ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠭᠦᠮ ᠮᠡᠳᠡᠯᠭᠡ
ᠬᠤᠷᠢᠨᠭᠡᠷ ᠱᠢᠶᠠᠨ ᠪᠣᠯ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠳᠤᠮᠳᠠ ᠡᠮᠦᠨᠡᠲᠦ ᠬᠡᠰᠡᠭ᠎ᠲᠤ ᠤᠷᠤᠰᠢᠵᠤ ᠪᠤᠢ᠂ ᠨᠡᠭᠦᠳᠡᠯ ᠠᠵᠤ ᠠᠬᠤᠢ ᠪᠣᠯᠣᠨ ᠲᠠᠷᠢᠶᠠᠯᠠᠬᠤ ᠠᠵᠤ ᠠᠬᠤᠢ ᠠᠳᠡ ᠤᠷᠳᠤ ᠬᠤᠭᠤᠴᠠᠭ᠎ᠠ ᠬᠠᠮᠲᠤ ᠲᠤᠭᠲᠠᠨᠢᠨ᠂ ᠨᠡᠭᠦᠳᠡᠯ ᠰᠣᠶᠣᠯ ᠪᠣᠯᠣᠨ ᠲᠠᠷᠢᠶᠠᠯᠠᠬᠤ ᠰᠣᠶᠣᠯ ᠤᠰᠤ ᠰᠦ᠋ ᠰᠢᠭ ᠠᠭᠤᠰᠤᠭᠠᠳ ᠣᠷᠣᠨ ᠨᠤᠲᠤᠭ᠎ᠤᠨ ᠴᠢᠨᠠᠷᠲᠠᠢ ᠥᠪᠡᠷᠮᠢᠴᠡ ᠬᠥᠭ᠌ᠵᠢᠯᠲᠡ᠎ᠶ᠋ᠢᠨ ᠪᠠᠢᠳᠠᠯ᠎ᠢ ᠪᠤᠢ ᠪᠤᠯᠭᠠᠵᠠᠢ᠃ ᠬᠤᠷᠢᠨᠭᠡᠷ᠎ᠤᠨ ᠴᠠᠭᠠᠰᠤᠨ ᠬᠠᠢᠴᠢᠯᠠᠮᠠᠯ ᠡᠨᠡ ᠬᠦ᠌ ᠬᠠᠯᠠᠭᠤᠨ ᠬᠦᠷᠦᠰᠦᠨ ᠳᠡᠭᠡᠷ᠎ᠡ ᠥᠷᠭᠡᠨ᠎ᠢᠶᠠᠷ ᠤᠯᠠᠮᠵᠢᠯᠠᠭ᠍ᠳᠠᠨ᠂ ᠬᠥᠳᠡᠯᠮᠦᠷᠢᠴᠢᠨ ᠡᠮᠡᠭ᠌ᠲᠡᠢᠴᠦᠳ᠎ᠤᠨ ᠠᠵᠢᠯᠴᠢ ᠭᠠᠷ ᠵᠢᠡᠷ ᠪᠦᠲᠦᠭᠡᠭᠳᠡᠵᠦ᠂ ᠲᠠᠯ᠎ᠠ ᠨᠤᠲᠤᠭ᠎ᠲᠤ ᠭᠦᠨ ᠦᠨᠳᠦᠰᠦᠯᠡᠭᠰᠡᠨ ᠵᠢᠡᠷ ᠪᠠᠷᠠᠬᠤ ᠦᠭᠡᠢ᠂ ᠪᠠᠰᠠ ᠵᠦᠩᠶᠤᠸᠠᠨ ᠣᠷᠣᠨ᠎ᠤ ᠲᠠᠷᠢᠶᠠᠯᠠᠬᠤ ᠰᠣᠶᠣᠯ᠎ᠤᠨ ᠠᠭᠤᠯᠭ᠎ᠠ᠎ᠶ᠋ᠢ ᠱᠢᠩᠭᠡᠭᠡᠨ ᠠᠪᠴᠠᠢ᠃ ᠬᠤᠷᠢᠨᠭᠡᠷ᠎ᠤᠨ ᠴᠠᠭᠠᠰᠤᠨ ᠬᠠᠢᠴᠢᠯᠠᠮᠠᠯ ᠠᠶᠠᠨ᠎ᠳᠠᠭᠠᠨ ᠪᠤᠢ ᠪᠤᠯᠵᠤ᠂ ᠪᠤᠷᠤᠭᠵᠢᠭᠤᠨ ᠷᠣᠮᠠᠨᠲ᠋ᠢᠭ᠂ ᠪᠠᠳᠠᠷᠠᠭᠤᠨ ᠳᠠᠯᠠᠢᠴᠠᠲᠠᠢ ᠤᠨᠴᠠᠯᠢᠬ᠎ᠢ ᠪᠦᠷᠢᠯᠳᠦᠭᠦᠯᠦᠨ᠂ ᠤᠮᠠᠷᠠᠲᠤ᠎ᠶ᠋ᠢᠨ ᠦᠨᠳᠦᠰᠦᠲᠡᠨ᠎ᠤ ᠪᠤᠷᠤᠭᠵᠢᠭᠤᠨ ᠰᠢᠯᠤᠭᠤᠨᠢ ᠢᠯᠡᠷᠡᠭᠦᠯᠪᠡ᠃ 2008 ᠣᠨ᠎ᠳᠤ᠂ ᠬᠤᠷᠢᠨᠭᠡᠷ᠎ᠤᠨ ᠴᠠᠭᠠᠰᠤᠨ ᠬᠠᠢᠴᠢᠯᠠᠮᠠᠯ᠎ᠢ ᠬᠤᠶᠠᠳᠤᠭᠠᠷ ᠪᠦᠯᠦᠭ᠎ᠤᠨ ᠤᠯᠤᠰ᠎ᠤᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠤᠨ ᠥᠷᠭᠡᠳᠭᠡᠭ᠌ᠰᠡᠨ ᠲᠥᠷᠥᠯ ᠵᠦᠢᠯ᠎ᠤᠨ ᠨᠡᠷᠡᠰ ᠲᠦ᠍ ᠣᠷᠣᠭᠤᠯᠪᠠ᠃
ᠤᠯᠠᠭᠠᠨ ᠴᠠᠭᠠᠰᠤᠨ ᠳᠡᠭᠡᠷ᠎ᠡ ᠬᠠᠢᠴᠢ ᠭᠦᠶᠦᠯᠭᠡᠨ᠂ ᠭᠤᠷᠪᠠᠨ ᠮᠢᠨᠦ᠋ᠲ ᠪᠤᠯᠤᠭ᠎ᠠ ᠦᠭᠡᠢ ᠠᠲᠠᠯ᠎ᠠ ᠰᠢᠨᠳᠠᠰᠤ ᠲᠤᠷᠪᠢ ᠲᠠᠢ ᠲᠠᠯ᠎ᠠ ᠨᠤᠲᠤᠭ᠎ᠤᠨ ᠠᠵᠢᠨᠠᠢ ᠬᠦᠯᠦᠭᠢ ᠠᠮᠢᠯᠠᠭᠤᠯᠤᠭᠰᠠᠨ ᠨᠢ ᠭᠠᠢᠬᠠᠯᠲᠠᠢ᠃ ᠡᠨᠡ ᠬᠦᠮᠦᠨ ᠪᠣᠯ ᠳᠠᠷᠤᠢ ᠬᠤᠷᠢᠨᠭᠡᠷ᠎ᠤᠨ ᠴᠠᠭᠠᠰᠤᠨ ᠬᠠᠢᠴᠢᠯᠠᠮᠠᠯ᠎ᠤᠨ ᠤᠯᠤᠰ᠎ᠤᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ᠌ ᠴᠢᠨᠠᠷᠲᠠᠶ ᠤᠯᠠᠮᠵᠢᠯᠠᠭ᠍ᠴᠢ ᠳ᠋ᠤᠸᠠᠨ ᠵᠢᠶᠠᠨ ᠵᠢᠶᠦ᠋ᠨ ᠪᠣᠯᠤᠨ᠎ᠠ᠃
ᠳ᠋ᠤᠸᠠᠨ ᠵᠢᠶᠠᠨ ᠵᠢᠶᠦ᠋ᠨ ᠴᠠᠭᠠᠰᠤᠨ ᠬᠠᠢᠴᠢᠯᠠᠮᠠᠯ ᠬᠠᠢᠴᠢᠯᠠᠬᠤ ᠳ᠋ᠠᠭᠠᠨ ᠶᠡᠷᠦ᠍᠎ᠡᠴᠡ ᠪᠢᠷᠪᠠᠷᠢᠵᠦ ᠵᠢᠷᠤᠳᠠᠭ ᠦᠭᠡᠢ᠂ ᠬᠠᠷᠢᠨ ᠳᠥᠴᠢ ᠭᠠᠷᠤᠢ ᠵᠢᠯ᠎ᠤᠨ ᠦᠢᠯᠡᠳᠦᠯᠭᠡ ᠵᠢᠨ ᠳᠤᠮᠳᠠ ᠳᠠᠪᠲᠠᠭᠳᠠᠨ ᠪᠤᠯᠪᠠᠰᠤᠷᠠᠵᠤ᠂ ᠴᠠᠭᠠᠰᠤᠨ ᠳᠡᠭᠡᠷ᠎ᠡ ᠬᠠᠢᠴᠢ ᠬᠦᠶᠦᠯᠭᠡᠬᠦ ᠨᠢ ᠢᠯᠭᠤᠮ ᠤᠷᠤᠰᠤᠮ᠎ᠠ ᠪᠠᠢᠵᠦ᠂ ᠨᠢᠭᠡ ᠯᠡ ᠠᠮᠢᠰᠭᠤᠭ᠎ᠠ᠎ᠪᠠᠷ ᠬᠠᠢᠴᠢᠯᠠᠵᠤ ᠭᠠᠷᠭᠠᠳᠠᠭ᠃ ᠡᠨᠡ ᠬᠦ᠌ ᠤᠷ᠎ᠠ ᠮᠡᠷᠭᠡᠵᠢᠯ᠎ᠢ ᠲᠡᠷᠡ ᠴᠠᠭᠠᠰᠤᠨ ᠬᠠᠢᠴᠢᠯᠠᠮᠠᠯ᠎ᠤᠨ ᠤᠷᠠᠯᠢᠭ᠎ᠤᠨ ᠲᠦᠯᠦᠭᠡ ᠭᠡᠰᠡᠨ ᠴᠤᠴᠠᠰᠢ ᠦᠭᠡᠢ ᠴᠢᠷᠮᠠᠢᠯᠭ᠎ᠠ ᠵᠢᠨ ᠳᠤᠮᠳᠠ ᠡᠵᠡᠮᠰᠢᠨ᠂ ᠤᠷᠲᠤ ᠤᠳᠠᠭᠠᠨ ᠵᠢᠯ᠎ᠤᠨ ᠲᠤᠷᠰᠢᠬᠢ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠬᠤ ᠠᠶᠠᠨ ᠳᠡᠭᠡᠷ᠎ᠡ ᠪᠠᠳᠠᠷᠠᠭᠤᠯᠤᠭᠰᠠᠨ ᠪᠠᠢᠨ᠎ᠠ᠃

ᠴᠠᠭᠠᠰᠤᠨ ᠬᠠᠢᠴᠢᠯᠠᠮᠠᠯ 《ᠤᠷᠢᠬᠠᠨ ᠬᠠᠪᠤᠷ ᠰᠠᠭᠠᠲᠠᠯ᠎ᠠ》
ᠳᠡᠭᠡᠷ᠎ᠡ ᠵᠠᠭᠤᠨ᠎ᠤ ᠶᠡᠷᠡᠭᠡᠳ ᠣᠨ᠎ᠳᠤ᠂ ᠮᠠᠰᠢ ᠣᠯᠠᠨ ᠡᠷᠲᠡᠨ᠎ᠦ ᠴᠠᠭᠠᠰᠤᠨ ᠬᠠᠢᠴᠢᠯᠠᠮᠠᠯ᠎ᠤᠨ ᠤᠷ᠎ᠠ ᠮᠡᠷᠭᠡᠵᠢᠯ ᠠᠬᠠᠮᠠᠳ ᠤᠷᠠᠯᠢᠭ᠍ᠴᠢᠳ᠎ᠤᠨ ᠶᠢᠷᠲᠢᠨᠴᠦ ᠡᠴᠡ ᠠᠩᠭᠢᠵᠢᠷᠠᠬᠤ᠎ᠶ᠋ᠢ ᠳᠠᠭᠠᠯᠳᠤᠨ᠂ ᠤᠯᠠᠮᠵᠢᠯᠠᠯ ᠲᠠᠰᠤᠷᠠᠮᠠᠷ ᠪᠤᠯᠪᠠ᠃ ᠡᠨᠡ ᠬᠦ᠌ ᠪᠠᠢᠳᠠᠯ᠎ᠢ ᠠᠵᠢᠵᠤ ᠮᠡᠳᠡᠭᠰᠡᠨ᠎ᠳᠤ ᠳ᠋ᠤᠸᠠᠨ ᠵᠢᠶᠠᠨ ᠵᠢᠶᠦ᠋ᠨ ᠮᠠᠰᠢ ᠪᠠᠴᠢᠮᠳᠠᠨ ᠰᠠᠨᠳᠤᠷᠤᠭᠰᠠᠨ ᠪᠠᠢᠯ᠎ᠠ᠃ 《ᠡᠳᠡᠭᠡᠷ ᠪᠤᠯ ᠪᠥᠷ ᠳᠡᠭᠡᠳᠦᠰ᠎ᠦᠨ ᠦᠯᠡᠳᠡᠭᠡᠭ᠌ᠰᠡᠨ ᠡᠷᠳᠡᠨᠢ ᠪᠤᠯᠤᠨ᠎ᠠ᠂ ᠢᠩᠭ᠌ᠢᠵᠦ ᠬᠠᠶᠠᠵᠤ ᠪᠤᠯᠬᠤ ᠦᠭᠡᠢ》᠃ 1998 ᠣᠨ᠎ᠳᠤ ᠲᠡᠭᠦᠨ᠎ᠤ ᠳᠠᠭᠠᠭᠤᠯᠭ᠎ᠠ ᠪᠡᠷ ᠬᠤᠷᠢᠨᠭᠡᠷ᠎ᠤᠨ ᠴᠠᠭᠠᠰᠤᠨ ᠬᠠᠢᠴᠢᠯᠠᠮᠠᠯ᠎ᠤᠨ ᠨᠡᠢᠭᠡᠮᠯᠢᠭ ᠪᠠᠢᠭᠤᠯᠤᠭᠳᠠᠪᠠ᠂ ᠡᠢᠨ ᠬᠦ᠌ ᠬᠤᠷᠢᠨᠭᠡᠷ᠎ᠤᠨ ᠴᠠᠭᠠᠰᠤᠨ ᠬᠠᠢᠴᠢᠯᠠᠮᠠᠯᠢᠱᠢᠰᠲ᠋ᠧᠮᠲᠠᠢ ᠠᠪᠤᠷᠠᠬᠤ᠂ ᠱᠢᠨᠵᠢᠯᠡᠬᠦ᠌ ᠤᠬᠠᠭᠠᠨᠴᠢ᠎ᠪᠠᠷ ᠬᠠᠮᠠᠭᠠᠯᠠᠬᠤ ᠠᠶᠠᠨ ᠡᠬᠢᠯᠡᠵᠡᠢ᠃ ᠣᠯᠠᠨ ᠵᠢᠯ᠎ᠤᠨ ᠲᠤᠷᠰᠢ᠂ ᠲᠡᠷᠡ ᠪᠦᠯᠬᠦᠮ ᠳᠠᠭᠠᠭᠤᠯᠤᠨ᠂ ᠬᠥᠳᠡᠭᠡ ᠲᠣᠰᠭᠤᠨ᠎ᠳᠤ ᠭᠦᠨᠵᠡᠭᠡᠢᠷᠡᠵᠦ᠂ ᠠᠷᠠᠳ᠎ᠤᠨ ᠳᠤᠮᠳᠠᠬᠢ ᠴᠠᠭᠠᠰᠤᠨ ᠬᠠᠢᠴᠢᠯᠠᠮᠠᠯ᠎ᠤᠨ ᠪᠦᠲᠦᠭᠡᠯ᠎ᠢ ᠴᠤᠭ᠍ᠯᠠᠭᠤᠯᠤᠨ ᠡᠮᠬᠢᠯᠡᠵᠦ᠍᠂ ᠬᠤᠪᠣᠷ ᠨᠠᠨᠳᠢᠨ ᠴᠠᠭᠠᠰᠤᠨ ᠬᠠᠢᠴᠢᠯᠠᠮᠠᠯ᠎ᠢ ᠨᠡᠢᠲᠡ ᠠᠷᠪᠠᠨ ᠲᠦᠮᠡ ᠭᠠᠷᠤᠢ ᠬᠤᠪᠢ ᠠᠪᠤᠷᠠᠵᠤ ᠢᠯᠡᠷᠡᠭᠦᠯᠦᠨ᠂ ᠤᠯᠠᠮᠵᠢᠯᠠᠯ ᠲᠠᠰᠤᠷᠠᠮᠠᠷ ᠪᠤᠯᠤᠭᠰᠠᠨ ᠶᠡᠭᠡ ᠬᠡᠮᠵᠢᠶᠡᠨ᠎ᠤ ᠡᠷᠲᠡᠨ᠎ᠤ ᠴᠠᠭᠠᠰᠤᠨ ᠬᠠᠢᠴᠢᠯᠠᠮᠠᠯ᠎ᠤᠨ ᠤᠭᠠᠯᠵᠠ ᠵᠢᠨ ᠦᠯᠢᠭᠡᠷ ᠲᠡᠭᠦᠨ᠎ᠤ ᠭᠠᠷ᠎ᠲᠤ ᠳᠠᠬᠢᠨ ᠠᠮᠢᠯᠠᠭ᠍ᠰᠠᠨ ᠪᠠᠢᠨ᠎ᠠ᠃

ᠳ᠋ᠤᠸᠠᠨ ᠵᠢᠶᠠᠨ ᠵᠢᠶᠦ᠋ᠨ ᠱᠠᠪᠢ ᠨᠢᠦ ᠴᠦᠨ ᠱᠢᠶᠠ ᠪᠠᠨ ᠵᠢᠭᠠᠨ ᠵᠢᠯᠤᠭᠤᠳᠴᠤ ᠪᠠᠢᠭ᠎ᠠ ᠨᠢ
《ᠴᠠᠭᠠᠰᠤᠨ ᠬᠠᠢᠴᠢᠯᠠᠮᠠᠯ᠎ᠢ ᠵᠢᠩᠬᠢᠨᠢ 〈ᠠᠮᠢᠯᠠᠭᠤᠯᠬᠤ〉 ᠭᠡᠪᠡᠯ ᠲᠡᠭᠦᠨ᠎ᠢ ᠡᠷᠬᠡᠪᠰᠢ ᠥᠨᠥᠳᠦᠷ᠎ᠤᠨ ᠠᠮᠢᠳᠤᠷᠠᠯ᠎ᠳᠤ ᠣᠷᠣᠭᠤᠯᠬᠤ ᠬᠡᠷᠡᠭ᠌ᠲᠡᠶ》᠃ ᠤᠯᠠᠮᠵᠢᠯᠠᠨ ᠬᠠᠮᠠᠭᠠᠯᠠᠬᠤ ᠠᠵᠢᠯ᠎ᠢ ᠰᠠᠢᠲᠤᠷ ᠬᠢᠬᠦ᠌᠎ᠶ᠋ᠢᠨ ᠬᠠᠮᠲᠤ᠌᠂ ᠳ᠋ᠤᠸᠠᠨ ᠵᠢᠶᠠᠨ ᠵᠢᠶᠦ᠋ᠨ ᠨᠠᠩ ᠶᠡᠬᠡ ᠣᠶᠤᠨ ᠴᠢᠳᠠᠯ᠎ᠢᠶᠠᠨ ᠴᠠᠭᠠᠰᠤᠨ ᠬᠠᠢᠴᠢᠯᠠᠮᠠᠯ᠎ᠤᠨ ᠤᠷᠠᠯᠢᠭ᠎ᠤᠨ ᠱᠢᠨ᠎ᠡ᠎ᠶ᠋ᠢ ᠡᠭᠦᠳᠬᠦ᠌ ᠬᠥᠭ᠌ᠵᠢᠯᠲᠡ᠎ᠳᠤ ᠵᠤᠷᠢᠭᠤᠯᠪᠠ᠃ ᠲᠡᠭᠦᠨ᠎ᠦ᠌ ᠵᠢᠳᠭᠦᠯ ᠴᠢᠷᠮᠠᠢᠯᠭ᠎ᠠ᠎ᠪᠠᠷ ᠡᠨᠡ ᠬᠦ᠌ ᠡᠷᠲᠡᠨ᠎ᠦ᠌ ᠤᠷᠠᠯᠢᠭ ᠬᠦᠷᠢᠶ᠎ᠠ ᠴᠠᠷᠠᠭ᠎ᠠ ᠵᠢ ᠳᠠᠪᠠᠨ ᠬᠦᠭᠵᠢᠯ᠎ᠡ᠄ ᠥᠩᠭᠡᠷᠡᠭ᠌ᠰᠡᠨ᠎ᠤ ᠡᠷᠦᠬᠡ ᠨᠢᠭᠡᠪᠦᠷᠢ᠎ᠶᠢᠨ ᠴᠣᠩᠬᠣᠨᠳᠡᠭᠡᠷᠡ ᠠ᠋ᠴᠠ ᠨᠠᠷᠢᠯᠢᠭ ᠭᠤᠢᠳᠠ ᠵᠢᠷᠤᠭ᠎ᠤᠨ ᠬᠦᠪᠡᠭᠡᠨ᠎ᠳᠤ 《ᠦᠰᠦᠷᠴᠤ》 ᠤᠷᠤᠪᠠ᠃ ᠨᠢᠮᠬᠡᠨ ᠴᠠᠭᠠᠰᠤᠨ ᠡᠴᠡ ᠪᠠᠨ ᠬᠣᠲᠠ᠎ᠶᠢᠨ ᠦᠵᠡᠮᠵᠢ ᠵᠢᠨ ᠳᠤᠲᠤᠷ᠎ᠠ 《ᠤᠷᠭᠤᠬᠤ》 ᠪᠤᠯᠵᠠᠢ᠂ ᠨᠡᠩ ᠴᠤ᠌ ᠬᠡᠦᠬᠡᠳ᠎ᠦ᠋ᠨ ᠬᠢᠴᠢᠶᠡᠯ᠎ᠦ᠋ᠨ ᠲᠠᠩᠬᠢᠮ᠎ᠳ᠋ᠤ ᠣᠷᠣᠵᠤ᠂ ᠠᠮᠢᠳᠤᠯᠢᠭ ᠰᠣᠨᠢᠷᠬᠠᠯᠲᠠᠢ ᠰᠣᠶᠣᠯ᠎ᠤ᠋ᠨ ᠦᠯᠢᠭᠡᠷ ᠪᠣᠯᠵᠤ ᠬᠤᠪᠢᠷᠠᠭᠰᠠᠨ ᠪᠠᠢᠨ᠎ᠠ᠃

ᠨᠢᠦ ᠴᠦᠨ ᠱᠢᠶᠠ 《ᠠᠨᠠᠷ᠎ᠤᠨ ᠦᠷ᠎ᠡ》 ᠭᠡᠬᠦ ᠴᠠᠭᠠᠰᠤᠨ ᠬᠠᠢᠴᠢᠯᠠᠮᠠᠯ ᠵᠢᠡᠨ ᠳᠡᠯᠭᠡᠨ ᠦᠵᠡᠭᠦᠯᠦᠨ᠎ᠡ
ᠤᠯᠠᠮᠵᠢᠯᠠᠯ᠎ᠤᠨ ᠤᠴᠢ ᠱᠢᠨ᠎ᠡ᠎ᠶᠢ ᠡᠭᠦᠳᠬᠦ᠌ ᠳᠤᠮᠳᠠ ᠤᠯᠠᠮ ᠬᠦᠭᠵᠢᠨ ᠪᠠᠳᠠᠷᠠᠨ᠎ᠠ᠃ 2012 ᠣᠨ᠎ᠳᠤ ᠳ᠋ᠤᠸᠠᠨ ᠵᠢᠶᠠᠨ ᠵᠢᠶᠦ᠋ᠨ᠎ᠢ ᠳᠠᠭᠠᠵᠤ ᠴᠠᠭᠠᠰᠤᠨ ᠬᠠᠢᠴᠢᠯᠠᠮᠠᠯᠰᠤᠷᠤᠭᠰᠠᠨ ᠨᠢᠦ ᠴᠦᠨ ᠱᠢᠶᠠ᠄ 《ᠴᠠᠭᠠᠰᠤᠨ ᠬᠠᠢᠴᠢᠯᠠᠮᠠᠯ ᠮᠢᠨᠤ ᠢᠲᠡᠭᠡᠯ᠎ᠢ ᠡᠷᠴᠢᠯᠡᠨ᠂ ᠪᠢ ᠥᠪᠡᠷ᠎ᠦᠨ ᠥᠷᠲᠡᠭ᠌ᠵᠢᠡᠨ ᠤᠯᠵᠤ ᠬᠠᠷᠠᠭᠰᠠᠨ》 ᠭᠡᠵᠦ ᠴᠠᠭᠠᠪᠤᠷᠢᠯᠠᠨᠠ᠃ ᠡᠳᠦᠭᠡ ᠲᠡᠷᠡ ᠤᠷ᠎ᠠ ᠮᠡᠷᠭᠡᠵᠢᠯ᠎ᠤᠨ ᠰᠤᠷᠤᠯᠭᠠᠲᠠᠨ ᠡᠴᠡ ᠪᠠᠨ ᠱᠢᠨ᠎ᠡ᠎ᠶ᠋ᠢ ᠡᠭᠦᠳᠤᠨ ᠤᠯᠠᠮᠵᠢᠯᠠᠬᠤ ᠦᠢᠯᠡᠳᠦᠯᠭᠡᠵᠢᠭᠦᠯᠦᠭᠴᠢ ᠪᠣᠯᠤᠭᠰᠠᠨ ᠪᠠᠢᠨ᠎ᠠ᠃ ᠨᠢᠦ ᠴᠦᠨ ᠱᠢᠶᠠ᠄ 《ᠳ᠋ᠤᠸᠠᠨ ᠪᠠᠭ᠍ᠰᠢ ᠶ᠋ᠢ ᠳᠠᠭᠠᠭᠠᠳ ᠤᠷ᠎ᠠ ᠮᠡᠷᠭᠡᠵᠢᠯ ᠰᠤᠷᠤᠭ᠍ᠰᠠᠨ᠎ᠢᠶᠠᠷ ᠪᠠᠷᠠᠬᠤ ᠦᠭᠡᠢ᠂ ᠨᠡᠩ ᠴᠦ᠍ ᠴᠠᠭᠠᠰᠤᠨ ᠬᠠᠢᠴᠢᠯᠠᠮᠠᠯᠵᠢᠡᠷ 〈ᠢᠯᠡᠳᠭᠡᠬᠦ〉 ᠵᠢ ᠰᠤᠷᠤᠯ᠎ᠠ》 ᠭᠡᠵᠦ ᠬᠡᠯᠡᠬᠦ ᠵᠢᠨ ᠳᠠᠭᠠᠤ ᠭᠠᠷ ᠤᠲᠠᠰᠤᠨ᠎ᠳᠡᠬᠢ ᠱᠢᠭᠤᠳ ᠨᠡᠪᠲᠡᠷᠡᠭᠦᠯᠭᠡ᠎ᠶ᠋ᠢᠨ ᠳᠡᠯᠭᠡᠴᠡ ᠪᠠᠨ ᠦᠵᠡᠭᠦᠯᠪᠡ — ᠳᠡᠯᠭᠡᠴᠡ ᠵᠢᠨ ᠡᠮᠦᠨ᠎ᠡ ᠲᠡᠷᠡ ᠬᠠᠢᠴᠢ ᠠᠳᠭᠤᠭᠠᠳ ᠠᠷᠭ᠎ᠠ ᠮᠡᠷᠭᠡᠵᠢᠯ᠎ᠢ ᠬᠠᠢᠴᠢᠯᠠᠨ ᠦᠵᠡᠭᠦᠯᠵᠦ᠂ ᠴᠠᠭᠠᠰᠤᠨ ᠬᠠᠢᠴᠢᠯᠠᠮᠠᠯ᠎ᠤᠨ ᠦᠯᠢᠭᠡᠷ᠎ᠢ ᠶᠠᠷᠢᠵᠦ ᠰᠠᠭᠤᠨ᠎ᠠ᠂ ᠱᠢᠭᠤᠳ ᠨᠡᠪᠲᠡᠷᠡᠭᠦᠯᠭᠡ᠎ᠶ᠋ᠢᠨ ᠲᠠᠰᠤᠭ᠎ᠲᠤ ᠬᠦᠮᠦᠰ᠎ᠤᠨ ᠮᠠᠭ᠍ᠲᠠᠭᠠᠯ ᠰᠠᠢᠰᠢᠶᠠᠯ ᠲᠠᠰᠤᠷᠠᠬᠤ ᠦᠭᠡᠢ ᠪᠠᠢᠯ᠎ᠠ᠃ ᠡᠭᠦᠨ᠎ᠠᠴᠠ ᠭᠠᠳᠠᠨ᠎ᠠ᠂ ᠲᠡᠷᠡ ᠪᠠᠰᠠ ᠦᠷᠭᠦᠯᠵᠢ ᠳ᠋ᠤᠸᠠᠨ ᠵᠢᠶᠠᠨ ᠵᠢᠶᠦ᠋ᠨ᠎ᠢ ᠳᠠᠭᠠᠭᠠᠳ᠂ ᠰᠤᠷᠭᠠᠭᠤᠯᠢ᠎ᠳᠤ ᠬᠢᠴᠢᠶᠡᠯ ᠣᠷᠣᠵᠤ᠂ ᠡᠯ᠎ᠡ ᠲᠥᠷᠥᠯ᠎ᠤᠨ ᠦᠵᠡᠭᠦᠯᠭᠡ ᠵᠢᠨ ᠤᠬᠠᠭᠤᠯᠭ᠎ᠠ᠎ᠳᠤ ᠣᠷᠣᠯᠴᠠᠨ᠂ ᠴᠠᠭᠠᠰᠤᠨ ᠬᠠᠢᠴᠢᠯᠠᠮᠠᠯ᠎ᠤᠨ ᠰᠣᠶᠣᠯ᠎ᠢ ᠨᠠᠩ ᠣᠯᠠᠨ ᠬᠦᠮᠦᠰ᠎ᠲᠤ ᠤᠢᠯᠠᠭᠠᠭᠤᠯᠵᠤ ᠪᠠᠢᠨ᠎ᠠ᠃

ᠨᠢᠮᠪᠠᠢ ᠬᠠᠢᠴᠢᠯᠡᠨᠠ
ᠣᠳᠣ ᠳ᠋ᠤᠸᠠᠨ ᠵᠢᠶᠠᠨ ᠵᠢᠶᠦ᠋ᠨ᠎ᠤ ᠳᠠᠭᠠᠭᠤᠯᠭ᠎ᠠ ᠪᠡᠷ᠂ ᠤᠯᠠᠮ᠎ᠠᠴᠠ ᠤᠯᠠᠮ ᠣᠯᠠᠨ ᠵᠠᠯᠠᠭᠤᠴᠤᠳ ᠴᠠᠭᠠᠰᠤᠨ ᠬᠠᠢᠴᠢᠯᠠᠮᠠᠯ᠎ᠤᠨ ᠱᠢᠨ᠎ᠡ᠎ᠶ᠋ᠢ ᠡᠭᠦᠳᠬᠦ᠌ ᠡᠩᠨᠡᠭᠡᠨ᠎ᠳᠤ ᠣᠷᠣᠯᠴᠠᠵᠤ ᠪᠠᠢᠨ᠎ᠠ᠃ ᠬᠠᠢᠴᠢ ᠭᠦᠶᠦᠯᠭᠡᠨ ᠴᠠᠭᠠᠰᠤ ᠡᠷᠬᠢᠭᠦᠯᠬᠦ ᠬᠤᠷᠤᠮᠪᠤᠯ ᠤᠯᠠᠮᠵᠢᠯᠠᠯ ᠬᠢᠭᠡᠳ ᠣᠳᠣ ᠦᠶ᠎ᠡ᠎ᠶᠢᠨ ᠬᠠᠯᠠᠭᠤᠨ ᠠᠭᠤᠯᠵᠠᠯᠲᠠ ᠪᠤᠯᠤᠨ᠎ᠠ᠃ ᠳ᠋ᠤᠸᠠᠨ ᠵᠢᠶᠠᠨ ᠵᠢᠶᠦ᠋ᠨ ᠤᠯᠠᠮᠵᠢᠯᠠᠬᠤ ᠪᠠ ᠱᠢᠨ᠎ᠡ᠎ᠶ᠋ᠢ ᠡᠭᠦᠳᠬᠦ᠌ ᠵᠢ ᠤᠶᠠᠯᠳᠤᠭᠤᠯᠤᠨ᠂ ᠪᠠᠯᠠᠷ ᠡᠷᠲᠡᠨ᠎ᠤ ᠬᠤᠷᠢᠨᠭᠡᠷ᠎ᠤᠨ ᠴᠠᠭᠠᠰᠤᠨ ᠬᠠᠢᠴᠢᠯᠠᠮᠠᠯ᠎ᠤᠨ ᠠᠷᠠᠳ᠎ᠤᠨ ᠵᠠᠩ ᠦᠢᠯᠡ᠎ᠶ᠋ᠢᠨ ᠤᠤᠯ᠎ᠤᠨ ᠪᠠᠢᠳᠠᠯ᠎ᠢ ᠦᠯᠡᠳᠡᠭᠡᠭᠰᠡᠨ ᠵᠢᠡᠷ ᠪᠠᠷᠠᠬᠤ ᠦᠭᠡᠢ᠂ ᠴᠠᠭ ᠦᠶ᠎ᠡ᠎ᠲᠠᠢ ᠵᠡᠷᠭᠡ᠎ᠪᠡᠷ ᠤᠷᠤᠭ᠍ᠰᠢᠯᠠᠬᠤ ᠠᠮᠢᠵᠢᠷᠠᠯ᠎ᠤᠨ ᠬᠦᠴᠦᠨ᠎ᠢ ᠪᠠᠳᠠᠷᠠᠭᠤᠯᠵᠤ ᠪᠠᠢᠨ᠎ᠠ᠃ ᠤᠨ ᠰᠠᠷ᠎ᠠ᠎ᠶᠢᠨ ᠤᠷᠴᠢᠯᠳ᠋ᠦ᠍᠂ ᠬᠤᠷᠢᠨᠭᠡᠷ᠎ᠤᠨ ᠴᠠᠭᠠᠰᠤᠨ ᠬᠠᠢᠴᠢᠯᠠᠮᠠᠯ ᠲᠠᠯ᠎ᠠ ᠨᠤᠲᠤᠭ᠎ᠤ᠋ᠨ ᠤᠷᠠᠨ ᠭᠤᠶᠤ ᠪᠣᠯᠤᠨ ᠴᠠᠭ ᠦᠶ᠎ᠡ᠎ᠶᠢᠨ ᠠᠢᠵᠠᠮ ᠵᠢᠪᠬᠤᠭ᠎ᠠ᠎ᠵᠢ ᠠᠴᠢᠶᠠᠯᠠᠨ᠂ ᠡᠨᠡ ᠬᠦ᠌ ᠥᠪᠡᠷᠮᠢᠴᠡ ᠰᠣᠶᠣᠯ᠎ᠢ ᠨᠡᠩ ᠣᠯᠠᠨ ᠬᠥᠮᠦᠨ᠎ᠦ᠌ ᠰᠡᠳᠭᠢᠯᠳ᠋ᠦ᠍ ᠦᠨᠳᠦᠰᠦᠯᠡᠭᠦᠯᠦᠨ ᠨᠠᠬᠢᠶᠠᠯᠠᠭᠤᠯᠵᠤ ᠂ ᠲᠠᠰᠤᠷᠠᠯᠲᠠ ᠦᠭᠡᠢ ᠤᠯᠠᠮᠵᠢᠯᠠᠬᠤ ᠪᠤᠯᠤᠨ᠎ᠠ᠃

ᠳ᠋ᠤᠸᠠᠨ ᠵᠢᠶᠠᠨ ᠵᠢᠶᠦ᠋ᠨ ᠵᠠᠯᠠᠭᠤᠴᠤᠳ ᠪᠠᠭᠠᠴᠤᠳ᠎ᠲᠤ ᠴᠠᠭᠠᠰᠤᠨ ᠬᠠᠢᠴᠢᠯᠠᠮᠡᠯᠤᠨ ᠰᠤᠶᠤᠯ᠎ᠢ ᠵᠢᠭᠠᠨᠵᠤ ᠪᠠᠢᠭ᠎ᠠ ᠨᠢ
ᠯᠢ ᡁᠢ ᠫᠸᠩ ᠰᠡᠭᠦᠳᠡᠷᠯᠡᠪᠡ

ᠨᠢᠦ ᠴᠦᠨ ᠱᠢᠶᠠ ᠣᠬᠣᠷ ᠸᠢᠳᠢᠣ᠋ ᠰᠢᠩᠭᠡᠭᠡᠵᠦ᠂ ᠬᠣᠷᠢᠨᠭᠡᠷᠦ᠋ᠨ ᠴᠠᠭᠠᠰᠤᠨ ᠬᠠᠢᠴᠢᠯᠠᠮᠠᠯ᠎ᠢ ᠤᠬᠠᠭᠤᠯᠵᠤ ᠪᠠᠢᠭ᠎ᠠ ᠨᠢ

ᠳ᠋ᠤᠸᠠᠨ ᠵᠢᠶᠠᠨ ᠵᠢᠶᠦ᠋ᠨ ᠬᠥᠳᠡᠭᠡ ᠲᠣᠰᠭᠣᠨ᠎ᠳ᠋ᠤ ᠭᠦᠨᠵᠡᠭᠡᠢᠷᠡᠨ᠂ ᠴᠠᠭᠠᠰᠤᠨ ᠬᠠᠢᠴᠢᠯᠠᠮᠠᠯ᠎ᠤ᠋ᠨ ᠲᠡᠦᠬᠡ᠎ᠶᠢ ᠲᠡᠮᠳᠡᠭ᠌ᠯᠡᠵᠦ ᠪᠠᠢᠭ᠎ᠠ ᠨᠢ (ᠮᠠᠲ᠋ᠧᠷᠢᠶᠠᠯ ᠵᠢᠷᠤᠭ)

ᠴᠠᠭᠠᠰᠤᠨ ᠬᠠᠢᠴᠢᠯᠠᠮᠠᠯ 《ᠲᠠᠯ᠎ᠠ ᠨᠤᠲᠤᠭ᠎ᠤᠨ ᠵᠦᠩᠨᠡᠯ》

ᠳ᠋ᠤᠸᠠᠨ ᠵᠢᠶᠠᠨ ᠵᠢᠶᠦ᠋ᠨ (ᠵᠡᠭᠦᠨᠳᠡᠬᠢ) ᠬᠤᠶᠠᠳᠤᠭᠠᠷ ᠬᠤᠭᠤᠴᠠᠭᠠᠨ᠎ᠤ ᠤᠯᠠᠨ ᠤᠯᠤᠰ᠎ᠤᠨ ᠰᠣᠯᠢᠯᠴᠠᠭᠠᠨ᠎ᠤ ᠬᠤᠷᠠᠯ᠎ᠳᠤ ᠣᠷᠣᠯᠴᠠᠭᠠᠳ ᠴᠠᠭᠠᠰᠤᠨ ᠬᠠᠢᠴᠢᠯᠠᠮᠠᠯ᠎ᠤᠨ ᠰᠣᠶᠣᠯ᠎ᠢ ᠤᠬᠠᠭᠤᠯᠵᠤ ᠪᠠᠢᠭ᠎ᠠ ᠨᠢ