ᠴᠡᠷᠢᠭ᠎ᠤᠨ ᠠᠯᠪᠠ ᠡᠴᠡ ᠬᠠᠯᠠᠬᠳᠠᠬᠰᠠᠳ᠎ᠤᠨ ᠰᠣᠨᠣᠷ᠎ᠤᠨ ᠡᠷᠡᠭᠦᠯ ᠮᠡᠨᠳᠦ᠍᠎ᠶ᠋ᠢ ᠬᠠᠯᠠᠮᠵᠢᠯᠠᠬᠤ ᠠᠵᠢᠯᠯᠠᠭ᠎ᠠ ᠡᠬᠢᠯᠡᠪᠡ
2025-10-23 10:02:59
ᠵᠣᠬᠢᠶᠠᠭ᠍ᠴᠢ᠄
ᠰᠦᠨ ᠯᠢ ᠶᠢᠡᠭ
ᠣᠩᠱᠢᠭ᠍ᠰᠠᠨ ᠣᠳᠠᠭ᠎ᠠ᠄
★★★☆☆

《ᠥᠩᠭᠡᠷᠡᠭ᠌ᠰᠡᠨ᠎ᠳᠦ ᠳᠠᠢᠴᠢᠨ ᠨᠥᠬᠥᠳ᠎ᠲᠡᠶ᠎ᠪᠡᠨ ᠤᠲᠠᠰᠤ ᠪᠡᠷ ᠶᠠᠷᠢᠯᠴᠠᠬᠤ ᠳ᠋ᠤ ᠶᠡᠷᠦ᠍ ᠨᠢ ᠲᠣᠳᠣᠷᠬᠠᠶ ᠣᠯᠵᠤ ᠰᠣᠨᠣᠰᠭᠤ ᠦᠭᠡᠢ᠂ ᠣᠳᠣ ᠱᠢᠨ᠎ᠡ ᠰᠣᠨᠣᠷ ᠲᠤᠳᠤᠤᠡᠬᠠᠭᠤᠷ ᠲᠠᠢ ᠪᠣᠯᠤᠭ᠍ᠰᠠᠨ᠎ᠴᠢᠨᠢ ᠰᠠᠭᠠᠳ ᠦᠬᠡᠢ ᠶᠠᠷᠢᠯ᠎ᠠ》᠃ 10 ᠰᠠᠷ᠎ᠠ᠎ᠶ᠋ᠢᠨ 21 ᠤ᠋ ᠡᠳᠦᠷ᠂ ᠥᠪᠥᠷ ᠮᠣᠩᠭᠣᠯ᠎ᠤᠨ ᠴᠡᠷᠢᠭ᠎ᠦᠨ ᠠᠯᠪᠠ᠎ᠠᠴᠠ ᠬᠠᠯᠠᠬᠳᠠᠬᠰᠠᠳ᠎ᠢ ᠬᠠᠯᠠᠮᠵᠢᠯᠠᠬᠤ ᠰᠠᠭᠤᠷᠢ ᠮᠥᠩᠭᠥᠨ᠎ᠦ ᠨᠡᠢᠭᠡᠮᠯᠢᠭ᠎ᠡᠴᠡ ᠭᠤᠤᠯᠯᠠᠨ ᠡᠷᠭᠢᠯᠡᠭ᠌ᠰᠡᠨ 《ᠴᠡᠷᠢᠭ᠎ᠦᠨ ᠠᠯᠪᠠ᠎ᠠᠴᠠ ᠬᠠᠯᠠᠬᠳᠠᠬᠰᠠᠠ᠎ᠠᠬᠠᠮᠠᠳ ᠴᠡᠷᠢᠭ᠎ᠤᠨ ᠰᠣᠨᠣᠷ᠎ᠤᠨ ᠡᠷᠡᠭᠦᠯ ᠮᠡᠨᠳᠦ᠍᠎ᠶ᠋ᠢ ᠬᠠᠯᠠᠮᠵᠢᠯᠠᠬᠤ ᠠᠵᠢᠯᠯᠠᠭ᠎ᠠ》 ᠶ᠋ᠢᠨ ᠡᠬᠢᠯᠡᠯᠲᠡ᠎ᠶ᠋ᠢᠨ ᠶᠣᠰᠣᠯᠠᠯ ᠳᠡᠭᠡᠷ᠎ᠡ᠂ ᠴᠡᠷᠢᠭ᠎ᠦᠨ ᠠᠯᠪᠠ᠎ᠠᠴᠠ ᠬᠠᠯᠠᠬᠳᠠᠬᠰᠠᠳ ᠯᠢ ᠯᠢᠨ ᠱᠢᠨ᠎ᠡ ᠤᠶᠤᠨᠲᠤ ᠰᠣᠨᠣᠷ ᠲᠤᠳᠤᠳᠭᠠᠭᠤᠷ ᠪᠠᠷᠢᠵᠤ ᠰᠡᠳᠬᠢᠯ ᠳᠣᠭ᠍ᠳᠣᠯᠤᠨ ᠭᠡᠯᠡᠨ᠎ᠠ᠃ ᠲᠤᠬᠠᠶ᠎ᠶ᠋ᠢᠨ ᠡᠳᠦᠷ᠂ ᠳᠤᠮᠳᠠᠳᠤ ᠤᠯᠤᠰ᠎ᠤᠨ ᠴᠡᠷᠢᠭ᠎ᠦᠨ ᠠᠯᠪᠠ᠎ᠠᠴᠠ ᠬᠠᠯᠠᠭ᠍ᠳᠠᠭ᠍ᠰᠠᠳ᠎ᠢ ᠬᠠᠯᠠᠮᠵᠢᠯᠠᠬᠤ ᠰᠠᠭᠤᠷᠢ ᠮᠥᠩᠭᠥᠨ᠎ᠦ ᠨᠡᠢᠭᠡᠮᠯᠢᠭ᠎ᠡᠴᠡ ᠥᠪᠥᠷ ᠮᠣᠩᠭᠣᠯ᠎ᠤᠨ ᠴᠡᠷᠢᠭ᠎ᠦᠨ ᠠᠯᠪᠠ᠎ᠠᠴᠠ ᠬᠠᠯᠠᠭ᠍ᠳᠠᠭ᠍ᠰᠠᠳ᠎ᠢ ᠬᠠᠯᠠᠮᠵᠢᠯᠠᠬᠤ ᠰᠠᠭᠤᠷᠢ ᠮᠥᠩᠭᠥᠨ᠎ᠦ ᠨᠡᠢᠭᠡᠮᠯᠢᠭ᠎ᠲᠦ  ᠶᠡᠷᠦᠡᠭᠭᠡᠢ ᠦᠷᠳᠡᠭ ᠨᠢ 119.6 ᠲᠦᠮᠡᠨ ᠲᠥᠭᠥᠷᠢᠭ᠎ᠦᠨ 200 ᠢᠵᠢ ᠣᠶᠤᠨᠳᠤ ᠰᠣᠨᠣᠷ ᠲᠤᠳᠤᠳᠭᠠᠭᠤᠷ ᠬᠠᠨᠳᠢᠪᠯᠠᠵᠤ᠂ ᠥᠪᠥᠷ ᠮᠣᠩᠭᠣᠯ᠎ᠤᠨ ᠨᠠᠰᠤ ᠠᠬᠢᠭ᠍ᠰᠠᠨ ᠴᠡᠷᠢᠭ᠎ᠦᠨ ᠠᠯᠪᠠ᠎ᠠᠴᠠ ᠬᠠᠯᠠᠭ᠍ᠳᠠᠭ᠍ᠰᠠᠳ ᠵᠢᠴᠢ 《ᠦᠷᠡᠭ᠌ᠳᠡᠭ᠌ᠰᠡᠨ ᠪᠠᠭᠠᠲᠤᠷᠴᠤᠳ᠎ᠤᠨ ᠭᠡᠷ ᠪᠦᠯᠢ᠂ ᠠᠯᠪᠠᠨ ᠶᠠᠪᠤᠳᠠᠯ᠎ᠢᠶᠠᠷ ᠪᠡᠶ᠎ᠡ ᠦᠷᠡᠭ᠌ᠳᠡᠭ᠌ᠰᠡᠨ ᠴᠡᠷᠢᠭ᠎ᠦᠨ ᠭᠡᠷ ᠪᠦᠯᠢ ᠪᠠ ᠡᠪᠡᠳᠴᠢᠨ᠎ᠢᠶᠡᠷ ᠨᠠᠰᠤ ᠪᠠᠷᠠᠭ᠍ᠰᠠᠨ ᠴᠡᠷᠢᠭ᠎ᠦᠨ ᠭᠡᠷ ᠪᠦᠯᠢ》 ᠶ᠋ᠢᠨ ᠬᠢᠨ ᠳ᠋ᠤ ᠬᠠᠢᠷ᠎ᠠ ᠬᠠᠯᠠᠮᠵᠢ ᠬᠦᠷᠭᠡᠪᠡ᠃

ᠣᠢᠯᠠᠭᠠᠭ᠍ᠰᠠᠨ᠎ᠢᠶᠠᠷ᠂ ᠲᠣᠰ ᠤᠳᠠᠭᠠᠨ᠎ᠤ ᠨᠡᠢᠲᠡ᠎ᠶ᠋ᠢᠨ ᠠᠰᠠᠷᠠᠮᠵᠢ᠎ᠶ᠋ᠢᠨ ᠲᠥᠷᠥᠯ ᠵᠦᠶ᠋ᠯ᠎ᠨᠢ ᠥᠪᠥᠷ ᠮᠣᠩᠭᠣᠯ ᠣᠷᠣᠨ᠎ᠤ 60 ᠨᠠᠰᠤᠨ ᠡᠴᠠ ᠳᠡᠭᠡᠭ᠌ᠰᠢᠬᠢ ᠴᠡᠷᠢᠭ ᠤ᠋ᠨ ᠠᠯᠪᠠ᠎ᠡᠴᠡ ᠬᠠᠯᠠᠭ᠍ᠳᠠᠭ᠍ᠰᠠᠳ ᠵᠢᠴᠢ ᠦᠷᠡᠭ᠌ᠳᠡᠭ᠌ᠰᠡᠨ ᠪᠠᠭᠠᠲᠤᠷᠴᠤᠳ᠎ᠤᠨ ᠬᠡᠷ ᠪᠦᠯᠢ᠂ ᠠᠯᠪᠠᠨ ᠶᠠᠪᠤᠳᠠᠯ᠎ᠢᠶᠠᠷ ᠪᠡᠶ᠎ᠡ ᠦᠷᠡᠭ᠌ᠳᠡᠭ᠌ᠰᠡᠨ ᠴᠡᠷᠢᠭ᠎ᠦᠨ ᠬᠡᠷ ᠪᠦᠯᠢ᠂ ᠡᠪᠡᠳᠴᠢᠨ᠎ᠢᠶᠡᠷ ᠨᠠᠰᠤ ᠪᠠᠷᠠᠭ᠍ᠰᠠᠨ ᠴᠡᠷᠢᠭ᠎ᠦᠨ ᠬᠡᠷ ᠪᠦᠯᠢ ᠵᠡᠷᠭᠡ ᠬᠠᠯᠠᠮᠵᠢᠯᠠᠬᠤ ᠡᠲᠡᠭᠡᠳ᠎ᠲᠦ ᠬᠠᠨᠳᠤᠭᠤᠯᠵᠤ᠂ 《ᠱᠢᠭ᠌ᠰᠢᠨ ᠪᠠᠢᠴᠠᠭᠠᠬᠤ + ᠠᠰᠠᠭᠤᠨ ᠯᠠᠪᠯᠠᠬᠤ + ᠤᠨᠤᠴᠠᠳᠠᠢ ᠲᠣᠬᠢᠷᠠᠭᠤᠯᠬᠤ + ᠲᠤᠷᠱᠢᠨ ᠬᠡᠷᠡᠭᠯᠡᠬᠦ》 ᠪᠥᠬᠥ᠌ ᠬᠡᠯᠬᠢᠶ᠎ᠠ ᠵᠢᠨ ᠦᠶ᠋ᠯᠡᠴᠢᠯᠡᠭᠡ᠎ᠪᠡᠷ ᠳᠠᠮᠵᠢᠨ᠂ ᠰᠣᠨᠣᠷ᠎ᠤᠨ ᠰᠠᠭᠠᠳ᠎ᠲᠠᠶ ᠬᠥᠮᠦᠰ᠎ᠦᠨ ᠠᠮᠢᠳᠤᠷᠠᠯ᠎ᠤᠨ ᠶᠠᠰᠤ ᠴᠢᠨᠠᠷ᠎ᠢ ᠰᠠᠢᠵᠢᠷᠠᠭᠤᠯᠵᠤ᠂ ᠨᠡᠢᠭᠡᠮ᠎ᠦᠨ ᠡᠯ᠎ᠡ ᠡᠲᠡᠭᠡᠳ᠎ᠦᠨ᠎ᠬᠢᠨ᠎ᠢ ᠴᠡᠷᠢᠭ ᠤ᠋ᠨ ᠠᠯᠪᠠ᠎ᠡᠴᠡ ᠬᠠᠯᠠᠭ᠍ᠳᠠᠭ᠍ᠰᠠᠳ᠎ᠤᠨ ᠬᠡᠷᠡᠭ᠌ᠴᠡᠭᠡ ᠱᠠᠭᠠᠷᠳᠠᠯᠭ᠎ᠠ᠎ᠵᠢ ᠠᠡᠭᠬᠠᠷᠤᠨ ᠬᠠᠯᠠᠮᠵᠢᠯᠠᠬᠤ ᠵᠢ ᠬᠦᠳᠦᠯᠦᠨ ᠵᠢᠯᠤᠭᠤᠳᠪᠠ᠃

ᠥᠪᠥᠷ ᠮᠣᠩᠭᠣᠯ᠎ᠤᠨ ᠴᠡᠷᠢᠭ᠎ᠦᠨ ᠠᠯᠪᠠ᠎ᠠᠴᠠ ᠬᠠᠯᠠᠭ᠍ᠳᠠᠭ᠍ᠰᠠᠳ᠎ᠢ ᠬᠠᠯᠠᠮᠵᠢᠯᠠᠬᠤ ᠰᠠᠭᠤᠷᠢ ᠮᠥᠩᠭᠥᠨ᠎ᠦ ᠨᠡᠢᠭᠡᠮᠯᠢᠭ᠎ᠨᠢ ᠴᠡᠷᠢᠭ᠎ᠦᠨ ᠠᠯᠪᠠ᠎ᠠᠴᠠ ᠬᠠᠯᠠᠭ᠍ᠳᠠᠭ᠍ᠰᠠᠳ᠎ᠤᠨ ᠪᠠᠴᠢᠮᠳᠠᠵᠤ ᠲᠦᠪᠡᠭᠳᠡᠵᠦ ᠵᠥᠪᠡᠨᠢᠵᠤ ᠬᠦᠰᠡᠵᠦ ᠪᠠᠢᠭ᠎ᠠ ᠶᠠᠪᠤᠳᠠᠯ᠎ᠳᠤ ᠦᠷᠭᠦᠯᠵᠢᠯᠡᠨ ᠠᠩᠬᠠᠷᠤᠯ᠎ᠢᠶᠠᠨ ᠲᠥᠪᠯᠡᠷᠡᠭᠦᠯᠵᠦ᠍᠂ ᠪᠣᠳᠠᠲᠤ ᠠᠵᠢᠯᠯᠠᠭ᠎ᠠ᠎ᠪᠠᠷ᠎ᠢᠶᠠᠨ ᠨᠡᠢᠭᠡᠮ᠎ᠦᠨ ᠡᠯ᠎ᠡ ᠡᠲᠡᠭᠡᠳ᠎ᠦᠨ᠎ᠬᠢᠨ ᠤ᠋ ᠴᠡᠷᠢᠭ᠎ᠦᠨ ᠠᠯᠪᠠ᠎ᠠᠴᠠ ᠬᠠᠯᠠᠭ᠍ᠳᠠᠭ᠍ᠰᠠᠳ ᠎ᠲᠡᠬᠢ ᠬᠦᠨᠳᠦᠳᠭᠡᠯ ᠬᠠᠯᠠᠮᠵᠢᠯᠠᠯ ᠢ᠋ ᠳᠠᠮᠵᠢᠭᠤᠯᠵᠤ᠂ ᠴᠡᠷᠢᠭ ᠬᠦᠮᠦᠨ᠎ᠢ ᠬᠦᠨᠳᠦᠳᠭᠡᠬᠦ᠌᠂ ᠴᠡᠷᠢᠭ᠎ᠦᠨ ᠠᠯᠪᠠ᠎ᠠᠴᠠ ᠬᠠᠯᠠᠭ᠍ᠳᠠᠭ᠍ᠰᠠᠳ᠎ᠢ ᠬᠠᠯᠠᠮᠵᠢᠯᠠᠬᠤ ᠨᠡᠢᠭᠡᠮ᠎ᠦᠨ ᠠᠭᠤᠷ ᠠᠮᠢᠰᠭᠤᠯ᠎ᠢ ᠤᠯᠠᠮ ᠴᠢᠨᠠᠬᠰᠢᠳᠠ ᠵᠤᠵᠠᠭᠠᠳᠬᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号