ᠤᠯᠠᠭᠠᠨᠬᠣᠲᠠ ᠠᠷᠠᠳ ᠤ᠋ᠨ ᠠᠮᠢᠳᠤᠷᠠᠯ ᠳ᠋ᠤ ᠬᠤᠯᠪᠤᠭᠳᠠᠭᠰᠠᠨ ᠪᠤᠳᠠᠳᠤ ᠶᠠᠪᠤᠳᠠᠯ᠎ᠢ ᠲᠤᠭᠤᠰᠢᠳᠠᠢ ᠨᠠᠢᠳᠠᠪᠤᠷᠢᠵᠢᠭᠤᠯᠤᠨ ᠲᠤᠪᠤᠢᠮ᠎ᠠ ᠦᠷ᠎ᠠ ᠪᠦᠳᠤᠮᠵᠢ ᠭᠠᠷᠭᠠᠵᠤ ᠪᠤᠢ
2025-10-03 11:29:57
ᠵᠣᠬᠢᠶᠠᠭ᠍ᠴᠢ᠄
ᠭᠣᠣ ᠮᠢᠨ ᠨᠠ ᠂ ᠸᠠᠩ ᠶᠤᠸᠠᠢ
ᠣᠩᠱᠢᠭ᠍ᠰᠠᠨ ᠣᠳᠠᠭ᠎ᠠ᠄
★★★☆☆

ᠠᠵᠢᠯᠴᠢᠳ ᠰᠠᠭᠤᠭᠠᠯᠢ ᠠᠷᠠᠳ᠎ᠤᠨ ᠡᠷᠤᠭᠡ ᠭᠡᠷ ᠲᠤᠨᠢ ᠬᠦᠷᠴᠤ ᠦᠶ᠋ᠯᠡᠴᠢᠯᠡᠭᠡ ᠬᠠᠡᠭᠭᠠᠨ᠎ᠠ; 30 ᠲᠦᠮᠡᠨ ᠵᠤᠷᠪᠤᠰ ᠠᠷᠠᠳ ᠲᠦ᠍ ᠠᠱᠢᠭ ᠬᠦᠷᠲᠡᠭᠡᠵᠦ᠍ ᠲᠠᠷᠢᠶᠠᠴᠢᠳ ᠲᠦ᠍ ᠠᠱᠢᠭ ᠬᠦᠷᠲᠡᠭᠡᠬᠦ᠌ ᠨᠥᠬᠥᠪᠥᠷᠢ ᠶ᠋ᠢᠨ ᠴᠠᠬᠢᠮ ᠮᠡᠳᠡᠭᠡ ᠳ᠋ᠤ 《ᠶᠠᠮᠠᠷᠰᠢᠤ ᠠᠱᠢᠭ ᠬᠦᠷᠲᠡᠭᠡᠬᠦ᠌》 ᠲᠤᠬᠠᠶ ᠲᠣᠳᠣᠷᠬᠠᠶ ᠲᠠᠢᠯᠪᠤᠷᠢᠯᠡᠵᠤ ᠦᠭᠬᠦᠨ᠎ᠠ; ᠤᠶᠤᠨᠲᠤ ᠨᠠᠰᠤᠵᠢᠯ ᠤ᠋ᠨ ᠠᠰᠠᠷᠠᠮᠵᠢ ᠶ᠋ᠢᠨ ᠶᠡᠷᠦᠩᠬᠡᠢᠯᠡᠭ᠌ᠰᠡᠨ ᠮᠡᠳᠡᠭᠡ ᠵᠠᠩᠭᠢ ᠶ᠋ᠢᠨ ᠦᠶ᠋ᠯᠡᠴᠢᠯᠡᠭᠡᠨ ᠤ᠋ ᠲᠠᠪᠴᠠᠩ 3.4 ᠲᠦᠮᠡᠨ ᠤᠳᠠᠭ᠎ᠠ ᠦᠶ᠋ᠯᠡᠴᠢᠯᠡᠭᠡ ᠬᠠᠩᠭᠠᠵᠤ᠂ 4 ᠲᠦᠮᠡ ᠱᠢᠬᠠᠮ ᠨᠠᠰᠤᠲᠠᠢᠴᠤᠳ ᠲᠦ᠍ ᠬᠠᠷᠠᠭᠠᠯᠵᠠᠯ ᠬᠦᠷᠳᠡᠭᠡᠨ᠎ᠠ ᠁ ᠬᠢᠩᠭᠠᠨ ᠠᠢᠮᠠᠭ ᠤ᠋ᠨ ᠤᠯᠠᠭᠠᠨᠬᠣᠲᠠ ᠶ᠋ᠢᠨ ᠣᠯᠠᠨ ᠲᠦᠮᠡᠨ ᠲᠠᠢ ᠣᠢᠷᠠᠲᠤᠭ᠍ᠰᠠᠨ᠂ ᠬᠥᠮᠦᠰ ᠤ᠋ᠨ ᠰᠡᠳᠭᠢᠯ ᠢ᠋ ᠨᠢᠭ᠍ᠲᠠᠷᠠᠭᠤᠯᠤᠭ᠍ᠰᠠᠨ ᠣᠯᠠᠨ ᠲᠦᠮᠡᠨᠴᠢ ᠬᠥᠮᠦᠵᠢᠯ ᠤ᠋ᠨ ᠦᠶ᠋ᠯᠡᠳᠦᠯᠭᠡ ᠨᠢ ᠠᠷᠠᠳ ᠣᠯᠠᠨ ᠤ᠋ ᠰᠡᠳᠭᠢᠯ ᠢ᠋ ᠪᠠᠶᠠᠰᠬᠠᠨ᠎ᠠ᠃

ᠬᠡᠷᠬᠢᠨ 《ᠨᠠᠮ᠎ᠤᠨ ᠠᠴᠢ᠎ᠳᠦ ᠳᠠᠯᠠᠷᠬᠠᠵᠦ᠂ ᠨᠠᠮ᠎ᠤᠨ ᠦᠭᠡ᠎ᠵᠢ ᠰᠤᠨᠤᠰᠴᠦ᠂ ᠨᠠᠮ ᠵᠢᠡᠨ ᠳᠠᠭᠠᠨ ᠤᠷᠤᠬᠰᠢᠯᠠᠬᠤ》 ᠭᠡᠳᠡᠭ ᠢ᠋ ᠤᠷᠢᠶ᠎ᠠ ᠲᠡᠳᠦᠢ ᠪᠤᠯᠭᠠᠬᠤ ᠦᠭᠡᠢ ᠪᠤᠢ? ᠤᠯᠠᠭᠠᠨᠬᠣᠲᠠ ᠪᠣᠳᠠᠲᠤ ᠠᠵᠢᠯᠯᠠᠭ᠎ᠠ ᠪᠡᠷ ᠢ᠋ᠶ᠋ᠡᠨ ᠬᠠᠷᠢᠭᠤᠯᠲᠠ ᠶ᠋ᠢᠨ ᠬᠠᠭᠤᠳᠠᠰᠤ ᠵᠢ ᠪᠢᠴᠢᠭᠯᠡᠵᠦ᠂ ᠭᠤᠤᠯ ᠰᠡᠳᠦᠪᠲᠦ ᠬᠥᠮᠦᠵᠢᠯ ᠤ᠋ᠨ ᠦᠷ᠎ᠡ ᠪᠦᠲᠦᠭᠡᠯ ᠢ᠋ ᠦᠷᠭᠦᠯᠵᠢᠯᠡᠨ ᠪᠡᠬᠢᠵᠢᠭᠦᠯᠦᠨ ᠥᠷᠭᠡᠳᠭᠡᠬᠦ᠌ ᠪᠡᠷ ᠶᠡᠷᠦᠩᠬᠡᠢᠯᠡᠨ ᠵᠢᠯᠣᠭᠣᠳᠣᠭᠤᠯᠵᠤ᠂ 《ᠶᠠᠷᠢᠬᠤ ᠪᠠ ᠰᠣᠨᠣᠰᠭᠤ》᠂ 《ᠳᠡᠯᠭᠡᠨ ᠦᠵᠡᠭᠦᠯᠬᠦ᠌ ᠪᠠ ᠰᠤᠨᠢᠷᠬᠠᠬᠤ》᠂ 《ᠰᠤᠷᠪᠤᠯᠵᠢᠯᠠᠬᠤ ᠪᠠ ᠮᠡᠳᠡᠷᠡᠬᠦ》᠎ᠳ᠋ᠤ ᠠᠩᠬᠠᠷᠤᠯ ᠢ᠋ᠶ᠋ᠡᠨ ᠲᠥᠪᠯᠡᠷᠡᠭᠦᠯᠵᠦ᠍᠂ ᠬᠡᠢᠰᠪᠦᠷᠢ ᠶᠣᠰᠣ ᠵᠢ ᠦᠵᠡᠭ᠌ᠳᠡᠵᠦ᠍ ᠰᠡᠷᠡᠭ᠌ᠳᠡᠬᠦ᠌ ᠡᠳᠦᠷ ᠲᠤᠲᠤᠮ ᠤ᠋ᠨ ᠦᠵᠡᠭ᠌ᠳᠡᠯ ᠪᠣᠯᠭᠠᠨ ᠬᠤᠪᠢᠷᠠᠭᠤᠯᠪᠠ᠃

《ᠥᠩᠭᠡᠷᠡᠭ᠌ᠰᠡᠨ ᠳ᠋ᠤ ᠨᠠᠯᠠᠢᠲᠠᠯ᠎ᠠ ᠤᠰᠤᠯᠠᠬᠤ ᠳ᠋ᠤ ᠤᠰᠤ ᠪᠦᠷᠢᠯᠭᠡᠬᠦ ᠪᠡᠷ ᠪᠠᠷᠠᠬᠤ ᠥᠬᠡᠶ ᠪᠠᠰᠠ ᠤᠨᠠᠯᠲᠠ ᠪᠠᠭᠤᠷᠠᠳᠠᠭ᠂ ᠣᠲᠣ ᠳᠤᠰᠤᠯᠭᠠᠨ ᠤᠰᠤᠯᠠᠬᠤ ᠪᠠ ᠰᠦᠷᠴᠢᠨ ᠤᠰᠤᠯᠠᠬᠤ ᠪᠣᠯᠵᠣ᠂ ᠤᠰᠤ ᠪᠣᠷᠲᠣᠭᠣᠷ ᠢ᠋ ᠣᠨᠣᠴᠠᠲᠠᠢ ᠪᠠᠷ ᠡᠵᠡᠮᠳᠡᠵᠦ᠂ ᠢᠳᠡᠱᠢᠨ ᠨᠣᠭᠣᠭ᠎ᠠ ᠶ᠋ᠢᠨ ᠭᠠᠷᠤᠯᠲᠠ ᠪᠠ ᠶᠠᠰᠤ ᠴᠢᠨᠠᠷ ᠪᠦᠷ ᠳᠡᠭᠡᠭ᠌ᠰᠢᠯᠡᠪᠡ᠂ ᠡᠨᠡ ᠪᠣᠯ ᠳᠠᠷᠤᠶ ᠱᠢᠨ᠎ᠡ ᠮᠡᠷᠭᠡᠵᠢᠯ ᠢ᠋ᠶ᠋ᠡᠷ ᠤᠯᠠᠮᠵᠢᠯᠠᠯᠲᠤ ᠠᠵᠤ ᠦᠶ᠋ᠯᠡᠰ ᠢ᠋ ᠰᠢᠨᠡᠴᠢᠯᠡᠭᠰᠡᠨ ᠤ᠋ ᠳᠠᠷᠠᠭ᠎ᠠ ᠠᠪᠴᠢᠷᠠᠬᠰᠠᠨ ᠰᠠᠢᠨ ᠲᠠᠯ᠎ᠠ ᠪᠣᠯᠤᠨ᠎ᠠ》 ᠭᠡᠵᠦ 9 ᠰᠠᠷ᠎ᠠ ᠶ᠋ᠢᠨ 8 ᠤ᠋ ᠡᠳᠦᠷ᠂ ᠰᠡᠷᠡᠬᠡᠠᠠᠣᠲᠣ ᠦᠶ᠎ᠡ ᠶ᠋ᠢᠨ ᠲᠠᠷᠢᠶᠠᠯᠠᠩ ᠤ᠋ᠨ ᠬᠦᠷᠢᠶᠡᠯᠡᠩ ᠲᠣᠭᠣᠷᠢᠭ ᠤ᠋ᠨ ᠮᠢᠩ ᠱᠢᠩ ᠲᠣᠰᠭᠣᠨ ᠤ᠋ ᠲᠦᠬᠦᠭᠡᠷᠦᠮᠵᠢᠲᠦ ᠲᠠᠷᠢᠶᠠᠯᠠᠩ ᠤ᠋ᠨ ᠬᠦᠯᠡᠮᠵᠢ ᠳ᠋ᠤ ᠨᠠᠮ ᠤ᠋ᠨ ᠭᠡᠱᠢᠭᠦᠨ ᠤ᠋ ᠤᠬᠠᠭᠤᠯᠤᠨ ᠲᠠᠢᠯᠪᠤᠷᠢᠯᠠᠬᠤ ᠠᠩᠭᠢ ᠶ᠋ᠢᠨ ᠭᠡᠱᠢᠭᠦᠨ ᠯᠢ ᠶᠠᠨ ᠵᠢᠶᠦ᠋ᠨ ᠳᠠᠯᠠᠩ ᠤ᠋ᠨ ᠬᠣᠭᠣᠷᠣᠨᠳᠣᠬᠢ ᠳᠤᠰᠤᠯᠭᠠᠨ ᠤᠰᠤᠯᠠᠬᠤ ᠲᠥᠬᠥᠭᠡᠷᠦᠮᠵᠢ ᠵᠢ ᠵᠢᠭᠠᠵᠤ ᠭᠡᠯᠡᠨ᠎ᠠ᠃

《ᠲᠡᠢ᠍ᠢᠮᠦ᠍ ᠰᠢᠤ᠂ ᠳᠤᠰᠤᠯᠭᠠᠨ ᠤᠰᠤᠯᠠᠬᠤ ᠨᠢ ᠤᠰᠤ ᠵᠢ ᠠᠷᠪᠢᠯᠠᠬᠤ ᠪᠦᠭᠡᠳ ᠲᠥᠪᠡᠳ ᠬᠠᠰᠢ ᠶ᠋ᠢᠨ ᠱᠢᠬᠢᠷᠯᠢᠭ ᠤ᠋ᠨ ᠬᠡᠮᠵᠢᠶ᠎ᠡ ᠳᠡᠭᠡᠭ᠌ᠰᠢᠯᠡᠭᠡᠳ ᠦᠨ᠎ᠡ ᠬᠠᠩᠰᠢ ᠨᠢ ᠴᠦ᠍ ᠥᠨᠳᠥᠷ ᠪᠣᠯᠵᠠᠶ》 ᠭᠡᠵᠦ ᠲᠠᠷᠢᠮᠠᠯ ᠤ᠋ᠨ ᠡᠷᠦᠬᠡ ᠯᠦᠸᠧ ᠯᠢ ᠵᠢᠶᠦ᠋ᠨ ᠬᠡᠯᠡᠨ᠎ᠡ᠃

ᠡᠢᠮᠦ᠍ᠷᠭᠦᠦ ᠦᠵᠡᠭ᠌ᠳᠡᠯ ᠤᠯᠠᠭᠠᠨᠬᠣᠲᠠ ᠶ᠋ᠢᠨ ᠭᠠᠵᠠᠷ ᠪᠤᠯᠭᠠᠨ ᠳ᠋ᠤ ᠬᠠᠷᠠᠭ᠍ᠳᠠᠨ᠎ᠠ᠃ 《ᠵᠢᠷᠭᠤᠭᠠᠨ ᠦᠭᠡ ᠶ᠋ᠢᠨ ᠪᠣᠳᠠᠲᠤ ᠶᠠᠪᠤᠳᠠᠯ ᠪᠠ ᠶᠣᠰᠣ ᠤᠴᠢᠷ》 ᠤ᠋ᠨ ᠲᠣᠭᠣᠷᠢᠨ ᠳ᠋ᠤ᠂ 《ᠳᠡᠷᠭᠡᠲᠡᠬᠢ ᠬᠦᠮᠦᠰ ᠲᠡᠭᠡᠨ ᠠᠰᠢᠭ ᠬᠦᠷᠲᠡᠭᠡᠬᠦ》 ᠤᠬᠠᠭᠤᠯᠤᠨ ᠲᠠᠢᠯᠪᠤᠷᠢᠯᠠᠬᠤ ᠠᠩᠭᠢ ᠲᠠᠷᠢᠶᠠᠨ ᠵᠠᠬ᠎ᠠ᠂ ᠨᠡᠢᠭᠡᠮ ᠲᠣᠭᠣᠷᠢᠭ ᠭᠠᠴᠠᠭ᠎ᠠ ᠳ᠋ᠤ ᠭᠦᠨᠵᠡᠭᠡᠢᠷᠡᠨ᠂ 1400 ᠭᠠᠷᠤᠶ ᠲᠠᠯᠠᠪᠠᠶ ᠤᠬᠠᠭᠤᠯᠤᠨ ᠲᠠᠢᠯᠪᠤᠷᠢᠯᠠᠬᠤ ᠠᠵᠢᠯᠯᠠᠭ᠎ᠠ ᠦᠷᠨᠢᠭᠦᠯᠦᠨ 1.65 ᠲᠦᠮᠡᠨ ᠤᠯᠠᠨ ᠲᠦᠮᠡᠨ᠎ᠤ ᠰᠡᠳᠭᠢᠯ ᠢ᠋ ᠤᠮᠳᠠᠯᠠᠪᠠ; ᠪᠠᠯᠭᠠᠰᠤ ᠪᠠ ᠵᠡᠭᠡᠯᠢ ᠭᠤᠳᠤᠮᠵᠢ ᠶ᠋ᠢᠨ ᠤᠬᠠᠭᠤᠯᠤᠨ ᠲᠠᠢᠯᠪᠤᠷᠢᠯᠠᠬᠤ ᠠᠵᠢᠯᠲᠠᠳ ᠠᠢᠯ ᠡᠷᠦᠬᠡ ᠳ᠋ᠤ ᠭᠦᠨᠵᠡᠭᠡᠢᠷᠡᠬᠦ᠌᠂ ᠰᠦᠯᠵᠢᠶᠡᠨ ᠳᠡᠭᠡᠷ᠎ᠡ ᠠᠰᠠᠭᠤᠯᠲᠠ ᠬᠠᠷᠢᠭᠤᠯᠬᠤ᠂ ᠲᠥᠪᠯᠡᠷᠡᠭᠦᠯᠦᠨ ᠤᠬᠠᠭᠤᠯᠤᠨ ᠲᠠᠢᠯᠪᠤᠷᠢᠯᠠᠬᠤ ᠵᠡᠷᠭᠡ ᠠᠷᠭ᠎ᠠ ᠬᠡᠯᠪᠡᠷᠢ᠎ᠪᠡᠷ ᠠᠷᠠᠳ ᠲᠦ᠍ ᠠᠱᠢᠭ ᠬᠦᠷᠲᠡᠭᠡᠬᠦ᠌ ᠲᠥᠷᠥ ᠶ᠋ᠢᠨ ᠪᠣᠳᠣᠯᠭ᠎ᠠ ᠵᠢ ᠲᠠᠢᠯᠪᠤᠷᠢᠯᠠᠵᠤ᠂ ᠨᠠᠮ ᠤ᠋ᠨ ᠡᠨᠡᠷᠢᠯ ᠬᠠᠢᠷ᠎ᠠ ᠵᠢ ᠣᠯᠠᠨ ᠲᠦᠮᠡᠨ ᠤ᠋ ᠰᠡᠳᠭᠢᠯ ᠳ᠋ᠤ ᠬᠠᠳᠠᠩᠱᠢᠭᠤᠯᠪᠠ; ᠨᠠᠮ᠎ᠤᠨ ᠭᠡᠱᠢᠭᠦᠨ ᠪᠠ ᠣᠯᠠᠨ ᠲᠦᠮᠡᠨ᠎ᠦ ᠥᠢᠯᠡᠴᠢᠯᠡᠭᠡᠨ᠎ᠦ ᠲᠥᠪ ᠲᠦ᠍᠂ 《ᠨᠠᠮ ᠤ᠋ᠨ ᠠᠷᠠᠳ ᠲᠦ᠍ ᠠᠱᠢᠭ ᠬᠦᠷᠲᠡᠭᠡᠬᠦ᠌ ᠲᠥᠷᠥ ᠶ᠋ᠢᠨ ᠪᠣᠳᠣᠯᠭ᠎ᠠ》 ᠵᠢᠨ ᠭᠠᠷ ᠠᠪᠤᠯᠭ᠎ᠠ  ᠪᠣᠯᠤᠨ ᠬᠣᠶᠠᠷ ᠬᠡᠮᠵᠢᠯᠳᠦ ᠺᠣᠳ᠋ ᠲᠠᠯᠪᠢᠭᠠᠰᠤᠲᠠᠢ ᠪᠠᠢᠵᠤ ᠂ ᠣᠯᠠᠨ ᠲᠦᠮᠡᠨ ᠺᠣᠳ᠋ ᠱᠢᠷᠪᠢᠪᠡᠯ ᠳᠠᠷᠤᠶ ᠲᠥᠷᠥ ᠶ᠋ᠢᠨ ᠪᠣᠳᠣᠯᠭ᠎ᠠ ᠵᠢ ᠣᠢᠯᠠᠭᠠᠵᠤ ᠴᠢᠳᠠᠨ᠎ᠠ ; 《ᠰᠡᠳᠭᠢᠯ ᠢ᠋ ᠳᠤᠯᠠᠭᠠᠴᠠᠭᠤᠯᠤᠮ᠎ᠠ ᠨᠢᠭᠡᠨ ᠲᠡᠪᠲᠡᠷ ᠳᠠᠩᠰᠠ᠂ ᠠᠷᠠᠳ ᠤ᠋ᠨ ᠠᠮᠢᠳᠤᠷᠠᠯ ᠤ᠋ᠨ ᠲᠦᠯᠦᠭᠡ ᠶ᠋ᠢᠨ ᠬᠠᠯᠠᠭᠤᠨ ᠰᠡᠳᠭᠢᠯᠭᠡ》 ᠭᠡᠬᠦ ᠤᠬᠠᠭᠤᠯᠭ᠎ᠠ ᠶ᠋ᠢᠨ ᠹᠢᠯᠢᠮ ᠪᠣᠯᠤᠨ ᠬᠢᠩᠭᠠᠨ ᠠᠢᠮᠠᠭ ᠤ᠋ᠨ ᠭᠡᠷᠡᠯ ᠵᠢᠷᠤᠭ ᠤ᠋ᠨ ᠦᠵᠡᠭᠦᠯᠭᠡ ᠶ᠋ᠢᠨ ᠰᠦᠯᠵᠢᠶᠡᠨ ᠳᠡᠭᠡᠷᠡᠬᠢ ᠦᠵᠡᠭᠦᠯᠭᠡ ᠶ᠋ᠢᠨ ᠲᠢᠩᠬᠢᠮ ᠳ᠋ᠤ᠂ ᠨᠡᠩ ᠴᠤ᠌ ᠤᠯᠠᠨ ᠲᠦᠮᠡᠨ ᠳ᠋ᠤ ᠭᠡᠷᠡᠯ ᠰᠡᠭᠦᠳᠡᠷ ᠤ᠋ᠨ ᠳᠤᠮᠳᠠ ᠰᠠᠢ᠌ᠨ ᠰᠠᠢᠬᠠᠨ ᠠᠮᠢᠳᠤᠷᠠᠯ ᠤ᠋ᠨ ᠪᠠᠶᠠᠷ ᠪᠠᠶᠠᠰᠤᠯ ᠢ᠋ ᠮᠡᠳᠡᠷᠡᠭᠦᠯᠤᠨ᠎ᠠ᠃

《ᠲᠢᠶᠠᠨ ᠶᠤᠸᠠᠨ ᠨᠡᠢᠭᠡᠮ ᠲᠣᠭᠣᠷᠢᠭ ᠲᠦ᠍ ᠰᠠᠭᠤᠭᠠᠳ ᠰᠡᠳᠭᠢᠯ ᠶᠡᠬᠡ ᠲᠠᠭᠠᠯᠠᠮᠵᠢᠲᠠᠢ᠃ ᠵᠠᠮ ᠲᠡᠭ᠌ᠰᠢᠬᠡᠨ᠂ ᠣᠷᠴᠢᠨ ᠲᠣᠭᠣᠷᠢᠨ ᠭᠤᠶᠤ ᠪᠤᠯᠵᠤ᠂ ᠪᠠᠰᠠ ᠡᠯ᠎ᠡ ᠵᠦᠶ᠋ᠯ ᠤ᠋ᠨ ᠰᠣᠶᠣᠯ ᠤ᠋ᠨ ᠬᠥᠳᠡᠯᠭᠡᠭᠡᠨ ᠲᠠᠢ ᠪᠤᠯᠬᠤᠷ ᠮᠠᠨ ᠤ᠋ ᠨᠠᠰᠤᠲᠠᠢᠴᠤᠳ ᠤ᠋ᠨ ᠠᠮᠢᠳᠤᠷᠠᠯ ᠮᠠᠰᠢ ᠪᠠᠶᠠᠯᠢᠭ ᠰᠠᠢᠬᠠᠨ ᠪᠤᠯᠵᠠᠢ》 ᠭᠡᠵᠦ ᠡᠦ ᠢ ᠵᠡᠭᠡᠯᠢ ᠶ᠋ᠢᠨ ᠲᠢᠶᠠᠨ ᠶᠤᠸᠠᠨ ᠨᠡᠢᠭᠡᠮ ᠲᠣᠭᠣᠷᠢᠭ ᠤ᠋ᠨ 《ᠮᠢᠨᠦ᠍ ᠵᠢᠷᠭᠠᠯᠲᠤ ᠠᠮᠢᠳᠤᠷᠠᠯ ᠎ᠵᠢᠡᠨ ᠬᠤᠪᠢᠶᠠᠯᠴᠠᠬᠤ》 ᠶᠠᠷᠢᠯᠴᠠᠬᠤ ᠬᠤᠷᠠᠯ ᠳᠡᠭᠡᠷ᠎ᠡ᠂ 30 ᠭᠠᠷᠤᠢ ᠰᠠᠭᠤᠭᠠᠯᠢ ᠠᠷᠠᠳ᠂ ᠨᠡᠢᠭᠡᠮ ᠲᠣᠭᠣᠷᠢᠭ ᠤ᠋ᠨ ᠺᠠᠳ᠋ᠷ ᠨᠠᠷ ᠲᠣᠭᠣᠢᠯᠠᠨ ᠰᠠᠭᠤᠯᠴᠠᠵᠤ᠂ ᠵᠣᠯ ᠵᠢᠷᠭᠠᠯ ᠢ᠋ᠶ᠋ᠡᠨ ᠲᠤᠭᠠᠴᠢᠨ᠂ ᠰᠠᠨᠠᠭᠤᠯᠭ᠎ᠠ ᠳᠤᠷᠠᠳᠴᠤ᠌᠂ ᠢᠨᠢᠶᠡᠳᠦ ᠬᠦᠷ ᠢ᠋ᠶ᠋ᠡᠷ ᠪᠢᠯᠬᠠᠵᠤ ᠪᠠᠢᠯ᠎ᠠ᠃

ᠡᠨᠡ ᠪᠣᠯ ᠤᠯᠠᠭᠠᠨᠬᠣᠲᠠ ᠶ᠋ᠢᠨ 《ᠳᠡᠯᠭᠡᠨ ᠦᠵᠡᠭᠦᠯᠬᠦ᠌ ᠪᠠ ᠰᠤᠨᠢᠷᠬᠠᠬᠤ》 ᠠᠵᠢᠯᠯᠠᠭ᠎ᠠ ᠶ᠋ᠢᠨ ᠠᠮᠢᠳᠤᠯᠢᠭ ᠬᠤᠷᠢᠶᠠᠩᠭᠤᠢ ᠳᠦᠷᠰᠦ ᠪᠣᠯᠤᠨ᠎ᠠ᠃ ᠪᠦᠬᠦ᠌ ᠬᠣᠲᠠ ᠶ᠋ᠢᠨ 61 ᠭᠠᠴᠠᠭ᠎ᠠ ᠲᠣᠰᠭᠣᠨ᠂ 56 ᠨᠡᠢᠭᠡᠮ ᠲᠣᠭᠣᠷᠢᠭ ᠦᠵᠡᠭᠦᠯᠭᠡ ᠶ᠋ᠢᠨ ᠬᠠᠪᠲᠠᠰᠤ ᠲᠤᠬᠢᠷᠠᠭᠤᠯᠤᠨ᠂ 《ᠲᠠᠯᠠᠷᠬᠠᠯ ᠤ᠋ᠨ ᠬᠡᠷᠡᠮ》 ᠪᠣᠰᠭᠠᠵᠤ᠂ ᠥᠩᠭᠡᠷᠡᠭ᠌ᠰᠡᠨ ᠤᠳᠤ ᠶ᠋ᠢᠨ ᠬᠠᠷᠢᠴᠠᠭᠤᠯᠤᠯ ᠤ᠋ᠨ ᠵᠢᠷᠤᠭ ᠵᠢᠨᠷ ᠳᠠᠮᠵᠢᠭᠤᠯᠤᠨ ᠬᠣᠲᠠ ᠬᠥᠳᠡᠭᠡ ᠶ᠋ᠢᠨ ᠯᠤᠲᠤ ᠶᠡᠬᠡ ᠬᠤᠪᠢᠷᠠᠯᠲᠠ ᠵᠢ ᠦᠨᠡᠨ ᠪᠣᠳᠠᠲᠠᠢ ᠲᠤᠰᠬᠠᠵᠤ᠂ 10 ᠲᠦᠮᠡ ᠭᠠᠷᠤᠢ ᠣᠯᠠᠨ ᠲᠦᠮᠡᠨ ᠳ᠋ᠤ ᠵᠣᠯ ᠵᠢᠷᠭᠠᠯᠲᠤ ᠠᠮᠢᠳᠤᠷᠠᠯ ᠳᠤᠮᠳᠠ ᠬᠦᠷᠳᠡᠮᠵᠢ ᠵᠢᠨ ᠲᠦᠷᠦᠭᠳᠡᠯ ᠤᠯᠭᠤᠨ᠎ᠠ; 《ᠠᠷᠪᠠᠨ ᠨᠢᠭᠡ》 ᠶ᠋ᠢᠨ ᠬᠤᠪᠢᠰᠭᠠᠯ ᠤ᠋ᠨ ᠭᠤᠤᠯ ᠰᠡᠳᠦᠪᠲᠦ ᠱᠢᠷᠢᠰ ᠠᠵᠢᠯᠯᠠᠭ᠎ᠠ ᠨᠢ ᠨᠠᠮ ᠤ᠋ᠨ ᠭᠡᠱᠢᠭᠦᠨ ᠺᠠᠳ᠋ᠷ ᠣᠯᠠᠨ ᠲᠦᠮᠡᠨ ᠢ᠋ 2 ᠲᠦᠮᠡ ᠭᠠᠷᠤᠶ ᠬᠥᠮᠦᠨ ᠤᠳᠠᠭ᠎ᠠ ᠬᠠᠮᠤᠷᠴᠤ᠌᠂ ᠲᠡᠳᠡᠨ ᠢ᠋ ᠰᠤᠷᠤᠯᠴᠠᠬᠤ᠂ ᠦᠵᠡᠬᠦ᠌᠂ ᠰᠣᠨᠣᠰᠭᠤ᠂ ᠶᠠᠪᠤᠬᠤ ᠳᠤᠮᠳᠠ 《ᠨᠠᠮ᠎ᠤᠨ ᠠᠴᠢ᠎ᠳᠦ ᠳᠠᠯᠠᠷᠬᠠᠵᠦ᠂ ᠨᠠᠮ᠎ᠤᠨ ᠦᠭᠡ᠎ᠵᠢ ᠰᠤᠨᠤᠰᠴᠦ᠂ ᠨᠠᠮ ᠵᠢᠡᠨ ᠳᠠᠭᠠᠨ ᠤᠷᠤᠬᠰᠢᠯᠠᠬᠤ》 ᠢᠲᠡᠭᠡᠯ ᠵᠣᠷᠢᠭ ᠢ᠋ ᠨᠢ ᠨᠠᠡᠭ ᠬᠦᠪᠴᠢᠯᠡᠨ᠎ᠠ; ᠨᠢᠰᠭᠡᠯ ᠤ᠋ᠨ ᠪᠠᠭᠤᠳᠠᠯ᠂ ᠠᠶᠠᠨᠴᠢᠳ ᠤ᠋ᠨ ᠲᠡᠷᠭᠡᠨ ᠦᠷᠳᠡᠭᠡ᠂ ᠠᠵᠢᠯᠯᠠᠬᠤ ᠲᠤᠮᠤ ᠠᠰᠠᠷ᠂ ᠭᠠᠴᠠᠭ᠎ᠠ ᠲᠣᠰᠭᠣᠨ ᠵᠡᠷᠭᠡ ᠬᠥᠮᠦᠨ ᠤᠯᠠᠨ ᠭᠠᠵᠠᠷ᠂ ᠡᠯᠧᠺᠲ᠋ᠷᠣᠨ ᠳᠡᠯᠭᠡᠴᠡ ᠪᠣᠯᠤᠨ ᠤᠬᠠᠭᠤᠯᠭ᠎ᠠ ᠶ᠋ᠢᠨ ᠪᠤᠯᠤᠩ ᠳ᠋ᠤ 《ᠵᠢᠷᠭᠤᠭᠠᠨ ᠥᠭᠦᠯᠡᠪᠦᠷᠢ ᠶ᠋ᠢᠨ ᠪᠣᠳᠠᠲᠤ ᠶᠠᠪᠤᠳᠠᠯ ᠪᠠ ᠤᠴᠢᠷ ᠶᠣᠰᠣ》 ᠭᠡᠬᠦ᠌ ᠭᠣᠣᠯ ᠰᠡᠳᠦᠪᠲᠦ ᠤᠷᠢᠶ᠎ᠠ ᠵᠢ ᠦᠷᠭᠦᠯᠵᠢᠯᠡᠨ ᠨᠡᠢᠲᠡᠯᠡᠵᠦ᠍᠂ ᠨᠠᠮ ᠤ᠋ᠨ ᠬᠠᠢᠷ᠎ᠠ ᠬᠠᠯᠠᠮᠵᠢ ᠵᠢ ᠭᠠᠵᠠᠷ ᠪᠤᠯᠭᠠᠨ ᠳ᠋ᠤ ᠨᠡᠢᠲᠡᠯᠡᠨ ᠦᠵᠡᠭᠦᠯᠬᠦ ᠵᠢ ᠪᠡᠶᠡᠯᠡᠭᠦᠯᠤᠨ᠎ᠠ; 《ᠨᠠᠮ ᠳ᠋ᠤ ᠰᠡᠳᠭᠢᠯ ᠤ᠋ᠨ ᠦᠭᠡ ᠪᠠᠨ ᠬᠡᠯᠡᠬᠦ᠌》 ᠦᠵᠡᠭᠦᠯᠭᠡ ᠨᠡᠪᠲᠡᠷᠡᠭᠦᠯᠭᠡ ᠶ᠋ᠢᠨ ᠠᠵᠢᠯᠯᠠᠭ᠎ᠠ ᠳᠤᠮᠳᠠ᠂ 500 ᠭᠠᠷᠤᠶ ᠸᠢᠳᠢᠣ᠋ ᠪᠡᠷ ᠳᠠᠮᠵᠢᠭᠤᠯᠤᠨ ᠠᠷᠠᠳ ᠣᠯᠠᠨ ᠤ᠋ ᠰᠡᠳᠭᠢᠯ ᠤ᠋ᠨ ᠦᠭᠡ ᠵᠢ ᠳᠠᠮᠵᠢᠭᠤᠯᠤᠨ᠎ᠠ᠃

《ᠤᠤᠯ ᠳ᠋ᠠᠭᠠᠨ ᠡᠨᠡ ᠬᠡᠰᠡᠭ ᠵᠠᠮ ᠡᠩᠬᠦᠯ ᠳᠤᠩᠬᠤᠯ ᠪᠠᠢᠵᠤ᠂ ᠤᠰᠤ ᠬᠤᠷᠠᠬᠤ ᠪᠠᠢᠳᠠᠯ ᠬᠦᠨᠳᠦ ᠨᠣᠴᠢᠲᠠᠢ ᠪᠠᠢᠪᠠ᠃ ᠣᠳᠣ ᠵᠠᠮ ᠵᠠᠰᠠᠭᠠᠳ᠂ ᠵᠠᠮ ᠶᠠᠪᠤᠬᠤ᠂ ᠲᠡᠷᠭᠡ ᠵᠢᠯᠣᠭᠣᠳᠭᠤ ᠳ᠋ᠤ ᠪᠦᠷ ᠳᠥᠭᠥᠮ ᠪᠣᠯᠵᠠᠶ᠂ ᠢᠦᠶ ᠱᠦᠵᠢ ᠪᠣᠯᠤᠨ ᠨᠡᠢᠭᠡᠮ ᠲᠣᠭᠣᠷᠢᠭ ᠤ᠋ᠨ ᠺᠠᠳ᠋ᠷ ᠦᠨᠡᠨ ᠰᠡᠳᠭᠢᠯ ᠡᠴᠡ ᠪᠠᠨ ᠣᠯᠠᠨ ᠲᠦᠮᠡᠨ ᠳ᠋ᠤ ᠪᠣᠳᠠᠲᠠᠶ ᠠᠵᠢᠯ ᠬᠢᠵᠦ᠍ ᠪᠠᠢᠨ᠎ᠠ ᠰᠢᠦ》᠃ ᠣᠢᠷ᠎ᠠ ᠳ᠋ᠤ᠂ ᠱᠢᠨ᠎ᠡ ᠬᠣᠲᠠ ᠵᠡᠭᠡᠯᠢ ᠶ᠋ᠢᠨ ᠪᠠᠶ ᠸᠠᠩ ᠨᠡᠢᠭᠡᠮ ᠲᠣᠭᠣᠷᠢᠭ ᠤ᠋ᠨ ᠳ᠋ᠦᠩ ᠱᠢᠨ ᠶᠤᠸᠠᠨ ᠰᠠᠭᠤᠭᠠᠯᠢ ᠠᠷᠠᠳ ᠤ᠋ᠨ ᠲᠤᠭᠤᠷᠢᠭ ᠤ᠋ᠨ ᠰᠠᠭᠤᠭᠠᠯᠢ ᠠᠷᠠᠳ ᠬᠣᠶᠠᠷ ᠭᠡᠮᠡᠷᠯᠢᠭ ᠲᠣᠭ ᠪᠠᠷᠢᠵᠤ ᠵᠡᠭᠡᠯᠢ ᠭᠤᠳᠤᠮᠵᠢ ᠪᠠ ᠨᠡᠢᠭᠡᠮ ᠲᠣᠭᠣᠷᠢᠭ ᠲᠦ᠍ ᠬᠦᠷᠭᠡᠪᠡ᠃

ᠡᠭᠦᠨ ᠡᠴᠡ ᠡᠮᠦᠨ᠎ᠡ᠂ ᠳ᠋ᠦᠩ ᠱᠢᠨ ᠶᠤᠸᠠᠨ ᠰᠠᠭᠤᠭᠠᠯᠢ ᠠᠷᠠᠳ ᠤ᠋ᠨ ᠲᠣᠭᠣᠷᠢᠭ ᠤ᠋ᠨ ᠭᠠᠳᠠᠨᠠᠬᠢ ᠵᠠᠮ ᠡᠩᠬᠦᠯ ᠳᠤᠩᠬᠤᠯ ᠪᠠᠢᠵᠤ᠂ ᠪᠣᠷᠣᠭᠠᠨ ᠤ᠋ ᠤᠯᠠᠷᠢᠯ ᠳ᠋ᠤ ᠤᠰᠤ ᠲᠤᠨᠤᠵᠤ᠂ ᠰᠠᠭᠤᠭᠠᠯᠢ ᠠᠷᠠᠳ ᠭᠠᠳᠠᠭ᠍ᠰᠢ ᠭᠠᠷᠬᠤ ᠳ᠋ᠤ ᠬᠦᠴᠢᠷ ᠪᠠᠢᠵᠠᠢ᠃ ᠪᠠᠶ ᠸᠠᠩ ᠨᠡᠢᠭᠡᠮ ᠲᠣᠭᠣᠷᠢᠭ ᠵᠡᠭᠡᠯᠢ ᠭᠤᠳᠤᠮᠵᠢ ᠶ᠋ᠢᠨ ᠳᠡᠮᠵᠢᠯᠭᠡ ᠳᠤᠤᠷ᠎ᠠ᠂ ᠡᠯᠡᠰᠦ ᠱᠢᠷᠣᠶ ᠵᠥᠭᠡᠭᠡᠪᠦᠷᠢᠯᠡᠨ ᠨᠦᠬᠦᠵᠦ ᠳᠡᠪᠢᠰᠴᠦ᠂ ᠵᠠᠮ ᠰᠠᠷᠠᠭᠤᠯ ᠲᠡᠭᠰᠢ ᠪᠤᠯᠵᠠᠢ᠃ 《ᠠᠷᠠᠳ ᠲᠦᠮᠡᠨ ᠳ᠋ᠤ ᠦᠶ᠋ᠯᠡᠴᠢᠯᠡᠬᠦ᠌ ᠪᠣᠯ ᠨᠠᠮ ᠤ᠋ᠨ ᠭᠡᠱᠢᠭᠦᠨ ᠺᠠᠳ᠋ᠷᠴᠤᠳ ᠤ᠋ᠨ ᠬᠠᠷᠢᠭᠤᠴᠠᠯᠭ᠎ᠠ ᠮᠥᠨ᠂ ᠣᠯᠠᠨ ᠲᠦᠮᠡᠨ ᠤ᠋ ᠮᠠᠬᠲᠠᠭᠠᠯ ᠰᠠᠢᠰᠢᠶᠠᠯ ᠪᠣᠯ ᠪᠢᠳᠡᠨ ᠤ᠋ ᠬᠠᠮᠤᠭ ᠤ᠋ᠨ ᠶᠡᠬᠡ ᠬᠥᠳᠡᠯᠭᠡᠬᠦ᠌ ᠬᠦᠴᠦᠨ ᠮᠥᠨ》 ᠭᠡᠰᠡᠨ ᠱᠢᠨ ᠴᠸᠩ ᠵᠡᠭᠡᠯᠢ ᠶ᠋ᠢᠨ ᠨᠠᠮ ᠤ᠋ᠨ ᠠᠵᠢᠯ᠎ᠤᠨ ᠬᠣᠷᠢᠶ᠎ᠠ ᠶ᠋ᠢᠨ ᠱᠦᠵᠢ ᠢᠦᠢ ᠱᠢᠶᠤᠤ ᠮᠢᠩ ᠤ᠋ᠨ ᠦᠭᠡ ᠨᠢ ᠪᠦᠬᠦᠢᠯᠡ  ᠺᠠᠳ᠋ᠷ ᠤ᠋ᠨ ᠪᠤᠳᠤᠯ ᠰᠠᠨᠠᠯ ᠎ᠢ ᠲᠤᠳᠤᠷᠠᠭᠤᠯᠤᠨ᠎ᠠ᠃

ᠡᠳᠦᠭᠡ᠂ ᠤᠯᠠᠭᠠᠨᠬᠣᠲᠠ ᠭᠤᠷᠪᠠᠨ ᠱᠠᠲᠤ ᠪᠡᠷ ᠬᠣᠯᠪᠣᠭᠠᠯᠠᠨ ᠬᠥᠳᠡᠯᠦᠯᠴᠡᠵᠦ᠍ 《ᠳᠥᠷᠪᠡ ᠵᠢ ᠦᠨᠳᠦᠰᠦᠨ ᠱᠠᠲᠤᠨ ᠳ᠋ᠤ ᠪᠠᠭᠤᠯᠭᠠᠬᠤ》 ᠠᠵᠢᠯ ᠢ᠋ ᠢᠳᠡᠪᠬᠢᠲᠡᠶ ᠠᠬᠢᠭᠤᠯᠵᠤ᠂ ᠨᠠᠮ ᠤ᠋ᠨ ᠭᠡᠱᠢᠭᠦᠨ ᠺᠠᠳ᠋ᠷ ᠤ᠋ᠨ ᠦᠨᠳᠦᠰᠦᠨ ᠱᠠᠲᠤᠨ ᠳ᠋ᠤ ᠪᠠᠭᠤᠵᠤ ᠣᠯᠠᠨ ᠲᠦᠮᠡᠨ ᠢ᠋ ᠰᠤᠷᠪᠤᠯᠵᠢᠯᠠᠬᠤ ᠵᠢ ᠪᠠᠢᠩᠭᠤ ᠵᠣᠬᠢᠶᠠᠨ ᠪᠠᠢᠭᠤᠯᠤᠨ᠂ ᠥᠷᠭᠡᠨ ᠣᠯᠠᠨ ᠲᠦᠮᠡᠨ ᠢ᠋ ᠬᠥᠲᠥᠯᠥᠨ ᠵᠢᠯᠣᠭᠣᠳᠴᠤ᠌ ᠪᠠᠢᠭᠠᠳ ᠨᠠᠮ ᠤ᠋ᠨ ᠬᠠᠢᠷ᠎ᠠ ᠬᠠᠯᠠᠮᠵᠢ ᠵᠢ ᠮᠡᠳᠡᠷᠡᠭᠦᠯᠵᠦ᠂ ᠣᠳᠣᠬᠠᠨ ᠳ᠋ᠤ ᠨᠢᠭᠡᠨᠲᠡ 192 ᠠᠰᠠᠭᠤᠳᠠᠯ ᠢ᠋ ᠱᠢᠶ᠋ᠳᠪᠦᠷᠢᠯᠡᠬᠦ᠌ ᠵᠢ ᠠᠬᠢᠭᠤᠯᠪᠠ; ᠵᠤᠬᠢᠶᠠᠨ ᠪᠠᠢᠭᠤᠯᠬᠤ ᠰᠠᠯᠠᠭ᠎ᠠ ᠮᠥᠴᠢᠷ ᠡᠴᠡ ᠠᠷᠠᠳ ᠤ᠋ᠨ ᠠᠮᠢᠳᠤᠷᠠᠯ ᠤ᠋ᠨ ᠬᠦᠷᠢᠶ᠎ᠡ ᠴᠠᠷᠠᠭ᠎ᠠ ᠳ᠋ᠤ ᠬᠣᠯᠪᠣᠭ᠍ᠳᠠᠭ᠍ᠰᠠᠨ ᠰᠠᠯᠠᠭ᠎ᠠ ᠮᠥᠴᠢᠷ ᠨᠢᠭᠡᠴᠢ ᠵᠢ ᠨᠢᠭᠡᠳᠦᠯᠲᠡᠶ ᠲᠥᠯᠥᠪᠵᠢᠭᠦᠯᠦᠨ ᠠᠷᠠᠳ ᠤ᠋ᠨ ᠠᠮᠢᠳᠤᠷᠠᠯ ᠤ᠋ᠨ ᠵᠦᠶ᠋ᠯᠡᠰ ᠤ᠋ᠨ ᠨᠠᠷᠢᠨ ᠳᠠᠨᠭᠰᠠ ᠵᠢ ᠪᠠᠢᠭᠤᠯᠵᠤ᠂ ᠠᠵᠢᠯ ᠣᠯᠭᠣᠯᠲᠠ᠂ ᠰᠤᠷᠭᠠᠨ ᠬᠥᠮᠦᠵᠢᠯ᠂ ᠡᠮᠴᠢᠯᠡᠭᠡ᠂ ᠨᠠᠢᠳᠠᠵᠤ ᠬᠥᠮᠦᠵᠢᠭᠦᠯᠬᠦ᠌᠂ ᠣᠷᠣᠨ ᠰᠠᠭᠤᠴᠠ᠂ ᠨᠠᠰᠤᠵᠢᠯ ᠤ᠋ᠨ ᠠᠰᠠᠷᠠᠮᠵᠢ ᠵᠡᠷᠭᠡ ᠬᠦᠷᠢᠶ᠎ᠡ ᠴᠠᠷᠠᠭ᠎ᠠ ᠳ᠋ᠡᠬᠢ ᠲᠣᠪᠣᠢᠮ᠎ᠠ ᠠᠰᠠᠭᠤᠳᠠᠯ ᠢ᠋ ᠬᠦᠴᠦᠯᠡᠨ ᠱᠢᠶ᠋ᠳᠪᠦᠷᠢᠯᠡᠪᠡ; ᠪᠠᠯᠭᠠᠰᠤ ᠪᠠ ᠵᠡᠭᠡᠯᠢ ᠭᠤᠳᠤᠮᠵᠢ ᠡᠴᠡ ᠣᠯᠠᠨ ᠲᠦᠮᠡᠨ ᠤ᠋ ᠪᠠᠴᠢᠮᠳᠠᠵᠤ ᠬᠦᠴᠢᠷᠳᠡᠵᠦ ᠵᠤᠪᠠᠨᠢᠵᠤ ᠬᠦᠰᠡᠵᠦ ᠪᠠᠢᠭ᠎ᠠ ᠵᠦᠢᠯᠡᠰ ᠲᠦ᠍ ᠠᠩᠬᠠᠷᠤᠯ ᠢ᠋ᠶ᠋ᠡᠨ ᠲᠥᠪᠯᠡᠷᠡᠭᠦᠯᠵᠦ᠍᠂ ᠰᠠᠭᠤᠭᠠᠯᠢ ᠠᠷᠠᠳ ᠤ᠋ᠨ ᠲᠣᠭᠣᠷᠢᠭ ᠤ᠋ᠨ ᠰᠠᠭᠤᠷᠢ ᠲᠥᠬᠥᠭᠡᠷᠦᠮᠵᠢ ᠶ᠋ᠢᠨ ᠲᠤᠬᠠᠢ 4 ᠠᠰᠠᠭᠤᠳᠠᠯ᠂ ᠣᠯᠠᠨ ᠲᠦᠮᠡᠨ ᠤ᠋ ᠶᠠᠪᠤᠵᠤ ᠰᠠᠭᠤᠬᠤ ᠲᠤᠬᠠᠢ 7 ᠬᠦᠴᠢᠷ ᠠᠰᠠᠭᠤᠳᠠᠯ᠂ ᠰᠠᠭᠤᠭᠠᠯᠢ ᠠᠷᠠᠳ ᠤ᠋ᠨ ᠠᠵᠢᠯ ᠣᠯᠭᠣᠯᠲᠠ ᠪᠠ ᠣᠷᠣᠯᠭ᠎ᠠ᠎ᠪᠠᠨ ᠨᠡᠮᠡᠭ᠌ᠳᠡᠭᠦᠯᠬᠦ᠌ ᠲᠤᠬᠠᠢ 1 ᠬᠦᠴᠢᠷ ᠠᠰᠠᠭᠤᠳᠠᠯ ᠢ᠋ ᠱᠢᠶ᠋ᠳᠪᠦᠷᠢᠯᠡᠪᠡ᠃

ᠦᠨᠳᠦᠰᠦᠨ ᠱᠠᠲᠤᠨ ᠤ᠋ ᠲᠤᠬᠠᠢ ᠶ᠋ᠢᠨ ᠭᠠᠵᠠᠷ ᠲᠦ᠍ ᠤᠬᠠᠭᠤᠯᠤᠨ ᠲᠠᠢᠯᠪᠤᠷᠢᠯᠠᠬᠤ ᠡᠴᠡ ᠨᠡᠢᠭᠡᠮ ᠲᠣᠭᠣᠷᠢᠭ ᠤ᠋ᠨ ᠦᠵᠡᠭᠦᠯᠭᠡ ᠶ᠋ᠢᠨ ᠰᠠᠮᠪᠠᠷ᠎ᠠ ᠳ᠋ᠡᠬᠢ ᠥᠩᠭᠡᠷᠡᠭ᠌ᠰᠡᠨ ᠤᠳᠤ ᠶ᠋ᠢᠨ ᠬᠠᠷᠢᠴᠠᠭᠤᠯᠤᠯ ᠬᠦᠷᠲᠡᠯ᠎ᠡ᠂ ᠡᠭᠦᠯᠡᠨ ᠺᠣᠳ᠋ ᠱᠢᠷᠪᠢᠵᠦ ᠦᠵᠡᠭᠦᠯᠭᠡ ᠰᠤᠨᠢᠷᠬᠠᠬᠤ ᠡᠴᠡ ᠨᠠᠰᠤᠲᠠᠨ ᠢ᠋ ᠠᠰᠠᠷᠠᠬᠤ ᠬᠦᠷᠢᠶᠡᠯᠡᠩ ᠤ᠋ᠨ ᠡᠷᠡᠭᠦᠯ ᠮᠡᠨᠳᠦ᠍ ᠵᠢ ᠬᠠᠮᠠᠭᠠᠯᠠᠬᠤ ᠬᠦᠷᠲᠡᠯ᠎ᠡ᠂ ᠤᠯᠠᠭᠠᠨᠬᠣᠲᠠ 《ᠲᠠᠢᠯᠪᠤᠷᠢᠯᠠᠬᠤ᠂ ᠳᠡᠯᠭᠡᠨ ᠦᠵᠡᠭᠦᠯᠬᠦ᠌᠂ ᠰᠤᠷᠪᠤᠯᠵᠢᠯᠠᠬᠤ》 ᠪᠣᠳᠠᠲᠤ ᠠᠵᠢᠯᠯᠠᠭ᠎ᠠ ᠪᠡᠷ ᠢ᠋ᠶ᠋ᠡᠨ 《ᠵᠢᠷᠭᠤᠭᠠᠨ ᠥᠭᠦᠯᠡᠪᠦᠷᠢ ᠶ᠋ᠢᠨ ᠪᠣᠳᠠᠲᠤ ᠶᠠᠪᠤᠳᠠᠯ ᠪᠠ ᠶᠣᠰᠣ ᠤᠴᠢᠷ》 ᠢ᠋ ᠠᠷᠠᠳ ᠤᠯᠠᠨ ᠤ᠋ ᠡᠳᠦᠷ ᠲᠤᠳᠤᠮ ᠤ᠋ᠨ ᠠᠮᠢᠳᠤᠷᠠᠯ ᠳ᠋ᠤ ᠠᠭᠤᠰᠭᠠᠨ ᠣᠷᠣᠭᠤᠯᠪᠠ᠃ ᠨᠠᠮ ᠤ᠋ᠨ ᠡᠨᠡᠷᠢᠯ ᠬᠠᠢᠷ᠎ᠠ ᠭᠡᠳᠡᠭ ᠨᠢ ᠬᠡᠢᠰᠪᠦᠷᠢ ᠦᠭᠡᠰ ᠪᠢᠰᠢ᠂ ᠬᠠᠷᠢᠨ ᠰᠣᠨᠣᠰᠳᠠᠬᠤ᠂ ᠮᠡᠳᠡᠷᠡᠭ᠌ᠳᠡᠬᠦ᠌ ᠦᠨᠡᠨ ᠪᠣᠳᠠᠲᠠᠢ ᠳᠤᠯᠠᠭᠠᠨ ᠤᠷᠤᠰᠭᠠᠯ ᠪᠤᠯᠵᠤ᠂ ᠡᠴᠦᠰ ᠲᠡᠭᠡᠨ ᠤᠯᠠᠭᠠᠨᠬᠤᠲᠠ ᠶ᠋ᠢᠨ ᠬᠥᠪᠡᠭᠦᠳ ᠥᠬᠢᠳ ᠤ᠋ᠨ 《ᠨᠠᠮ᠎ᠤᠨ ᠠᠴᠢ᠎ᠳᠦ ᠳᠠᠯᠠᠷᠬᠠᠵᠦ᠂ ᠨᠠᠮ᠎ᠤᠨ ᠦᠭᠡ᠎ᠵᠢ ᠰᠤᠨᠤᠰᠴᠦ᠂ ᠨᠠᠮ ᠵᠢᠡᠨ ᠳᠠᠭᠠᠨ ᠤᠷᠤᠬᠰᠢᠯᠠᠬᠤ》 ᠰᠦᠷ ᠳᠠᠯᠠᠢᠴᠠᠲᠠᠢ ᠬᠦᠴᠦᠨ ᠴᠢᠳᠠᠯ ᠪᠣᠯᠤᠨ ᠡᠷᠡᠰ ᠪᠠᠲᠤ ᠠᠯᠬᠤᠭ᠎ᠠ ᠪᠤᠯᠵᠤ ᠪᠦᠷᠢᠯᠳᠦᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号