ᠬᠣᠶᠠᠷ ᠵᠢᠯ ᠥᠭᠡᠷᠡᠴᠢᠯᠡᠨ ᠲᠡᠰ ᠳᠡᠪᠱᠢᠭᠦᠯᠬᠦ᠌ᠪᠡᠷ ᠲᠠᠮᠵᠢᠨ ᠬᠥᠯᠥᠨ ᠪᠤᠢ᠌ᠷ ᠤ᠋ᠨ ᠪᠠᠢᠭᠠᠯᠢ ᠵᠢᠨ ᠮᠦᠽᠧᠢ ᠲᠦᠷᠤᠬᠦᠭᠡᠨ ᠡᠭᠦᠳᠡ ᠪᠡᠨ ᠨᠡᠭᠡᠭᠡᠵᠦ ᠡᠷᠦᠭᠡ ᠪᠡᠨ ᠰᠡᠬᠦᠨ᠂ ᠴᠤ᠋ ᠰᠢᠨᠠ ᠲᠦᠷᠢ ᠲᠦᠷᠬᠦ ᠪᠡᠷ ᠲᠦᠷᠪᠡᠨ ᠵᠦᠭ ᠨᠢ᠋ᠮᠠᠨ ᠵᠤᠪᠬᠢᠰᠤᠨ ᠵᠢᠭᠤᠯᠴᠢᠯᠠᠬᠰᠠᠳ ᠵᠢᠡᠨ ᠤᠬᠳᠤᠯᠠ᠃
ᠲᠣᠰ ᠮᠦᠽᠧᠶ ᠨᠢ ᠬᠥᠯᠥᠨ ᠪᠣᠢᠷ ᠬᠣᠲᠠ ᠵᠢᠨ ᠬᠠᠢᠯᠠᠷ ᠲᠣᠭᠣᠷᠢᠭ ᠤ᠋ᠨ ᠪᠠᠷᠠᠭᠤᠨ ᠠᠭᠤᠯᠠ ᠵᠢᠨ ᠪᠠᠢᠭᠠᠯᠢ ᠵᠢᠨ ᠬᠠᠮᠠᠭᠠᠯᠠᠯᠲᠠ ᠵᠢᠨ ᠣᠷᠣᠨᠳᠤ ᠪᠠᠢᠷᠢᠯᠠᠵᠤ᠂ ᠬᠠᠢᠯᠠᠷ ᠤ᠋ᠨ ᠤᠯᠤᠰ ᠤ᠋ᠨ ᠣᠶ ᠱᠢᠭᠤᠶ ᠵᠢᠨ ᠴᠡᠴᠡᠷᠯᠢᠭᠲᠡᠶ ᠬᠥᠷᠱᠢᠯᠡᠵᠦ᠍᠂ ᠬᠦᠮᠤᠨ ᠬᠢᠭᠡᠳ ᠪᠠᠢᠭᠠᠯᠢ ᠡᠶᠠ ᠵᠤᠬᠢᠴᠠᠡᠭᠭᠤᠢ ᠪᠡᠷ ᠬᠠᠮᠳᠤ ᠪᠡᠷ ᠤᠷᠤᠰᠢᠬᠤ ᠪᠡᠷ ᠦᠢᠯᠠᠭᠠᠬᠳᠠᠬᠤᠨ ᠵᠢᠡᠨ ᠪᠤᠯᠭᠠᠵᠤ᠂ ᠦᠯᠢᠭᠡᠷ ᠬᠡᠪ ᠢ᠋ ᠬᠣᠷᠢᠶᠠᠨ ᠬᠠᠳᠠᠭᠠᠯᠠᠬᠤ᠂ ᠡᠷᠳᠡᠮ ᠰᠢᠨᠵᠢᠯᠡᠭᠡᠨᠤ ᠰᠤᠯᠢᠯᠴᠠᠭᠠ᠂ ᠱᠢᠨᠵᠢᠯᠡᠬᠦ᠌ ᠤᠬᠠᠭᠠᠨ ᠢ᠋ ᠲᠦᠭᠡᠮᠡᠯᠵᠢᠭᠦᠯᠬᠦ᠌ ᠬᠥᠮᠦᠵᠢᠯ᠂ ᠵᠢᠭᠤᠯᠴᠢᠯᠠᠯ ᠤ᠋ᠨ ᠦᠶ᠋ᠯᠡᠴᠢᠯᠡᠭᠡ ᠵᠡᠷᠭᠡᠶ᠋ᠢ ᠨᠢᠭᠡ ᠴᠣᠭ᠍ᠴᠠᠵᠢᠭᠤᠯᠤᠭ᠍ᠰᠠᠨ ᠲᠠᠪᠴᠠᠩ ᠪᠠᠢᠵᠤ᠂ ᠮᠦᠨ ᠴᠸ᠋ ᠦᠢ ᠤᠯᠠᠨ ᠦᠵᠡᠭ᠌ᠴᠢᠳ ᠲᠣ᠌ ᠬᠥᠯᠥᠨ ᠪᠤᠢ᠌ᠷ ᠤ᠋ᠨ ᠪᠠᠢᠭᠠᠯᠢ ᠵᠢᠨ ᠷᠢᠳᠢ ᠱᠢᠳᠢᠶ᠋ᠢ ᠭᠠᠢᠬᠠᠭᠤᠯᠬᠤ ᠲᠠᠬᠰᠢᠨ ᠤᠷᠤᠨ ᠪᠤᠯᠤᠨᠠ᠃
ᠮᠦᠽᠧᠶ ᠵᠢᠨ ᠶᠡᠷᠦᠩᠬᠡᠶ ᠲᠠᠯᠠᠪᠠᠶ 16646 ᠲᠡᠭ᠌ᠰᠢ ᠳᠥᠷᠪᠡᠯᠵᠢᠨ ᠮᠧᠲ᠋ᠷ᠂ ᠡᠬᠦᠨᠳᠤ ᠦᠵᠡᠭᠦᠯᠭᠡ ᠵᠢᠨ ᠲᠢᠩᠬᠢᠮᠦᠨ ᠲᠠᠯᠠᠪᠠᠶ 7000 ᠲᠡᠭ᠌ᠰᠢ ᠳᠥᠷᠪᠡᠯᠵᠢᠨ ᠮᠧᠲ᠋ᠷ ᠢ ᠡᠵᠡᠯᠡᠵᠤ ᠪᠠᠢᠳᠠᠭ᠃ ᠦᠵᠡᠬᠦᠯᠭᠡ ᠵᠢᠨ ᠲᠢᠩᠬᠢᠮ ᠨᠢ 《ᠤᠮᠠᠷᠠᠲᠤ ᠬᠢᠯᠢ ᠵᠢᠨ ᠠᠮᠢ ᠠᠬᠤᠶ ᠵᠢᠨ ᠵᠢᠷᠤᠭᠯᠠᠯ·ᠦᠵᠡᠰᠭᠦᠯᠡᠩᠲᠦ ᠰᠠᠢᠬᠠᠨ ᠬᠥᠯᠥᠨ ᠪᠣᠢᠷ》 ᠵᠢᠡᠷ ᠭᠤᠤᠯ ᠱᠢᠵᠢᠮ ᠪᠣᠯᠭᠠᠵᠤ᠂ ᠠᠮᠢ ᠠᠬᠤᠶ᠂ ᠠᠭᠤᠷᠬᠠᠶ᠂ ᠣᠶ ᠱᠢᠭᠤᠶ᠂ ᠱᠢᠪᠠᠵᠢ᠂ ᠲᠠᠯᠠ ᠨᠤᠲᠤᠭ᠂ ᠨᠤᠭᠤ ᠭᠠᠵᠠᠷ᠂ ᠴᠠᠰᠤᠲᠤ ᠲᠠᠯᠠ ᠵᠡᠷᠭᠡ 8 ᠶᠡᠭᠡ ᠳᠡᠯᠭᠡᠨ ᠦᠵᠡᠭᠦᠯᠬᠦ᠌ ᠨᠢᠭᠡᠴᠢ ᠵᠢ ᠲᠤᠬᠢᠷᠠᠭᠤᠯᠵᠤ᠂ ᠪᠦᠬᠦ ᠲᠠᠯᠠ ᠡᠴᠡ ᠬᠦᠯᠤᠨ ᠪᠤᠢᠷᠤᠨ ᠪᠠᠢᠭᠠᠯᠢ ᠵᠢᠨ ᠦᠡᠭᠭᠡ ᠦᠵᠡᠮᠵᠢ ᠪᠠ ᠡᠬᠢ ᠪᠠᠶᠠᠯᠢᠭᠤᠨ ᠤᠨᠴᠠᠯᠢᠭᠢ ᠬᠠᠷᠠᠭᠤᠯᠵᠠᠢ᠃ ᠮᠦᠽᠧᠶ ᠵᠢᠨ ᠬᠠᠳᠠᠭᠠᠯᠠᠮᠵᠢ ᠡᠯᠪᠡᠭ ᠭᠠᠵᠠᠷ ᠱᠢᠨᠵᠢᠯᠡᠭᠡᠨᠦ ᠤᠬᠠᠭᠠᠨ᠂ ᠠᠮᠢᠳᠤ ᠪᠣᠳᠠᠰ ᠤ᠋ᠨ ᠤᠬᠠᠭᠠᠨ ᠵᠢᠴᠢ ᠡᠷᠲᠡᠨᠦ ᠠᠮᠢᠳᠤ ᠪᠣᠳᠠᠰ ᠤ᠋ᠨ ᠤᠬᠠᠭᠠᠨ ᠵᠡᠷᠭᠡ ᠬᠦᠷᠢᠶᠡᠨ ᠤ᠋ 2440 ᠬᠤᠪᠢ ᠥᠯᠢᠭᠡᠷ ᠬᠡᠪᠢ ᠪᠠᠬᠳᠠᠭᠠᠵᠤ᠂ ᠡᠭᠦᠨ ᠳ᠋ᠦ ᠬᠠᠨᠳᠠᠭᠠᠶ᠂ ᠬᠠᠯᠵᠠᠨ ᠪᠦᠷᠭᠦᠳ᠂ ᠴᠠᠭᠠᠨ ᠤᠭᠤᠯᠢ ᠵᠡᠷᠭᠡ 159 ᠲᠦᠷᠦᠯᠦᠨ 455 ᠵᠦᠶ᠋ᠯᠦᠨ ᠤᠯᠤᠰ ᠤ᠋ᠨ ᠭᠤᠤᠯᠳᠠᠯᠭᠠᠲᠠᠶ ᠬᠠᠮᠠᠭᠠᠯᠠᠯᠲᠠ ᠵᠢᠴᠢ 《ᠭᠤᠷᠪᠠ ᠵᠢ ᠪᠦᠷᠢᠳᠦᠬᠦᠯᠬᠦ》 ᠬᠠᠮᠠᠭᠠᠯᠠᠯᠲᠠ ᠵᠢᠨ ᠠᠮᠢᠲᠠᠨ ᠤ᠋ ᠥᠯᠢᠭᠡᠷ ᠬᠡᠪ ᠪᠠᠭ᠍ᠲᠠᠨᠠ᠃