ᠨᠠᠮᠤᠷ᠎ᠤᠨ ᠰᠢᠷ᠎ᠠ ᠨᠠᠪᠴᠢᠨ᠎ᠤ ᠬᠠᠯᠠᠭᠤᠨ᠎ᠢᠶᠡᠷ ᠳᠠᠯᠠᠨ ᠬᠠᠷ᠎ᠠ ᠠᠭᠤᠯᠠ ᠪᠠᠨ ᠡᠷᠬᠢᠪᠠ᠃ ᠰᠢᠨᠡᠬᠡᠨ ᠵᠠᠰᠠᠭᠰᠠᠨ ᠳᠠᠷᠳᠠᠩ ᠵᠠᠮ᠎ᠳᠦ ᠬᠦᠳᠦᠯᠦᠭᠳᠡᠨ ᠳᠤᠳᠤᠭᠰᠢᠯᠠᠬᠤ ᠲᠤᠳᠤᠮ ᠨᠠᠪᠴᠢᠰ᠎ᠤᠨ ᠦᠩᠭᠡ ᠦᠳᠭᠡᠷᠡᠵᠦ᠂ ᠭᠤᠤᠯ ᠳᠠᠭᠠᠭᠰᠠᠨ ᠦᠬᠡᠷ ᠬᠤᠨᠢᠳ᠎ᠤᠨ ᠵᠤ ᠲᠡᠨᠢᠢᠵᠦ ᠢᠷᠠᠭᠯᠠᠨ᠎ᠠ᠃

ᠠᠭᠤᠯᠠ ᠤᠰᠤ ᠤᠭᠠᠯᠵᠠ ᠨᠡᠢᠯᠡᠨᠠ
ᠠᠭᠤᠯᠠ᠎ᠶᠢᠨ ᠪᠠᠯ ᠨᠦᠮᠦᠷᠢᠳᠡᠨ ᠤᠷᠭᠤᠭᠰᠠᠨ ᠵᠦᠢᠯ᠎ᠤᠨ ᠮᠤᠳᠤᠳ ᠤᠯᠠᠭᠠᠨ᠂ ᠰᠢᠷ᠎ᠠ᠂ ᠪᠤᠷᠤ᠂ ᠨᠤᠭᠤᠭᠠᠨ᠂ ᠴᠠᠢᠪᠤᠷ᠂ ᠤᠯᠠᠪᠢᠷ ᠦᠩᠬᠡ ᠪᠡᠷ ᠰᠤᠯᠤᠩᠭᠠᠷᠠᠵᠦ᠂ ᠢᠭᠴᠤ ᠰᠠᠬᠤᠯᠢᠭ ᠤᠷᠭᠤᠭᠰᠠᠨ ᠡᠪᠡᠰᠦ ᠪᠤᠳᠠᠨᠤ ᠲᠤᠮᠳᠠᠭᠤᠷ ᠬᠠᠶᠠ ᠪᠤᠯᠵᠤᠮᠤᠷ ᠰᠢᠪᠠᠭᠤ ᠲᠡᠷᠪᠡᠨ ᠨᠢᠰᠴᠤ᠂ ᠬᠢᠷ᠎ᠠ ᠳᠠᠮᠵᠢᠨ ᠢᠳᠡᠭᠡᠰᠢᠯᠡᠬᠦ ᠰᠦᠷᠦᠭ ᠲᠠᠢ ᠬᠠᠮᠳᠦ ᠠᠭᠤᠯᠠᠨ ᠬᠦᠨᠳᠡᠢ᠎ᠶᠢᠨ ᠨᠠᠮ ᠬᠦᠮᠢ ᠡᠪᠳᠡᠨ᠎ᠠ᠃ ᠡᠭᠴᠡ ᠪᠤᠰᠤᠭ᠎ᠠ ᠬᠠᠳᠠᠨ᠎ᠤ ᠢᠷᠤᠭᠠᠷ᠎ᠢᠶᠡᠷ ᠭᠤᠤᠯ᠎ᠤᠨ ᠤᠰᠤ ᠬᠤᠷᠴᠢᠬᠢᠨᠠᠨ ᠤᠷᠤᠰᠴᠤ᠂《ᠡᠨᠡ ᠵᠢᠯ᠎ᠤᠨ ᠪᠤᠷᠤᠭ᠎ᠠ ᠤᠰᠤ ᠠᠷᠭ᠎ᠠ ᠦᠬᠡᠢ ᠰᠠᠢᠨ ᠶᠤᠮ ᠳ᠋ᠠ》 ᠬᠡᠰᠡᠨ ᠪᠤᠳᠤᠯ ᠲᠦᠷᠦᠬᠦᠯᠦᠨᠠ᠃ ᠭᠤᠤᠯ᠎ᠤᠨ ᠡᠷᠬᠢ ᠳᠠᠭᠠᠵᠦ ᠦᠬᠡᠷ ᠬᠤᠨᠢᠳ ᠳᠠᠪᠠᠳᠠᠢᠬᠠᠨ ᠪᠡᠯᠴᠢᠵᠦ᠂ ᠮᠠᠯ᠎ᠤᠨ ᠡᠵᠡᠳ᠎ᠤᠨ ᠴᠢᠷᠠᠢ᠎ᠳᠦ ᠵᠢᠷᠭᠠᠯ᠎ᠤᠨ ᠮᠦᠰᠢᠶᠡᠳᠦ ᠲᠤᠳᠤᠷᠠᠨ᠂ ᠠᠭᠤᠯᠠ᠎ᠶᠢᠨ ᠨᠠᠮᠤᠷ᠎ᠤᠨ ᠠᠮᠤᠷ ᠠᠮᠤᠭᠤᠯᠠᠩ ᠪᠠᠢᠳᠠᠯ ᠨᠢ ᠬᠦᠮᠦᠨ ᠪᠦᠬᠦᠳᠡ᠎ᠶᠢᠨ ᠴᠡᠭᠡᠵᠢ ᠠᠭᠤᠵᠢᠷᠠᠭᠤᠯᠤᠨ᠎ᠠ᠃ ᠪᠠᠰᠠ ᠴᠠᠭᠠᠰᠢᠯᠠᠨ ᠶᠠᠪᠤᠪᠠᠯ ᠷᠠᠰᠢᠶᠠᠨᠳᠦᠶᠢᠨ ᠰᠢᠯᠢ ᠬᠦᠷᠴᠦ᠂ ᠵᠢᠷᠭᠠᠬᠤ ᠨᠠᠷᠠᠨ᠎ᠤ ᠲᠤᠶᠠᠭᠠᠨ᠎ᠳᠦ ᠵᠢᠭᠤᠯᠴᠢᠯᠠᠭᠰᠠᠳ ᠰᠡᠬᠦᠳᠡᠷ ᠳᠠᠳᠠᠨ ᠪᠠᠶᠠᠰᠴᠤ᠂ ᠪᠠᠰᠠ ᠵᠠᠷᠢᠮ ᠨᠢ ᠰᠢᠭᠤᠳ ᠨᠡᠪᠳᠡᠷᠡᠬᠦᠯᠬᠡ ᠬᠢᠵᠦ᠂ ᠨᠤᠲᠤᠭ᠎ᠤᠨ ᠰᠠᠢᠬᠠᠨ ᠦᠩᠭᠡ ᠦᠵᠡᠮᠵᠢ᠎ᠵᠢ ᠲᠦᠮᠡᠨ ᠤᠯᠠᠨ᠎ᠳᠦ ᠬᠠᠷᠠᠭᠤᠯᠤᠨ᠎ᠠ᠃ ᠤᠢᠷ᠎ᠠ᠎ᠶᠢᠨ ᠵᠢᠯ᠎ᠤᠳ ᠡᠴᠡ ᠳᠠᠯᠠᠠ ᠬᠠᠷ᠎ᠠ ᠠᠭᠤᠯᠠ᠎ᠶᠢᠨ ᠠᠮᠢ ᠠᠬᠤᠢ ᠤᠯᠠᠮ᠎ᠢᠶᠡᠷ ᠰᠡᠷᠬᠦᠨ ᠰᠠᠢᠵᠢᠷᠠᠵᠦ᠂ ᠵᠠᠮ ᠬᠠᠷᠢᠯᠴᠠᠭ᠎ᠠ ᠴᠢᠮᠡᠭᠡ ᠬᠤᠯᠪᠤᠭ᠎ᠠ ᠤᠯᠠᠮ ᠰᠠᠢᠵᠢᠷᠠᠨ᠂ ᠭᠠᠯᠠᠭᠤ ᠰᠢᠪᠠᠭᠤ ᠠᠩ ᠠᠮᠢᠳᠠᠨ ᠦᠷᠡᠵᠢᠨ ᠲᠦᠯᠵᠢᠵᠦ᠂ ᠠᠮᠢᠳᠤ ᠪᠤᠳᠠᠰ᠎ᠤᠨ ᠤᠯᠠᠨ ᠶᠠᠩᠵᠤᠳᠦ ᠴᠢᠨᠠᠷ ᠪᠦᠷᠢᠨᠰᠢᠵᠦ᠂ ᠨᠡᠩ ᠤᠯᠠᠨ ᠦᠵᠡᠮᠵᠢ ᠰᠠᠢᠳᠠᠢ ᠭᠠᠵᠠᠷ ᠨᠢ ᠬᠤᠳᠠ᠎ᠶᠢᠨ ᠠᠷᠠᠳ ᠪᠤᠯᠤᠨ ᠵᠢᠭᠤᠯᠴᠢᠯᠠᠭᠰᠠᠳ᠎ᠤᠨ ᠠᠮᠠᠷᠠᠵᠦ ᠰᠡᠯᠡᠬᠦᠴᠡᠬᠦ ᠵᠤᠷᠢᠯᠳᠠᠳᠦ ᠭᠠᠵᠠᠷ ᠪᠤᠯᠵᠦ᠂ ᠠᠭᠤᠯᠠ ᠳᠠᠪᠠᠭ᠎ᠠ᠂ ᠤᠢ ᠰᠢᠭᠤᠢ᠂ ᠬᠠᠳᠠ ᠬᠠᠪᠴᠢᠯ᠂ ᠲᠡᠭᠰᠢ ᠳᠠᠯ᠎ᠠ ᠨᠢ ᠦᠪᠡᠷᠮᠢᠴᠡ ᠦᠩᠬᠡ ᠲᠦᠷᠬᠦ ᠪᠡᠷ᠎ᠢᠶᠡᠨ ᠬᠤᠯᠠ ᠤᠢᠷ᠎ᠠ᠎ᠳᠠᠭᠠᠨ ᠠᠯᠳᠠᠷᠰᠢᠨ᠎ᠠ᠃
ᠳᠠᠯᠠᠨ ᠬᠠᠷ᠎ᠠ᠎ᠶᠢᠨ ᠰᠠᠢᠬᠠᠨ ᠨᠠᠮᠤᠷ ᠰᠡᠷᠢᠬᠦᠬᠡᠨ ᠰᠠᠭᠠᠳᠠᠵᠠᠢ!

ᠵᠢᠷᠭᠠᠬᠤ ᠨᠠᠷᠠᠨ

ᠳᠠᠢᠪᠤᠩ ᠵᠢᠷᠭᠠᠯ

ᠠᠭᠤᠯᠠ ᠠᠪᠠᠷᠢᠨ᠎ᠠ

ᠠᠭᠤᠯᠠ᠎ᠶᠢᠨ ᠨᠠᠮᠤᠷ

ᠰᠢᠨ᠎ᠠ ᠬᠦᠳᠡᠭᠡ

ᠠᠵᠢᠯ᠎ᠳᠠᠭᠠᠨ ᠶᠠᠭᠠᠷᠠᠨ᠎ᠠ

ᠷᠠᠰᠢᠶᠠᠨ᠎ᠳᠦ ᠰᠢᠯᠢ

ᠵᠢᠷᠤᠭ᠎ᠤᠨ ᠰᠠᠢᠬᠠᠨ ᠪᠠᠢᠭᠠᠯᠢ
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号