ᠮᠠᠯᠵᠢᠬᠤ ᠠᠮᠢᠳᠤᠷᠠᠯ᠎ᠤᠨ ᠤᠲᠤᠷ ᠨᠡᠬᠦᠳᠡᠯ᠄ ᠡᠷᠲᠡᠨ ᠎ᠦ ᠮᠠᠯᠵᠢᠯ ᠎ᠤᠨ ᠵᠠᠩᠰᠢᠯ ᠪᠠ ᠣᠳᠣ᠌ ᠦᠶ᠎ᠡ᠎ᠶᠢᠨ ᠰᠢᠨᠵᠢᠯᠡᠬᠡ ᠮᠡᠷᠭᠡᠵᠢᠯ᠎ᠦᠨ ᠳᠤᠳᠤᠨᠤᠰᠤᠭ ᠠᠭᠤᠰᠤᠯᠴᠠᠯ
2026-08-07 10:10:27
ᠵᠣᠬᠢᠶᠠᠭ᠍ᠴᠢ᠄
ᠸᠧᠢ ᠨᠠ ᠰᠢᠶᠣᠣ ᠯᠦ᠍
ᠣᠩᠱᠢᠭ᠍ᠰᠠᠨ ᠣᠳᠠᠭ᠎ᠠ᠄
★★★☆☆

7 ᠰᠠᠷ᠎ᠠ᠎ᠶᠢᠨ 1 ᠎ᠤ᠋ ᠡᠳᠦᠷ᠂ ᠠᠷᠤ ᠬᠣᠷᠴᠢᠨ᠎ᠤ ᠲᠠᠯ᠎ᠠ ᠨᠤᠲᠤᠭ᠎ᠲᠤ ᠦᠦᠷ᠎ᠦᠨ ᠮᠠᠨᠠᠨ ᠰᠤᠭᠤᠨᠠᠭᠯᠠᠬᠤ ᠲᠠᠢ ᠵᠡᠷᠭᠡ ᠰᠠᠢᠰᠢᠶᠠᠯᠲᠤ᠎ᠶᠢᠨ ᠮᠣᠩᠭᠣᠯ ᠭᠡᠷ᠎ᠡᠴᠡ ᠰᠦ᠎ᠲᠠᠢ ᠴᠠᠢ᠎ᠶᠢᠨ ᠦᠨᠦᠷ ᠬᠠᠩᠬᠤᠯᠵᠤ ᠪᠠᠢᠯ᠎ᠠ᠃ ᠠᠩᠬᠢᠯᠤᠮ᠎ᠠ ᠰᠠᠢᠬᠠᠨ ᠰᠦ ᠎ᠵᠢᠨ ᠦᠨᠦᠷ ᠪᠠ ᠬᠤᠯᠠ ᠡᠴᠡ ᠮᠦᠭᠡᠷᠡᠯᠳᠦᠬᠦ ᠲᠤᠭᠤᠯ ᠎ᠤᠨ ᠳᠠᠭᠤᠨ ᠨᠢ ᠥᠷᠯᠥᠭᠡ ᠡᠷᠲᠡ᠎ᠵᠢᠨ ᠠᠭᠤᠷ ᠠᠮᠢᠰᠬᠤᠯ᠎ᠳ᠋ᠤ ᠬᠦᠭ ᠨᠡᠮᠡᠵᠦ ᠪᠠᠢᠯ᠎ᠠ᠃

ᠡᠨᠡ ᠡᠳᠦᠷ᠂ ᠤᠯᠠᠭᠠᠨᠬᠠᠳᠠ ᠬᠤᠳᠠ᠎ᠶᠢᠨ ᠠᠷᠤ ᠬᠣᠷᠴᠢᠨ ᠬᠣᠰᠢᠭᠤᠨ᠎ᠤ ᠪᠠᠶᠠᠨ᠌ᠥ᠌ᠨᠳᠦᠷ ᠰᠤᠮᠤ᠎ᠶᠢᠨ ᠰᠢᠷ᠎ᠠ ᠪᠤᠲᠠ ᠭᠠᠴᠠᠭ᠎ᠠ᠎ᠶᠢᠨ 1200 ᠭᠠᠷᠤᠢ ᠮᠠᠯᠴᠢᠨ 8.5 ᠲᠦᠮᠡᠨ ᠲᠤᠯᠤᠭᠠᠢ ᠮᠠᠯ ᠎ᠢᠶᠠᠨ ᠳᠠᠭᠤᠵᠦ ᠡᠪᠦᠯᠵᠢᠶ᠎ᠡ᠎ᠡᠴᠡ ᠮᠣᠷᠳᠠᠵᠤ᠂ ᠦᠶ᠎ᠡ ᠵᠢᠨ ᠦᠶ᠎ᠡ ᠳ᠋ᠡᠬᠡᠨ ᠵᠠᠮᠨᠠᠵᠦ ᠢᠷᠡᠭᠰᠡᠨ ᠮᠠᠯᠵᠢᠯ᠎ᠤᠨ ᠵᠠᠮ᠎ᠵᠢᠡᠨ ᠡᠯᠬᠦᠨ᠂ ᠵᠤᠰᠠᠯᠠᠩ ᠵᠦᠭ᠎ᠢᠶᠡᠨ ᠠᠯᠭᠤᠷᠬᠠᠨ ᠤᠷᠤᠭᠰᠢᠯᠠᠵᠤ᠂ 3 ᠰᠠᠷ᠎ᠠ᠎ᠶᠢᠨ ᠬᠤᠭᠤᠴᠠᠭ᠎ᠠ ᠪᠦᠬᠦᠢ ᠨᠡᠭᠦᠳᠡᠯ ᠠᠮᠢᠳᠤᠷᠠᠯ ᠎ᠢᠶᠠᠨ ᠡᠬᠢᠯᠡᠭᠦᠯᠵᠡᠢ᠃ ᠥᠷᠭᠡᠨ ᠠᠭᠤᠳᠠᠮ ᠲᠠᠯ᠎ᠠ ᠨᠤᠲᠤᠭ᠎ᠲᠤ᠂ ᠰᠦᠷ ᠳᠠᠯᠠᠢᠴᠠᠲᠠᠢ ᠤᠲᠤᠷ ᠨᠡᠭᠦᠳᠡᠯ᠎ᠦᠨ ᠡᠩᠨᠡᠭᠡ ᠨᠢ ᠰᠢᠨ᠎ᠡ ᠰᠣᠷᠭᠣᠭ ᠮᠠᠯᠵᠢᠬᠤ ᠠᠮᠢᠳᠤᠷᠠᠯ᠎ᠤᠨ ᠵᠢᠷᠤᠭ ᠪᠤᠯᠤᠨ ᠳᠡᠯᠭᠡᠭᠳᠡᠪᠡ᠃

《ᠰᠢᠷ᠎ᠠ ᠲᠣᠰᠣᠨ᠎ᠤ ᠰᠠᠪᠠ᠎ᠶᠢ ᠵᠠᠪᠠᠯ ᠠᠪᠬᠤ ᠬᠡᠷᠡᠭᠳᠡᠢ᠂ ᠵᠤᠰᠠᠯᠠᠩ᠎ᠳᠤ ᠣᠴᠢᠵᠤ ᠰᠦ᠎ᠲᠠᠢ ᠴᠠᠢ ᠴᠢᠨᠠᠬᠤ᠎ᠳᠤ ᠪᠦᠷ ᠲᠡᠭᠦᠨ᠎ᠳᠦ ᠲᠦᠰᠢᠭᠯᠡᠨ᠎ᠡ》᠃ ᠰᠠᠢᠰᠢᠶᠠᠯᠲᠤ ᠨᠢᠭᠡ ᠲᠠᠯ᠎ᠠ᠎ᠪᠠᠷ ᠢᠩᠬᠢᠵᠦ ᠵᠠᠬᠢᠨ ᠨᠦᠬᠦᠭᠡ ᠲᠠᠯ᠎ᠠ ᠪᠡᠷ ᠶᠠᠭᠤᠮ᠎ᠠ ᠬᠡᠥᠮ᠎ᠡ ᠪᠠᠨ ᠲᠢᠭᠯᠡᠵᠦ᠂ ᠲᠡᠷᠢ ᠲᠡᠭᠰᠢ ᠲᠢᠭᠯᠡᠭᠰᠡᠨ ᠬᠤᠨᠢᠨ᠎ᠤ ᠢᠰᠡᠭᠡᠢ᠎ᠪᠡᠨ ᠫᠢᠺᠠᠷᠳ᠋ ᠮᠠᠰᠢᠨ ᠎ᠤ ᠪᠠᠨ ᠠᠷᠤ᠎ᠳᠤ ᠯᠠᠪᠳᠠᠭᠤᠨ ᠲᠠᠯᠪᠢᠪᠠ᠃ ᠰᠠᠶᠢᠬᠠᠨ ᠥᠪᠥᠷ ᠮᠣᠩᠭᠣᠯ ᠎ᠤᠨ ᠪᠠᠭ᠍ᠰᠢ᠎ᠶᠢᠨ ᠶᠡᠬᠡ ᠰᠤᠷᠭᠠᠭᠤᠯᠢ᠎ᠠᠴᠠ ᠲᠡᠭᠦᠰᠦᠭᠰᠡᠨ ᠬᠦᠦ ᠲᠡᠭᠦᠯᠳᠡᠷ ᠨᠢ ᠣᠴᠣᠢᠨ ᠰᠠᠭᠤᠵᠤ᠂  ᠡᠨᠳᠡ 3 ᠰᠠᠷ᠎ᠠ᠎ᠵᠢᠨ ᠬᠤᠭᠤᠴᠠᠭ᠎ᠠ ᠲᠠᠢ ᠭᠡᠷ ᠵᠢᠡᠨ ᠬᠠᠷᠠᠵᠦ ᠦᠯᠡᠳᠡᠬᠦ ᠲᠣᠮᠣ᠌ ᠨᠣᠬᠠᠢ᠎ᠲᠠᠢ ᠪᠠᠨ ᠨᠠᠭᠠᠳᠴᠦ ᠪᠠᠢᠯ᠎ᠠ᠃

《ᠬᠠᠷᠠᠬᠠᠨ ᠪᠠᠭ᠎ᠠ ᠡᠴᠡ ᠪᠠᠨ ᠤᠳᠤ ᠪᠤᠯᠳᠠᠯ᠎ᠠ ᠡᠢᠮᠦᠷᠬᠦᠦ ᠤᠲᠤᠷ ᠨᠡᠬᠦᠳᠡᠯ᠎ᠢ ᠪᠢ ᠨᠢᠭᠡ ᠴᠦ᠍ ᠤᠳᠠᠭ᠎ᠠ ᠠᠯᠳᠠᠬᠰᠠᠨ ᠦᠭᠡᠢ᠂ ᠡᠨᠡ ᠤᠳᠠᠭ᠎ᠠ ᠪᠢ 68 ᠦᠬᠡᠷ᠎ᠢ ᠲᠠᠭᠤᠵᠦ ᠬᠥᠨᠳᠡᠯᠡᠨ ᠵᠦᠭ ᠶᠠᠪᠤᠨ᠎ᠠ᠂ ᠲᠡᠨᠳᠡᠬᠢ ᠡᠪᠡᠰᠦ ᠪᠦᠷ ᠬᠥᠯ᠎ᠦᠨ ᠰᠢᠯᠪᠢ ᠬᠦᠷᠴᠢ᠃》 ᠲᠡᠭᠦᠯᠳᠠᠷ ᠬᠤᠷᠤᠭᠤᠨ ᠦᠵᠦᠭᠦᠷ ᠵᠢᠡᠷ ᠵᠢᠨᠨ ᠲᠤᠭᠤᠯ᠎ᠤᠨ ᠵᠥᠭᠡᠯᠡᠨ ᠴᠢᠬᠢ᠎ᠶᠢ ᠱᠦᠷᠭᠦᠭᠡᠵᠦ ᠂ ᠮᠠᠯᠵᠢᠯ᠎ᠤᠨ ᠵᠠᠮ᠎ᠤᠨ ᠦᠵᠦᠭᠦᠷ᠎ᠢ ᠬᠠᠷᠠᠭᠠᠳ ᠢᠨᠢᠶᠡᠮᠰᠦᠭᠯᠡᠨ᠄ 《ᠪᠢᠴᠢᠬᠠᠨ ᠠᠮᠢᠲᠠᠳ᠎ᠤᠨ ᠬᠥᠯ ᠤᠳᠠᠭᠠᠨ᠂ ᠪᠢᠳᠡ ᠠᠭᠠᠵᠢᠮ᠎ᠢᠶᠠᠷ ᠶᠠᠪᠤᠵᠤ᠂ ᠨᠠᠷᠠ ᠤᠨᠠᠬᠤ ᠡᠴᠡ ᠡᠮᠦᠨ᠎ᠡ ᠪᠠᠭᠤᠳᠠᠯᠯᠠᠨ᠎ᠠ》 ᠭᠡᠯ᠎ᠡ᠃ 9 ᠴᠠᠭ ᠥᠩᠭᠡᠷᠡᠮᠡᠭᠴᠡ᠂ ᠰᠠᠶᠢᠬᠠᠨ ᠬᠠᠰᠢᠶᠠᠨ᠎ᠠᠴᠠ᠎ᠪᠠᠨ ᠭᠠᠷᠴᠤ ᠢᠷᠡᠭᠰᠡᠨ ᠲᠤᠭᠤᠯ᠎ᠦᠨ ᠮᠥᠭᠡᠷᠡᠬᠦ ᠲᠠᠭᠤᠨ ᠥᠷᠯᠥᠭᠡ᠎ᠶᠢᠨ ᠮᠠᠨᠠᠨ᠎ᠢ ᠰᠠᠷᠨᠢᠭᠤᠯᠪᠠ᠃ 76 ᠨᠠᠰᠤᠲᠠᠢ ᠮᠠᠨᠳᠤᠷᠸ᠎ᠠ ᠡᠮᠡᠭᠡ ᠮᠥᠩᠭᠥᠨ ᠠᠶᠠᠭ᠎ᠠ᠎ᠪᠠᠨ ᠪᠠᠷᠢᠭᠠᠳ ᠭᠡᠷ᠎ᠦᠨ᠎ᠢᠶᠡᠨ ᠡᠭᠦᠳᠡᠨ ᠳᠡᠭᠡᠷ᠎ᠡ ᠪᠠᠨ ᠬᠦᠷᠴᠦ᠂  ᠪᠦᠯᠢᠶᠡᠨ ᠰᠦ ᠪᠠᠨ ᠵᠡᠭᠦᠨ ᠡᠮᠦᠨᠡᠰᠢ ᠬᠥᠩᠭᠡᠬᠡᠨ ᠰᠠᠴᠤᠬᠰᠠᠨ᠎ᠳ᠋ᠤ ᠮᠥᠩᠭᠥᠨ ᠴᠠᠭᠠᠨ ᠰᠤᠪᠤᠳ ᠰᠢᠬ ᠡᠪᠡᠰᠦᠨ ᠨᠠᠪᠴᠢᠨ ᠳᠡᠭᠡᠷ᠎ᠡ ᠳᠤᠰᠤᠯ᠎ᠠ᠂ ᠡᠨᠡ ᠪᠣᠯ ᠮᠠᠯᠴᠢᠳ᠎ᠤᠨ ᠨᠠᠰᠤᠨ ᠲᠤᠷᠰᠢᠲᠠ᠎ᠶᠢᠨ ᠳᠠᠭᠠᠳᠬᠠᠬᠤ ᠠᠷᠭ᠎ᠠ ᠬᠡᠯᠪᠡᠷᠢ ᠪᠣᠯᠣᠨ᠎ᠠ᠂ ᠳᠠᠷᠤᠢ ᠬᠥᠯ ᠳᠣᠣᠷᠠᠬᠢ ᠵᠠᠮ ᠮᠦᠷ ᠲᠡᠭᠰᠢ ᠪᠠᠢᠬᠤ᠎ᠶᠢ ᠳᠠᠭᠠᠳᠬᠠᠨ᠂ ᠳᠡᠷᠭᠡᠳᠡᠬᠢ ᠦᠬᠡᠷ ᠬᠣᠨᠢ ᠲᠠᠷᠭᠤ ᠰᠠᠢᠲᠠᠢ ᠪᠠᠢᠬᠤ᠎ᠶᠢ ᠳᠠᠭᠠᠳᠬᠠᠨ᠎ᠠ᠃

ᠡᠪᠦᠯᠵᠢᠶ᠎ᠡ᠎ᠡᠴᠡ ᠭᠠᠷᠤᠭᠠᠳ ᠨᠢᠭᠡ ᠺᠢᠯᠣᠮᠧᠲᠷ ᠪᠣᠯᠣᠭ᠎ᠠ ᠦᠭᠡᠢ ᠎ᠪᠡᠷ ᠮᠠᠯ᠎ᠤᠨ ᠰᠦᠷᠦᠭ᠎ᠲᠦ ᠨᠢᠭᠡ ᠪᠦᠭᠡᠮ ᠦᠢᠮᠡᠭᠡᠨ ᠪᠤᠯᠤᠨ᠎ᠠ᠃ 《ᠲᠤᠭᠤᠯᠯᠠᠬᠤ ᠭᠡᠵᠦ ᠪᠠᠢ᠍ᠢᠨ᠎ᠠ! ᠬᠤᠷᠳᠤᠨ ᠬᠠᠮᠵᠢᠭᠠᠳ ᠥᠭ!》 ᠲᠡᠭᠦᠯᠳᠠᠷ᠎ᠤᠨ ᠡᠵᠢ ᠰᠣᠶᠣᠯᠴᠡᠴᠡᠭ ᠰᠠᠶᠢᠬᠠᠨ ᠢᠩᠬᠢᠵᠦ ᠬᠡᠯᠡᠬᠦ ᠲᠠᠢ ᠵᠡᠷᠭᠡ ᠡᠴᠢᠭᠡ ᠬᠦᠦ ᠬᠣᠶᠠᠷ ᠵᠠᠪᠳᠤᠨ ᠬᠦᠶᠦᠵᠦ ᠣᠴᠢᠪᠠ᠃ ᠨᠢᠭᠡ ᠭᠡᠷ᠎ᠢᠶᠡᠷ᠎ᠢᠶᠡᠨ ᠰᠢᠭᠦᠳᠡᠷᠢ ᠨᠠᠭᠠᠯᠳᠤᠭᠰᠠᠨ ᠵᠦᠯᠭᠡᠨ ᠳᠡᠭᠡᠷ᠎ᠡ ᠣᠴᠣᠢᠵᠤ ᠰᠠᠭᠤᠭᠠᠳ ᠦᠨᠢᠶ᠎ᠠ ᠪᠠᠨ ᠳᠤᠭᠤᠯᠯᠠᠭᠤᠯᠤᠨ᠎ᠠ᠃

ᠣᠲᠣᠷ ᠨᠡᠭᠦᠳᠡᠯ᠎ᠦᠨ ᠵᠠᠮ ᠳᠡᠭᠡᠷ᠎ᠡ᠂ ᠮᠠᠯᠴᠢᠳ ᠪᠦᠯᠦᠭ ᠬᠤᠪᠢᠶᠠᠨ ᠬᠠᠷ᠎ᠠ ᠭᠣᠣᠯ᠂ ᠰᠦᠵᠢ ᠭᠣᠣᠯ᠂ ᠳᠠᠯᠠᠨ ᠭᠣᠣᠯ ᠵᠢᠴᠢ ᠲᠡᠭᠦᠨ᠎ᠦ ᠰᠠᠯᠪᠤᠷᠢ ᠤᠷᠤᠰᠬᠠᠯ᠎ᠢ ᠳᠠᠭᠠᠵᠤ᠂ ᠵᠡᠭᠦᠨ᠂ ᠳᠤᠮᠳᠠ᠂ ᠪᠠᠷᠠᠭᠤᠨ ᠭᠤᠷᠪᠠᠨ ᠵᠠᠮ ᠱᠤᠭᠤᠮ ᠬᠤᠪᠢᠶᠠᠨ᠂ ᠬᠡᠳᠦᠨ ᠠᠷᠪᠠᠨ ᠺᠢᠯᠣᠮᠧᠲᠷ ᠴᠢᠨᠠᠭᠰᠢᠯᠠᠪᠠᠯ ᠵᠠᠭᠤ ᠭᠠᠷᠤᠢ ᠺᠢᠯᠣᠮᠧᠲᠷ ᠵᠠᠢᠲᠠᠢ ᠪᠠᠢᠭ᠎ᠠ ᠤᠯᠠᠭᠠᠨ ᠬᠠᠳᠠ᠂ ᠢᠲᠠᠭᠤᠳᠦ᠂ ᠪᠣᠷᠣ᠌ ᠥᠨᠳᠥᠷ᠂ ᠲᠠᠯᠠᠨ ᠬᠤᠸᠠ᠂ ᠬᠥᠨᠳᠡᠯᠡᠨ᠂ ᠴᠠᠭᠠᠨ ᠥᠨᠳᠥᠷ ᠵᠡᠷᠭᠡ 6 ᠵᠤᠰᠠᠯᠠᠩ᠎ᠤᠨ ᠭᠠᠵᠠᠷ ᠎ᠢ ᠴᠢᠭᠯᠡᠵᠡᠢ᠃ ᠤᠳᠤᠷᠯᠠᠬᠤ ᠶᠠᠪᠤᠴᠠ᠎ᠳᠦ᠂ ᠬᠥᠮᠥᠨ ᠵᠠᠮ ᠬᠥᠭᠡᠭᠡᠬᠦ ᠭᠡᠵᠦ ᠱᠠᠯᠠᠪᠳᠠᠬᠤ ᠦᠭᠡᠢ᠂ ᠦᠬᠡᠷ ᠬᠣᠨᠢ ᠵᠠᠮ᠎ᠳᠠᠭᠠᠤ ᠳᠠᠪᠠᠳᠠᠢᠬᠠᠨ ᠢᠳᠡᠰᠢᠯᠡᠨ᠎ᠡ᠂ ᠮᠠᠯᠴᠢᠳ ᠬᠣᠶᠠᠷ ᠭᠤᠷᠪᠠ᠎ᠪᠠᠷ ᠵᠦᠯᠭᠡᠨ ᠳᠡᠭᠡᠷ᠎ᠡ ᠰᠠᠭᠤᠵᠤ ᠵᠣᠭᠣᠭᠳᠠᠨ᠎ᠠ᠂ ᠲᠡᠭᠷᠢ ᠵᠢᠨ ᠬᠠᠶᠠᠭᠠᠨ᠎ᠳᠡᠬᠢ ᠡᠭᠦᠯᠡ ᠬᠦᠷᠲᠡᠯ᠎ᠡ ᠤᠯᠠᠨ᠎ᠢ ᠳᠠᠭᠠᠵᠤ ᠵᠤᠰᠠᠯᠠᠩ ᠤᠷᠤᠭᠤ ᠬᠥᠪᠤᠯᠵᠡᠨ᠎ᠠ᠃

《340 ᠲᠤᠯᠤᠭᠠᠢ ᠬᠣᠨᠢ᠂ ᠮᠡᠳᠡᠭᠦᠯᠵᠦ ᠳᠠᠩᠰᠠᠯᠠᠭᠤᠯᠤᠭᠰᠠᠨ ᠲᠣᠭ᠎ᠠ ᠲᠠᠢ ᠨᠡᠢᠴᠡᠵᠦ ᠪᠠᠢᠨ᠎ᠡ᠂ ᠲᠠᠯᠪᠢᠵᠤ ᠶᠠᠪᠤᠭᠤᠯᠤᠭᠠᠷᠠᠢ!》 ᠪᠠᠷᠠᠭᠤᠨ ᠱᠤᠭᠤᠮ ᠎ᠤᠨ ᠵᠠᠪᠠᠯ ᠥᠩᠭᠡᠷᠡᠬᠦ ᠲᠣᠮᠳᠠᠠᠤᠰᠤ ᠬᠠᠮᠢᠶᠠᠷᠤᠨ ᠬᠠᠮᠠᠭᠠᠯᠠᠬᠤ ᠥᠷᠲᠡᠭᠡ᠎ᠳᠦ᠂ ᠥᠪᠥᠷ ᠮᠣᠩᠭᠣᠯ ᠎ᠤᠨ ᠲᠠᠯᠠᠨ ᠬᠤᠸᠠ ᠤᠯᠤᠰ᠎ᠤᠨ ᠲᠠᠯ᠎ᠠ ᠨᠤᠲᠤᠭ ᠎ᠤᠨ ᠪᠠᠢᠭᠠᠯᠢ᠎ᠶᠢᠨ ᠴᠡᠴᠡᠷᠯᠢᠭ᠎ᠦᠨ ᠬᠠᠮᠢᠶᠠᠷᠤᠨ ᠬᠠᠮᠠᠭᠠᠯᠠᠬᠤ ᠲᠥᠪ᠎ᠦᠨ ᠡᠬᠢ ᠪᠠᠶᠠᠯᠢᠭ᠋᠎ᠤᠨ ᠬᠠᠮᠢᠶᠠᠷᠤᠨ ᠬᠠᠮᠠᠭᠠᠯᠠᠬᠤ ᠲᠠᠰᠤᠭ᠎ᠤᠨ ᠳᠠᠷᠤᠭ᠎ᠠ ᠹᠠᠩ ᠰᠢᠶᠠᠩ ᠢ ᠳᠡᠯᠭᠡᠴᠡ ᠳᠡᠭᠡᠷᠡᠬᠢ ᠲᠣᠭ᠎ᠠ ᠪᠠᠷᠢᠮᠲᠠ᠎ᠶᠢ ᠵᠢᠭᠠᠭᠠᠳ ᠬᠡᠯᠡᠨ᠎ᠠ᠃ ᠥᠩᠭᠡᠷᠡᠭᠰᠡᠨ᠎ᠳᠦ ᠳᠥᠷᠪᠡ ᠲᠠᠪᠤᠨ ᠬᠥᠮᠦᠨ ᠨᠡᠷᠡᠨ᠎ᠦ ᠳᠤᠤᠷ᠎ᠠ ᠵᠣᠭᠰᠣᠭᠠᠳ ᠦᠬᠡᠷ ᠬᠣᠨᠢ ᠪᠠᠨ ᠲᠣᠭᠠᠯᠠᠵᠤ᠂ ᠨᠢᠬᠡ ᠡᠳᠦᠷ ᠲᠤᠭᠠᠯᠠᠭᠠᠳ ᠬᠣᠭᠣᠯᠠᠶ ᠨᠢ ᠪᠦᠷ ᠰᠥᠭᠡᠭᠡᠳ ᠦᠭᠡ ᠬᠡᠯᠡᠵᠦ᠍ ᠭᠠᠷᠬᠤ ᠦᠭᠡᠢ ᠪᠤᠯᠳᠠᠬ᠃ ᠡᠨᠡ ᠵᠢᠯ ᠡᠬᠦᠳᠡᠨ ᠤ᠋  ᠬᠣᠶᠠᠷ ᠲᠠᠯ᠎ᠠ᠎ᠳᠤ ᠰᠢᠨ᠎ᠡ᠎ᠪᠡᠷ ᠤᠭᠰᠠᠷᠠᠭᠰᠠᠠ AR ᠠᠦ᠋ᠲ᠋ᠣ᠋ ᠰᠢᠯᠭᠠᠨ ᠪᠠᠶ᠋ᠢᠴᠠᠭᠠᠬᠤ ᠲᠥᠬᠥᠭᠡᠷᠦᠮᠵᠢ᠎ᠶᠢᠨ 《ᠨᠢᠳᠦ 》 ᠨᠢ ᠬᠥᠮᠦᠨ ᠎ᠤ ᠨᠢᠳᠦ᠎ᠡᠴᠡ ᠬᠣᠯᠠ ᠬᠤᠷᠴᠠ ᠪᠠᠶ᠋ᠢᠵᠤ᠂ ᠥᠩᠭᠡᠷᠡᠨ ᠭᠠᠷᠬᠤ ᠦᠬᠡᠷ ᠬᠣᠨᠢ᠎ᠶᠢ ᠰᠢᠷᠪᠢᠬᠦ ᠳᠠᠢ ᠵᠡᠷᠭᠡ ᠳᠡᠯᠭᠡᠴᠡ ᠳᠡᠭᠡᠷ᠎ᠠ ᠲᠣᠭ᠎ᠠ ᠢᠯᠡᠷᠡᠵᠦ᠂ ᠣᠨᠣᠪᠴᠢ᠎ᠶᠢᠨ ᠬᠡᠮᠵᠢᠶ᠎ᠡ ᠨᠢ 98 % ᠵᠢ ᠳᠠᠪᠠᠵᠠᠶ᠃ 《ᠥᠩᠭᠡᠷᠡᠭᠰᠡᠨ᠎ᠳᠦ ᠨᠢᠭᠡ ᠠᠢᠯ᠎ᠤᠨ ᠬᠤᠨᠢ ᠵᠢ ᠲᠤᠭᠠᠯᠠᠬᠤ ᠳ᠋ᠸ᠋ ᠠᠷᠪᠠᠨ ᠬᠡᠳᠦᠨ ᠮᠢᠨᠦ᠋ᠲ ᠬᠡᠷᠡᠭᠰᠡᠨ᠎ᠡ᠂ ᠣᠳᠣ ᠬᠡᠳᠦᠬᠡᠨ ᠮᠢᠨᠦ᠋ᠲ ᠬᠡᠷᠡᠭᠰᠡᠨ᠎ᠡ᠂ ᠠᠷᠪᠢᠯᠠᠵᠦ ᠭᠠᠷᠭᠠᠬᠰᠠᠨ ᠬᠥᠮᠦᠨ᠎ᠤ ᠬᠦᠴᠦ ᠨᠢ ᠲᠠᠯ᠎ᠠ ᠵᠢᠨ ᠬᠦᠨ᠎ᠳᠦ ᠬᠦᠷᠴᠦ᠍ ᠴᠠᠭᠳᠠᠨ ᠬᠠᠮᠠᠭᠠᠯᠠᠵᠤ ᠪᠣᠯᠤᠨ᠎ᠠ》᠃  ᠲᠡᠭᠦᠨ ᠎ᠦ ᠠᠷᠤ᠎ᠳᠤ ᠲᠤᠨᠤᠭ ᠲᠥᠬᠥᠭᠡᠷᠦᠮᠵᠢ ᠨᠢ ᠦᠩᠬᠡᠷᠡᠨ ᠭᠠᠷᠬᠤ ᠮᠠᠯ ᠤᠨᠤᠭ᠎ᠠ ᠨᠢᠭᠡᠪᠦᠷᠢ᠎ᠶᠢ ᠤᠨᠤᠪᠴᠢᠳᠠᠢ ᠲᠡᠮᠳᠡᠭᠯᠡᠵᠦ᠍ ᠪᠠᠶ᠋ᠢᠳᠠᠭ᠃

ᠲᠣᠮᠳᠠᠠᠤᠰᠤ ᠬᠠᠮᠢᠶᠠᠷᠤᠨ ᠬᠠᠮᠠᠭᠠᠯᠠᠬᠤ ᠥᠷᠲᠡᠭᠡ᠎ᠶᠢ ᠥᠩᠭᠡᠷᠡᠭᠡᠳ ᠵᠤᠰᠠᠯᠠᠩ᠎ᠤᠨ ᠭᠠᠵᠠᠷ᠎ᠡᠴᠨ  ᠨᠡᠩ ᠣᠶ᠋ᠢᠷᠠᠬᠠᠨ ᠪᠣᠯᠪᠠ᠂ ᠮᠠᠯᠴᠢᠨ ᠮᠡᠷᠭᠡᠨᠲᠦ᠍ ᠭᠠᠷ᠎ᠤᠨ ᠠᠶ᠎ᠠ᠎ᠪᠠᠷ ᠨᠢᠭᠡ ᠠᠳᠬᠤ ᠬᠤᠵᠢᠷ ᠡᠪᠡᠰᠦ ᠠᠪᠴᠤ᠌᠂ ᠵᠦᠭᠡᠯᠡᠨ ᠡᠪᠡᠰᠦ ᠲᠡᠭᠦᠨ᠎ᠦ ᠬᠤᠷᠤᠭᠤᠨ᠎ᠳᠤ ᠨᠠᠶ᠋ᠢᠭᠤᠵᠤ ᠪᠠᠶ᠋ᠢᠯ᠎ᠠ᠃ 《ᠴᠢ ᠡᠨᠡ ᠡᠪᠡᠰᠦ᠎ᠶᠢ ᠦᠵᠡ᠂ ᠨᠢᠳᠤᠨᠤᠨ ᠡᠨᠳᠡ ᠨᠠᠮᠤᠷᠵᠢᠵᠤ᠂ ᠨᠢᠭᠡ ᠬᠠᠪᠤᠷ ᠵᠤᠨ᠎ᠢ ᠦᠩᠭᠡᠷᠡᠭᠡᠭᠡᠳ ᠣᠳᠣ ᠪᠦᠷ ᠮᠠᠰᠢ ᠥᠨᠳᠥᠷ ᠪᠤᠯᠵᠠᠢ》᠃ ᠡᠨᠡ ᠬᠦ᠌ 500 ᠲᠦᠮᠡᠨ ᠮᠤ᠌ ᠵᠢᠨ ᠲᠠᠯ᠎ᠠ ᠨᠤᠲᠤᠭ ᠳᠡᠭᠡᠷ᠎ᠡ᠂ 23 ᠭᠠᠴᠠᠭᠠᠨ᠎ᠤ ᠮᠠᠯᠴᠢᠳ ᠠᠯᠢ ᠡᠷᠲᠡ 《 ᠪᠡᠯᠴᠢᠭᠡᠷ᠎ᠢ ᠰᠡᠷᠭᠦᠭᠡᠵᠦ᠍ ᠰᠡᠯᠭᠦᠨ ᠮᠠᠯᠵᠢᠬᠤ》 ᠠᠮᠢ ᠠᠬᠤᠢ᠎ᠶᠢᠨ ᠣᠶ᠋ᠢᠯᠠᠭᠠᠭᠳᠠᠬᠤᠨ᠎ᠢ ᠡᠳᠦᠷ ᠲᠤᠳᠤᠮ᠎ᠤᠨ ᠦᠢᠯᠡᠳᠪᠦᠷᠢᠯᠡᠯ ᠠᠮᠢᠳᠤᠷᠠᠯ᠎ᠳᠠᠭᠠᠨ ᠭᠦᠨ ᠦᠨᠳᠦᠰᠦᠯᠡᠭᠦᠯᠵᠦ᠍᠂ ᠤᠳᠤᠷᠯᠠᠬᠤ ᠦᠶ᠎ᠡ᠎ᠳᠦ ᠴᠦ᠍ ᠨᠢᠭᠡ ᠬᠡᠰᠡᠭ ᠨᠤᠲᠤᠭ ᠪᠡᠯᠴᠢᠭᠡᠷ᠎ᠢ ᠬᠣᠭᠣᠰᠣᠷᠠᠲᠠᠯ᠎ᠠ ᠮᠡᠷᠡᠬᠦ᠌ ᠦᠭᠡᠢ ᠶᠤᠮ᠃ 《ᠡᠪᠦᠭᠡ ᠳᠡᠭᠡᠳᠦᠰ᠎ᠡᠴᠡ ᠤᠯᠠᠮᠵᠢᠯᠠᠵᠤ ᠢᠷᠡᠭᠰᠡᠨ ᠨᠡᠭᠦᠳᠡᠯ ᠮᠠᠯᠵᠢᠯ ᠪᠣᠯ ᠰᠣᠬᠣᠷ ᠪᠠᠯᠠᠶ᠎ᠪᠠᠷ ᠭᠦᠶᠦᠬᠦ᠌ ᠶᠠᠪᠤᠳᠠᠯ ᠪᠢᠰᠢ ᠂ ᠬᠠᠷᠢᠨ ᠮᠠᠯᠴᠢᠳ ᠲᠠᠯ᠎ᠠ ᠨᠤᠲᠤᠭ᠎ᠲᠠᠶ ᠬᠠᠮᠲᠤ᠌ ᠠᠮᠢᠳᠤᠷᠠᠵᠤ ᠪᠠᠶ᠋ᠢᠭ᠎ᠠ ᠶᠠᠪᠤᠳᠠᠯ ᠪᠣᠯᠤᠨ᠎ᠠ᠃ ᠴᠢ ᠬᠠᠳᠤᠯᠠᠩ ᠪᠡᠯᠴᠢᠭᠡᠷ᠎ᠲᠦ᠍ ᠠᠮᠢᠰᠬᠤᠬᠤ ᠴᠠᠭ ᠦᠯᠡᠳᠡᠭᠡᠵᠦ᠍ ᠥᠭᠪᠡᠯ ᠬᠠᠳᠤᠯᠠᠩ ᠪᠡᠯᠴᠢᠭᠡᠷ ᠰᠠᠶᠢ ᠵᠢᠯ ᠪᠣᠯᠭᠠᠨ ᠴᠢᠮ᠎ᠠ᠎ᠳᠤ ᠲᠠᠷᠭᠤ ᠰᠠᠢᠳᠠᠢ ᠦᠬᠡᠷ ᠬᠣᠨᠢ ᠵᠢ ᠲᠡᠵᠢᠭᠡᠵᠦ᠍ ᠥᠭᠭᠦᠨ᠎ᠡ》᠃

ᠣᠲᠣᠷ ᠨᠡᠭᠦᠳᠡᠯ᠎ᠢ ᠯᠠᠪᠳᠠᠭᠤᠨ ᠦᠩᠭᠡᠷᠡᠭᠦᠯᠬᠦ᠎ᠶᠢᠨ ᠲᠥᠯᠥᠭᠡ᠂  ᠵᠠᠮ ᠳᠠᠭᠠᠤ ᠵᠢᠨ ᠣᠲᠣᠷ ᠨᠠᠮ᠎ᠤᠨ ᠭᠡᠰᠢᠭᠦᠨ ᠪᠠ ᠣᠯᠠᠨ ᠲᠦᠮᠡᠨ᠎ᠦ ᠦᠢᠯᠡᠴᠢᠯᠡᠭᠡᠨ ᠎ᠦ ᠲᠥᠪ ᠪᠠ  3 ᠦᠢᠯᠡᠴᠢᠯᠡᠬᠡᠨ᠎ᠦ ᠤᠯᠠᠭ᠎ᠠ ᠥᠷᠲᠡᠭᠡ ᠨᠢ ᠬᠠᠯᠠᠭᠤᠨ ᠤᠰᠤ ᠪᠠ  ᠪᠠᠴᠢᠮ ᠪᠠᠶ᠋ᠢᠳᠠᠯ᠎ᠢ ᠠᠷᠭᠠᠴᠠᠭᠠᠬᠤ ᠡᠮ ᠲᠠᠩ᠎ᠢ ᠠᠯᠢ ᠡᠷᠲᠡ ᠪᠡᠯᠡᠳᠬᠡᠨ᠂ 80 ᠭᠠᠷᠤᠶ ᠠᠵᠢᠯᠲᠠᠨ 40 ᠭᠠᠷᠤᠶ ᠦᠢᠯᠡᠴᠢᠯᠡᠬᠡᠨ᠎ᠦ ᠪᠠᠲᠤᠯᠠᠭ᠎ᠠ᠎ᠶᠢᠨ ᠮᠠᠰᠢᠨ ᠲᠡᠷᠭᠡ᠎ᠲᠡᠶ ᠬᠠᠮᠲᠤ᠌ ᠨᠠᠭᠠᠰᠢ ᠴᠠᠭᠠᠰᠢ ᠲᠣᠭᠣᠷᠢᠨ ᠬᠠᠮᠠᠭᠠᠯᠠᠵᠤ᠂ ᠮᠠᠰᠢᠨ ᠲᠡᠷᠭᠡ ᠡᠪᠡᠰᠦᠲᠦ᠍ ᠲᠠᠯ᠎ᠠ᠎ᠳᠤ ᠰᠢᠬᠢᠳᠬᠦ᠂ ᠦᠬᠡᠷ ᠬᠣᠨᠢᠳ ᠪᠤᠳᠠᠷᠠᠭᠰᠠᠨ ᠪᠠᠶ᠋ᠢᠪᠠᠯ ᠲᠠᠳᠠ ᠭᠠᠷ ᠰᠤᠩᠭᠠᠨ ᠬᠠᠪᠰᠤᠷᠳᠠᠭ᠃

ᠨᠠᠷᠠ ᠰᠢᠩᠭᠡᠬᠦ᠌ ᠦᠶᠡᠰ᠂ ᠰᠠᠢᠰᠢᠶᠠᠯᠳᠤ᠎ᠶᠢᠨ ᠦᠬᠡᠷ᠎ᠦᠨ ᠰᠦᠷᠦᠭ ᠨᠢᠭᠡᠨᠲᠡ ᠬᠥᠨᠳᠡᠯᠡᠨ᠎ᠦ ᠵᠤᠰᠠᠯᠠᠩ᠎ᠤᠨ ᠵᠠᠭᠠᠬ ᠤ᠋ᠨ ᠬᠥᠰᠢᠶ᠎ᠡ᠎ᠳᠦ ᠬᠦᠷᠪᠡ᠃ ᠬᠣᠯᠠ᠎ᠡᠴᠨ ᠢᠷᠡᠭᠰᠡᠨ ᠮᠠᠯᠴᠢᠳ ᠨᠢᠭᠡᠨᠲᠡ ᠬᠠᠭᠠᠰ ᠲᠤᠭᠠᠨ ᠤ᠋  ᠮᠣᠩᠭᠣᠯ ᠭᠡᠷ ᠵᠢᠡᠨ ᠪᠣᠰᠬᠠᠵᠤ᠂ ᠬᠦᠶᠦᠬᠡᠨ  ᠬᠥᠬᠡ ᠥᠩᠭᠡ᠎ᠲᠡᠶ ᠤᠲᠤᠭ᠎ᠠ ᠰᠠᠯᠬᠢᠨ᠎ᠤ ᠠᠶ᠎ᠠ ᠪᠡᠷ ᠰᠤᠨᠤᠯᠵᠠᠨ᠎ᠠ᠃ ᠰᠠᠢ᠌ᠰᠢᠶᠠᠯᠳᠤ ᠥᠪᠡᠷ᠎ᠦᠨ ᠡᠷᠬᠡ ᠦᠬᠡᠢ᠄ ᠮᠢᠩᠭᠠᠨ ᠤᠨ᠎ᠤ ᠬᠤᠪᠢᠷᠠᠰᠢ ᠦᠭᠡᠢ ᠮᠠᠯᠵᠢᠯ᠎ᠤᠨ ᠵᠠᠮ ᠳᠡᠭᠡᠷ᠎ᠡ᠂ ᠤᠯᠠᠮᠵᠢᠯᠠᠯᠲᠤ᠌ ᠨᠡᠭᠦᠳᠡᠯ ᠮᠠᠯᠵᠢᠯ᠎ᠤᠨ ᠦᠢᠯᠡᠰ ᠦᠷᠭᠦᠯᠵᠢᠯᠡᠨ ᠬᠥᠭᠵᠢᠵᠦ᠍᠂ ᠣᠶᠤᠨᠴᠢ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠢᠶᠡᠷ ᠠᠶᠠᠯᠠᠯ ᠬᠠᠮᠠᠭᠠᠯᠠᠵᠤ᠂ ᠦᠨᠢ  ᠡᠷᠲᠡᠨ᠎ᠦ ᠲᠠᠯ᠎ᠠ ᠨᠤᠲᠤᠭ  ᠰᠢᠨ᠎ᠡ ᠴᠠᠭ ᠦᠶ᠎ᠡ᠎ᠶᠢᠨ ᠠᠮᠢᠵᠢᠷᠠᠯ᠎ᠤᠨ ᠬᠦᠴᠦᠨ᠎ᠢᠶᠡᠨ ᠪᠠᠳᠠᠷᠠᠭᠤᠯᠵᠤ ᠪᠠᠶ᠋ᠢᠨ᠎ᠠ ᠬᠡᠵᠦ ᠭᠠᠢᠬᠠᠰᠢ ᠠᠯᠳᠠᠨ ᠶᠠᠷᠢᠨ᠎ᠠ᠃


[ ᠰᠤᠷᠪᠤᠯᠵᠢᠯᠠᠭᠴᠢ᠎ᠶᠢᠨ ᠡᠪᠦᠷ ᠲᠡᠮᠳᠡᠭᠯᠡᠯ]

  ᠤᠳᠤᠷ ᠤ᠋ᠨ ᠡᠩᠨᠡᠬᠡ᠎ᠳᠦ ᠨᠢᠭᠡ ᠠᠮᠠ ᠠᠩᠬᠢᠯᠤᠮ᠎ᠠ ᠬᠠᠯᠠᠭᠤᠨ ᠴᠠᠢ ᠤᠤᠭᠤᠬᠤ᠎ᠳᠤ᠂ ᠡᠪᠡᠰᠦᠨ ᠳᠡᠭᠡᠷᠡᠬᠢ ᠰᠢᠭᠦᠳᠡᠷᠢ ᠱᠠᠬᠠᠢ᠎ᠳᠦ ᠨᠠᠭᠠᠯᠳᠤᠨ᠎ᠠ᠃ ᠪᠢᠳᠡ ᠤᠤᠯ ᠨᠢ ᠨᠡᠭᠦᠳᠡᠯ ᠮᠠᠯᠵᠢᠯ ᠪᠣᠯ ᠪᠠᠷᠢᠮᠲᠠᠲᠤ᠌ ᠺᠢᠨᠣ᠋ ᠳᠣᠲᠣᠷᠠᠬᠢ ᠠᠯᠤᠰ ᠬᠣᠯᠠ᠎ᠶᠢᠨ ᠬᠠᠭᠤᠴᠢᠨ ᠳᠦᠷᠰᠦ ᠵᠢᠷᠤᠭ ᠭᠡᠵᠦ᠍ ᠪᠤᠳᠤᠵᠤ ᠪᠠᠶ᠋ᠢᠵᠠᠶ᠂ ᠰᠠᠶ᠋ᠢᠰᠢᠶᠠᠯᠳᠤ᠎ᠶᠢᠨ ᠨᠢᠭᠡ ᠬᠡᠷ᠎ᠦᠨ ᠬᠢᠨ ᠎ᠢ ᠳᠠᠭᠠᠵᠤ ᠨᠢᠭᠡ ᠡᠳᠦᠷ 50 ᠭᠠᠷᠤᠶ ᠺᠢᠯᠣᠮᠧᠲ᠋ᠷ᠎ᠦᠨ ᠤᠳᠤᠷ ᠤ᠋ᠨ  ᠵᠠᠮ᠎ᠢᠶᠠᠷ ᠶᠠᠪᠤᠭᠠᠳ ᠰᠠᠶᠢ ᠡᠨᠡᠬᠦ᠌ ᠤᠯᠠᠮᠵᠢᠯᠠᠯ᠎ᠤᠨ ᠬᠠᠯᠠᠭᠤᠨ ᠳᠤᠯᠠᠭᠠᠨ᠎ᠢ ᠮᠡᠳᠡᠷᠡᠵᠡᠶ᠃

  ᠦᠬᠡᠷ ᠬᠤᠨᠢᠳ᠎ᠤᠨ ᠦᠨᠦᠷ᠎ᠢ ᠠᠴᠢᠶᠠᠯᠠᠬᠰᠠᠨ ᠳᠠᠯ᠎ᠠ ᠵᠢᠨ ᠰᠠᠯᠬᠢ ᠬᠠᠴᠡᠷ᠎ᠢ ᠢᠯᠪᠢᠨ᠎ᠡ᠃ ᠠᠬᠠᠮᠠᠳ ᠮᠠᠯᠴᠢᠨ ᠰᠠᠢ᠌ᠰᠢᠶᠠᠯᠳᠤ ᠲᠠᠰᠢᠭᠤᠷ᠎ᠢᠶᠠᠨ ᠠᠳᠬᠤᠨ ᠪᠢᠳᠠᠨ᠎ᠳᠦ᠂ ᠨᠡᠭᠦᠳᠡᠯ ᠮᠠᠯᠵᠢᠯ᠎ᠤᠨ ᠤᠳᠤᠷᠯᠠᠬᠤ  ᠡᠨᠡ ᠬᠦ᠌ ᠤᠯᠠᠮᠵᠢᠯᠠᠯ ᠨᠢ ᠥᠪᠡᠷ᠎ᠵᠢᠨ ᠬᠢᠨ ᠎ᠢ ᠲᠦᠷᠦᠭᠰᠡᠨ᠎ᠡᠴᠡ᠎ᠪᠡᠨ ᠤᠳᠤ ᠪᠣᠯᠲᠠᠯ᠎ᠠ ᠦᠷᠭᠦᠯᠵᠢᠯᠡᠵᠦ᠍᠂ ᠦᠶ᠎ᠡ᠎ᠶᠢᠨ ᠦᠶ᠎ᠡ᠎ᠳᠡᠭᠡᠨ ᠡᠪᠦᠭᠡ ᠳᠡᠭᠡᠳᠦᠰ ᠎ᠦᠨ᠎ᠢᠶᠡᠨ ᠭᠢᠰᠬᠢᠵᠦ᠍ ᠭᠠᠷᠭᠠᠭᠰᠠᠨ ᠮᠠᠯᠵᠢᠯ᠎ᠤᠨ ᠵᠠᠮ᠎ᠢ ᠵᠠᠯᠭᠠᠮᠵᠢᠯᠠᠵᠤ᠂ ᠬᠠᠮᠢᠭ᠎ᠠ  ᠪᠡᠯ ᠨᠢ ᠲᠡᠭᠰᠢᠬᠡᠨ᠂ ᠬᠠᠮᠢᠭ᠎ᠠ ᠤᠰᠤ ᠨᠢ ᠬᠦᠶᠦᠬᠡᠨ ᠵᠡᠷᠭᠡ ᠨᠢ ᠪᠦᠷ ᠮᠢᠩᠭᠠᠨ ᠵᠢᠯ᠎ᠦᠨ ᠲᠠᠯ᠎ᠠ ᠨᠤᠲᠤᠭ᠎ᠲᠤ᠌ ᠣᠷᠣᠰᠢᠨ ᠲᠣᠭᠲᠠᠨᠢᠬᠤ ᠤᠶᠤᠨ ᠤᠬᠠᠭᠠᠨ ᠪᠣᠯᠤᠨ᠎ᠠ ᠭᠡᠵᠦ᠍ ᠬᠡᠯᠡᠨ᠎ᠡ᠃

 AR ᠤᠶᠤᠨᠴᠢ  ᠪᠠᠶ᠋ᠢᠴᠠᠭᠠᠨ ᠬᠡᠮᠵᠢᠬᠦ᠌ ᠲᠥᠬᠥᠭᠡᠷᠦᠮᠵᠢ᠎ᠨᠢ ᠮᠠᠯ᠎ᠤᠨ ᠲᠣᠭ᠎ᠠ ᠳᠤᠯᠤᠭᠠᠢ᠎ᠶᠢ ᠣᠨᠣᠪᠴᠢᠲᠠᠶ ᠪᠦᠷᠢᠳᠬᠡᠵᠦ᠍᠂ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠨᠢ ᠤᠯᠠᠮᠵᠢᠯᠠᠯᠲᠤ᠌ ᠬᠥᠮᠦᠨ ᠎ᠦ ᠬᠦᠴᠦ᠎ᠪᠡᠷ ᠵᠢᠵᠢᠭᠦᠷᠯᠡᠨ ᠰᠠᠬᠢᠬᠤ᠎ᠶᠢ ᠣᠷᠣᠯᠠᠭᠤᠯᠵᠤ ᠂ ᠨᠤᠲᠤᠭ ᠪᠡᠯᠴᠢᠭᠡᠷ ᠎ᠦᠨ ᠠᠮᠢ ᠠᠬᠤᠶ ᠬᠢᠭᠡᠳ ᠡᠮᠬᠢ ᠵᠢᠷᠤᠮ᠎ᠲᠠᠶ᠎ᠪᠠᠷ ᠤᠳᠤᠷᠯᠠᠬᠤ ᠵᠢ ᠥᠨᠳᠥᠷ ᠪᠦᠲᠦᠮᠵᠢᠲᠡᠶ᠎ᠪᠡᠷ  ᠬᠠᠮᠠᠭᠠᠯᠠᠨ᠎ᠠ᠃ ᠪᠢᠳᠡᠨ᠎ᠦ ᠣᠯᠵᠤ ᠬᠠᠷᠠᠭᠰᠠᠨ᠎ᠢᠶᠠᠷ᠂ ᠡᠷᠲᠡᠨ᠎ᠦ ᠨᠡᠭᠦᠳᠡᠯ ᠮᠠᠯᠵᠢᠯ᠎ᠤᠨ ᠵᠠᠩ ᠳᠠᠳᠬᠠᠯ ᠪᠠ  ᠣᠲᠣ ᠦᠶ᠎ᠡ᠎ᠶᠢᠨ ᠰᠢᠨᠵᠢᠯᠡᠬᠦ᠌ ᠤᠬᠠᠭᠠᠨ ᠲᠸᠭᠨᠢᠭ  ᠮᠡᠷᠭᠡᠵᠢᠯ ᠬᠠᠷᠢᠯᠴᠠᠨ ᠡᠯᠢᠭᠡᠰᠡᠭ ᠳᠣᠲᠣᠨᠣ ᠤᠶᠠᠯᠳᠤᠵᠦ᠂ ᠮᠢᠩᠭᠠᠨ ᠣᠨ᠎ᠤ ᠮᠠᠯᠵᠢᠯ᠎ᠤᠨ ᠵᠠᠮ ᠨᠢ ᠲᠠᠩ ᠭᠠᠭᠴᠠ ᠣᠨ ᠵᠢᠯ ᠎ᠦᠨ ᠨᠡᠭᠦᠳᠡᠯ ᠪᠢᠰᠢ ᠪᠣᠯᠵᠣ᠂ ᠨᠠᠩ ᠴᠤ᠌ ᠠᠮᠢ ᠠᠬᠤᠶ᠎ᠶᠢ  ᠬᠠᠮᠠᠭᠠᠯᠠᠬᠤ ᠂ ᠰᠣᠶᠣᠯ ᠎ᠢ ᠤᠯᠠᠮᠵᠢᠯᠠᠨ ᠵᠠᠯᠭᠠᠮᠵᠢᠯᠠᠬᠤ ᠪᠠ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠰᠢᠨᠡᠴᠢᠯᠡᠯᠲᠡ᠎ᠶᠢ ᠠᠭᠤᠰᠤᠯᠴᠠᠭᠤᠯᠵᠤ ᠬᠠᠮᠲᠤ᠎ᠪᠠᠷ ᠣᠷᠣᠰᠢᠵᠤ ᠪᠠᠶ᠋ᠢᠨ᠎ᠠ᠃ ᠲᠠᠯ᠎ᠠ ᠨᠤᠲᠤᠭ ᠎ᠤᠨ ᠠᠮᠢᠵᠢᠷᠠᠯ᠎ᠤᠨ ᠬᠦᠴᠦᠨ ᠦᠶ᠎ᠡ᠎ᠶᠢᠨ ᠦᠶ᠎ᠡ ᠣᠷᠣᠰᠢᠨ ᠲᠣᠭᠲᠠᠨᠢᠬᠤ᠎ᠶᠢᠨ ᠬᠣᠭᠣᠷᠣᠨᠳᠣ ᠬᠠᠳᠠᠭᠠᠯᠠᠭᠳᠠᠵᠤ ᠂ ᠡᠷᠲᠡᠨ᠎ᠦ ᠨᠡᠭᠦᠳᠡᠯ ᠮᠠᠯᠵᠢᠯ ᠎ᠤᠨ ᠪᠣᠯᠪᠠᠰᠤᠨ ᠶᠠᠭ ᠰᠢᠨ᠎ᠡ ᠴᠠᠭ ᠦᠶ᠎ᠡ᠎ᠶᠢᠨ ᠰᠢᠨᠵᠢᠯᠡᠭᠡ ᠮᠡᠷᠭᠡᠵᠢᠯ ᠎ᠤᠨ  ᠬᠦᠴᠦᠨ᠎ᠳᠦ ᠲᠦᠰᠢᠭᠯᠡᠨ᠂ ᠪᠣᠬᠢᠷᠲᠤᠯ ᠦᠭᠡᠢ ᠬᠥᠭᠵᠢᠯᠲᠡ᠎ᠶᠢᠨ ᠴᠣ᠋ ᠰᠢᠨ᠎ᠡ ᠬᠠᠭᠤᠳᠠᠰᠤ᠎ᠶᠢ ᠦᠷᠭᠦᠯᠵᠢᠯᠡᠨ ᠪᠢᠴᠢᠭᠯᠡᠵᠦ᠍ ᠪᠠᠶ᠋ᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号