠳᠦᠷ )
ᠤᠨ ᠴᠠᠭᠤᠷᠴᠢᠵᠤ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯᠢ ᠤᠯᠠᠮᠵᠢᠯᠠᠨ ᠵᠠᠯᠭᠠᠮᠵᠢᠯᠠᠭᠴᠢ ᠴᠦᠭᠡᠷᠡᠭᠰᠡᠨ ᠦᠨᠦᠳᠦᠷ ᠭᠦᠭᠡᠬᠤᠳᠠᠳᠤ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯᠤᠨ ᠤᠯᠠᠮᠵᠢᠯᠠᠨ ᠵᠠᠯᠭᠠᠮᠵᠢᠯᠠᠭᠴᠢ ᠲᠠᠢ ᠪᠤᠯᠤᠭᠰᠠᠨ ᠵᠢᠡᠷ ᠦᠯᠦ ᠪᠠᠷᠠᠮ ᠪᠠᠰᠠ ᠭᠦᠭᠡᠬᠤᠳᠠ ᠵᠢᠨ ᠬᠤᠳᠠ ᠵᠢᠨ ᠲᠡᠰᠤᠨ ᠪᠤᠳᠠᠰᠤᠨ ᠪᠤᠰᠤ ᠰᠤᠶᠤᠯᠤᠨ ᠲᠦᠯᠦᠭᠡᠯᠡᠭᠴᠢ ᠴᠢᠨᠠᠷᠳᠠᠢ ᠲᠦᠷᠦᠯ ᠵᠦᠢᠯ ᠵᠢᠡᠷ ᠰᠤᠨᠭᠭᠤᠭᠳᠠᠭᠰᠠᠨ ᠪᠠᠢᠨ᠎ᠠ᠃
ᠦᠷᠭᠡᠨ ᠲᠡᠯᠭᠡᠷ ᠤᠬᠠᠭᠤᠯᠵᠤ ᠤᠭᠢ ᠱᠦᠯᠳᠦ ᠵᠢ ᠨᠢ ᠠᠭᠤᠰᠤᠯᠴᠠᠭᠤᠯᠤᠨ᠎ᠠ
ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠪᠤᠯ ᠲᠠᠭᠤᠷᠢᠯᠢᠭᠤᠨ ᠨᠢᠭᠡ ᠲᠦᠷᠦᠯ ᠪᠠᠢᠵᠤ᠂ ᠾᠸᠪᠸᠢ ᠮᠤᠵᠢ ᠵᠢᠨ ᠼᠠᠨᠭᠵᠸᠦ᠂ ᠾᠸᠵᠢᠶᠠᠨ ᠤᠷᠴᠢᠮ ᠵᠢᠡᠷ ᠲᠡᠯᠭᠡᠷᠡᠭᠰᠡᠨ ᠮᠤᠳᠤᠨ ᠬᠠᠪᠳᠠᠰᠤᠳᠤ ᠲᠤᠮᠤ ᠭᠡᠨᠭᠭᠡᠷᠭᠡ ᠵᠢᠨ ᠲᠠᠭᠤᠯᠠᠯ ᠡᠴᠡ ᠭᠦᠭᠵᠢᠵᠤ᠂ ᠴᠢᠩ ᠤᠨ ᠰᠡᠭᠦᠯᠴᠢ ᠢᠷᠭᠡᠨ ᠤᠯᠤᠰᠤᠨ ᠡᠭᠢᠨ ᠤ ᠦᠶ᠎ᠠ ᠪᠡᠷ ᠪᠡᠭᠡᠵᠢᠩ᠂ ᠲᠢᠶᠠᠨᠵᠢᠨ ᠬᠤᠶᠠᠷ ᠬᠤᠳᠠᠳᠤ ᠲᠦᠯᠦᠪᠰᠢᠷᠠᠵᠠᠢ᠃

ᠵᠸᠦ ᠲᠦᠩ ᠲᠤᠭᠯᠠᠯᠳᠠ ᠭᠠᠷᠭᠠᠨ᠎ᠠ
ᠮᠤᠳᠤᠨ ᠬᠠᠪᠳᠠᠰᠤᠳᠤ ᠲᠤᠮᠤ ᠭᠡᠨᠭᠭᠡᠷᠭᠡ ᠵᠢᠨ ᠲᠠᠭᠤᠯᠠᠯ ᠲᠢᠶᠠᠨᠵᠢᠨ᠂ ᠪᠡᠭᠡᠵᠢᠩᠳᠤ ᠤᠯᠠᠮᠵᠢᠯᠠᠭᠳᠠᠨ ᠭᠦᠷᠦᠭᠰᠡᠨ ᠤ ᠲᠠᠷᠠᠭ᠎ᠠ ᠭᠡᠨᠭᠭᠡᠷᠭᠡ ᠵᠢᠨ ᠲᠠᠭᠤᠯᠠᠯᠤᠨ ᠸᠠᠩ ᠭᠡᠮᠡᠭᠳᠡᠭᠰᠡᠨ ᠯᠢᠦ ᠪᠤᠤ ᠴᠢᠤᠸᠠᠨ ᠲᠡᠭᠦᠨᠳᠤ ᠦᠭᠡᠷᠡᠴᠢᠯᠡᠯᠳᠡ ᠭᠢᠵᠤ᠂ ᠡᠩ ᠲᠡᠷᠢᠭᠦᠨᠳᠤ ᠾᠸᠪᠸᠢ ᠭᠠᠵᠠᠷᠤᠨ ᠠᠶᠠᠯᠭᠤ ᠵᠢ ᠪᠡᠭᠡᠵᠢᠩᠤᠨ ᠠᠶᠠᠯᠭᠤ ᠪᠡᠷ ᠰᠤᠯᠢᠬᠤ ᠵᠢᠨ ᠲᠠᠭᠠᠦ ᠰᠢ ᠵᠦᠴᠦᠭᠡ ᠵᠢᠨ ᠲᠠᠭᠤᠯᠠᠬᠤ ᠠᠷᠭ᠎ᠠ ᠲᠠᠢ ᠤᠶᠠᠯᠳᠤᠭᠤᠯᠵᠤ᠂ ᠰᠢᠨ᠎ᠠ ᠲᠠᠭᠤᠯᠠᠬᠤ ᠭᠡᠪ ᠨᠠᠮᠪᠠ ᠵᠢ ᠡᠭᠦᠳᠦᠭᠡᠳ ᠠᠭᠠᠵᠢᠮᠳᠠᠭᠠᠨ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠪᠤᠢ ᠪᠤᠯᠵᠠᠢ᠃
ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠨᠢ ᠪᠦᠭᠦ ᠭᠦᠮᠦᠰᠤᠨ ᠰᠤᠨᠢᠷᠬᠠᠯᠳᠤ ᠭᠦᠷᠴᠦ᠂ ᠬᠠᠳᠠᠭᠤ ᠵᠦᠭᠡᠯᠡᠨ ᠢ ᠬᠠᠮᠳᠤᠷᠠᠭᠤᠯᠤᠭᠰᠠᠨ᠂ ᠦᠭᠦᠯᠡᠭᠦ ᠲᠠᠭᠤᠯᠠᠬᠤ ᠵᠢ ᠤᠶᠠᠯᠳᠤᠭᠤᠯᠤᠭᠰᠠᠨ᠂ ᠨᠢᠭᠡ ᠠᠶᠠᠯᠭᠤ ᠵᠢ ᠤᠯᠠᠨ ᠭᠡᠷᠡᠭᠯᠡᠭᠦ ᠵᠡᠷᠭᠡ ᠤᠨᠴᠠᠯᠢᠭ ᠲᠠᠢ᠂ ᠲᠤᠭᠯᠠᠯᠳᠠ ᠵᠢᠨ ᠭᠡᠯᠪᠠᠷᠢ ᠨᠢ ᠲᠠᠭᠤᠯᠠᠭᠴᠢ ᠡᠴᠡ ᠭᠡᠨᠭᠭᠡᠷᠭᠡ ᠲᠡᠯᠡᠳᠴᠦ᠂ ᠴᠤᠭᠢᠯᠭ᠎ᠠ ᠪᠠᠨ ᠡᠵᠡᠮᠳᠡᠨ᠂ ᠬᠠᠪᠰᠤᠷᠤᠯ ᠭᠦᠭᠵᠢᠮᠤᠨ ᠲᠠᠭᠠᠦ ᠲᠤᠭᠯᠠᠯᠳᠠ ᠭᠠᠷᠭᠠᠨ᠎ᠠ᠃ ᠬᠠᠪᠰᠤᠷᠤᠯ ᠭᠦᠭᠵᠢᠮᠳᠤ ᠭᠤᠤᠯᠳᠠᠭᠤ ᠪᠢᠴᠢᠭᠤᠨ ᠭᠡᠨᠭᠭᠡᠷᠭᠡ᠂ ᠲᠠᠭᠤᠳᠤ ᠬᠠᠪᠳᠠᠰᠤ᠂ ᠲᠤᠮᠤ ᠭᠤᠷᠪᠠᠨ ᠤᠳᠠᠰᠤᠳᠤ ᠬᠤᠭᠤᠷ᠂ ᠲᠦᠷᠪᠡᠨ ᠤᠳᠠᠰᠤᠳᠤ ᠬᠤᠭᠤᠷ ᠵᠡᠷᠭᠡ ᠪᠠᠢᠵᠤ᠂ ᠰᠡᠭᠦᠯᠡᠷ ᠨᠢ ᠪᠠᠰᠠ ᠫᠢᠫᠠ ᠵᠢ ᠪᠠᠭᠳᠠᠭᠠᠵᠠᠢ ᠃
20ᠳ᠋ᠤᠭᠠᠷ ᠵᠠᠭᠤᠨ ᠤ ᠬᠤᠷᠢᠭᠠᠳ ᠤᠨ ᠪ ᠦᠶᠡᠰ᠂ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠨᠢ ᠭᠦᠭᠵᠢᠯᠤᠨ ᠤᠷᠭᠢᠯᠤᠨ ᠱᠠᠳᠤᠨᠳᠠᠭᠠᠨ ᠭᠦᠷᠴᠦ᠂ ᠯᠢᠦ ᠪᠤᠤ ᠴᠢᠤᠸᠠᠨ᠂ ᠪᠠᠢ ᠶᠦᠨ ᠫᠸᠩ᠂ ᠵᠠᠩ ᠰᠢᠶᠤᠤ ᠰᠢᠤᠸᠠᠨ ᠵᠢᠡᠷ ᠲᠦᠯᠦᠭᠡᠯᠡᠭᠦᠯᠦᠭᠰᠡᠨ ᠭᠤᠷᠪᠠᠨ ᠶᠡᠭᠡ ᠪᠦᠯᠦᠭ ᠪᠤᠯᠤᠨ ᠪᠦᠷᠢᠯᠳᠤᠵᠤ᠂ ᠲᠠᠷᠠᠭᠠᠪᠠᠷ ᠨᠢ ᠤᠷᠠᠯᠢᠭᠤᠨ ᠨᠡᠷ᠎ᠠ ᠨᠢ ᠰᠢᠶᠤᠤ ᠼᠠᠢ ᠡᠦ ᠭᠡᠮᠡᠭᠳᠡᠭᠰᠡᠨ ᠯᠦᠸᠸ ᠢᠤᠢ ᠱᠸᠩ ᠶᠡᠭᠡᠪᠠᠷ ᠨᠡᠷ᠎ᠠ ᠮᠠᠨᠳᠤᠵᠤ᠂ ᠭᠡᠨᠭᠭᠡᠷᠭᠡ ᠵᠢᠨ ᠲᠠᠭᠤᠯᠠᠯᠤᠨ ᠡᠮᠡᠭᠳᠡᠢ ᠸᠠᠩ ᠭᠡᠮᠡᠭᠳᠡᠵᠤ᠂ ᠲᠤᠰ ᠲᠠᠭᠠᠨ ᠨᠢᠭᠡ ᠪᠦᠯᠦᠭ ᠪᠤᠯᠵᠤ᠂ ᠯᠦᠸᠸ ᠵᠢᠨ ᠪᠦᠯᠦᠭ ᠭᠡᠮᠡᠭᠳᠡᠵᠡᠢ᠃

ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯᠤᠨ ᠬᠠᠪᠰᠤᠷᠤᠯ ᠭᠦᠭᠵᠢᠮ
ᠯᠦᠸᠸ ᠢᠦᠢ ᠱᠸᠩ ᠪᠤᠯ ᠠᠯᠳᠠᠷᠳᠤ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯᠤᠨ ᠤᠷᠠᠯᠢᠭᠴᠢᠨ ᠪᠠᠢᠵᠤ᠂ ᠬᠤᠷᠢᠳᠤᠭᠠᠷ ᠵᠠᠭᠤᠨ ᠤ ᠭᠤᠴᠢᠭᠠᠳ ᠤᠨ ᠡᠴᠡ ᠡᠭᠢᠯᠡᠭᠡᠳ ᠲᠠᠷᠠ ᠯᠢᠦ ᠪᠤᠤ ᠴᠢᠤᠸᠠᠨ᠂ ᠪᠠᠢ ᠶᠦᠨ ᠫᠸᠩ ᠬᠤᠶᠠᠷ ᠪᠦᠯᠦᠭᠤᠨ ᠤᠷᠠᠯᠢᠭᠤᠨ ᠰᠠᠭᠤᠷᠢᠨ ᠲᠡᠭᠡᠷ᠎ᠠ ᠤᠭᠢ ᠱᠦᠯᠳᠦ ᠵᠢ ᠨᠢ ᠠᠭᠤᠰᠤᠯᠴᠠᠭᠤᠯᠤᠭᠠᠳ᠂ ᠬᠤᠷᠢᠳᠤᠭᠠᠷ ᠵᠠᠭᠤᠨ ᠪ ᠲᠦᠴᠢᠭᠡᠳ ᠤᠨ ᠤ ᠦᠶ᠎ᠡ ᠪᠡᠷ ᠠᠭᠠᠵᠢᠮ ᠵᠢᠡᠷ ᠦᠪᠡᠷᠤᠨ ᠭᠡᠰᠡᠨ ᠤᠷᠠᠯᠢᠭᠤᠨ ᠤᠨᠴᠠᠯᠢᠭ ᠵᠢᠡᠨ ᠪᠦᠷᠢᠯᠳᠦᠭᠦᠯᠵᠡᠢ᠃
ᠴᠢᠯᠦᠭᠡᠯᠡᠭᠳᠡᠭᠰᠡᠨ ᠪ ᠲᠠᠷᠠᠭ᠎ᠠ᠂ ᠯᠦᠸᠸ ᠢᠦᠢ ᠱᠸᠩ ᠯᠦᠸᠸ ᠵᠢᠨ ᠪᠦᠯᠦᠭᠤᠨ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯᠳᠤ ᠦᠭᠡᠷᠡᠴᠢᠯᠡᠯᠳᠡ ᠭᠢᠵᠤ ᠰᠢᠨᠡᠴᠢᠯᠡᠭᠦ ᠲᠡᠭᠡᠷ᠎ᠠ ᠭᠦᠴᠦ ᠪᠠᠨ ᠲᠠᠯᠪᠢᠵᠤ᠂ ᠰᠢᠨ᠎ᠡ ᠠᠮᠢᠳᠤᠷᠠᠯᠢ ᠢᠯᠡᠷᠡᠭᠦᠯᠭᠦ ᠲᠠᠯ᠎ᠠ ᠪᠡᠷ ᠠᠮᠵᠢᠯᠳᠠ ᠲᠠᠢ ᠲᠤᠷᠰᠢᠴᠡ ᠭᠢᠵᠠᠢ᠃
2007 ᠤᠨ ᠳᠤ᠂ ᠯᠦᠸᠸ ᠵᠢᠨ ᠪᠦᠯᠦᠭᠤᠨ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠲᠢᠶᠠᠨᠵᠢᠨ ᠬᠤᠳᠠ ᠵᠢᠨ ᠨᠢᠭᠡᠳᠦᠭᠡᠷ ᠪᠦᠯᠦᠭ ᠬᠤᠳᠠ ᠵᠢᠨ ᠲᠡᠰᠤᠨ ᠪᠤᠳᠠᠰᠤᠨ ᠪᠤᠰᠤ ᠰᠤᠶᠤᠯᠤᠨ ᠦᠪᠤᠨ ᠨᠡᠷᠡᠰᠤᠨ ᠵᠢᠭᠰᠠᠭᠠᠯᠳᠤ ᠪᠦᠷᠢᠳᠭᠡᠭᠦᠯᠵᠡᠢ᠃
2008 ᠤᠨᠳᠤ᠂ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠨᠢ ᠬᠤᠶᠠᠳᠤᠭᠠᠷ ᠪᠦᠯᠦᠭ ᠤᠯᠤᠰᠤᠨ ᠲᠡᠰ ᠤᠨ ᠪᠤᠳᠠᠰᠤᠨ ᠪᠤᠰᠤ ᠰᠤᠶᠤᠯᠤᠨ ᠦᠪᠤᠨ ᠨᠡᠷᠡᠰᠤᠨ ᠵᠢᠭᠰᠠᠭᠠᠯᠳᠤ ᠪᠦᠷᠢᠳᠭᠡᠭᠦᠯᠵᠡᠢ᠃
ᠠᠨᠭᠬᠠᠯᠠᠨ ᠲᠠᠨᠢᠯᠴᠠᠭᠠᠳ ᠤᠯᠵᠠᠷᠬᠠᠵᠤ ᠭᠢᠴᠢᠶᠠᠨ ᠵᠢᠳᠭᠦᠨ ᠰᠤᠷᠤᠯᠴᠠᠪᠠ
ᠡᠨᠡ ᠵᠢᠯ 41 ᠨᠠᠰᠤᠳᠠᠢ ᠵᠸᠦ ᠲᠦᠩ ᠂ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯᠤᠨ ᠭᠦᠭᠡᠬᠤᠳᠠ ᠵᠢᠨ ᠤᠯᠠᠮᠵᠢᠯᠠᠭᠴᠢ ᠪᠤᠯᠬᠤ ᠪᠡᠷ ᠦᠯᠦ ᠪᠠᠷᠠᠮ ᠪᠠᠰᠠ ᠭᠦᠭᠡᠬᠤᠳᠠ ᠵᠢᠨ ᠲᠠᠭᠤᠷᠢᠯᠢᠭ ᠵᠦᠴᠦᠭᠡ ᠵᠢᠨ ᠭᠦᠷᠢᠶᠡᠯᠡᠩᠤᠨ ᠭᠤᠴᠤᠯᠠᠯ ᠲᠠᠭᠤᠴᠢᠨ ᠪᠤᠯᠤᠨ᠎ᠠ᠃ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯᠤᠨ ᠤᠯᠠᠮᠵᠢᠯᠠᠭᠴᠢ ᠪᠤᠯᠤᠭᠰᠠᠨ ᠨᠢ ᠲᠠᠷᠠ ᠱᠠᠨ ᠰᠢᠳᠤ ᠶᠡᠭᠡ ᠰᠤᠷᠭᠠᠭᠤᠯᠢᠳᠤ ᠰᠤᠷᠤᠯᠴᠠᠵᠤ ᠪᠠᠢᠭᠰᠠᠨ ᠦᠶᠡᠰᠤᠨ ᠨᠢᠭᠡᠨ ᠤᠴᠠᠷᠠᠯ ᠲᠠᠢ ᠬᠤᠯᠪᠤᠭ᠎ᠠ ᠲᠠᠢ ᠃
2003 ᠤᠨ ᠳᠤ᠂ ᠵᠸᠦ ᠲᠦᠩ ᠱᠠᠨ ᠰᠢ ᠶᠡᠭᠡ ᠰᠤᠷᠭᠠᠭᠤᠯᠢᠳᠤ ᠰᠢᠯᠭᠠᠭᠤᠯᠤᠨ ᠤᠷᠤᠵᠤ᠂ ᠦᠨᠳᠦᠰᠦᠳᠡᠨ ᠤ ᠲᠠᠭᠤᠯᠠᠬᠤ ᠮᠡᠷᠭᠡᠵᠢᠯ ᠵᠢᠡᠷ ᠰᠤᠷᠤᠯᠴᠠᠵᠤ᠂ ᠰᠠᠢᠨ ᠭᠢᠷᠢ ᠪᠦᠳᠦᠮᠵᠢ ᠲᠠᠢ ᠪᠠᠢᠪᠠ᠃ ᠨᠢᠭᠡᠳᠦᠭᠡᠷ ᠤᠨ ᠪ ᠲᠤᠤᠷ᠎ᠠ ᠬᠤᠭᠤᠴᠠᠭ᠎ᠠ ᠳᠠᠭᠠᠨ ᠲᠠᠷᠠ ᠱᠠᠨ ᠰᠢ ᠮᠤᠵᠢ ᠵᠢᠨ ᠲᠠᠭᠤᠷᠢᠯᠢᠭ ᠵᠦᠴᠦᠭᠡ ᠵᠢᠨ ᠭᠦᠷᠢᠶᠡᠯᠡᠩᠳᠤ ᠲᠠᠳᠤᠯᠭ᠎ᠠ ᠭᠢᠵᠤ᠂ ᠦᠷᠭᠦᠯᠵᠢ ᠲᠤᠭᠯᠠᠭᠴᠢᠳ ᠲᠠᠢ ᠬᠠᠮᠳᠤ ᠦᠨᠳᠦᠰᠦᠨ ᠱᠠᠳᠤᠨᠳᠤ ᠭᠦᠷᠴᠦ ᠲᠤᠭᠯᠠᠯᠳᠠ ᠭᠠᠷᠭᠠᠳᠠᠭ ᠪᠠᠢᠯ᠎ᠠ᠃ ᠲᠤᠭᠯᠠᠯᠳᠠ ᠪᠠᠨ ᠪᠠᠶᠠᠯᠢᠭᠵᠢᠭᠤᠯᠬᠤ ᠵᠢᠨ ᠲᠦᠯᠦᠭᠡ ᠲᠤᠰ ᠭᠦᠷᠢᠶᠡᠯᠡᠩᠤᠨ ᠭᠢᠨ ᠦᠷᠭᠦᠯᠵᠢ ᠠᠷᠠᠳᠤᠨ ᠤᠷᠠᠯᠢᠭᠴᠢᠳᠢ ᠤᠷᠢᠵᠤ ᠲᠠᠢᠰᠠᠨ᠎ᠠ ᠬᠠᠮᠳᠤ ᠪᠡᠷ ᠲᠤᠭᠯᠠᠳᠠᠭ᠃ ᠢᠩᠬᠢᠵᠤ ᠵᠸᠦ ᠲᠦᠩ ᠭᠡᠨᠭᠭᠡᠷᠭᠡ ᠵᠢᠨ ᠦᠯᠢᠭᠡᠷᠤᠨ ᠷᠢᠳᠢ ᠰᠢᠳᠢ ᠵᠢ ᠪᠢᠰᠢᠷᠠᠨ ᠪᠠᠬᠠᠳᠤᠵᠠᠢ᠃

ᠵᠸᠦ ᠲᠦᠩ ᠬᠠᠮᠳᠤ ᠠᠵᠢᠯᠯᠠᠭᠴᠢᠳ ᠲᠠᠢ ᠪᠠᠨ ᠪᠤᠯᠪᠠᠰᠤᠷᠠᠨ᠎ᠠ
ᠭᠡᠨᠭᠭᠡᠷᠭᠡ ᠵᠢᠨ ᠦᠯᠢᠭᠡᠷᠤᠨ ᠤᠷᠠᠯᠢᠭᠴᠢᠳᠤᠨ ᠤᠯᠠᠩᠬᠢ ᠨᠢ ᠡᠦ ᠰᠢᠶᠠᠩ ᠰᠢᠶᠠᠨ ᠡᠴᠡ ᠢᠷᠠᠵᠤ᠂ ᠤᠯᠠᠩᠬᠢ ᠨᠢ ᠬᠠᠷᠠᠭ᠎ᠠ ᠵᠡᠮᠳᠡᠭ ᠭᠦᠮᠦᠨ ᠪᠠᠢᠵᠤ᠂ ᠬᠡᠨᠭᠭᠡᠷᠭᠡ ᠴᠤᠭᠢᠵᠤ ᠂ ᠦᠯᠢᠭᠡᠷ ᠶᠠᠷᠢᠳᠠᠭ ᠨᠢ ᠵᠸᠦ ᠲᠦᠩᠳᠤ ᠶᠡᠭᠡ ᠪᠠᠷ ᠪᠢᠰᠢᠷᠡᠭᠳᠡᠵᠡᠢ᠃
2006 ᠤᠨ ᠳᠤ ᠵᠸᠦ ᠲᠦᠩ ᠶᠡᠭᠡ ᠰᠤᠷᠭᠠᠭᠤᠯᠢ ᠪᠠᠨ ᠲᠡᠭᠦᠰᠭᠡᠵᠤ᠂ ᠱᠠᠨ ᠰᠢ ᠮᠤᠵᠢ ᠵᠢᠨ ᠲᠠᠭᠤᠷᠢᠯᠢᠭ ᠵᠦᠴᠦᠭᠡ ᠵᠢᠨ ᠭᠦᠷᠢᠶᠡᠯᠡᠩᠳᠤ ᠠᠵᠢᠯᠯᠠᠪᠠ᠃ 2018 ᠤᠨ ᠳᠤ ᠲᠠᠷᠠ ᠭᠦᠭᠡᠬᠤᠳᠠᠳᠠᠭᠠᠨ ᠢᠷᠠᠵᠤ᠂ ᠬᠦᠭᠡᠬᠤᠳᠠ ᠵᠢᠨ ᠲᠠᠭᠤᠷᠢᠯᠢᠭ ᠵᠦᠴᠦᠭᠡ ᠵᠢᠨ ᠭᠦᠷᠢᠶᠡᠯᠡᠩᠳᠤ ᠰᠢᠯᠭᠠᠭᠳᠠᠨ ᠤᠷᠤᠭᠰᠠᠨ ᠪᠠᠢᠨ᠎ᠠ᠃
ᠠᠵᠢᠯ ᠠᠮᠢᠳᠤᠷᠠᠯ ᠨᠢ ᠲᠤᠭᠳᠠᠭᠤᠨ ᠪᠤᠯᠤᠭᠰᠠᠨ ᠬᠤᠢᠨ᠎ᠠ᠂ ᠡᠦ ᠰᠢᠶᠠᠩᠤᠨ ᠭᠡᠨᠭᠭᠡᠷᠭᠡᠳᠤ ᠦᠯᠢᠭᠡᠷᠤᠨ ᠦᠪᠡᠷᠮᠢᠴᠡ ᠠᠶᠠᠯᠭᠤ ᠲᠡᠭᠦᠨᠳᠤ ᠦᠷᠭᠦᠯᠵᠢ ᠪᠤᠳᠤᠭᠳᠠᠵᠤ᠂ ᠲᠤᠰ ᠤᠯᠠᠮᠵᠢᠯᠠᠯᠳᠤ ᠮᠡᠷᠭᠡᠵᠢᠯᠢ ᠵᠠᠪᠠᠯ ᠰᠤᠷᠤᠯᠴᠠᠨ᠎ᠠ ᠭᠡᠮᠡᠨ ᠵᠤᠷᠢᠭ ᠰᠢᠭᠤᠳᠴᠠᠢ᠃ 2022 ᠤᠨ ᠳᠤ᠂ ᠲᠠᠷᠠ ᠲᠤᠰᠬᠠᠢᠯᠠᠨ ᠪᠡᠭᠡᠵᠢᠩᠳᠤ ᠭᠦᠷᠴᠦ᠂ ᠯᠦᠸᠸ ᠵᠢᠨ ᠪᠦᠯᠦᠭᠤᠨ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯᠤᠨ ᠤᠯᠠᠮᠵᠢᠯᠠᠭᠴᠢ ᠡᠴᠡ ᠲᠤᠰ ᠮᠡᠷᠭᠡᠵᠢᠯᠢ ᠰᠢᠰᠲᠸᠮ ᠲᠠᠢ ᠰᠤᠷᠤᠯᠴᠠᠵᠠᠢ᠃
ᠴᠢᠷᠮᠠᠢᠯᠭ᠎ᠠ ᠭᠦᠮᠦᠨ ᠢ ᠭᠤᠮᠤᠳᠠᠭᠠᠬᠤ ᠦᠭᠡᠢ ᠭᠡᠳᠡᠭᠴᠢᠯᠡᠨ ᠵᠸᠦ ᠲᠦᠩ ᠠᠪᠢᠶᠠᠰ ᠪᠤᠯᠤᠨ ᠴᠢᠷᠮᠠᠢᠯᠭ᠎ᠠ ᠪᠡᠷ ᠵᠢᠡᠨ ᠤᠳᠠᠯ ᠦᠭᠡᠢ ᠲᠤᠰ ᠮᠡᠷᠭᠡᠵᠢᠯᠢ ᠡᠵᠡᠮᠰᠢᠵᠤ᠂ ᠪᠠᠭᠰᠢ ᠵᠢᠡ ᠵᠢᠡᠨ ᠰᠠᠢᠨ ᠦᠨᠡᠯᠡᠯᠳᠡ ᠵᠢ ᠤᠯᠤᠭᠰᠠᠨ ᠪᠠᠢᠨ᠎ᠠ᠃
ᠭᠤᠢᠳᠠ ᠰᠠᠢᠬᠠᠨ ᠲᠤᠭᠯᠠᠵᠤ ᠦᠪᠯᠡᠨ ᠤᠯᠠᠮᠵᠢᠯᠠᠨ᠎ᠠ
ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯᠢ ᠨᠡᠩ ᠰᠠᠢᠨ ᠤᠯᠠᠮᠵᠢᠯᠠᠨ ᠵᠠᠯᠭᠠᠮᠵᠢᠯᠠᠬᠤ ᠵᠢᠨ ᠲᠦᠯᠦᠭᠡ᠂ ᠤᠯᠠᠨ ᠵᠢᠯᠤᠨ ᠲᠤᠷᠰᠢ ᠵᠸᠦ ᠲᠦᠩ ᠰᠢᠨᠳᠠᠷᠠᠰᠢ ᠦᠭᠡᠢ ᠴᠢᠷᠮᠠᠢᠵᠤ᠂ ᠲᠠᠰᠤᠷᠠᠯᠳᠠ ᠦᠭᠡᠢ ᠦᠪᠡᠷᠢ ᠪᠠᠨ ᠢᠯᠠᠨ ᠲᠠᠪᠠᠭᠰᠠᠭᠠᠷ ᠢᠷᠠᠵᠠᠢ᠃ ᠲᠡᠭᠦᠨ ᠪ ᠲᠠᠭᠤ ᠬᠤᠭᠤᠯᠠᠢ ᠨᠢ ᠴᠡᠪᠡᠷᠭᠡᠨ᠂ ᠲᠠᠭᠤᠯᠠᠬᠤ ᠨᠠᠮᠪᠠ ᠨᠢ ᠤᠶᠠᠨ ᠵᠦᠭᠡᠯᠡᠨ᠂ ᠲᠦᠪ ᠴᠢᠭᠢᠮᠡᠢ ᠪᠠᠢᠵᠤ᠂ ᠦᠯᠢᠭᠡᠷ ᠲᠤ᠌ ᠦᠨᠡᠨ ᠰᠡᠳᠭᠢᠯ ᠵᠢᠡᠨ ᠠᠭᠤᠰᠬᠠᠵᠤ ᠲᠠᠭᠤᠯᠠᠳᠠᠭ ᠪᠤᠯᠬᠤᠷ ᠦᠵᠡᠭᠴᠢ ᠰᠤᠨᠤᠰᠤᠭᠴᠢ ᠵᠢᠨ ᠰᠡᠳᠭᠢᠯᠳᠤ ᠭᠦᠷᠴᠡᠢ᠃
《ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠨᠢ ᠲᠠᠭᠤᠯᠠᠬᠤ ᠪᠡᠷ ᠭᠤᠤᠯᠳᠠᠭᠤᠯᠵᠤ᠂ ᠦᠭᠦᠯᠡᠭᠦ ᠪᠡᠷ ᠬᠠᠪᠰᠤᠷᠤᠮᠵᠢ ᠪᠤᠯᠭᠠᠳᠠᠭ᠃ ᠦᠭᠦᠯᠡᠭᠦ ᠵᠢᠨ ᠲᠤᠮᠳᠠ ᠲᠠᠭᠤᠯᠠᠵᠤ᠂ ᠲᠠᠭᠤᠯᠠᠬᠤ ᠵᠢᠨ ᠲᠤᠮᠳᠠ ᠦᠭᠦᠯᠡᠵᠤ ᠢᠯᠡᠳᠭᠡᠳᠡᠭ》 ᠭᠡᠵᠤ ᠵᠸᠦ ᠲᠦᠩ ᠶᠠᠷᠢᠨ᠎ᠠ᠃ ᠦᠷᠭᠡᠨ ᠤᠯᠠᠨ ᠵᠠᠯᠠᠭᠤᠴᠤᠳᠤᠨ ᠱᠠᠭᠠᠷᠳᠠᠯᠭ᠎ᠠ ᠪᠡᠷ ᠤᠢᠷ᠎ᠠ ᠵᠢᠨ ᠵᠢᠯᠳᠤ ᠲᠠᠷᠠ ᠪᠠᠰᠠ ᠦᠨᠳᠦᠰᠦᠳᠡᠨ ᠤ ᠲᠠᠭᠤᠯᠠᠬᠤ ᠠᠷᠭ᠎ᠠ ᠵᠢ ᠬᠠᠪᠰᠤᠷᠭᠠᠵᠤ᠂ ᠦᠪᠡᠷ ᠤᠨ ᠵᠢᠡᠨ ᠦᠪᠡᠷᠮᠢᠴᠡ ᠲᠠᠭᠤᠯᠠᠬᠤ ᠭᠡᠪ ᠨᠠᠮᠪᠠ ᠵᠢ ᠪᠦᠷᠢᠯᠳᠦᠭᠦᠯᠦᠭᠰᠡᠨ ᠪᠠᠢᠨ᠎ᠠ᠃
《ᠲᠠᠭᠤᠯᠠᠯ ᠪᠤᠯᠭᠠᠨ ᠤ ᠲᠡᠦᠭᠡ ᠵᠢᠨ ᠰᠢᠯᠳᠠᠭᠠᠨ᠂ ᠰᠤᠶᠤᠯᠤᠨ ᠠᠭᠤᠯᠬᠤᠨ᠂ ᠤᠷᠠᠯᠢᠭᠤᠨ ᠤᠨᠴᠠᠯᠢᠭ ᠵᠡᠷᠭᠡ ᠵᠢ ᠨᠢ ᠪᠢ ᠪᠦᠷ ᠨᠠᠷᠢᠯᠢᠭ ᠰᠤᠳᠤᠯᠵᠤ ᠤᠢᠯᠠᠭᠠᠭᠰᠠᠨ ᠬᠤᠢᠨ᠎ᠠ ᠰᠠᠶᠢ ᠦᠵᠡᠭᠴᠢᠳ ᠲᠤ᠌ ᠲᠠᠮᠵᠢᠭᠤᠯᠳᠠᠭ》 ᠭᠡᠵᠤ ᠵᠸᠦ ᠲᠦᠩ ᠭᠡᠯᠡᠨ᠎ᠠ᠃ ᠰᠢᠨ᠎ᠠ ᠴᠠᠭ ᠦᠶᠠᠳᠤ᠂ ᠤᠯᠠᠮᠵᠢᠯᠠᠯᠳᠤ ᠰᠤᠶᠤᠯᠢ ᠰᠠᠢᠳᠤᠷ ᠵᠠᠯᠭᠠᠮᠵᠢᠯᠠᠭᠰᠠᠨ ᠰᠠᠭᠤᠷᠢᠨ ᠲᠡᠭᠡᠷ᠎ᠠ ᠰᠠᠶᠢ ᠴᠠᠭ ᠦᠶ᠎ᠠ ᠲᠠᠢ ᠤᠶᠠᠯᠳᠤᠭᠰᠠᠨ ᠰᠢᠨ᠎ᠠ ᠪᠦᠳᠦᠭᠡᠯᠢ ᠭᠠᠷᠭᠠᠵᠤ ᠲᠠᠢᠯᠦᠨᠠ᠂ ᠴᠠᠭ ᠦᠶ᠎ᠠ ᠲᠠᠢ ᠤᠢᠷᠠᠳᠤᠭᠰᠠᠨ᠂ ᠠᠮᠢᠳᠤᠷᠠᠯᠳᠤ ᠤᠢᠷᠠᠳᠤᠭᠰᠠᠨ ᠪᠠᠢᠪᠠᠯ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯ ᠨᠢ ᠰᠠᠶᠢ ᠨᠡᠩ ᠶᠡᠭᠡ ᠠᠮᠢᠵᠢᠷᠠᠯᠤᠨ ᠭᠦᠴᠦᠨ ᠲᠠᠢ ᠪᠤᠯᠵᠤ ᠴᠢᠳᠠᠨ᠎ᠠ᠃
ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯᠢ ᠨᠡᠩ ᠰᠠᠢᠳᠤᠷ ᠤᠯᠠᠮᠵᠢᠯᠠᠬᠤ ᠵᠢᠨ ᠲᠦᠯᠦᠭᠡ ᠵᠸᠦ ᠲᠦᠩ ᠨᠠᠢᠭᠡᠮ ᠲᠤᠭᠤᠷᠢᠭ᠂ ᠰᠤᠷᠭᠠᠭᠤᠯᠢ᠂ ᠵᠦᠴᠦᠭᠡ ᠵᠢᠨ ᠲᠠᠯᠠᠪᠠᠢ ᠪᠡᠷ ᠭᠦᠷᠴᠦ ᠪᠤᠯᠪᠠᠰᠤᠷᠠᠯ ᠡᠷᠭᠢᠯᠡᠭᠦ ᠪᠤᠶᠤ ᠲᠤᠭᠯᠠᠯᠳᠠ ᠭᠠᠷᠭᠠᠵᠤ᠂ ᠨᠡᠩ ᠤᠯᠠᠨ ᠭᠦᠮᠦᠨᠳᠤ ᠪᠡᠭᠡᠵᠢᠩ ᠠᠶᠠᠯᠭᠤᠳᠤ ᠭᠡᠨᠭᠭᠡᠷᠭᠡ ᠵᠢᠨ ᠲᠠᠭᠤᠯᠠᠯᠢ ᠲᠠᠨᠢᠭᠤᠯᠵᠠᠢ᠃
《ᠤᠯᠠᠨ ᠤ ᠴᠢᠷᠮᠠᠢᠯᠭ᠎ᠠ ᠪᠡᠷ ᠲᠤᠰ ᠲᠠᠭᠤᠯᠠᠯᠨᠡᠩ ᠤᠯᠠᠨ ᠭᠦᠮᠦᠨ ᠤ ᠠᠨᠭᠬᠠᠷᠤᠯᠳᠤ ᠬᠦᠷᠴᠦ᠂ ᠨᠡᠩ ᠤᠯᠠᠨ ᠤ ᠭᠦᠮᠦᠨᠳᠤ ᠪᠠᠬᠠᠷᠬᠠᠭᠳᠠᠪᠠᠯ ᠲᠤᠰ ᠤᠷᠠᠯᠢᠭᠤᠨ ᠭᠡᠯᠪᠠᠷᠢ ᠨᠢ ᠨᠡᠩ ᠶᠡᠭᠡ ᠭᠦᠭᠵᠢᠯᠳᠡ ᠪᠠᠨ ᠤᠯᠵᠤ᠂ ᠦᠪᠯᠡᠭᠳᠡᠨ ᠤᠯᠠᠮᠵᠢᠯᠠᠭᠳᠠᠵᠤ ᠴᠢᠳᠠᠨ᠎ᠠ》 ᠭᠡᠵᠤ ᠵᠸᠦ ᠲᠦᠩ ᠭᠦᠰᠡᠯ ᠲᠦᠭᠦᠷᠡᠩ ᠶᠠᠷᠢᠨ᠎ᠠ᠃