ᠸᠠᠩ ᠬ᠍ᠦ ᠭᠸᠨ 25 ᠵᠢᠯ᠎ᠳᠦ 19 ᠲᠦᠮᠡᠨ ᠮᠦ᠍ ᠤᠢ ᠱᠢᠭᠤᠢ᠎ᠶ᠋ᠢ ᠰᠠᠬᠢᠨ ᠬᠠᠮᠠᠭᠠᠯᠠᠪᠠ
2025-10-19 11:36:38
ᠵᠣᠬᠢᠶᠠᠭ᠍ᠴᠢ᠄
ᠼᠠᠢ ᠳ᠋ᠦᠩ ᠮᠧᠶ ᠂ ᠯᠢᠶᠠᠩ ᠶᠠᠨ ᠴᠢᠨ
ᠣᠩᠱᠢᠭ᠍ᠰᠠᠨ ᠣᠳᠠᠭ᠎ᠠ᠄
★★★☆☆

ᠭᠤᠤ ᠵᠢᠯᠠᠭ᠎ᠠ᠎ᠠᠴᠠ ᠨᠠᠮᠤᠷ᠎ᠤᠨ ᠰᠠᠯᠬᠢ ᠢᠰᠬᠡᠷᠦᠨ᠂ ᠤᠢ ᠬᠦᠪᠴᠢ ᠰᠢᠷᠭᠠᠯ ᠨᠠᠪᠴᠢ ᠪᠡᠨ ᠬᠠᠶᠠᠯᠠᠨ᠎ᠠ᠃ ᠣᠶ ᠬᠠᠮᠠᠭᠠᠯᠠᠭ᠍ᠴᠢ ᠸᠠᠩ ᠬ᠍ᠦ ᠭᠸᠨ ᠵᠣᠪ ᠵᠤᠵᠠᠭᠠᠨ ᠵᠤᠯᠭᠠᠷᠠᠬᠰᠠᠨ ᠨᠠᠪᠴᠢ᠎ᠶᠢ ᠱᠠᠷᠴᠢᠬᠢᠨᠠᠳᠠᠯ᠎ᠠ ᠬᠢᠰᠬᠢᠵᠦ᠂ ᠡᠨᠡ᠎ᠬᠦ᠌ ᠨᠠᠮ ᠰᠡᠯᠡᠭᠦᠨ ᠠᠭᠤᠯᠠᠨ ᠣᠶ᠎ᠳᠤ ᠬᠦᠭ ᠨᠡᠮᠡᠨ᠎ᠠ᠃ ᠲᠡᠷᠡ ᠲᠣᠯᠣᠭᠠᠢ ᠥᠨᠳᠡᠢᠨ ᠲᠩᠷᠢ᠎ᠶ᠋ᠢ ᠬᠠᠷᠠᠵᠤ᠄ 《ᠡᠨᠡ ᠰᠠᠯᠬᠢ ᠬᠡᠷᠪᠡ ᠪᠠᠰᠠ ᠵᠢᠭᠠᠬᠠᠨ ᠶᠡᠬᠡ ᠪᠣᠯᠪᠠᠯ᠂ ᠭᠠᠯ᠎ᠤᠨ ᠠᠶᠤᠯ᠎ᠤᠨ ᠳᠡᠰ ᠨᠡᠮᠡᠭᠳᠡᠨ᠎ᠡ᠂ ᠢᠯᠡᠭᠦᠦ ᠬᠣᠶᠠᠷ ᠤᠳᠠᠭ᠎ᠠ ᠦᠵᠡᠪᠡᠯ ᠰᠠᠶᠢ ᠰᠡᠳᠭᠢᠯ ᠠᠮᠤᠷ ᠪᠣᠯᠤᠨ᠎ᠠ》 ᠭᠡᠵᠦ  ᠨᠠᠮ ᠳᠠᠭᠤᠨ ᠵᠢᠡᠷ ᠶᠡᠷᠢᠯ᠎ᠠ᠃

ᠡᠨᠡ ᠪᠣᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠳᠠᠯᠠᠨ ᠬᠠᠷ᠎ᠠ ᠠᠭᠤᠯᠠ᠎ᠶ᠋ᠢᠨ ᠪᠠᠢᠭᠠᠯᠢ᠎ᠶ᠋ᠢᠨ ᠬᠠᠮᠠᠭᠠᠯᠠᠯᠲᠠ᠎ᠶ᠋ᠢᠨ ᠣᠷᠣᠨ᠎ᠤ ᠬᠠᠮᠢᠶᠠᠷᠤᠯᠲᠠ᠎ᠶ᠋ᠢᠨ ᠲᠣᠪᠴᠢᠶ᠎ᠠ᠎ᠶ᠋ᠢᠨ ᠪᠤᠭᠤᠲᠤ᠎ᠳᠠᠬᠢ ᠬᠤᠪᠢᠶᠠᠷᠢ ᠲᠣᠪᠴᠢᠶ᠎ᠠ᠎ᠶ᠋ᠢᠨ ᠪᠡᠳᠺᠡᠷ ᠵᠣᠣ ᠬᠠᠮᠢᠶᠠᠷᠤᠯᠲᠠ᠎ᠶ᠋ᠢᠨ ᠥᠷᠲᠡᠭᠡ᠎ᠶ᠋ᠢᠨ ᠰᠤᠪᠠᠭ ᠭᠠᠴᠠᠭᠠᠨ᠎ᠤ ᠭᠡᠷᠲᠦ ᠭᠤᠤ᠎ᠳᠠᠬᠢ ᠪᠠᠢᠭᠠᠯᠢᠯᠢᠭ ᠲᠠᠷᠢᠮᠠᠯ ᠣᠶ ᠪᠣᠯᠤᠨ᠎ᠠ᠂ ᠠᠭᠤᠯᠠ ᠨᠢ ᠥᠨᠳᠥᠷ᠂ ᠭᠤᠤ ᠨᠢ ᠭᠦᠨ᠂ ᠰᠠᠯᠬᠢᠨ᠎ᠤ ᠠᠮᠠ ᠣᠯᠠᠨ᠂ ᠰᠠᠯᠬᠢ ᠬᠦᠳᠡᠯᠬᠦ ᠪᠦᠷᠢ ᠸᠠᠩ ᠬ᠍ᠦ ᠭᠸᠨ ᠠᠩᠬᠠᠷᠤᠯ ᠵᠢᠡᠨ ᠳᠠᠯᠪᠢᠨ᠎ᠠ᠃ 10 ᠰᠠᠷ᠎ᠠ᠎ᠶ᠋ᠢᠨ 13᠎ᠤ᠋ ᠡᠳᠦᠷ᠂ ᠥᠩᠭᠡᠷᠡᠭ᠌ᠰᠡᠨ᠎ᠦ ᠤᠯᠠᠨ ᠡᠳᠦᠷ᠎ᠦᠳ᠎ᠲᠡᠶ ᠠᠳᠠᠯᠢ᠎ᠪᠠᠷ᠂ ᠸᠠᠩ ᠬ᠍ᠦ ᠭᠸᠨ ᠪᠠᠰᠠ ᠲᠡᠭᠦᠨ᠎ᠦ ᠬᠠᠮᠤᠭ᠎ᠤᠨ ᠰᠠᠢ᠌ᠨ ᠮᠡᠳᠡᠳᠡᠭ ᠰᠤᠪᠠᠭ ᠭᠠᠴᠠᠭᠠᠨ᠎ᠤ᠎ᠪᠠᠨ ᠬᠠᠮᠢᠶᠠᠷᠴᠤ᠌ ᠬᠠᠮᠠᠭᠠᠯᠠᠬᠤ ᠤᠷᠤᠨ᠎ᠳᠦ ᠬᠦᠷᠴᠦ᠍ ᠢᠷᠡᠪᠡ᠃

25 ᠵᠢᠯ᠎ᠦᠨ ᠲᠤᠷᠰᠢ᠂ ᠵᠢᠯ ᠪᠦᠷᠢ 9 ᠰᠠᠷ᠎ᠠ᠎ᠶ᠋ᠢᠨ ᠭᠠᠯ ᠰᠡᠷᠭᠡᠢᠯᠡᠬᠦ᠌ ᠬᠤᠭᠤᠴᠠᠭᠠᠨ᠎ᠳᠤ ᠲᠡᠷᠡ ᠪᠠᠷᠤᠭ ᠯᠠ ᠠᠭᠤᠯᠠ ᠲᠠᠢᠭ᠎ᠠ᠎ᠪᠠᠷ ᠭᠡᠷ ᠡᠷᠦᠭᠡ ᠪᠠᠨ ᠪᠣᠯᠭᠠᠳᠠᠭ᠃ 19 ᠲᠦᠮᠡᠨ ᠮᠦ᠍ ᠱᠢᠭᠤᠢᠲᠤ ᠣᠷᠣᠨ 20 ᠭᠠᠷᠤᠢ ᠵᠤᠷᠪᠤᠰ ᠠᠭᠤᠯᠠᠨ ᠭᠤᠤ᠎ᠳᠤ᠂ ᠬᠠᠮᠢᠭ᠎ᠠ ᠨᠢ ᠰᠠᠯᠬᠢ ᠶᠡᠬᠡ᠂ ᠠᠯᠢ ᠲᠠᠯ᠎ᠠ᠎ᠶᠢᠨ ᠬᠦᠲᠦᠯ ᠨᠢ ᠠᠮᠠᠷᠬᠠᠨ ᠭᠠᠩᠳᠠᠬᠤ᠂ ᠠᠯᠢ ᠬᠡᠰᠡᠭ ᠤᠢ᠎ᠳᠤ ᠬᠣᠷᠣᠬᠠᠢ᠎ᠶ᠋ᠢᠨ ᠭᠠᠮᠱᠢᠭ ᠭᠠᠷᠴᠤ᠌ ᠥᠩᠭᠡᠷᠡᠭ᠌ᠰᠡᠨ ᠵᠡᠷᠭᠡ᠎ᠶ᠋ᠢ ᠲᠡᠷᠡ ᠪᠦᠷ ᠴᠡᠭᠡᠵᠢᠯᠡᠭ᠌ᠰᠡᠭᠡᠷ᠃ ᠭᠠᠵᠠᠷ᠎ᠤᠨ ᠵᠢᠷᠤᠭ ᠬᠡᠷᠡᠭ᠌ᠰᠡᠬᠦ᠌ ᠦᠭᠡᠢ᠂ ᠠᠶᠠᠨᠳᠠᠭᠠᠨ ᠵᠠᠮ  ᠵᠢᠡᠨ ᠲᠠᠨᠢᠨ᠎ᠠ᠃

ᠲᠡᠷᠡ ᠨᠢᠭᠡ ᠡᠭ᠌ᠴᠡ ᠬᠠᠳᠠᠨ᠎ᠤ ᠳᠤᠤᠷ᠎ᠠ ᠬᠦᠷᠪᠡ᠂ ᠬᠠᠳᠠᠨ᠎ᠤ ᠵᠠᠪᠰᠠᠷ᠎ᠠᠴᠠ ᠤᠷᠭᠤᠬᠰᠠᠨ ᠮᠣᠳᠣᠨ ᠳᠡᠭᠡᠷ᠎ᠡ᠂ ᠣᠢ ᠱᠢᠭᠤᠶ᠎ᠶ᠋ᠢᠨ ᠲᠠᠯᠠᠪᠠᠢ᠎ᠶ᠋ᠢᠨ ᠬᠡᠳᠦ ᠤᠯᠠᠭᠠᠨ᠎ᠤ ᠬᠡᠷᠡᠯ ᠵᠢᠷᠤᠭ᠎ᠤ᠋ᠨ᠌ ᠮᠠᠱᠢᠨ ᠪᠠᠢᠯ᠎ᠠ᠃ ᠸᠠᠩ ᠬ᠍ᠦ ᠭᠸᠨ ᠶᠠᠭᠠᠷᠠᠯ ᠦᠭᠡᠢ᠎ᠪᠡᠷ ᠪᠣᠭ᠍ᠴᠣ᠎ᠪᠠᠨ ᠪᠠᠭᠤᠯᠭᠠᠵᠤ᠂ ᠡᠭᠴᠡ ᠬᠠᠳᠠ᠎ᠶ᠋ᠢ ᠲᠦᠱᠢᠵᠦ᠍᠂ ᠪᠡᠶ᠎ᠡ᠎ᠪᠡᠨ ᠬᠠᠵᠠᠭᠤᠰᠢ᠎ᠪᠠᠨ ᠡᠷᠭᠢᠭᠦᠯᠦᠭᠡᠳ᠂ ᠬᠥᠯ᠎ᠦᠨ ᠦᠵᠦᠭᠦᠷ᠎ᠢᠶᠡᠷ᠎ᠢᠶᠡᠨ ᠬᠠᠳᠠᠨ᠎ᠤ ᠠᠩ ᠵᠠᠪᠰᠠᠷ᠎ᠢ ᠬᠠᠢᠵᠤ᠂ ᠶᠠᠭ ᠯᠠ  ᠬᠠᠨ᠎ᠠ᠎ᠶ᠋ᠢᠨ ᠭᠦᠷᠪᠡᠯ ᠱᠢᠭ ᠢᠳᠡᠭ ᠢᠳᠡᠭ᠎ᠢᠶᠡᠷ ᠳᠡᠭᠡᠭ᠌ᠰᠢ᠎ᠪᠡᠨ ᠮᠠᠴᠤᠨ᠎ᠠ᠃ ᠡᠴᠦᠰ᠎ᠲᠡᠬᠡᠨ ᠮᠣᠳᠣᠨ ᠳᠣᠣᠷ᠎ᠠ ᠬᠦᠷᠦᠭᠡᠳ᠂ ᠲᠡᠷᠡ ᠠᠮᠢᠰᠭᠤᠭ᠎ᠠ ᠠᠪᠴᠤ᠌᠂ ᠡᠪᠡᠷᠱᠢᠵᠦ ᠬᠠᠭᠠᠷᠠᠭ᠍ᠰᠠᠨ ᠱᠢᠷᠬ᠎ᠠ᠎ᠲᠠᠶ ᠭᠠᠷ᠎ᠢᠶᠠᠨ ᠰᠤᠩᠭᠠᠵᠤ᠂ ᠭᠡᠷᠡᠯ ᠵᠢᠷᠤᠭ᠎ᠤᠨ ᠮᠠᠱᠢᠨ᠎ᠤ ᠭᠠᠳᠠᠷ ᠬᠠᠯᠢᠰᠤᠨ ᠳᠡᠭᠡᠷ᠎ᠡ ᠬᠤᠷᠠᠮᠳᠤᠭ᠍ᠰᠠᠨ ᠬᠣᠭ ᠲᠣᠭᠣᠰᠣ᠎ᠶ᠋ᠢ ᠬᠢᠴᠢᠶᠡᠮᠵᠢᠲᠡᠢᠬᠡᠨ ᠭᠦᠪᠢᠵᠦ᠍᠂ ᠳᠡᠯᠭᠡᠴᠡ ᠳᠡᠭᠡᠷᠡᠬᠢ ᠵᠢᠭᠠᠯᠲᠠ ᠳ᠋ᠧᠩ᠎ᠦᠨ ᠭᠢᠯᠠᠯᠵᠠᠵᠤ ᠪᠠᠢᠬᠤ ᠡᠰᠡᠬᠦ᠌᠂ ᠬᠠᠳᠠᠭᠠᠯᠠᠭᠤᠷ ᠺᠠᠷᠲ᠎ᠤᠨ ᠪᠠᠢᠳᠠᠯ᠎ᠢ ᠨᠠᠷᠢᠨ ᠪᠠᠢᠴᠠᠭᠠᠨ᠎ᠠ᠃ ᠲᠥᠬᠥᠭᠡᠷᠦᠮᠵᠢ ᠬᠡᠪ᠎ᠦᠨ ᠶᠣᠰᠣᠭᠠᠷ ᠠᠵᠢᠯᠯᠠᠵᠦ ᠪᠠᠢᠭ᠎ᠠ᠎ᠵᠢ ᠨᠤᠲᠠᠯᠠᠭ᠍ᠰᠠᠨ᠎ᠤ ᠳᠠᠷᠠᠭ᠎ᠠ᠂ ᠲᠡᠷᠡ ᠰᠠᠶᠢ ᠤᠤᠯ᠎ᠤᠨ ᠵᠠᠮ᠎ᠢᠶᠠᠷ᠎ᠢᠶᠠᠨ ᠨᠡᠩ ᠪᠣᠯᠭᠣᠮᠵᠢᠲᠠᠢ᠎ᠪᠠᠷ ᠠᠭᠠᠵᠢᠮ᠎ᠢᠶᠠᠷ ᠤᠬᠤᠷᠢᠵᠤ᠂ ᠯᠠᠪᠳᠠᠭᠤᠨ ᠵᠣᠭ᠍ᠰᠣᠭ᠍ᠰᠠᠨ᠎ᠤ ᠳᠠᠷᠠᠭ᠎ᠠ᠂ ᠬᠤᠪᠴᠠᠰᠤᠨ ᠳᠡᠭᠡᠷ᠎ᠡ ᠨᠢ ᠨᠠᠭᠠᠯᠳᠤᠭ᠍ᠰᠠᠨ ᠲᠣᠭᠣᠰᠣ ᠱᠢᠷᠣᠢ᠎ᠪᠠᠨ ᠭᠦᠪᠢᠵᠦ᠍᠂ ᠦᠷᠭᠦᠯᠵᠢᠯᠡᠨ ᠠᠭᠤᠯᠠᠨ ᠬᠢᠷ᠎ᠠ ᠳᠠᠭᠠᠤ ᠤᠷᠤᠭ᠍ᠰᠢᠯᠠᠪᠠ᠃

ᠡᠳᠤᠷ ᠪᠤᠯᠭᠠᠨ ᠠᠯᠬᠤᠵᠤ ᠶᠠᠪᠤᠬᠤ ᠨᠢ ᠸᠠᠩ ᠬ᠍ᠸ᠋ ᠭᠸᠨ᠎ᠤ ᠠᠮᠢᠳᠤᠷᠠᠯ᠎ᠤᠨ ᠬᠡᠪ᠎ᠦᠨ ᠪᠠᠢᠳᠠᠯ ᠪᠤᠯᠵᠤ᠂ ᠮᠦᠨ ᠨᠢᠭᠡ ᠵᠦᠢᠯ᠎ᠦᠨ ᠲᠤᠷ᠎ᠠ ᠪᠠᠬ᠎ᠠ ᠪᠤᠯᠤᠭᠰᠠᠨ ᠪᠠᠢᠨ᠎ᠠ᠃ ᠵᠠᠯᠠᠭᠤ᠎ᠳᠠᠭᠠᠨ ᠸᠠᠩ ᠬ᠍ᠸ᠋ ᠭᠸᠨ ᠪᠠᠰᠠ ᠡᠨᠡ ᠬᠦ᠌ ᠠᠵᠢᠯ᠎ᠤᠨ ᠭᠠᠭ᠍ᠴᠠᠭᠠᠷᠳᠠᠯ ᠪᠠ ᠬᠦᠴᠢᠷ ᠵᠣᠪᠠᠭᠤᠷᠢ᠎ᠶ᠋ᠢ ᠠᠮᠰᠠᠵᠤ ᠥᠩᠭᠡᠷᠡᠭ᠌ᠰᠡᠨ ᠶᠤᠮ᠃ 2000 ᠣᠨ᠎ᠳᠤ᠂ ᠲᠡᠷᠡ ᠠᠭᠤᠯᠠᠨ ᠤᠢ᠎ᠶ᠋ᠢᠨ ᠪᠦᠳᠦᠭᠡᠨ ᠪᠠᠢᠭᠤᠯᠤᠯᠲᠠ᠎ᠶ᠋ᠢᠨ ᠠᠵᠢᠯ᠎ᠤᠨ ᠦᠷᠳᠡᠭᠡ᠎ᠶ᠋ᠢᠨ ᠤᠢ ᠬᠠᠮᠠᠭᠠᠯᠠᠭ᠍ᠴᠢ ᠪᠤᠯᠵᠤ᠂ ᠬᠣᠢᠲᠤ ᠤᠳᠠᠨ ᠭᠤᠤᠯ᠎ᠦᠨ ᠪᠠᠢᠭᠠᠯᠢ ᠵᠢᠨ ᠨᠠᠷᠠᠰᠤᠨ ᠤᠢ᠎ᠶ᠋ᠢ ᠰᠠᠬᠢᠨ ᠬᠠᠮᠠᠭᠠᠯᠠᠪᠠ᠋; 3 ᠵᠢᠯ᠎ᠦᠨ ᠲᠠᠷᠠᠭ᠎ᠠ᠂ ᠪᠠᠳᠺᠡᠷ ᠵᠤᠤ ᠤᠢ ᠱᠢᠭᠤᠢ᠎ᠶ᠋ᠢᠨ ᠲᠠᠯᠠᠪᠠᠢ᠎ᠳᠤ ᠱᠢᠯᠵᠢᠵᠠᠢ᠂ ᠲᠡᠭᠦᠨ᠎ᠦ ᠬᠠᠷᠢᠭᠤᠴᠠᠵᠤ ᠪᠠᠢᠭᠰᠠᠨ ᠬᠠᠮᠢᠶᠠᠷᠴᠤ ᠬᠠᠮᠠᠭᠠᠯᠠᠬᠤ ᠣᠷᠣᠨ ᠨᠢ ᠤᠢ ᠱᠢᠭᠤᠢ᠎ᠶ᠋ᠢᠨ ᠲᠠᠯᠠᠪᠠᠢ᠎ᠶ᠋ᠢᠨ ᠬᠠᠮᠤᠭ᠎ᠤᠨ ᠪᠤᠢ᠌ᠳᠠ ᠪᠥᠭ᠌ᠯᠡᠭᠦᠦ ᠭᠠᠵᠠᠷ — ᠤᠮᠠᠷᠠᠰᠢ ᠭᠦᠶᠡᠩ᠎ᠲᠡᠶ ᠵᠠᠯᠭᠠᠯᠳᠤᠵᠤ᠂ ᠵᠡᠭᠦᠨᠰᠢ ᠲᠦᠮᠡᠳ ᠪᠠᠷᠠᠭᠤᠨ ᠬᠣᠱᠢᠭᠤ᠎ᠲᠠᠶ ᠵᠠᠯᠭᠠᠯᠳᠤᠵᠤ ᠪᠠᠢᠳᠠᠭ᠃

ᠲᠡᠷᠡ ᠦᠶ᠎ᠡ᠎ᠳᠦ᠂ ᠵᠠᠮ ᠬᠠᠷᠢᠯᠴᠠᠭ᠎ᠠ ᠤᠳᠤ᠎ᠶ᠋ᠢᠨ ᠬᠢ ᠱᠢᠭ᠋ ᠳᠥᠭᠥᠮ ᠦᠭᠡᠢ᠂ ᠠᠭᠤᠯᠠᠨ ᠵᠠᠮ ᠡᠩᠬᠦᠯ ᠳᠤᠩᠬᠤᠯ᠂ ᠪᠡᠷᠬᠡ ᠪᠠᠷᠳᠠᠭᠠᠳᠠᠢ᠂ ᠤᠢ ᠱᠢᠭᠤᠢ᠎ᠶ᠋ᠢᠨ ᠲᠠᠯᠠᠪᠠᠢ᠎ᠠᠴᠠ ᠮᠠᠰᠢᠨ ᠲᠡᠷᠭᠡ ᠵᠢᠯᠣᠭᠣᠳᠴᠤ᠌ ᠬᠠᠮᠢᠶᠠᠷᠤᠨ ᠬᠠᠮᠠᠭᠠᠯᠠᠬᠤ ᠣᠷᠣᠨ᠎ᠤ ᠬᠦᠪᠡᠭᠡ ᠬᠦᠷᠲᠡᠯ᠎ᠡ ᠪᠠᠰᠠ ᠨᠢᠭᠡ ᠬᠣᠶᠠᠷ ᠴᠠᠭ ᠠᠶᠠᠯᠠᠨ᠎ᠠ᠃ ᠠᠭᠤᠯᠠᠨ ᠬᠤᠷᠮᠤᠢ᠎ᠳᠦ ᠬᠦᠷᠪᠠᠯ ᠮᠠᠰᠢᠨ ᠲᠡᠷᠭᠡ ᠵᠢᠯᠤᠭᠤᠳᠬᠤ ᠵᠢᠨ ᠠᠷᠭ᠎ᠠ ᠦᠭᠡᠢ ᠪᠤᠯᠵᠤ᠂ ᠦᠯᠡᠳᠡᠭ᠌ᠰᠡᠨ ᠵᠠᠮ᠎ᠢ ᠨᠢ ᠨᠢᠭᠡ ᠨᠢᠭᠡ ᠠᠯᠬᠤᠭ᠎ᠠ ᠪᠡᠷ ᠲᠡᠭᠡᠭᠰᠢ ᠮᠠᠴᠤᠳᠠᠭ᠃ ᠠᠯᠤᠰ᠎ᠢ ᠬᠠᠷᠠᠪᠠᠯ ᠦᠷᠭᠦᠯᠵᠢᠯᠡᠭ᠌ᠰᠡᠨ ᠠᠭᠤᠯᠠ ᠨᠢᠷᠤᠭᠤᠳ ᠨᠢᠳᠤᠨ  ᠳ᠋ᠤ ᠦᠷᠳᠤᠨ᠎ᠠ᠃ ᠬᠠᠬᠢᠷ ᠬᠦᠢᠳᠡᠨ ᠰᠠᠯᠬᠢ ᠠᠭᠤᠯᠠᠨ ᠠᠮᠠ᠎ᠪᠡᠷ ᠱᠤᠤᠬᠢᠨ᠎ᠠ᠃ ᠵᠢᠬᠡᠭᠦᠨ ᠰᠠᠯᠬᠢᠨ᠎ᠤ ᠱᠤᠤᠬᠢᠨ ᠦᠯᠢᠶᠡᠬᠦ ᠲᠠᠭᠤᠨ ᠬᠠᠶᠨ ᠵᠠᠷᠢᠮ ᠳ᠋ᠠᠭᠠᠨ ᠠᠭᠤᠯᠠᠨ ᠰᠢᠭᠤᠢ᠎ᠳᠦ ᠭᠠᠭᠴᠠᠭᠠᠷ ᠶᠠᠪᠤᠭ᠎ᠠ ᠵᠠᠯᠠᠭᠤ  ᠸᠠᠩ ᠬ᠍ᠸ᠋ ᠬᠧᠨ᠎ᠤ ᠠᠢᠳᠠᠰ᠎ᠢ ᠲᠦᠷᠦᠬᠦᠯᠡᠨ᠎ᠠ᠃ ᠭᠡᠪᠡᠴᠦ᠍ ᠲᠡᠷᠨ ᠲᠥᠷᠥᠯᠬᠢ ᠪᠠᠶᠠᠰᠤᠩᠭᠤᠶ ᠤᠪᠤᠷ᠎ᠵᠢᠡᠷ ᠡᠢᠮᠦᠷᠬᠦ ᠤᠷᠴᠢᠨ ᠳ᠋ᠤ ᠭᠠᠭᠴᠠᠭᠠᠷ᠎ᠢᠶᠡᠨ ᠠᠮᠢᠳᠤᠷᠠᠵᠦ ᠪᠠᠢᠯ᠎ᠠ᠃ ᠠᠭᠤᠯᠠ ᠴᠠᠭ᠍ᠳᠠᠭᠠᠳ ᠤᠳᠠᠪᠠᠯ᠂ ᠠᠶᠠᠨᠳᠠᠭᠠᠨ ᠥᠪᠡᠷ᠎ᠦᠨ ᠪᠡᠶ᠎ᠡ᠎ᠳᠡᠭᠡᠨ ᠬᠠᠨᠢ ᠪᠤᠯᠵᠤ᠂ ᠨᠢᠭᠡ ᠡᠳᠦᠷ᠎ᠦᠨ ᠠᠵᠢᠯ᠎ᠤᠨ ᠲᠥᠯᠥᠪᠯᠡᠭᠡ ᠪᠤᠶᠤ ᠭᠡᠷ᠎ᠦᠨ ᠠᠷᠰᠠᠷ ᠶᠠᠪᠤᠳᠠᠯ᠎ᠢᠶᠠᠨ ᠦᠪᠡᠷ᠎ᠦᠨ ᠪᠠᠶ᠎ᠡ ᠳ᠋ᠡᠭᠡᠨ ᠶᠠᠷᠢᠬᠤ ᠪᠤᠶᠤ ᠥᠪᠡᠷ᠎ᠢ ᠪᠠᠨ ᠵᠣᠷᠢᠭ᠍ᠵᠢᠭᠤᠯᠳᠠᠭ᠃ 《ᠤᠨ ᠵᠢᠯ ᠤᠷᠴᠢᠵᠤ᠂ ᠡᠨᠡ ᠠᠭᠤᠯᠠ᠎ᠠᠴᠠ ᠪᠠᠨ ᠰᠠᠯᠵᠤ ᠶᠠᠳᠠᠬᠤ ᠪᠣᠯᠵᠠᠢ》᠃ ᠡᠨᠡ ᠬᠦ᠌ ᠳᠥᠭᠥᠮᠭᠡᠨ ᠦᠭᠡᠨ᠎ᠦ ᠠᠷᠤ᠎ᠳᠤ 25 ᠵᠢᠯ᠎ᠦᠨ ᠬᠠᠢᠷ᠎ᠠ ᠰᠡᠳᠭᠢᠯᠭᠡ ᠱᠢᠩᠭᠡᠭᠡᠵᠦ᠍ ᠪᠠᠢᠬᠰᠠᠨ ᠨᠢ ᠢᠯᠡᠬᠡᠨ᠃

ᠲᠡᠷᠡ ᠪᠡᠷ ᠵᠠᠮ᠎ᠤᠨ ᠬᠠᠵᠠᠭᠤ ᠳ᠋ᠡᠬᠢ ᠨᠢᠭᠡ ᠬᠡᠰᠡᠭ ᠲᠣᠮᠣ ᠴᠢᠯᠠᠭᠤ᠎ᠶ᠋ᠢ ᠢᠯᠪᠢᠵᠦ᠍᠄《ᠮᠡᠯᠡᠬᠡᠢ ᠱᠢᠭ  ᠬᠠᠷᠠᠬᠳᠠᠵᠦ ᠪᠠᠢᠨ᠎ᠠ ᠤᠤ?》 ᠬᠡᠯ᠎ᠠ᠃ ᠡᠨᠡ ᠪᠣᠯ ᠲᠡᠭᠦᠨ᠎ᠦ 《ᠬᠠᠭᠤᠴᠢᠨ ᠨᠠᠢᠵᠠ》 ᠮᠥᠨ᠂ ᠵᠤᠨ᠎ᠳᠠᠭᠠᠨ ᠦᠷᠭᠦᠯᠵᠢ ᠡᠨᠳᠡ ᠬᠥᠯ ᠠᠮᠠᠷᠠᠵᠤ᠂ ᠡᠭᠦᠯᠡᠨ᠎ᠤ ᠰᠡᠭᠦᠳᠡᠷ ᠨᠠᠷᠠᠰᠤᠨ ᠱᠢᠭᠤᠶ᠎ᠪᠠᠷ ᠥᠩᠭᠡᠷᠡᠬᠦ ᠵᠢ ᠬᠠᠷᠠᠳᠠᠭ᠃ ᠴᠢᠯᠠᠭᠤᠨ ᠳᠡᠭᠡᠷ᠎ᠡ ᠪᠠᠰᠠ ᠲᠡᠭᠦᠨ᠎ᠦ 7 ᠵᠢᠯ᠎ᠦᠨ ᠡᠮᠦᠨ᠎ᠡ ᠪᠢᠴᠢᠭ᠌ᠰᠡᠨ ᠭᠠᠯ ᠰᠡᠷᠭᠡᠢᠯᠡᠬᠦ᠌ ᠤᠷᠢᠶ᠎ᠠ ᠪᠢᠴᠢᠭᠡᠰᠦ᠎ᠤ᠋ᠤᠨ ᠪᠤᠢ᠄ ᠣᠢ ᠬᠠᠮᠠᠭᠠᠯᠠᠵᠤ ᠭᠠᠯ ᠰᠡᠷᠭᠡᠢ᠍ᠢᠯᠡᠬᠦ᠌ ᠳ᠋ᠤ ᠬᠥᠮᠦᠨ ᠪᠦᠬᠦᠨ ᠬᠠᠷᠢᠭᠤᠴᠠᠯᠭ᠎ᠠ ᠲᠠᠢ᠃ 《ᠤᠳᠠᠭ᠎ᠠ ᠪᠦᠷᠢ ᠡᠬᠦᠨ᠎ᠢ ᠬᠠᠷᠠᠬᠤ᠎ᠳᠦ ᠬᠠᠭᠤᠴᠢᠨ ᠨᠠᠢᠵᠠ ᠮᠠᠨᠢ ᠨᠠᠮ᠎ᠠ᠎ᠶ᠋ᠢ ᠰᠠᠨᠠᠭᠤᠯᠵᠤ ᠪᠠᠢᠬᠤ ᠱᠢᠬ》 ᠭᠡᠵᠦ᠍ ᠲᠡᠷᠡ ᠬᠡᠯᠡᠪᠡ᠃

ᠡᠨᠡ ᠬᠦ᠌ ᠪᠠᠲᠤ ᠰᠠᠬᠢᠯᠲᠠ ᠲᠣᠰᠭᠣᠨ᠎ᠤ ᠠᠷᠠᠳ᠎ᠤᠨ  ᠰᠡᠳᠬᠢᠯ ᠎ᠳᠤ ᠰᠠᠭᠤᠬᠳᠠᠵᠠᠢ᠃ ᠤᠳᠠᠭ᠎ᠠ ᠪᠦᠷᠢ ᠠᠭᠤᠯᠠᠨ᠎ᠠᠴᠠ ᠪᠠᠭᠤᠬᠤ᠎ᠳᠤ᠂ ᠬᠥᠮᠦᠰ ᠬᠣᠯᠠ᠎ᠠᠴᠠ᠄ 《ᠬ᠍ᠸ᠋ ᠭᠸᠨ᠂ ᠠᠭᠤᠯᠠᠨ᠎ᠠᠴᠠ ᠪᠠᠭᠤᠬᠤ ᠨᠢ ᠤᠤ!》 ᠬᠡᠵᠡᠬᠡᠳᠡᠭ᠃ ᠨᠡᠩ ᠴᠤ᠌ ᠲᠣᠰᠭᠣᠨ᠎ᠤ ᠠᠷᠠᠳ ᠰᠠᠨᠠᠭᠠᠴᠢᠯᠠᠭ᠎ᠠ᠎ᠠᠴᠠ᠎ᠪᠠᠨ ᠲᠡᠭᠦᠨ᠎ᠦ 《ᠬᠠᠷᠠᠭᠤᠯ》 ᠪᠤᠯᠵᠤ᠂ ᠲᠠᠨᠢᠯ ᠪᠤᠰᠤ ᠮᠠᠱᠢᠨ ᠲᠡᠷᠭᠡ ᠠᠭᠤᠯᠠᠨ᠎ᠳᠤ ᠣᠷᠣᠵᠤ ᠢᠷᠡᠬᠦ᠌᠎ᠶ᠋ᠢ ᠦᠵᠡᠮᠡᠭ᠌ᠴᠡ ᠤᠲᠠᠰᠤ ᠠᠪᠴᠤ᠌ ᠮᠡᠳᠡᠭ᠌ᠳᠡᠳᠡᠭ᠃ ᠡᠨᠡ ᠬᠦ᠌ ᠢᠲᠡᠭᠡᠯ ᠨᠢ ᠲᠡᠭᠦᠨ᠎ᠦ ᠰᠡᠳᠭᠢᠯ᠎ᠢ ᠬᠥᠳᠡᠯᠭᠡᠵᠦ᠍᠂ ᠤᠳᠠᠭ᠎ᠠ ᠪᠦᠷᠢ ᠠᠭᠤᠯᠠᠨ ᠎ᠳᠤ ᠢᠷᠡᠬᠦ ᠪᠤᠯᠭᠠᠨ ᠲᠤᠰᠬᠤᠨ᠎ᠤ ᠬᠦᠮᠤᠰ ᠲᠸ᠋ ᠱᠢᠨ᠎ᠡ ᠰᠣᠷᠭᠣᠭ ᠢᠳᠡᠰᠢᠨ ᠨᠣᠭᠣᠭ᠎ᠠ ᠠᠪᠴᠢᠷᠡᠵᠤ ᠦᠭᠳᠡᠭ᠃ 《ᠠᠭᠤᠯᠠᠨ᠎ᠳᠤ ᠮᠢᠬ᠎ᠠ ᠳᠤᠲᠠᠬᠤ ᠦᠭᠡᠢ᠂ ᠬᠦᠭᠡ ᠨᠣᠭᠣᠭ᠎ᠠ ᠯᠡ ᠳᠤᠲᠠᠬᠤ ᠶᠤᠮ》᠃ ᠤᠳᠠᠭᠠᠨ᠎ᠳᠠᠭᠠᠨ ᠬ᠍ᠸ᠋ ᠭᠸᠨ ᠪᠤᠯᠤᠨ ᠲᠤᠰᠬᠤᠨ᠎ᠤ ᠠᠷᠠᠳ ᠬᠤᠭᠤᠷᠤᠨᠳᠤ ᠪᠠᠨ ᠰᠡᠳᠬᠢᠯ ᠰᠡᠳᠬᠢᠯ᠎ᠢᠶᠡᠨ ᠤᠯᠤᠯᠴᠠᠵᠤ᠂ ᠮᠠᠰᠢ ᠰᠠᠢᠨ ᠨᠠᠢᠵᠢ ᠪᠤᠯᠵᠠᠢ᠃

ᠠᠭᠤᠯᠠ ᠵᠢ ᠤᠷᠢᠶᠠᠨ ᠥᠩᠭᠡᠷᠡᠬᠦ ᠳ᠋ᠤ᠂ ᠢᠭ᠍ᠴᠤ ᠰᠠᠬᠤᠯᠢᠭ ᠨᠠᠷᠠᠰᠤᠨ ᠣᠢ ᠨᠢᠳᠦᠨ᠎ᠳᠦ ᠲᠣᠳᠣᠷᠠᠨ᠎ᠠ᠃ 《ᠡᠨᠡ ᠪᠣᠯ ᠨᠢᠳᠦᠨ ᠴᠡᠴᠡᠬᠡᠢ ᠮᠠᠲᠤ ᠬᠣᠪᠣᠷ ᠨᠠᠨᠳᠢᠨ ᠤᠢ ᠪᠢᠯᠠ》 ᠬᠡᠵᠤ ᠸᠠᠩ ᠬ᠍ᠸ᠋ ᠭᠸᠨ ᠰᠡᠳᠬᠢᠯ ᠬᠦᠨᠲᠤᠬᠡᠨ ᠬᠡᠯᠡᠪᠡ᠃ ᠡᠲᠡᠭᠡᠷ ᠮᠣᠳᠣ᠎ᠶ᠋ᠢ ᠳᠡᠭᠡᠷ᠎ᠡ ᠵᠠᠭᠤᠨ᠎ᠤ ᠳᠠᠯᠠᠭᠠᠳ ᠣᠨ᠎ᠳᠤ ᠠᠬᠠᠮᠠᠳ ᠦᠶ᠎ᠡ᠎ᠶ᠋ᠢᠨ ᠬᠢᠨ ᠬᠥᠮᠦᠰ ᠮᠦᠷᠦ ᠪᠡᠷ ᠵᠢᠡᠨ ᠳᠠᠮᠨᠠᠵᠦ ᠪᠠᠢᠭᠠᠳ ᠳᠠᠷᠢᠵᠤ ᠤᠷᠭᠤᠭᠤᠯᠤᠭ᠍ᠰᠠᠨ ᠶᠤᠮ᠂ ᠲᠠᠷᠨ ᠡᠳᠡᠭᠡᠷ ᠨᠢᠯᠬ᠎ᠠ ᠴᠢᠬᠢ᠎ᠡᠴᠡ ᠣᠶ ᠰᠢᠭᠤᠢ ᠪᠣᠯᠳᠠᠯ᠎ᠠ ᠤᠷᠭᠤᠬᠤ᠎ᠶ᠋ᠢ ᠬᠠᠷᠠᠯ᠎ᠠ᠃ 《ᠮᠠᠨ᠎ᠤ ᠡᠨᠡ ᠬᠠᠭᠠᠰ ᠭᠠᠩ ᠬᠠᠭᠤᠷᠠᠶ ᠭᠠᠵᠠᠷ ᠣᠷᠣᠨ᠎ᠳᠤ᠂ ᠨᠢᠭᠡ ᠰᠠᠭᠤᠷᠢ ᠮᠣᠳᠣ᠎ᠶ᠋ᠢ ᠡᠳᠡᠭᠡᠷᠡᠭᠦᠯᠬᠦ ᠨᠢ ᠨᠢᠭᠡ ᠠᠮᠢ ᠨᠠᠰᠤ᠎ᠶ᠋ᠢ ᠠᠪᠤᠷᠠᠭ᠍ᠰᠠᠨ᠎ᠲᠠᠶ ᠠᠳᠠᠯᠢᠬᠠᠨ ᠶᠤᠮ᠃ ᠡᠨᠡ ᠬᠡᠰᠡᠭ ᠨᠣᠭᠣᠭᠠᠨ ᠦᠡᠭᠬᠡ ᠶ᠋ᠢ ᠦᠯᠡᠳᠡᠭᠡᠬᠦ᠌ ᠎ᠳᠦ ᠲᠠᠡᠭᠲᠠᠬᠦᠤ ᠬᠦᠴᠢᠷ》 ᠭᠡᠵᠦ᠍ ᠢᠨᠢᠶᠡᠮᠰᠦᠭ᠌ᠯᠡᠭ᠌ᠰᠡᠨ᠎ᠢᠶᠡᠨ ᠲᠡᠷᠡ᠄《ᠠᠬᠠᠮᠠᠳ ᠨᠢᠭᠡ ᠦᠶ᠎ᠡ᠎ᠶ᠋ᠢᠨ ᠬᠢᠨ ᠮᠣᠳᠣ ᠳᠠᠷᠢᠵᠤ᠂ ᠪᠢᠳᠡ ᠮᠣᠳᠣ ᠪᠠᠨ ᠬᠠᠮᠠᠭᠠᠯᠠᠨ᠎ᠠ᠂ ᠡᠨᠡ ᠬᠦ᠌  ᠨᠤᠭᠤᠭᠠᠨ ᠦᠡᠭᠬᠡ ᠪᠤᠯ ᠢᠲᠡᠭᠡᠯ ᠪᠢᠱᠢᠷᠡᠯ᠂ ᠲᠠᠬᠦᠨ᠎ᠢ  ᠤᠯᠠᠮᠵᠢᠯᠠᠬᠤ ᠶᠤᠰᠤᠲᠠᠢ》 ᠬᠡᠵᠤ ᠬᠡᠯᠡᠪᠠ᠃

2013 ᠣᠨ᠎ᠳᠤ᠂ ᠸᠠᠩ ᠬ᠍ᠸ᠋ ᠭᠸᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠱᠢᠭᠦᠨ ᠪᠣᠯᠪᠠ᠂ 10 ᠵᠢᠯ᠎ᠦᠨ ᠳᠠᠷᠠᠭ᠎ᠠ᠂ ᠲᠡᠷᠡ ᠪᠥᠬᠥ᠌ ᠤᠯᠤᠰ᠎ᠤᠨ ᠣᠶ ᠱᠢᠭᠤᠶ ᠡᠪᠠᠰᠤ ᠪᠠᠯᠴᠢᠬᠡᠷ ᠤ᠋ᠨ ᠱᠢᠰᠲ᠋ᠧᠮ᠎ᠦᠨ ᠬᠥᠳᠡᠯᠮᠦᠷᠢ᠎ᠶ᠋ᠢᠨ ᠵᠢᠱ᠌ᠢᠶᠡᠴᠢ᠎ᠪᠡᠷ ᠦᠨᠡᠯᠡᠭ᠌ᠳᠡᠪᠡ᠃ 《ᠨᠠᠮ᠎ᠤᠨ ᠭᠡᠱᠢᠭᠦᠨ ᠬᠤᠰᠢᠭᠤᠷᠠᠵᠤ ᠶᠠᠪᠤᠬᠤ ᠬᠡᠷᠡᠭ᠌ᠲᠡᠢ᠃ ᠨᠠᠮ ᠡᠴᠠ ᠨᠠᠳᠠ ᠳ᠋ᠤ ᠬᠠᠷᠢᠭᠤᠴᠠᠯᠭ᠎ᠠ ᠡᠬᠦᠷᠬᠡᠯᠡᠬᠦᠯᠦᠭᠰᠠᠨ ᠪᠤᠯᠬᠤᠷ ᠤᠢ ᠮᠤᠲᠤ᠎ᠶ᠋ᠢ ᠵᠠᠪᠠᠯ ᠰᠠᠢᠲᠤᠷ ᠰᠠᠬᠢᠬᠤ ᠬᠡᠷᠡᠭ᠌ᠲᠡᠶ》᠃ ᠡᠳᠦᠭᠡ ᠡᠨᠡ ᠬᠦ᠌ ᠬᠠᠷᠢᠭᠤᠴᠠᠯᠭ᠎ᠠ ᠨᠢᠭᠡᠨᠲᠡ ᠴᠡᠴᠡᠭᠯᠡᠨ ᠵᠢᠮᠢᠰᠯᠠᠪᠠ — ᠪᠠᠳᠺᠡᠷ ᠵᠤᠤ  ᠤᠢ ᠱᠢᠭᠤᠢ᠎ᠶ᠋ᠢᠨ ᠲᠠᠯᠠᠪᠠᠢ᠎ᠶ᠋ᠢᠨ 19 ᠲᠦᠮᠡᠨ ᠮᠦ᠍ ᠬᠥᠬᠡᠮᠳᠦᠭ ᠨᠤᠭᠤᠭᠠᠨ ᠠᠭᠤᠯᠠ ᠵᠠᠯᠭᠠᠯᠳᠤᠨ ᠬᠠᠯᠬᠠᠪᠴᠢ ᠤᠢ ᠪᠤᠯᠵᠤ᠂ ᠱᠢᠭᠤᠢᠲᠤ ᠣᠷᠣᠨ᠎ᠤ ᠤᠢ ᠱᠢᠭᠤᠢ᠎ᠶ᠋ᠢᠨ ᠪᠦᠷᠬᠦᠴᠡ ᠤᠯᠠᠨ ᠵᠢᠯ ᠳᠠᠷᠠᠭᠠᠯᠠᠨ ᠪᠤᠭᠤᠲᠤ ᠬᠤᠳᠠ᠎ᠳᠤ ᠲᠡᠷᠢᠭᠦᠯᠡᠵᠠᠢ᠃

ᠤᠳᠤᠬᠠᠨ ᠳ᠋ᠤ᠂ ᠵᠢᠯᠣᠭᠣᠴᠢ ᠦᠭᠡᠢ ᠨᠢᠰᠭᠡᠯ ᠲᠡᠭᠦᠨ᠎ᠦ ᠱᠢᠨ᠎ᠡ ᠬᠠᠨᠢᠲᠠᠨ ᠪᠣᠯᠪᠠ᠃ 《ᠡᠨᠡ ᠴᠢᠨᠢ ᠰᠠᠢᠨ ᠶᠠᠭᠤᠮ᠎ᠠ ᠰᠢᠤ》᠃ ᠲᠤᠬᠠᠶ᠎ᠶ᠋ᠢᠨ ᠦᠶ᠎ᠡ᠎ᠳᠦ ᠬᠡᠷᠡᠭᠯᠡᠬᠦ ᠠᠷᠭ᠎ᠠ ᠶ᠋ᠢ ᠨᠢ ᠤᠢᠯᠠᠭᠠᠬᠤ ᠦᠭᠡᠶ ᠪᠣᠯᠬᠣᠷ ᠸᠠᠩ ᠬ᠍ᠤ ᠬᠸᠨ ᠵᠠᠯᠠᠭᠤᠴᠤᠤᠨ ᠡᠴᠡ ᠰᠤᠷᠴᠤ᠌᠂ ᠬᠡᠷᠡᠭᠯᠡᠬᠦ ᠠᠯᠬᠤᠮ ᠳᠠᠷᠠᠭ᠎ᠠ ᠎ᠶ᠋ᠢ ᠨᠢ ᠨᠢᠬᠡᠳ ᠨᠢᠬᠡ ᠪᠠᠷ ᠳᠡᠪᠲᠡᠷ ᠳᠡᠭᠡᠷ᠎ᠡ ᠪᠠᠠ ᠲᠡᠮᠳᠡᠭ᠌ᠯᠡᠵᠡᠶ᠃ ᠣᠲᠣ ᠵᠢᠯᠣᠭᠣᠴᠢ ᠥᠬᠡᠶ ᠨᠢᠰᠭᠡᠯ ᠨᠢ ᠲᠡᠭᠦᠨ᠎ᠦ 《ᠬᠢᠷᠠᠬᠠᠢ ᠨᠢᠳᠦ》 ᠪᠣᠯᠵᠣ᠂ ᠬᠢᠯᠢ ᠬᠢᠵᠠᠭᠠᠷ᠎ᠢ ᠴᠠᠭ᠍ᠳᠠᠨ ᠪᠠᠢᠴᠠᠭᠠᠵᠤ ᠴᠢᠳᠠᠬᠤ ᠮᠥᠷᠲᠡᠭᠡᠨ ᠠᠭᠤᠯᠠᠠ ᠤᠢ ᠵᠢᠨ ᠳᠥᠷᠪᠡᠨ ᠤᠯᠠᠷᠢᠯ᠎ᠤᠨ ᠬᠤᠪᠢᠷᠠᠯᠲᠠ᠎ᠶ᠋ᠢ ᠴᠤ᠌ ᠲᠡᠮᠳᠡᠭ᠌ᠯᠡᠵᠦ᠍ ᠴᠢᠳᠠᠬᠤ ᠪᠤᠯᠵᠠᠢ᠃ 《ᠵᠢᠯᠤᠭᠤᠴᠢ ᠦᠬᠡᠢ ᠨᠢᠰᠬᠡᠯ ᠲᠠᠢ ᠪᠤᠯᠤᠭᠰᠠᠨ ᠡᠴᠠ ᠠᠵᠢᠯᠯᠠᠬᠤ ᠳ᠋ᠤ ᠨᠡᠩ ᠳᠥᠭᠥᠮ ᠪᠣᠯᠵᠤ᠂  ᠠᠭᠤᠯᠠᠨ᠎ᠤ ᠭᠡᠷᠡᠯ ᠵᠢᠷᠤᠭ᠎ᠤᠨ ᠮᠠᠲ᠋ᠧᠷᠢᠶᠠᠯ᠎ᠢ ᠦᠯᠡᠳᠡᠭᠡᠵᠦ ᠳᠡᠢᠯᠬᠦ ᠪᠤᠯᠵᠠᠢ》 ᠬᠡᠪᠠ᠃

ᠵᠢᠯᠤᠭᠤᠴᠢ ᠦᠬᠡᠢ ᠨᠢᠰᠬᠡᠯ ᠣᠢ ᠱᠢᠭᠤᠶ ᠵᠢᠨ ᠲᠠᠬᠡᠬᠦᠷ ᠨᠢᠰᠤᠨ ᠰᠡᠬᠦᠲᠠᠷᠯᠡᠬᠦ ᠳ᠋ᠤ᠂ ᠸᠠᠩ ᠬ᠍ᠤ ᠭᠸᠨ᠎ᠤ 25 ᠵᠢᠯ᠎ᠦᠨ ᠤᠯᠠ ᠮᠥᠷ᠎ᠢ ᠴᠸ᠋ ᠰᠡᠬᠦᠲᠠᠷᠯᠡᠯ᠎ᠠ᠃ ᠲᠡᠳᠡᠭᠡᠷ ᠰᠠᠬᠦᠲᠠᠷ ᠳᠣᠲᠣᠷ᠎ᠠ ᠤᠷᠢᠬᠠᠠ ᠬᠠᠪᠤᠷ ᠤ᠋ᠨ ᠨᠣᠭᠣᠭᠠᠨ ᠦᠡᠭᠬᠡ᠂ ᠬᠦᠬᠡᠬᠡ ᠡᠪᠦᠯ᠎ᠦᠨ ᠴᠠᠰᠤᠨ ᠤ᠋ ᠬᠢᠷ᠎ᠠ ᠪᠠᠢᠲᠠᠭ᠃ 《ᠠᠭᠤᠯᠠ ᠨᠢᠷᠤᠭᠤᠳ ᠨᠠᠲᠠ ᠶ᠋ᠢ ᠰᠢᠷᠲᠠᠬᠦ ᠳ᠋ᠤ᠂ ᠪᠢ ᠪᠠᠰᠠ ᠠᠭᠤᠯᠠ ᠨᠢᠷᠤᠭᠤᠳ᠎ᠢ ᠰᠢᠷᠲᠠᠨ᠎ᠠ》᠃ ᠲᠡᠷᠡ ᠢᠨᠢᠶᠡᠮᠰᠦᠭ᠌ᠯᠡᠨ ᠬᠡᠯᠡᠬᠦ ᠳ᠋ᠤ᠂ ᠲᠠᠬᠦᠨ ᠤ᠋ ᠴᠢᠷᠠᠢ ᠳ᠋ᠡᠬᠢ ᠢᠨᠢᠶᠡᠮᠰᠦᠭ᠌ᠯᠡᠯ᠎ᠨᠢ ᠠᠭᠤᠯᠠ᠎ᠨᠢᠷᠤᠭᠤᠳ ᠲᠠᠢ ᠨᠢᠭᠡ ᠴᠣᠭ᠍ᠴᠠ ᠪᠤᠯᠤᠨ ᠠᠭᠤᠰᠤᠯᠴᠠᠠ ᠪᠠᠲᠤ ᠵᠤᠷᠢᠭ᠎ᠢ ᠨᠢ ᠢᠯᠡᠷᠠᠬᠦᠯᠤᠨ᠎ᠠ᠃ 《ᠡᠨᠡ ᠬᠡᠰᠡᠭ ᠬᠦᠬᠡᠮᠲᠦᠭ ᠨᠤᠭᠤᠭᠠᠨ ᠠᠭᠤᠯᠠ ᠨᠢᠷᠤᠭᠤᠳ᠎ᠢ ᠬᠠᠷᠠᠬᠤ ᠳ᠋ᠤ᠂ ᠶᠠᠭᠤ᠎ᠬᠢᠭᠰᠡᠨ ᠴᠤ᠌ ᠦᠨ᠎ᠠ ᠥᠷᠲᠡᠭ᠎ᠲᠡᠶ ᠰᠠᠨᠠᠭ᠍ᠳᠠᠨ᠎ᠠ》 ᠬᠡᠵᠤ ᠲᠡᠷᠡ ᠶᠠᠷᠢᠨ᠎ᠠ᠃

ᠭᠡᠷ᠎ᠦᠨ ᠬᠥᠮᠦᠰ ᠨᠢ ᠤᠤᠯ ᠨᠢ ᠲᠡᠭᠦᠨ᠎ᠤ ᠤᠷᠲᠤ ᠬᠤᠭᠤᠴᠠᠭᠠᠨ ᠤ᠋ ᠪᠠᠷᠢᠮᠲᠠᠯᠠᠯ᠎ᠢ ᠣᠢᠯᠠᠭᠠᠬᠤ ᠦᠭᠡᠢ ᠪᠠᠢᠭᠰᠠᠨ ᠶᠤᠮ᠃ ᠬᠡᠦᠬᠡᠳ ᠠᠮᠠᠷᠠᠯᠲᠠ ᠲᠠᠯᠪᠢᠬᠤ ᠦᠶᠡᠰ᠂ ᠲᠡᠷᠡ ᠣᠯᠠᠩᠬᠢ᠎ᠳᠠᠭᠠᠨ ᠠᠭᠤᠯᠠᠨ ᠳᠡᠭᠡᠷ᠎ᠡ ᠪᠠᠢᠲᠠᠭ᠃ ᠤᠳᠤ ᠬᠡᠦᠬᠡᠳ ᠲᠤᠮᠤ ᠪᠤᠯᠵᠤ᠂ ᠮᠡᠳᠡᠭᠡᠯᠡᠯ ᠪᠠ ᠨᠡᠢᠭᠡᠮ᠎ᠦᠨ ᠬᠦᠨᠳᠦᠳᠭᠡᠯ᠎ᠡᠴᠡ ᠠᠪᠤ ᠶ᠋ᠢᠨ᠎ᠢᠶᠡᠨ ᠠᠵᠢᠯ᠎ᠤᠨ ᠤᠳᠭ᠎ᠠ ᠠᠭᠤᠯᠭ᠎ᠠ᠎ᠶ᠋ᠢ ᠣᠢᠯᠠᠭᠠᠪᠠ᠃ 《ᠠᠪᠤ ᠡ᠂ ᠲᠠᠨ᠎ᠤ ᠠᠵᠢᠯ ᠦᠨᠡᠬᠡᠷ ᠡᠷᠬᠢᠮ ᠬᠦᠨᠲᠤᠲᠠᠢ ᠱᠢᠤ᠂ ᠪᠢ ᠲᠠᠨ᠎ᠳᠤ ᠴᠢᠨᠠᠷᠯᠢᠭ ᠰᠠᠢᠬᠠᠨ ᠱᠠᠬᠠᠢ ᠠᠪᠴᠤ᠌ ᠥᠭ᠌ᠭᠦᠭ᠌ᠰᠡᠨ ᠰᠢᠤ》 ᠬᠡᠳᠡᠭ ᠪᠤᠯᠵᠠᠢ᠃ ᠡᠳᠡᠭᠡᠷ᠎ᠢ ᠶᠠᠷᠢᠬᠤ᠎ᠳᠤ᠂ ᠲᠡᠭᠦᠨ᠎ᠦ ᠨᠢᠳᠦᠨ᠎ᠳᠦᠨᠢ ᠢᠨᠢᠶᠡᠮᠰᠦᠭ᠌ᠯᠡᠯ ᠲᠣᠳᠣᠷᠠᠵᠤ᠄ 《ᠬᠡᠤᠬᠡᠳ ᠲᠡᠬᠡᠨ ᠬᠠᠨᠢ ᠪᠤᠯᠵᠤ ᠲᠠᠢᠯᠦᠭᠰᠠᠨ ᠦᠬᠡᠢ ᠨᠢ ᠬᠠᠷᠠᠮᠰᠠᠯ᠂ ᠬᠡᠬᠦ᠎ᠳᠦ ᠤᠳᠤ ᠬᠦᠮᠦᠰ  ᠮᠢᠨᠤ ᠪᠠᠷᠢᠮᠳᠠᠯᠠᠯ᠎ᠢ ᠣᠢᠯᠠᠭᠠᠭ᠍ᠰᠠᠠ ᠪᠤᠯᠬᠤᠷ  ᠰᠡᠳᠬᠢᠯ ᠲᠠᠢᠳᠭᠤᠷᠠᠵᠠᠢ》 ᠬᠡᠵᠤ ᠪᠠᠢᠯ᠎ᠠ᠃

《ᠬᠡᠷᠪᠡ ᠲᠠ ᠠᠯᠢ ᠨᠢᠭᠡ ᠡᠳᠦᠷ ᠠᠭᠤᠯᠠᠨ᠎ᠳᠤ ᠭᠠᠷᠬᠤ ᠪᠠᠨ ᠪᠤᠯᠢᠪᠠᠯ᠂ ᠡᠲᠠᠬᠡᠷ ᠣᠢ ᠱᠢᠭᠤᠶ ᠲᠠᠨ ᠤ᠋ ᠶᠠᠭᠤ᠎ᠶ᠋ᠢ ᠴᠡᠭᠡᠵᠢᠯᠡᠬᠦ᠌᠎ᠶ᠋ᠢ ᠬᠦᠰᠡᠵᠦ᠍ ᠪᠠᠢᠬᠤ ᠪᠤᠢ?》 ᠬᠡᠬᠦ ᠳ᠋ᠤ ᠸᠠᠩ ᠬ᠍ᠤ ᠭᠸᠨ ᠢᠨᠢᠶᠠᠮᠰᠦᠭᠯᠡᠬᠡᠳ ᠬᠠᠷᠢᠭᠤ ᠦᠭᠭᠦᠭᠰᠡᠨ ᠦᠭᠡᠶ᠃ ᠡᠣᠨ ᠵᠢᠯ ᠤ᠋ᠨ ᠤᠷᠴᠢᠯ ᠳ᠋ᠤ ᠨᠠᠷᠠᠰᠤ ᠮᠠᠢᠯᠠᠰᠤᠨ᠎ᠤ ᠳᠠᠪᠠᠯᠭᠠᠨ ᠠᠮᠢᠵᠢᠷᠠᠯ᠎ᠤᠨ ᠬᠦᠴᠦᠨ᠎ᠢᠶᠡᠷ ᠪᠢᠯᠬᠠᠵᠤ᠂ ᠬᠦᠬᠡᠮᠲᠦᠭ ᠨᠤᠭᠤᠭᠠᠨ ᠤᠢ ᠰᠢᠭᠤᠢ ᠲᠡᠭᠦᠨ᠎ᠦ ᠰᠡᠳᠭᠢᠯ᠎ᠳ᠋ᠤ ᠦᠨᠢ ᠡᠬᠦᠷᠢᠲᠠ ᠬᠦᠬᠡᠷᠡᠨ ᠨᠤᠭᠤᠭᠠᠷᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号