ᠲᠠᠯ᠎ᠠ ᠨᠤᠳᠤᠭ᠎ᠤᠨ ᠤᠷᠠᠨ ᠪᠦᠵᠢᠭ ᠰᠤᠶᠤᠯ ᠦᠪ᠎ᠤᠨ ᠰᠢᠨ᠎ᠠ ᠬᠠᠭᠤᠳᠠᠰᠤ
2026-02-25 09:58:15
ᠵᠣᠬᠢᠶᠠᠭ᠍ᠴᠢ᠄
ᠮᠦᠨᠭᠭᠡᠴᠢᠯᠡᠭᠤ ᠴᠸᠩ ᠶᠢᠩ ᠵᠢᠶᠦ᠋ᠨ
ᠣᠩᠱᠢᠭ᠍ᠰᠠᠨ ᠣᠳᠠᠭ᠎ᠠ᠄
★★★☆☆

ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠭᠦᠮ ᠮᠡᠳᠡᠯᠭᠡ


ᠰᠠᠪᠠᠷᠳᠠᠩ ᠪᠤᠯ ᠲᠦᠷᠪᠡᠨ ᠤᠢᠷᠠᠳ᠎ᠤᠨ ᠨᠢᠭᠡ ᠪᠤᠯᠬᠤ ᠲᠤᠷᠭᠤᠳ ᠠᠢᠮᠠᠭ᠎ᠤᠨ ᠦᠶ᠎ᠠ ᠤᠯᠠᠮᠵᠢᠯᠠᠨ ᠲᠡᠯᠭᠡᠷᠡᠭᠦᠯᠦᠭᠰᠡᠨ ᠠᠷᠠᠳ᠎ᠤᠨ ᠪᠦᠵᠢᠭ ᠪᠠᠢᠵᠤ᠂ ᠲᠠᠭᠤᠤ᠂ ᠭᠦᠭᠵᠢᠮ᠂ ᠪᠦᠵᠢᠭ᠎ᠢ᠋ ᠨᠢᠭᠡ ᠴᠤᠭᠴᠠᠵᠢᠭᠤᠯᠤᠭᠰᠠᠨ ᠤᠷᠠᠯᠢᠭ᠎ᠤᠨ ᠢᠯᠡᠷᠡᠭᠦᠯᠦᠯ ᠮᠦᠨ᠃ ᠲᠠᠷᠠ ᠨᠢ ᠬᠤᠪᠢ ᠭᠦᠮᠦᠨ ᠡᠵᠡᠮᠰᠢᠭᠰᠡᠨ ᠪᠦᠵᠢᠭ᠎ᠤᠨ ᠭᠦᠳᠡᠯᠦᠯ ᠮᠡᠷᠭᠡᠵᠢᠯ᠎ᠤᠨ ᠲᠠᠭᠠᠦ ᠴᠢᠯᠦᠭᠡᠳᠡᠢ ᠵᠤᠭᠢᠶᠠᠨ ᠪᠠᠢᠭᠤᠯᠤᠭᠳᠠᠵᠤ᠂ ᠪᠡᠯᠡᠨ ᠲᠤᠭᠯᠠᠭᠳᠠᠳᠠᠭ᠃ ᠬᠠᠷᠢᠨ ᠦᠭᠡᠷ᠎ᠠ ᠪᠤᠰᠤᠳ ᠪᠦᠵᠢᠭ ᠰᠢᠭ ᠭᠡᠪᠰᠢᠯ ᠵᠤᠷᠰᠢᠯ᠎ᠳᠤ ᠬᠦᠯᠢᠶᠡᠰᠦᠯᠡᠭᠳᠡᠭᠦ ᠦᠭᠡᠢ᠃ ᠠᠷᠠᠳ᠎ᠤᠨ ᠲᠤᠮᠳᠠ 12 ᠵᠦᠢᠯ᠎ᠤᠨ ᠰᠠᠪᠠᠷᠳᠠᠩ ᠪᠦᠵᠢᠭ᠎ᠤᠨ ᠦᠨᠳᠦᠰᠦᠨ ᠭᠦᠳᠡᠯᠦᠯ ᠪᠠᠢᠵᠤ᠂ ᠲᠠᠳᠡᠭᠡᠷ ᠨᠢ ᠮᠤᠷᠢ ᠤᠷᠭᠠᠯᠠᠬᠤ᠂ ᠢᠰᠡᠭᠡᠢ ᠭᠢᠭᠦ ᠡᠰᠡᠭᠦᠯ᠎ᠠ ᠡᠮᠡᠭᠳᠡᠢᠴᠤᠳ᠎ᠤᠨ ᠲᠤᠯᠢᠳᠠᠬᠤ᠂ ᠭᠦᠮᠦᠰᠭᠡ ᠪᠠᠨ ᠪᠤᠳᠤᠬᠤ᠂ ᠭᠡᠵᠢᠭᠡ ᠪᠠᠨ ᠰᠠᠮᠨᠠᠬᠤ ᠭᠡᠭᠦ ᠮᠡᠳᠦ ᠵᠢᠨ ᠡᠳᠦᠷ ᠲᠤᠳᠤᠮ᠎ᠤᠨ ᠠᠮᠢᠳᠤᠷᠠᠯ ᠡᠴᠡ ᠢᠷᠠᠯᠳᠠᠢ ᠪᠠᠢᠳᠠᠭ᠃ ᠬᠤᠷᠢᠳᠤᠭᠠᠷ ᠵᠠᠭᠤᠨ᠎ᠦ ᠨᠠᠶᠠᠭᠠᠳ ᠤᠨ᠎ᠦ ᠡᠭᠢᠨ ᠵᠢᠡᠷ᠂ ᠰᠠᠪᠠᠷᠳᠠᠩ ᠨᠢ ᠮᠠᠯᠵᠢᠬᠤ ᠦᠢᠯᠡᠳᠪᠦᠷᠢᠯᠡᠯ᠎ᠤᠨ ᠵᠠᠪ ᠴᠢᠯᠦᠭᠡ ᠪᠡᠷ ᠭᠡᠷ ᠪᠦᠯᠢ ᠵᠢᠨ ᠨᠠᠢᠷ᠂ ᠨᠠᠭᠠᠳᠤᠮ᠎ᠤᠨ ᠬᠤᠷᠠᠯ᠂ ᠬᠤᠷᠢᠮ᠂ ᠦᠷᠪᠦᠭᠡᠨ ᠨᠠᠢᠷ ᠭᠡᠭᠦ ᠮᠡᠳᠦ ᠵᠢᠨ ᠭᠦᠨᠳᠦ ᠴᠢᠬᠤᠯᠠ ᠪᠠᠶᠠᠷ ᠲᠤᠷᠠᠰᠬᠠᠯ᠎ᠤᠨ ᠠᠵᠢᠯᠯᠠᠭ᠎ᠠ ᠪᠡᠷ ᠲᠤᠭᠯᠠᠭᠳᠠᠵᠤ ᠪᠠᠢᠭᠰᠠᠨ ᠪᠤᠯ ᠤᠳᠤᠬᠠᠨ᠎ᠳᠤ ᠲᠤᠬᠠᠢ ᠵᠢᠨ ᠭᠠᠵᠠᠷ᠎ᠤᠨ ᠤᠯᠠᠨ ᠲᠦᠮᠡᠨ ᠪ ᠰᠡᠯᠡᠭᠦᠴᠡᠯ᠎ᠤᠨ ᠠᠵᠢᠯᠯᠠᠭ᠎ᠠ ᠵᠢᠴᠢ ᠪᠠᠶ᠎ᠠ ᠴᠢᠭᠢᠷᠠᠭᠵᠢᠭᠤᠯᠬᠤ ᠠᠭᠤᠳᠠᠮ ᠲᠠᠯᠠᠪᠠᠢ ᠵᠢᠨ ᠪᠦᠵᠢᠭ᠎ᠤᠨ ᠨᠢᠭᠡᠨ ᠭᠡᠯᠪᠠᠷᠢ ᠪᠤᠯᠵᠠᠢ᠃


《ᠮᠦᠷᠦ ᠪᠠᠨ ᠭᠡᠷᠭᠢᠨ ᠬᠦᠳᠡᠯᠭᠡᠭᠦ ᠵᠢ ᠠᠨᠭᠬᠠᠷ᠂ ᠲᠡᠨᠭᠳᠡᠭᠦᠦ ᠴᠡᠴᠡᠷᠡᠭᠦᠯᠵᠤ ᠪᠤᠯᠬᠤ ᠦᠭᠡᠢ᠂ ᠠᠮᠢᠳᠤᠯᠢᠭ ᠪᠠᠢᠬᠤ ᠭᠡᠷᠡᠭᠳᠡᠢ》 ᠭᠡᠵᠤ ᠡᠵᠡᠨ᠎ᠠ ᠬᠤᠰᠢᠭᠤᠨ᠎ᠦ ᠲᠡᠰ᠎ᠤᠨ ᠰᠠᠪᠠᠷᠳᠠᠩ ᠪᠦᠵᠢᠭ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠤᠷᠭᠤᠭ᠎ᠠ ᠭᠢᠴᠢᠶᠠᠯ᠎ᠤᠨ ᠲᠠᠩᠬᠢᠮ᠎ᠳᠤ ᠰᠤᠷᠤᠭᠴᠢᠳ ᠵᠢᠡᠨ ᠵᠢᠭᠠᠨ ᠵᠢᠯᠤᠭᠤᠳᠤᠨ᠎ᠠ᠃

ᠰᠠᠪᠠᠷᠳᠠᠩ ᠪᠦᠵᠢᠭ ᠪᠤᠯ ᠲᠤᠷᠭᠤᠳ ᠮᠤᠨᠭᠭᠤᠯᠴᠤᠳ᠎ᠤᠨ ᠮᠢᠨᠭᠭᠠᠨ ᠵᠢᠯ᠎ᠤᠨ ᠲᠤᠷᠠᠰᠤᠮᠵᠢ ᠵᠢ ᠠᠴᠢᠶᠠᠯᠠᠭᠰᠠᠨ ᠪᠦᠵᠢᠭ ᠤᠷᠠᠯᠢᠭ᠎ᠤᠨ ᠭᠡᠯᠪᠠᠷᠢ ᠪᠤᠯᠤᠨ᠎ᠠ᠃ 2021 ᠤᠨ ᠎ᠳᠤ ᠡᠵᠡᠨ᠎ᠠ ᠬᠤᠰᠢᠭᠤ ᠵᠢᠨ ᠡᠷᠡᠮᠡᠯᠵᠠᠯ ᠵᠢᠡᠷ ᠰᠠᠪᠠᠷᠳᠠᠩ ᠪᠦᠵᠢᠭ ᠨᠢ ᠲᠠᠪᠤᠳᠤᠭᠠᠷ ᠪᠦᠯᠦᠭ᠎ᠤᠨ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠦ ᠴᠢᠨᠠᠷᠳᠠᠢ ᠲᠦᠷᠦᠯ ᠵᠦᠢᠯ᠎ᠤᠨ ᠨᠡᠷᠡᠰ᠎ᠤᠨ ᠵᠢᠭᠰᠠᠭᠠᠯᠳᠠ᠎ᠳᠤ ᠪᠦᠷᠢᠳᠭᠡᠭᠦᠯᠵᠡᠢ᠃


a3b4189a-86f7-436c-90d5-bfcaa9746431.png


ᠰᠠᠪᠠᠷᠳᠠᠩ ᠪᠦᠵᠢᠭ᠎ᠤᠨ ᠪᠠᠬᠠᠳᠠᠳ 《ᠤᠮᠠᠷᠠᠳᠤ ᠭᠢᠯᠢ᠎ᠳᠤ ᠪᠦᠵᠢᠭᠯᠡᠨ᠎ᠠ》 — ᠦᠪᠦᠷ ᠮᠤᠨᠭᠭᠤᠯ᠎ᠤᠨ ᠦᠪᠡᠷᠳᠡᠭᠡᠨ ᠵᠠᠰᠠᠬᠤ ᠤᠷᠤᠨ᠎ᠦ ᠲᠤᠯᠤᠳᠤᠭᠠᠷ ᠬᠤᠭᠤᠴᠠᠭᠠᠨ᠎ᠦ ᠠᠭᠤᠳᠠᠮ ᠲᠠᠯᠠᠪᠠᠢ ᠵᠢᠨ ᠪᠦᠵᠢᠭ᠎ᠤᠨ ᠤᠷᠤᠯᠳᠤᠭᠠᠨ᠎ᠳᠤ ᠤᠷᠤᠯᠴᠠᠪᠠ


ᠰᠠᠪᠠᠷᠳᠠᠩ ᠪᠦᠵᠢᠭ ᠎ᠤᠨ ᠭᠦᠳᠡᠯᠦᠯ ᠪᠦᠷᠢ ᠨᠢ ᠪᠦᠷ ᠮᠠᠯᠴᠢᠳ᠎ᠤᠨ ᠠᠮᠢᠳᠤᠷᠠᠯ ᠡᠴᠡ ᠢᠷᠠᠯᠳᠠᠢ᠃ 《ᠬᠠᠷᠠᠭᠠᠴᠢ᠎ᠳᠠ᠂ ᠲᠤᠰ ᠪᠦᠵᠢᠭ ᠨᠢ ᠭᠡᠦᠭᠡᠨ ᠭᠦᠮᠦᠨ ᠨᠢᠭᠡ ᠭᠠᠷ ᠲᠠᠭᠠᠨ ᠲᠤᠯᠢ ᠪᠠᠷᠢᠵᠤ᠂ ᠨᠦᠭᠦᠭᠡ ᠭᠠᠷ ᠵᠢᠡᠷ ᠵᠢᠡᠨ ᠭᠡᠵᠢᠭᠡ ᠪᠠᠨ ᠰᠠᠮᠨᠠᠵᠤ ᠪᠠᠢᠬᠤ ᠵᠢ ᠢᠯᠡᠷᠡᠭᠦᠯᠵᠤ ᠪᠠᠢᠨ᠎ᠠ》 ᠭᠡᠵᠤ ᠤᠷᠭᠤᠭ᠎ᠠ ᠲᠠᠢᠯᠪᠤᠷᠢᠯᠠᠬᠤ ᠵᠢᠨ ᠲᠠᠭᠠᠦ ᠲᠠᠭᠤᠷᠢᠶᠠᠨ ᠦᠵᠡᠭᠦᠯᠵᠤ᠂ 《ᠦᠨᠭᠭᠡᠷᠡᠭᠰᠡᠨ᠎ᠳᠤ ᠮᠠᠯᠴᠢᠳ ᠮᠤᠨᠭᠭᠤᠯ ᠭᠡᠷ ᠲᠤ᠌ ᠨᠠᠭᠠᠳᠴᠦ ᠨᠠᠷᠭᠢᠬᠤ᠎ᠳᠤ ᠤᠷᠤᠨ ᠵᠠᠢ ᠨᠢ ᠭᠡᠮᠵᠢᠶᠠᠳᠠᠢ ᠪᠤᠯᠬᠤᠷ ᠰᠠᠪᠠᠷᠳᠠᠩ ᠪᠦᠵᠢᠭ ᠨᠢ ᠲᠡᠭᠡᠳᠦ ᠮᠦᠴᠢ ᠵᠢᠨ ᠭᠦᠳᠡᠯᠭᠡᠭᠡᠨ ᠵᠢᠡᠷ ᠭᠤᠤᠯᠳᠠᠭᠤᠯᠵᠤ᠂ ᠲᠤᠪᠰᠢᠭᠤᠷ ᠭᠦᠭᠵᠢᠮ ᠡᠭᠢᠯᠡᠮᠡᠭᠴᠡ ᠪᠦᠭᠦᠳᠡᠭᠡᠷ ᠪᠦᠵᠢᠭᠯᠡᠴᠢᠭᠡᠳᠡᠭ》 ᠭᠡᠵᠤ ᠲᠠᠨᠢᠯᠴᠠᠭᠤᠯᠤᠨ᠎ᠠ᠃

ᠲᠤᠬᠠᠢ ᠵᠢᠨ ᠭᠠᠵᠠᠷ ᠤᠷᠤᠨ᠎ᠦ ᠤᠨᠴᠠᠭᠠᠢ ᠨᠢᠭᠡᠨ ᠪᠦᠵᠢᠭ᠎ᠤᠨ ᠤᠷᠠᠯᠢᠭ ᠪᠤᠯᠤᠭᠰᠠᠨ ᠪ ᠬᠤᠪᠢ᠎ᠳᠤ ᠰᠠᠪᠠᠷᠳᠠᠩ ᠪᠦᠵᠢᠭ ᠨᠢ ᠴᠦᠭᠡᠨ ᠲᠤᠭᠠᠨ᠎ᠦ ᠭᠦᠮᠦᠨ ᠤᠯᠠᠮᠵᠢᠯᠠᠨ ᠵᠠᠯᠭᠠᠮᠵᠢᠯᠠᠪᠠᠯ ᠪᠤᠯᠴᠢᠬᠠᠳᠠᠭ 《ᠬᠠᠭᠤᠴᠢᠨ ᠤᠷᠠᠯᠢᠭ》 ᠪᠢᠰᠢ ᠬᠠᠷᠢᠨ ᠨᠡᠩ ᠶᠡᠭᠡ ᠤᠷᠤᠯᠳᠤᠭᠠᠨ᠎ᠦ ᠲᠠᠯᠠᠪᠠᠢ᠎ᠳᠤ ᠭᠠᠷᠴᠦ᠂ ᠨᠠᠢᠳᠡ ᠲᠦᠮᠡᠨ᠎ᠦ ᠪᠠᠬᠠᠷᠬᠠᠯ᠎ᠢ ᠤᠯᠤᠭᠰᠠᠨ ᠤᠷᠠᠯᠢᠭ᠎ᠤᠨ ᠨᠢᠭᠡᠨ ᠭᠡᠯᠪᠠᠷᠢ ᠪᠤᠯᠵᠠᠢ᠃


c81b20ac-f855-493b-82b1-326b3321af6d.png


ᠤᠷᠭᠤᠭ᠎ᠠ ᠰᠠᠪᠠᠷᠳᠠᠩ ᠪᠦᠵᠢᠭ ᠪᠦᠵᠢᠭᠯᠡᠨ᠎ᠠ


ᠦᠨᠭᠭᠡᠷᠡᠭᠰᠡᠨ ᠵᠤᠨ ᠡᠷᠭᠢᠯᠡᠭᠰᠡᠨ 《ᠤᠮᠠᠷᠠᠳᠤ ᠭᠢᠯᠢ᠎ᠳᠤ ᠪᠦᠵᠢᠭᠯᠡᠨ᠎ᠠ》 — ᠦᠪᠦᠷ ᠮᠤᠨᠭᠭᠤᠯ᠎ᠤᠨ ᠦᠪᠡᠷᠳᠡᠭᠡᠨ ᠵᠠᠰᠠᠬᠤ ᠤᠷᠤᠨ᠎ᠦ ᠲᠤᠯᠤᠳᠤᠭᠠᠷ ᠬᠤᠭᠤᠴᠠᠭᠠᠨ᠎ᠦ ᠠᠭᠤᠳᠠᠮ ᠲᠠᠯᠠᠪᠠᠢ ᠵᠢᠨ ᠪᠦᠵᠢᠭ᠎ᠤᠨ ᠤᠷᠤᠯᠳᠤᠭᠠᠨ᠎ᠳᠤ᠂ ᠡᠵᠡᠨ᠎ᠠ ᠬᠤᠰᠢᠭᠤᠨ᠎ᠦ ᠰᠠᠪᠠᠷᠳᠠᠩ ᠪᠦᠵᠢᠭ᠎ᠤᠨ ᠪᠠᠬᠠᠳᠠᠳ᠎ᠤᠨ ᠨᠠᠢᠷᠠᠭᠤᠯᠵᠤ ᠲᠤᠭᠯᠠᠭᠰᠨᠨ ᠰᠠᠪᠠᠷᠳᠠᠩ ᠪᠦᠵᠢᠭ 《ᠰᠤᠪᠨᠠᠭᠤᠷ᠎ᠤᠨ ᠪᠦᠵᠢᠭ᠎ᠤᠨ ᠵᠡᠭᠦᠳᠦ·ᠲᠤᠤᠷᠠᠢ ᠵᠢᠨ ᠮᠢᠨᠭᠭᠠᠨ ᠨᠠᠭᠢᠯᠵᠠᠯ》 ᠨᠢ 《ᠬᠠᠮᠤᠭ᠎ᠤᠨ ᠰᠢᠯᠢᠳᠡᠭ ᠵᠤᠭᠢᠶᠠᠨ ᠪᠦᠳᠦᠭᠡᠯᠭᠡ ᠵᠢᠨ ᠱᠠᠨᠭᠨᠠᠯ》᠎ᠢ᠋ ᠬᠦᠷᠳᠡᠭᠰᠡᠨ ᠪᠠᠢᠨ᠎ᠠ᠃ ᠦᠨᠦᠳᠦᠷ ᠰᠠᠪᠠᠷᠳᠠᠩ ᠪᠦᠵᠢᠭ ᠪᠠᠰᠠ ᠡᠴᠢᠨᠡᠨ ᠭᠦᠮᠦᠰ᠎ᠤᠨ ᠭᠦᠷᠢᠶᠡᠯᠡᠯ᠎ᠢ ᠤᠯᠵᠤ᠂ ᠡᠴᠢᠨᠡᠨ ᠶᠡᠭᠡ ᠠᠮᠢᠵᠢᠷᠠᠯ᠎ᠤᠨ ᠭᠦᠴᠦᠨ ᠲᠠᠢ ᠪᠠᠢᠬᠤ ᠵᠢ ᠬᠠᠷᠠᠭᠠᠳ ᠤᠷᠭᠤᠭ᠎ᠠ ᠰᠠᠪᠠᠷᠳᠠᠩ ᠪᠦᠵᠢᠭ᠎ᠤᠨ ᠤᠯᠠᠮᠵᠢᠯᠠᠯ ᠪᠠ ᠭᠦᠭᠵᠢᠭᠦᠯᠦᠯ᠎ᠤᠨ ᠲᠤᠬᠠᠢ ᠨᠡᠩ ᠶᠡᠭᠡ ᠢᠳᠡᠭᠡᠯ ᠲᠠᠢ ᠪᠤᠯᠵᠠᠢ᠃ 《ᠡᠢᠮᠦ ᠤᠯᠠᠨ ᠭᠦᠮᠦᠨ ᠰᠠᠪᠠᠷᠳᠠᠩ ᠪᠦᠵᠢᠭ᠎ᠢ ᠪᠠᠬᠠᠷᠬᠠᠨ ᠲᠤᠭᠤᠵᠤ᠂ ᠲᠡᠭᠦᠨ᠎ᠢ ᠤᠷᠠᠨ ᠰᠠᠢᠬᠠᠨ᠎ᠦ ᠲᠤᠭᠯᠠᠯᠳᠠ᠂ ᠠᠭᠤᠳᠠᠮ ᠲᠠᠯᠠᠪᠠᠢ ᠵᠢᠨ ᠪᠦᠵᠢᠭ ᠵᠡᠷᠭᠡ ᠡᠳᠦᠷ ᠲᠤᠳᠤᠮ᠎ᠤᠨ ᠠᠮᠢᠳᠤᠷᠠᠯ ᠲᠤᠮᠳᠠ ᠪᠠᠨ ᠠᠭᠤᠰᠬᠠᠵᠤ ᠪᠠᠢᠬᠤ ᠵᠢ ᠬᠠᠷᠠᠭᠠᠳ ᠰᠡᠳᠭᠢᠯ ᠎ᠳᠤ ᠮᠠᠰᠢ ᠪᠠᠶᠠᠷᠳᠠᠢ ᠪᠠᠢᠨ᠎ᠠ᠃ ᠤᠯᠠᠨ ᠵᠢᠡᠷ ᠵᠢᠡᠨ ᠰᠠᠪᠠᠷᠳᠠᠩ ᠪᠦᠵᠢᠭᠯᠡᠵᠤ ᠴᠢᠳᠠᠬᠤ ᠪᠡᠷ ᠦᠯᠦ ᠪᠠᠷᠠᠮ ᠰᠠᠪᠠᠷᠳᠠᠩ ᠨᠢ ᠠᠮᠢᠳᠤᠷᠠᠯ ᠡᠴᠡ ᠢᠷᠡᠭᠰᠡᠨ ᠪᠠᠰᠠ ᠠᠮᠢᠳᠤᠷᠠᠯ᠎ᠳᠠᠭᠠᠨ ᠪᠤᠴᠠᠨ᠎ᠠ ᠭᠡᠳᠡᠭ ᠭᠦᠨ ᠠᠭᠤᠯᠬᠤᠨ᠎ᠢ ᠤᠢᠯᠠᠭᠠᠬᠤ ᠵᠢ ᠨᠡᠩ ᠭᠦᠰᠡᠵᠤ ᠪᠤᠢ》 ᠭᠡᠵᠤ ᠤᠷᠭᠤᠭ᠎ᠠ ᠶᠠᠷᠢᠨ᠎ᠠ᠃


97c9ac2a-010e-4ebe-b036-27068a821774.png


ᠪᠠᠭ᠍ᠰᠢ᠎ᠶ᠋ᠢᠨ ᠵᠢᠯᠤᠭᠤᠳᠤᠯᠭ᠎ᠠ


ᠤᠷᠭᠤᠭ᠎ᠠ ᠵᠢᠨ ᠶᠠᠷᠢᠭᠰᠠᠨᠴᠢᠯᠠᠨ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠯ ᠨᠢ ᠤᠳᠤᠭᠢᠴᠢᠯᠠᠭᠰᠠᠨ ᠠᠮᠢᠳᠤᠷᠠᠯ᠎ᠳᠤ ᠠᠭᠤᠰᠴᠦ᠂ ᠤᠳᠤ ᠦᠶ᠎ᠠ ᠵᠢᠨ ᠦᠨ᠎ᠠ ᠦᠷᠳᠡᠭ ᠵᠢᠡᠨ ᠢᠯᠡᠷᠡᠭᠦᠯᠭᠦ᠎ᠳᠤ ᠤᠷᠤᠰᠢᠨ᠎ᠠ᠃ ᠤᠢᠷ᠎ᠠ ᠵᠢᠨ ᠵᠢᠯ ᠡᠴᠡ ᠪᠤᠳᠠᠰ᠎ᠤᠨ ᠪᠤᠰᠤ ᠰᠤᠶᠤᠯ᠎ᠤᠨ ᠦᠪ ᠨᠠᠢᠭᠡᠮ ᠲᠤᠭᠤᠷᠢᠭ ᠲᠤ᠌ ᠤᠷᠤᠬᠤ᠂ ᠪᠤᠳᠠᠰ᠎ᠤᠨ ᠪᠤᠰᠤ ᠰᠤᠶᠤᠯ᠎ᠤᠨ ᠦᠪ ᠰᠤᠷᠭᠠᠭᠤᠯᠢ ᠵᠢᠨ ᠬᠦᠷᠢᠶᠠᠨ᠎ᠳᠤ ᠤᠷᠤᠬᠤ᠂ ᠪᠤᠳᠠᠰ᠎ᠤᠨ ᠪᠤᠰᠤ ᠰᠤᠶᠤᠯ᠎ᠤᠨ ᠦᠪ ᠵᠢᠭᠤᠯᠴᠢᠯᠠᠯ᠎ᠤᠨ ᠤᠷᠤᠨ᠎ᠳᠤ ᠤᠷᠤᠬᠤ ᠁ ᠠᠯᠠᠱᠠ ᠠᠢᠮᠠᠭ ᠪᠤᠳᠠᠰ᠎ᠤᠨ ᠪᠤᠰᠤ ᠰᠤᠶᠤᠯ᠎ᠤᠨ ᠦᠪ᠎ᠢ ᠦᠪᠯᠡᠨ ᠤᠯᠠᠮᠵᠢᠯᠠᠬᠤ ᠰᠢᠷᠢᠰ ᠠᠵᠢᠯᠯᠠᠭ᠎ᠠ ᠪᠠᠨ ᠲᠡᠰ ᠲᠠᠪᠰᠢᠭᠦᠯᠦᠨ᠂ ᠪᠤᠳᠠᠰ᠎ᠤᠨ ᠪᠤᠰᠤ ᠰᠤᠶᠤᠯ᠎ᠤᠨ ᠦᠪ ᠎ᠢ᠋ ᠤᠳᠤᠬᠠᠨ᠎ᠦ ᠠᠮᠢᠳᠤᠷᠠᠯ᠎ᠤᠨ ᠡᠯ᠎ᠠ ᠲᠠᠪᠬᠤᠷᠭ᠎ᠠ᠎ᠳᠤ ᠠᠭᠤᠰᠬᠠᠵᠤ᠂ ᠪᠦᠭᠦ ᠨᠠᠢᠭᠡᠮ ᠵᠢᠡᠷ ᠵᠢᠡᠨ ᠪᠤᠳᠠᠰ᠎ᠤᠨ ᠪᠤᠰᠤ ᠰᠤᠶᠤᠯ᠎ᠤᠨ ᠦᠪ᠎ᠢ ᠬᠠᠮᠠᠭᠠᠯᠠᠨ᠂ ᠤᠯᠠᠮᠵᠢᠯᠠᠨ ᠭᠦᠭᠵᠢᠭᠦᠯᠭᠦ ᠢᠳᠡᠪᠭᠢ ᠴᠢᠨᠠᠷ᠎ᠢ ᠶᠡᠭᠡᠪᠠᠷ ᠨᠡᠮᠡᠭᠳᠡᠭᠦᠯᠦᠭᠰᠡᠨ ᠪᠠᠢᠨ᠎ᠠ᠃


9d220eec-bfe9-4b85-a546-a9d906583972.png

1e59f611-eae1-4c9b-ac7d-90e533f2f4b1.png


ᠤᠷᠤᠯᠳᠤᠭᠠᠨ᠎ᠳᠤ ᠡᠮᠦᠰᠭᠦ ᠬᠤᠪᠴᠠᠰᠤ ᠪᠠᠨ ᠲᠡᠯᠭᠡᠨ ᠦᠵᠡᠭᠦᠯᠦᠨ᠎ᠠ


ᠤᠳᠤ ᠦᠳᠡ ᠵᠢᠨ ᠬᠤᠢᠨ᠎ᠠ ᠪᠤᠯᠤᠭᠰᠠᠭᠠᠷ ᠡᠵᠡᠨ᠎ᠠ ᠠᠭᠤᠳᠠᠮ ᠲᠠᠯᠠᠪᠠᠢ᠎ᠳᠤ᠂ ᠨᠠᠢᠭᠡᠮ ᠲᠤᠭᠤᠷᠢᠭ ᠲᠤ᠌ ᠰᠠᠪᠠᠷᠳᠠᠩ ᠪᠦᠵᠢᠭᠯᠡᠭᠴᠢ ᠵᠦᠨᠭᠳᠡᠭᠡᠨ ᠬᠠᠷᠠᠭᠳᠠᠳᠠᠭ ᠪᠤᠯᠵᠠᠢ᠃  ᠨᠠᠰᠤᠳᠠᠢᠴᠦᠳ ᠤᠮᠪᠤᠯᠤ ᠪᠠᠨ ᠲᠠᠭᠠᠭᠤᠯᠵᠤ ᠬᠠᠮᠳᠤ ᠪᠦᠵᠢᠭᠯᠡᠨ᠂ ᠵᠠᠯᠠᠭᠤᠴᠤᠳ ᠠᠶ᠎ᠠ ᠭᠦᠭᠵᠢᠮ᠎ᠤᠨ ᠲᠠᠭᠠᠦ ᠤᠷᠠᠨ ᠨᠠᠭᠢᠯᠵᠠᠵᠤ᠂ ᠬᠠᠶᠠ ᠪᠠᠰᠠ ᠠᠶᠠᠯᠠᠨ ᠵᠢᠭᠤᠯᠴᠢᠯᠠᠭᠴᠢ ᠠᠯᠬᠤᠭ᠎ᠠ ᠪᠠᠨ ᠵᠤᠭᠰᠤᠵᠤ᠂ ᠲᠠᠭᠠᠵᠤ ᠨᠢᠭᠡ ᠪᠦᠵᠢᠭᠯᠡᠳᠡᠭ ᠪᠤᠯᠵᠠᠢ᠃ ᠨᠠᠷᠠᠨ᠎ᠦ ᠠᠯᠳᠠᠨ ᠰᠠᠴᠤᠷᠠᠭ ᠲᠤᠤᠷᠠᠢ ᠵᠢᠨ ᠮᠦᠴᠢᠷ ᠲᠠᠢ ᠠᠯᠠᠭᠯᠠᠨ ᠡᠭᠡ ᠭᠠᠵᠠᠷ ᠲᠤ᠌ ᠰᠡᠭᠦᠳᠡᠷ ᠪᠤᠯᠵᠤ᠂ ᠰᠠᠪᠠᠷᠳᠠᠩ ᠪᠦᠵᠢᠭ ᠲᠠᠢ ᠬᠠᠮᠳᠤ ᠪᠡᠷ ᠵᠢᠷᠭᠠᠯᠳᠤ ᠠᠮᠢᠳᠤᠷᠠᠯ᠎ᠤᠨ ᠵᠢᠷᠤᠭ᠎ᠢ ᠲᠡᠯᠭᠡᠨ᠎ᠠ᠃


91e0ed81-1cb5-46be-8cd7-892bd2aca124.png


ᠠᠳᠠᠯᠢᠬᠠᠨ ᠲᠤᠷ᠎ᠠ ᠪᠠᠬ᠎ᠠ ᠡᠴᠡ ᠪᠤᠯᠵᠤ ᠡᠯ᠎ᠠ ᠠᠵᠢᠯ ᠲᠦᠷᠦᠯ ᠡᠴᠡ ᠭᠦᠷᠦᠯᠴᠡᠨ ᠢᠷᠡᠭᠰᠡᠨ ᠡᠮᠡᠭᠳᠡᠢᠴᠦᠳ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号