ᠳᠠᠯᠠᠳ ᠬᠣᠱᠢᠭᠤ᠄ ᠲᠥᠷᠥ᠎ᠶ᠋ᠢᠨ ᠪᠣᠳᠣᠯᠭ᠎ᠠ ᠵᠢ ᠤᠯᠠᠨ ᠲᠦᠮᠡᠨ᠎ᠤ ᠲᠡᠷᠭᠡᠳᠡ ᠬᠦᠷᠭᠡᠵᠦ ᠲᠠᠷᠢᠶᠠᠴᠢᠳ ᠲᠸ᠋ ᠠᠰᠢᠭ ᠬᠦᠷᠳᠡᠭᠡᠬᠦ ᠨᠦᠬᠦᠪᠦᠷᠢ ᠮᠦᠩᠬᠦ ᠠᠷᠠᠳ᠎ᠤᠨ ᠰᠡᠳᠬᠢᠯ᠎ᠢ ᠲᠤᠯᠠᠭᠠᠴᠠᠭᠤᠯᠤᠨ᠎ᠠ
2025-10-11 11:07:50
ᠵᠣᠬᠢᠶᠠᠭ᠍ᠴᠢ᠄
ᠮᠤᠤ ᠺᠠᠶ ᠶᠠᠨ
ᠣᠩᠱᠢᠭ᠍ᠰᠠᠨ ᠣᠳᠠᠭ᠎ᠠ᠄
★★★☆☆

ᠨᠠᠮ᠎ᠤᠨ ᠠᠷᠠᠳ᠎ᠲᠤ ᠠᠱᠢᠭ ᠬᠦᠷᠲᠡᠭᠡᠵᠦ᠍ ᠲᠠᠷᠢᠶᠠᠴᠢᠳ᠎ᠲᠤ ᠠᠱᠢᠭ ᠬᠦᠷᠲᠡᠭᠡᠬᠦ᠌ ᠲᠦᠷᠦ᠍᠎ᠶ᠋ᠢᠨ ᠪᠤᠳᠤᠯᠭ᠎ᠠ᠎ᠵᠢ ᠦᠨᠡᠯᠡᠬᠦ᠎ᠳᠦ ᠤᠯᠠᠨ ᠲᠦᠮᠡᠨ ᠬᠠᠮᠤᠭ᠎ᠠᠴᠠ ᠢᠯᠡᠭᠦᠦ ᠦᠭᠡ ᠬᠡᠯᠡᠬᠦ᠌ ᠡᠷᠬᠡ᠎ᠲᠡᠶ ᠪᠢᠯᠡ᠃

9 ᠰᠠᠷ᠎ᠠ᠎ᠶ᠋ᠢᠨ 24 ᠤ᠋ ᠦᠳᠡ᠎ᠶ᠋ᠢᠨ ᠡᠮᠦᠨ᠎ᠡ᠂ ᠣᠷᠳᠣᠰ ᠬᠣᠲᠠ᠎ᠶ᠋ᠢᠨ ᠳᠠᠯᠠᠳ ᠬᠣᠱᠢᠭᠤ ᠽᠠᠨᠳᠠᠨ ᠵᠣᠣ ᠰᠤᠮᠤ᠎ᠶ᠋ᠢᠨ ᠵᠠᠰᠠᠭ᠎ᠤᠨ ᠣᠷᠳᠣᠨ᠎ᠤ ᠠᠭᠤᠳᠠᠮ ᠲᠠᠯᠠᠪᠠᠶ᠎ᠳᠤ《ᠨᠠᠮ᠎ᠤᠨ ᠠᠴᠢ᠎ᠳᠤ ᠲᠠᠯᠠᠷᠬᠠᠵᠤ᠂ ᠨᠠᠮ᠎ᠤᠨ ᠦᠭᠡ᠎ᠶ᠋ᠢ ᠰᠣᠨᠣᠰᠴᠤ᠌᠂ ᠨᠠᠮ᠎ᠢᠶᠠᠨ ᠳᠠᠭᠠᠨ ᠤᠷᠤᠭᠰᠢᠯᠠᠬᠤ》ᠣᠯᠠᠨ ᠲᠦᠮᠡᠨᠴᠢ ᠬᠥᠮᠦᠵᠢᠯ᠎ᠢᠶᠡᠷ ᠠᠷᠠᠳ᠎ᠲᠤ ᠠᠱᠢᠭ ᠬᠦᠷᠲᠡᠭᠡᠵᠦ᠍ ᠲᠠᠷᠢᠶᠠᠴᠢᠳ᠎ᠲᠤ ᠠᠱᠢᠭ ᠬᠦᠷᠲᠡᠭᠡᠬᠦ᠌ ᠲᠥᠷᠥ᠎ᠶ᠋ᠢᠨ ᠪᠣᠳᠣᠯᠭ᠎ᠠ᠎ᠶ᠋ᠢ ᠲᠥᠪᠯᠡᠷᠡᠭᠦᠯᠦᠨ ᠤᠬᠠᠭᠤᠯᠤᠨ ᠲᠠᠢᠯᠪᠤᠷᠢᠯᠠᠬᠤ ᠪᠠ ᠨᠥᠬᠥᠪᠥᠷᠢ ᠣᠯᠭᠣᠬᠤ ᠠᠵᠢᠯᠯᠠᠭ᠎ᠠ᠎ᠥᠷᠨᠢᠭᠦᠯᠪᠡ᠃

ᠲᠣᠰ ᠤᠳᠠᠭ᠎ᠠ ᠽᠠᠨᠳᠠᠨ ᠵᠣᠣ ᠰᠤᠮᠤᠨ᠎ᠳ᠋ᠤ ᠲᠥᠪᠯᠡᠷᠡᠭᠦᠯᠦᠨ ᠲᠠᠷᠬᠠᠭᠠᠭ᠍ᠰᠠᠨ ᠨᠥᠬᠥᠪᠥᠷᠢ ᠮᠦᠩᠬᠦ᠎ᠳᠦ ᠮᠠᠯ ᠠᠵᠤ ᠠᠬᠤᠶ᠎ᠶ᠋ᠢᠨ ᠰᠠᠢᠨ ᠡᠭᠦᠯᠳᠡᠷ᠎ᠦᠨ ᠨᠥᠬᠥᠪᠥᠷᠢ᠂ ᠲᠠᠷᠢᠶᠠᠯᠠᠩ᠎ᠤᠨ ᠮᠠᠱᠢᠨ ᠪᠠᠭᠠᠵᠢ ᠬᠤᠳᠠᠯᠳᠤᠨ ᠠᠪᠬᠤ ᠪᠠ ᠬᠡᠷᠡᠭ᠌ᠯᠡᠭᠡᠨ᠎ᠤ ᠨᠥᠬᠥᠪᠥᠷᠢ᠂ ᠬᠦᠳᠡᠯᠮᠤᠷᠢᠯᠡᠬᠦ᠎ᠪᠠᠷ ᠲᠡᠳᠬᠦᠮᠵᠢ᠎ᠶ᠋ᠢ ᠣᠷᠣᠯᠠᠭᠤᠯᠬᠤ ᠪᠠᠯᠠ ᠮᠥᠩᠭᠥ᠌ ᠵᠡᠷᠭᠡ ᠭᠤᠷᠪᠠᠨ ᠶᠡᠬᠡ ᠲᠥᠷᠥᠯ᠎ᠢ ᠪᠠᠭᠳᠠᠭᠠᠵᠠᠢ᠃ ᠡᠭᠦᠨ᠎ᠳᠦ ᠮᠠᠯ ᠠᠵᠤ ᠠᠬᠤᠶ᠎ᠶ᠋ᠢᠨ ᠰᠠᠢᠨ ᠡᠭᠦᠯᠳᠡᠷ᠎ᠦᠨ ᠨᠥᠬᠥᠪᠥᠷᠢ 7.25 ᠲᠦᠮᠡᠨ ᠲᠥᠭᠥᠷᠢᠭ ᠪᠠᠢᠵᠤ᠂ 28 ᠲᠡᠵᠢᠭᠡᠨ ᠦᠷᠡᠵᠢᠭᠦᠯᠬᠦ᠌ ᠡᠷᠦᠬᠡ ᠳ᠋ᠤ ᠠᠰᠢᠭ ᠬᠦᠷᠳᠡᠭᠡᠪᠡ; ᠲᠠᠷᠢᠶᠠᠯᠠᠩ᠎ᠤᠨ ᠮᠠᠱᠢᠨ ᠪᠠᠭᠠᠵᠢ ᠬᠤᠳᠠᠯᠳᠤᠨ ᠠᠪᠬᠤ ᠪᠠ ᠬᠡᠷᠡᠭ᠌ᠯᠡᠭᠡᠨ᠎ᠤ ᠨᠥᠬᠥᠪᠥᠷᠢ 24.78 ᠲᠦᠮᠡᠨ ᠲᠥᠭᠥᠷᠢᠭ ᠪᠠᠢᠵᠤ᠂ 20 ᠨᠤᠲᠤᠭ᠎ᠤᠨ ᠠᠬ᠎ᠠ ᠳᠡᠭᠦᠦ᠍᠎ᠨᠡᠷ᠎ᠢ ᠬᠠᠮᠤᠷᠴᠠᠢ; ᠬᠦᠳᠡᠯᠮᠤᠷᠢᠯᠡᠬᠦ᠎ᠪᠠᠷ ᠲᠡᠳᠬᠦᠮᠵᠢ ᠎ᠶ᠋ᠢ ᠣᠷᠣᠯᠠᠭᠤᠯᠬᠤ ᠪᠠᠯᠠ ᠮᠥᠩᠭᠥ᠌ 460.54 ᠲᠦᠮᠡᠨ ᠲᠥᠭᠥᠷᠢᠭ ᠪᠠᠢᠵᠤ᠂ 3282 ᠬᠡᠷ ᠪᠦᠯᠢ᠎ᠳᠦ ᠠᠰᠢᠭ ᠬᠦᠷᠳᠡᠭᠡᠪᠡ᠃ ᠨᠥᠬᠥᠪᠥᠷᠢ ᠪᠦᠷᠢ ᠨᠢ ᠢᠯᠡ ᠲᠣᠳᠣ᠂ ᠠᠰᠢᠭ ᠤᠯᠵᠠᠪᠤᠷᠢ ᠨᠢ ᠨᠢᠳᠤᠨ ᠳ᠋ᠤ ᠦᠵᠡᠭᠳᠡᠮ᠎ᠠ ᠭᠠᠷ ᠲᠸ᠋ ᠪᠠᠷᠢᠭᠳᠡᠮ᠎ᠠ ᠪᠠᠢᠵᠤ᠂ ᠮᠠᠯᠴᠢᠨ ᠲᠠᠷᠢᠶᠠᠴᠢᠨ᠎ᠳᠤ ᠰᠠᠢ᠌ᠨ ᠲᠦᠷᠦ᠍᠎ᠶ᠋ᠢᠨ ᠪᠤᠳᠤᠯᠭ᠎ᠠ᠎ᠶ᠋ᠢᠨ ᠠᠱᠢᠭ ᠲᠤᠰᠠ ᠵᠢ ᠦᠨᠡᠨᠬᠦ ᠬᠦᠷᠲᠡᠭᠡᠵᠦ᠍᠂ ᠲᠡᠳᠡᠨ᠎ᠦ ᠬᠣᠶᠠᠷ ᠭᠠᠷ ᠎ᠢᠶᠠᠷ᠎ᠢᠶᠠᠨ ᠵᠣᠯ ᠵᠢᠷᠭᠠᠯᠲᠤ ᠠᠮᠢᠳᠤᠷᠠᠯ᠎ᠢᠶᠠᠨ ᠴᠣᠭ᠍ᠴᠠᠯᠠᠬᠤ ᠢᠲᠡᠭᠡᠯ ᠵᠤᠷᠢᠭ᠎ᠢ ᠤᠯᠠᠮ ᠪᠠᠲᠤᠳᠭᠠᠵᠠᠢ᠃

《ᠡᠨᠡ ᠵᠢᠯ 35 ᠲᠦᠮᠡ ᠭᠠᠷᠤᠢ ᠲᠦᠬᠦᠷᠢᠭ᠎ᠦᠨ ᠲᠣᠮᠣ ᠬᠡᠯᠪᠡᠷᠢ᠎ᠶ᠋ᠢᠨ ᠲᠷᠠᠺᠲ᠋ᠣᠷ ᠬᠤᠳᠠᠯᠳᠤᠨ ᠠᠪᠴᠠᠶ᠂ ᠤᠯᠤᠰ᠎ᠠᠴᠠ ᠨᠢᠭᠡ ᠯᠡ ᠳᠡᠭᠡᠷ᠎ᠡ 3 ᠲᠦᠮᠡ ᠭᠠᠷᠤᠶ ᠲᠥᠭᠥᠷᠢᠭ᠎ᠦᠨ ᠨᠥᠬᠥᠪᠥᠷᠢ ᠦᠭᠴᠡᠢ᠂ ᠲᠡᠷᠡᠴᠢᠯᠡᠨ ᠨᠥᠬᠥᠪᠥᠷᠢ ᠵᠢᠨ ᠮᠦᠩᠬᠦ ᠨᠢ ᠴᠠᠭ᠎ᠲᠠᠭᠠᠨ ᠲᠠᠩᠰᠠᠨ᠎ᠳᠤ ᠤᠷᠤᠵᠤ ᠢᠷᠡᠭᠰᠡᠨ ᠡᠴᠡ ᠮᠢᠨᠦ᠍ ᠳᠠᠷᠤᠭᠠᠰᠤ᠎ᠶ᠋ᠢ ᠶᠡᠬᠡ᠎ᠪᠡᠷ ᠬᠥᠩᠭᠡᠷᠡᠭᠦᠯᠵᠠᠢ!》 ᠭᠡᠵᠦ᠍ ᠽᠠᠨᠳᠠᠨ ᠵᠤᠤ ᠰᠤᠮᠤ᠎ᠶ᠋ᠢᠨ ᠲᠢᠶᠠᠨ ᠢ ᠴᠠᠩ ᠲᠣᠰᠭᠣᠨ᠎ᠤ ᠸᠠᠩ ᠯᠢᠨ ᠷᠦ᠋ ᠨᠢᠭᠤᠷ ᠳᠦᠭᠦᠷᠡᠩ ᠪᠠᠶᠠᠷ ᠳᠠᠢ ᠬᠡᠯᠡᠯ᠎ᠡ᠃ ᠲᠡᠷᠡ ᠪᠡᠷ ᠰᠠᠶᠢᠬᠠᠨ 3.28 ᠲᠦᠮᠡᠨ ᠲᠥᠭᠥᠷᠢᠭ᠎ᠦᠨ ᠲᠠᠷᠢᠶᠠᠯᠠᠩ᠎ᠤᠨ ᠮᠠᠱᠢᠨ ᠪᠠᠭᠠᠵᠢ ᠬᠤᠳᠠᠯᠳᠤᠨ ᠠᠪᠤᠭᠰᠠᠨ ᠪᠠ ᠬᠡᠷᠡᠭ᠌ᠯᠡᠭᠡᠨ᠎ᠦ ᠨᠥᠬᠥᠪᠥᠷᠢ ᠮᠥᠩᠭᠥ᠌ ᠣᠯᠵᠤ᠂  《ᠪᠢ ᠨᠠᠮ᠎ᠤᠨ ᠠᠴᠢ᠎ᠶ᠋ᠢ ᠢᠮᠠᠭ᠍ᠲᠠ ᠪᠠᠲᠤ ᠴᠡᠭᠡᠵᠢᠯᠡᠵᠦ᠍᠂ ᠨᠠᠮ᠎ᠤᠨ ᠦᠭᠡ᠎ᠶ᠋ᠢ ᠡᠷᠡᠰ ᠰᠣᠨᠣᠰᠴᠤ᠌ ᠂ ᠨᠠᠮ᠎ᠢᠶᠠᠨ ᠳᠠᠭᠠᠨ ᠤᠷᠤᠭ᠍ᠰᠢᠯᠠᠵᠤ ᠂ ᠬᠣᠢᠱᠢᠳᠠ ᠨᠡᠩ ᠰᠠᠢᠲᠤᠷ ᠠᠵᠢᠯᠯᠠᠵᠤ᠂ ᠠᠮᠢᠳᠤᠷᠠᠯ᠎ᠢᠶᠠᠨ ᠶᠠᠪᠤᠬᠤ ᠲᠤᠳᠤᠮ ᠥᠭᠡᠳᠡ ᠡᠰᠡᠷᠡᠭ ᠪᠣᠯᠭᠠᠨ᠎ᠠ! 》 ᠬᠡᠯ᠎ᠡ᠃

ᠡᠨᠡ ᠵᠢᠯ᠎ᠡᠴᠡ ᠨᠠᠭᠠᠰᠢ ᠳᠠᠯᠠᠳ ᠬᠣᠱᠢᠭᠤ  8 ᠬᠦᠷᠢᠶ᠎ᠡ ᠴᠠᠷᠠᠭ᠎ᠠ ᠵᠢᠨ 36 ᠲᠥᠷᠥᠯ᠎ᠦᠨ ᠨᠥᠬᠥᠪᠥᠷᠢ ᠮᠥᠩᠭᠥ᠎ᠶ᠋ᠢ 3.14 ᠳ᠋ᠦᠩᠱᠢᠭᠤᠷ ᠲᠥᠭᠥᠷᠢᠭ ᠲᠠᠷᠬᠠᠭᠠᠵᠤ ᠂ 51.8 ᠲᠦᠮᠡ ᠭᠠᠷᠤᠶ ᠬᠥᠮᠦᠨ ᠤᠳᠠᠭ᠎ᠠ᠎ᠳᠤ ᠠᠱᠢᠭ ᠬᠦᠷᠲᠡᠭᠡᠪᠡ᠃ ᠨᠦᠬᠦᠪᠤᠷᠢ ᠨᠢᠭᠡᠪᠦᠷᠢ᠎ᠶ᠋ᠢ ᠨᠠᠷᠢᠯᠢᠭ ᠣᠨᠣᠴᠠᠲᠠᠶ᠎ᠪᠠᠷ ᠠᠷᠠᠳ᠎ᠤᠨ ᠠᠮᠢᠳᠤᠷᠠᠯ᠎ᠤᠨ ᠬᠡᠷᠡᠭ᠌ᠴᠡᠭᠡ᠎ᠳᠦ ᠬᠦᠷᠭᠡᠵᠦ᠍ ᠪᠠᠢᠭ᠎ᠠ ᠨᠢ ᠨᠠᠮ ᠪᠠ ᠵᠠᠰᠠᠭ᠎ᠤᠨ ᠣᠷᠳᠣᠨ᠎ᠤ ᠬᠠᠢᠷ᠎ᠠ ᠬᠠᠯᠠᠮᠵᠢ᠎ᠶ᠋ᠢ ᠳᠠᠮᠵᠢᠭᠤᠯᠵᠤ ᠪᠠᠢᠭ᠎ᠠ ᠶᠤᠮ᠃

《 ᠲᠠ ᠨᠠᠷ ᠢᠷᠡᠵᠦ᠍ ᠦᠵᠡᠭᠡᠷᠡᠶ! ᠥᠨᠥᠳᠦᠷ ᠲᠠ ᠨᠠᠷ ᠲᠸ᠋  〈ᠠᠰᠠᠷᠠᠮᠵᠢ᠎ᠶ᠋ᠢᠨ ᠺᠠᠷᠲ〉 —  ᠠᠷᠠᠳ ᠲᠸ᠋ ᠠᠱᠢᠭ ᠬᠦᠷᠲᠡᠭᠡᠵᠦ᠍ ᠲᠠᠷᠢᠶᠠᠴᠢᠳ᠎ᠲᠤ ᠠᠱᠢᠭ ᠬᠦᠷᠲᠡᠭᠡᠬᠦ᠌ ᠡᠳ᠋᠎ᠦᠨ ᠵᠠᠰᠠᠭ᠎ᠤᠨ ᠨᠥᠬᠥᠪᠥᠷᠢ᠎ᠶ᠋ᠢᠨ〈ᠪᠦᠷᠢᠨ ᠴᠢᠲᠠᠮᠵᠢᠲᠤ  ᠺᠠᠷᠲ〉 ᠎ᠢ᠋ ᠲᠠᠨᠢᠯᠴᠠᠭᠤᠯᠵᠤ ᠦᠭᠬᠦᠶ᠎ᠡ᠃ ᠲᠤᠰ ᠺᠠᠷᠲ ᠡᠴᠡ ᠨᠦᠬᠦᠪᠤᠷᠢ ᠮᠦᠡᠭᠬᠦ ᠵᠢᠨ ᠲᠠᠡᠭᠰᠠᠨ ᠳ᠋ᠤ ᠤᠷᠤᠭᠰᠠᠨ ᠪᠠᠢᠳᠠᠯ᠎ᠢ  ᠲᠤᠲᠤᠷᠬᠠᠢ ᠤᠢᠯᠠᠭᠠᠵᠤ ᠴᠢᠳᠠᠨ᠎ᠠ ᠁》 ᠦᠷᠬᠡᠨ ᠣᠯᠠᠨ ᠲᠦᠮᠡᠨ᠎ᠳᠦ ᠡᠯ᠎ᠡ ᠵᠦᠶ᠋ᠯ᠎ᠦᠨ ᠨᠥᠬᠥᠪᠥᠷᠢ᠎ᠬᠦᠷᠳᠡᠭᠡᠬᠦ ᠲᠥᠷᠥ᠎ᠶ᠋ᠢᠨ ᠪᠣᠳᠣᠯᠭ᠎ᠠ ᠪᠠ ᠭᠤᠶᠤᠴᠢᠯᠠᠬᠤ ᠶᠠᠪᠤᠴᠠ᠎ᠶ᠋ᠢ ᠣᠢᠯᠠᠭᠠᠭᠤᠯᠬᠤ᠎ᠶ᠋ᠢᠨ ᠲᠥᠯᠥᠭᠡ ᠠᠵᠢᠯᠯᠠᠭ᠎ᠠ ᠵᠢᠨ ᠲᠤᠬᠠᠶ᠎ᠶ᠋ᠢᠨ ᠲᠠᠯᠠᠪᠠᠢ᠎ᠳᠦ ᠠᠷᠠᠳ᠎ᠲᠤ ᠠᠱᠢᠭ ᠬᠦᠷᠲᠡᠭᠡᠬᠦ᠌ ᠲᠠᠷᠢᠶᠠᠴᠢᠳ᠎ᠲᠤ ᠠᠱᠢᠭ ᠬᠦᠷᠲᠡᠭᠡᠬᠦ᠌ ᠲᠥᠷᠥ᠎ᠶ᠋ᠢᠨ ᠪᠣᠳᠣᠯᠭ᠎ᠠ᠎ᠶ᠋ᠢᠨ ᠤᠬᠠᠭᠤᠯᠭ᠎ᠠ᠎ᠶ᠋ᠢᠨ ᠲᠣᠭᠣᠷᠢᠭ ᠭᠠᠷᠭᠠᠵᠤ᠂ ᠰᠦᠯᠵᠢᠶᠡᠨ ᠣᠲᠣᠨ《ᠰᠢᠶᠤᠤ ᠲᠢᠶᠠᠨ ᠭᠤᠸᠠ》 ᠵᠢᠴᠢ ᠬᠣᠯᠪᠣᠭ᠍ᠳᠠᠯ ᠪᠥᠬᠥᠶ ᠰᠠᠯᠠᠭ᠎ᠠ ᠮᠥᠴᠢᠷ᠎ᠦᠨ ᠤᠬᠠᠭᠤᠯᠤᠨ ᠲᠠᠢᠯᠪᠤᠷᠢᠯᠠᠭ᠍ᠴᠢᠳ ᠮᠥᠷᠥ᠍ ᠵᠡᠷᠭᠡᠴᠡᠨ᠂ ᠲᠥᠬᠥᠮ ᠣᠢᠯᠠᠭᠠᠮᠵᠢᠲᠠᠶ ᠦᠭᠡ ᠬᠡᠯᠡ᠎ᠪᠡᠷ  《 ᠪᠦᠷᠢᠨ ᠴᠢᠲᠠᠮᠵᠢᠲᠤ ᠺᠠᠷᠲ》 ᠎ᠤ᠋ᠨ  ᠨᠠᠷᠢᠨ ᠲᠠᠢᠯᠤᠮᠵᠢ ᠬᠢᠪᠠ᠃

ᠵᠢᠵᠢᠭ᠌ᠬᠡᠨ《ᠪᠦᠷᠢᠨ ᠴᠢᠲᠠᠮᠵᠢᠲᠤ ᠺᠠᠷᠲ》ᠨᠢ ᠨᠠᠮ ᠪᠠ ᠵᠠᠰᠠᠭ᠎ᠤᠨ ᠣᠷᠳᠣᠨ᠎ᠤ ᠠᠷᠠᠳ ᠢᠷᠬᠡᠳ᠎ᠤᠨ ᠲᠤᠬᠠᠢ ᠬᠦᠨ ᠵᠤᠵᠠᠭᠠᠨ  ᠬᠠᠯᠠᠮᠵᠢᠯᠠᠯ᠎ᠢ ᠠᠴᠢᠶᠠᠯᠠᠵᠤ ᠪᠠᠢᠭ᠎ᠠ ᠶᠤᠮ᠃ ᠣᠳᠣᠬᠠᠨ᠎ᠳᠤ᠂ ᠳᠠᠯᠠᠳ ᠬᠣᠱᠢᠭᠤ ᠨᠢᠭᠡᠨᠲᠡ ᠬᠣᠱᠢᠭᠤ᠂ ᠰᠤᠮᠤ ᠪᠠᠯᠭᠠᠰᠤ᠂ ᠭᠠᠴᠠᠭ᠎ᠠ ᠲᠣᠰᠭᠣᠨ(ᠨᠡᠢᠭᠡᠮ ᠲᠣᠭᠣᠷᠢᠭ)ᠭᠤᠷᠪᠠᠨ ᠱᠠᠲᠤᠨ᠎ᠤ ᠬᠣᠯᠪᠣᠭᠠᠯᠠᠨ ᠬᠥᠳᠡᠯᠦᠯᠴᠡᠬᠦ᠌ ᠦᠶ᠋ᠯᠡᠴᠢᠯᠡᠭᠡᠨ᠎ᠦ ᠱᠢᠰᠲ᠋ᠧᠮ᠎ᠢ ᠪᠠᠢᠭᠤᠯᠵᠤ᠂ 《ᠳᠠᠯᠠᠳ ᠬᠣᠱᠢᠭᠤᠨ᠎ᠤ ᠠᠷᠠᠳ᠎ᠲᠤ ᠠᠱᠢᠭ ᠬᠦᠷᠲᠡᠭᠡᠬᠦ᠌ ᠲᠠᠷᠢᠶᠠᠴᠢᠳ᠎ᠲᠤ ᠠᠱᠢᠭ ᠬᠦᠷᠲᠡᠭᠡᠬᠦ᠌ ᠡᠳ᠋᠎ᠦᠨ ᠵᠠᠰᠠᠭ᠎ᠤᠨ ᠨᠥᠬᠥᠪᠥᠷᠢ᠎ᠶ᠋ᠢᠨ ᠲᠥᠷᠥᠯ ᠵᠦᠶ᠋ᠯ᠎ᠦᠨ ᠲᠣᠳᠣᠷᠬᠠᠶ ᠬᠠᠭᠤᠳᠠᠰᠦ》ᠶ᠋ᠢ ᠨᠠᠷᠢᠨ ᠨᠢᠮᠪᠠᠶ ᠲᠣᠭ᠍ᠲᠠᠭᠠᠵᠤ᠂ ᠨᠥᠬᠥᠪᠥᠷᠢ᠎ᠶ᠋ᠢᠨ ᠲᠥᠷᠥ᠎ᠶ᠋ᠢᠨ ᠪᠣᠳᠣᠯᠭ᠎ᠠ᠂ ᠭᠤᠶᠤᠴᠢᠯᠠᠨ ᠠᠪᠬᠤ ᠶᠠᠪᠤᠴᠠ᠂ ᠣᠯᠭᠣᠬᠤ ᠪᠠᠷᠢᠮᠵᠢᠶ᠎ᠠ᠎ᠶ᠋ᠢ ᠲᠣᠳᠣᠷᠬᠠᠶ ᠵᠢᠭ᠍ᠰᠠᠭᠠᠵᠤ᠂ ᠠᠷᠠᠳ ᠣᠯᠠᠨ 《ᠦᠵᠡᠮᠡᠭ᠌ᠴᠡ ᠣᠢᠯᠠᠭᠠᠵᠤ᠂ ᠬᠡᠷᠡᠭ᠌ᠯᠡᠮᠡᠭ᠌ᠴᠡ ᠴᠢᠲᠠᠬᠤ》 ᠪᠣᠯᠭᠠᠵᠠᠢ᠃ ᠡᠭᠦᠨ᠎ᠦ ᠬᠠᠮᠲᠤ ᠂ ᠬᠣᠱᠢᠭᠤᠨ᠎ᠠᠴᠠ 55 ᠵᠦᠶ᠋ᠯ᠎ᠦᠨ ᠨᠥᠬᠥᠪᠥᠷᠢ᠎ᠶ᠋ᠢᠨ ᠲᠥᠷᠥᠯ ᠵᠦᠶ᠋ᠯ᠎ᠢ ᠴᠢᠩᠭ᠎ᠠ ᠬᠢᠨᠠᠨ ᠬᠠᠷᠭᠤᠭᠤᠯᠵᠤ᠂  《 ᠪᠦᠷᠢᠨ ᠴᠢᠲᠠᠮᠵᠢᠲᠤ ᠺᠠᠷᠲ 》 ᠵᠢᠡᠷ ᠠᠴᠢᠶᠠᠯᠠᠪᠤᠷᠢ ᠪᠣᠯᠭᠠᠵᠦ᠂ ᠰᠠᠯᠠᠭ᠎ᠠ ᠮᠥᠴᠢᠷ᠎ᠦᠨ ᠮᠡᠳᠡᠭᠡ ᠵᠠᠩᠭᠢ᠎ᠶ᠋ᠢᠨ ᠪᠡᠬᠢᠯᠡᠯᠲᠡ᠎ᠶ᠋ᠢ ᠡᠪᠳᠡᠵᠦ᠍᠂ ᠨᠡᠢᠲᠡ 22.8 ᠲᠦᠮᠡ ᠭᠠᠷᠤᠶ ᠨᠡᠢᠭᠡᠮ᠎ᠦᠨ ᠪᠠᠲᠤᠯᠠᠭ᠎ᠠ᠎ᠶ᠋ᠢᠨ ᠺᠠᠷᠲ᠎ᠢ ᠳᠡᠩᠰᠡᠯᠡᠵᠦ᠍᠂ ᠡᠯ᠎ᠡ ᠲᠥᠷᠥᠯ᠎ᠦᠨ ᠨᠥᠬᠥᠪᠥᠷᠢ᠎ᠶ᠋ᠢ ᠨᠢᠭᠡ ᠺᠠᠷᠲ᠎ᠲᠦ ᠲᠦᠪᠯᠡᠷᠡᠭᠦᠯᠵᠦ᠂ ᠨᠢᠭᠡᠳᠦᠯᠲᠡᠶ ᠣᠯᠭᠣᠬᠤ》 ᠶ᠋ᠢ ᠪᠡᠶᠡᠯᠡᠭᠦᠯᠵᠦ᠍᠂《 ᠨᠢᠭᠡ ᠬᠥᠮᠦᠨ ᠳ᠋ᠤ ᠣᠯᠠᠨ ᠺᠠᠷᠲ ᠤᠯᠭᠤᠬᠤ》 ᠶᠠᠷᠱᠢᠭ᠎ᠢ ᠲᠤᠢᠯᠪᠤᠷᠢᠲᠠᠶ ᠠᠷᠢᠯᠭᠠᠪᠠ᠃ ᠠᠷᠠᠳ ᠣᠯᠠᠨ ᠬᠡᠵᠢᠶ᠎ᠡ ᠬᠠᠮᠢᠭ᠎ᠠ ᠴᠤ᠌ ᠭᠡᠰᠡᠨ ᠨᠥᠬᠥᠪᠥᠷᠢ ᠵᠢᠨ ᠪᠠᠢᠳᠠᠯ᠎ᠢ ᠪᠠᠢᠴᠠᠭᠠᠵᠤ᠂ ᠨᠠᠷᠢᠨ ᠲᠣᠳᠣᠷᠬᠠᠶ ᠮᠡᠳᠡᠵᠦ᠍᠂ ᠰᠠᠨᠠᠭ᠎ᠠ ᠠᠮᠤᠷ ᠪᠤᠯᠪᠠ᠃

ᠠᠷᠠᠳ ᠤᠯᠠᠨ ᠳ᠋ᠤ ᠨᠥᠬᠥᠪᠥᠷᠢ ᠮᠥᠩᠭᠥ᠌ ᠪᠦᠬᠦᠨ᠎ᠢ ᠲᠣᠳᠣᠷᠬᠠᠶ ᠣᠢᠯᠠᠭᠠᠭᠤᠯᠵᠤ᠂ ᠨᠠᠮ᠎ᠤᠨ ᠠᠴᠢ ᠡᠨᠡᠷᠢᠯ ᠬᠠᠢᠷ᠎ᠠ ᠬᠠᠯᠠᠮᠵᠢ ᠪᠦᠬᠦᠨ᠎ᠢ ᠲᠣᠳᠣᠷᠬᠠᠶ ᠬᠦᠷᠳᠡᠭᠡᠬᠦ᠎ᠶ᠋ᠢᠨ ᠲᠥᠯᠥᠭᠡ᠂ ᠠᠵᠢᠯᠯᠠᠭ᠎ᠠ ᠳᠤᠮᠳᠠ ᠪᠠᠰᠠ ᠡᠳ᠋᠎ᠦᠨ ᠵᠠᠰᠠᠭ᠎ᠤᠨ ᠨᠥᠬᠥᠪᠥᠷᠢ ᠮᠥᠩᠭᠥ᠎ᠶ᠋ᠢ ᠨᠠᠷᠢᠯᠢᠭ ᠣᠨᠣᠴᠠᠲᠠᠶ᠎ᠪᠠᠷ ᠣᠯᠭᠣᠬᠤ ᠮᠡᠳᠡᠭᠡ ᠵᠠᠩᠭᠢ᠎ᠶ᠋ᠢ ᠲᠠᠰ ᠳᠡᠪᠱᠢᠭᠦᠯᠬᠦ᠌ ᠡᠬᠢᠯᠡᠯᠲᠡ᠎ᠶ᠋ᠢᠨ ᠶᠣᠰᠣᠯᠠᠯ ᠶᠠᠪᠤᠭᠤᠯᠪᠠ᠃ ᠮᠡᠳᠡᠭᠡ ᠵᠠᠩᠭᠢ᠎ᠶ᠋ᠢᠨ ᠱᠢᠰᠲᠸᠮ᠎ᠢ ᠳᠡᠰ ᠳᠡᠪᠱᠢᠭᠦᠯᠦᠭ᠌ᠰᠡᠨ᠎ᠦ ᠳᠠᠷᠠᠭ᠎ᠠ᠂ ᠡᠳ᠋᠎ᠦᠨ ᠵᠠᠰᠠᠭ᠎ᠤᠨ ᠨᠥᠬᠥᠪᠥᠷᠢ ᠮᠥᠩᠭᠥ᠎ᠶ᠋ᠢ ᠣᠯᠭᠣᠬᠤ᠎ᠳᠤ  ᠬᠣᠲᠠ ᠪᠠᠯᠭᠠᠰᠤᠨ᠎ᠤ ᠨᠡᠢᠭᠡᠮ ᠲᠣᠭᠣᠷᠢᠭ ᠪᠣᠯᠤᠨ ᠮᠠᠯᠵᠢᠬᠤ ᠲᠠᠷᠢᠶᠠᠯᠠᠬᠤ ᠣᠷᠣᠨ ᠢ᠋ ᠢᠯᠭᠠᠨ ᠬᠤᠪᠢᠶᠠᠵᠤ ᠣᠬᠣᠷ ᠮᠡᠳᠡᠭᠡ ᠶᠠᠪᠤᠭᠤᠯᠬᠤ ᠮᠡᠳᠡᠭ᠌ᠳᠡᠯ ᠭᠠᠷᠭᠠᠵᠤ ᠂ ᠪᠡᠯᠡ ᠮᠥᠩᠭᠥ᠌ ᠨᠢᠭᠡᠪᠦᠷᠢ᠎ᠳᠦ ᠴᠥᠮ《ᠵᠤᠭᠤᠰ᠎ᠢ ᠬᠠᠮᠢᠭ᠎ᠠ ᠡᠴᠠ ᠶᠠᠪᠤᠭᠤᠯᠤᠭᠰᠠᠨ᠂ ᠶᠠᠮᠠᠷ ᠵᠣᠭᠣᠰ ᠶᠠᠪᠤᠭᠤᠯᠤᠭᠰᠠᠨ ᠂ ᠬᠡᠳᠦᠶ ᠵᠣᠭᠣᠰ ᠶᠠᠪᠤᠭᠤᠯᠤᠭᠰᠠᠨ》 ᠭᠡᠵᠦ᠍ ᠲᠣᠳᠣᠷᠬᠠᠢᠯᠠᠬᠤ ᠵᠢᠨ ᠬᠠᠮᠳᠤ᠂《ᠪᠦᠷᠢᠨ ᠴᠢᠲᠠᠮᠵᠢᠲᠤ ᠺᠠᠷᠲ》ᠤ᠋ᠨ ᠱᠢᠰᠲᠸᠮ ᠨᠢ ᠪᠠᠰᠠ ᠲᠥᠷᠥ᠎ᠶ᠋ᠢᠨ ᠪᠣᠳᠣᠯᠭ᠎ᠠ᠎ᠶ᠋ᠢᠨ ᠲᠠᠢᠯᠤᠮᠵᠢ᠎ᠶ᠋ᠢ ᠵᠡᠷᠭᠡ᠎ᠳᠦᠨᠢ ᠶᠠᠪᠤᠭᠤᠯᠵᠤ᠂ 《ᠨᠠᠮ᠎ᠤᠨ ᠠᠴᠢ᠎ᠡᠨᠡᠷᠢᠯ》 ᠎ᠢ᠋ ᠤᠯᠠᠨ ᠲᠦᠮᠡᠨ ᠳ᠋ᠤ ᠲᠠᠮᠵᠢᠭᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号