ᠲᠣᠰᠬᠣᠨ ᠤ᠋ ᠠᠷᠠᠳ ᠠᠮᠢ ᠠᠬᠤᠢ ᠵᠢᠨ ᠦᠷ᠎ᠡ ᠠᠰᠢᠭ᠋ ᠡᠴᠡ ᠠᠵᠤ ᠠᠬᠤᠢ ᠵᠢᠨ ᠦᠷ᠎ᠡ ᠠᠰᠢᠭ ᠬᠥᠷᠳᠡᠬᠥ ᠪᠤᠯᠪᠠ
2026-07-27 09:57:53
ᠵᠣᠬᠢᠶᠠᠭ᠍ᠴᠢ᠄
ᠵᠧᠩ ᠰᠢᠤᠸᠠᠢ ᠯᠢᠶᠠᠩ
ᠣᠩᠱᠢᠭ᠍ᠰᠠᠨ ᠣᠳᠠᠭ᠎ᠠ᠄
★★★☆☆

ᠣᠢᠷ᠎ᠠ ᠳ᠋ᠤ᠂ ᠰᠤᠷᠪᠤᠯᠵᠢᠯᠠᠭᠴᠢ ᠳᠠᠯᠠᠨ ᠬᠠᠷ᠎ᠠ ᠠᠭᠤᠯᠠ ᠵᠢᠨ ᠡᠮᠦᠨ᠎ᠡ ᠬᠣᠷᠮᠣᠢ ᠳ᠋ᠡᠬᠢ ᠬᠣᠲᠣᠩ ᠠᠷᠠᠳ ᠤ᠋ᠨ ᠲᠣᠭᠣᠷᠢᠭ᠋ ᠤ᠋ᠨ ᠶᠦᠮ ᠤ᠋ᠨ ᠪᠠᠢᠰᠢᠩ ᠪᠠᠯᠭᠠᠰᠤᠨ ᠤ᠋ ᠵᠡᠭᠦᠨ ᠤᠰᠤᠲᠤ ᠲᠣᠰᠬᠣᠨ ᠳ᠋ᠤ ᠬᠦᠷᠬᠦ ᠳ᠋ᠤ᠂ ᠠᠭᠤᠯᠠ ᠳᠤᠯᠤᠭᠠᠳ ᠬᠦᠬᠡᠷᠡᠨ ᠨᠤᠭᠤᠭᠠᠷᠠᠵᠤ᠂ ᠤᠢ ᠮᠤᠳᠤ ᠢᠭᠴᠤᠷᠠᠨ ᠰᠠᠬᠤᠯᠢᠭᠵᠢᠵᠤ᠂ ᠪᠤᠯᠠᠭ ᠤ᠋ᠨ ᠤᠰᠤ ᠭᠤᠷᠴᠢᠬᠢᠨᠠᠨ ᠤᠷᠤᠰᠴᠤ᠂ ᠭᠡᠷ ᠪᠠᠢᠰᠢᠩ᠂ ᠲᠣᠰᠬᠣᠨ᠎ᠴᠡᠪᠡᠷ ᠴᠡᠮᠴᠡᠭᠡᠷ ᠬᠠᠷᠠᠭᠳᠠᠨ᠂ ᠭᠤᠸᠠ ᠵᠢᠮᠢᠰ ᠤ᠋ᠨ ᠠᠩᠬᠢᠯᠦᠮ᠎ᠠ ᠦᠨᠦᠷ ᠬᠠᠩᠬᠤᠯᠤᠨ᠎ᠠ᠃

ᠤᠰᠤᠳᠤ᠎ᠳᠤ᠂ ᠵᠡᠭᠦᠨ ᠤᠰᠤᠲᠤ᠂ ᠪᠠᠷᠠᠭᠤᠨ ᠤᠰᠤᠲᠤ ᠭᠡᠬᠦ ᠬᠣᠶᠠᠷ ᠲᠣᠰᠬᠣᠨ ᠪᠠᠢᠳᠠᠭ ᠪᠦᠭᠡᠳ ᠳᠤᠰ ᠬᠤᠶᠠᠷ ᠳᠤᠰᠬᠤᠨ ᠨᠢ ᠮᠢᠩ ᠤᠯᠤᠰ ᠤ᠋ᠨ ᠦᠶ᠎ᠡ ᠳ᠋ᠤ ᠪᠠᠢᠭᠤᠯᠤᠭᠳᠠᠨ᠂ ᠣᠲᠣ᠌ ᠪᠣᠯᠲᠠᠯ᠎ᠠ 400 ᠭᠠᠷᠤᠢ ᠵᠢᠯ ᠤ᠋ᠨ ᠲᠡᠦᠬᠡ᠎ᠲᠠᠢ ᠪᠤᠯᠵᠦ᠂ 《ᠤᠯᠠᠭᠠᠨ ᠬᠦᠶ᠋ᠯᠡᠰᠦᠨ ᠤ᠋ ᠲᠣᠰᠬᠣᠨ》 ᠭᠡᠰᠡᠨ ᠰᠠᠢᠬᠠᠨ ᠠᠯᠳᠠᠷ᠎ᠲᠠᠢ᠃

ᠣᠷᠴᠢᠮ ᠤ᠋ᠨ ᠵᠢᠯ ᠳ᠋ᠤ᠂ ᠬᠣᠲᠣᠩ ᠠᠷᠠᠳ ᠤ᠋ᠨ ᠲᠣᠭᠣᠷᠢᠭ᠋ ᠳᠠᠯᠠᠨ ᠬᠠᠷ᠎ᠠ ᠠᠭᠤᠯᠠ ᠵᠢᠨ ᠪᠣᠬᠢᠷᠲᠤᠯ ᠦᠭᠡᠢ ᠠᠮᠢ ᠠᠬᠤᠢ ᠵᠢᠨ ᠬᠠᠯᠬᠠᠪᠴᠢ ᠪᠠ ᠲᠦᠮᠡᠨ ᠮᠦ᠍ ᠭᠦᠢᠯᠡᠰᠦᠨ ᠣᠢ ᠵᠢᠨ ᠡᠬᠢ ᠪᠠᠶᠠᠯᠢᠭ ᠲᠤ᠌ ᠲᠦᠰᠢᠭᠯᠡᠨ᠂ ᠤᠰᠤᠲᠤ ᠵᠢᠨ ᠲᠣᠮᠣ᠌ ᠭᠦᠢᠯᠡᠰᠦ ᠡᠨᠡ ᠬᠥ᠌ ᠨᠡᠷᠡᠳᠤ ᠲᠡᠮᠳᠡᠭᠲᠦ᠎ᠪᠡᠷ ᠭᠣᠣᠯ ᠪᠣᠯᠭᠠᠵᠤ᠂ 《ᠭᠦᠢᠯᠡᠰᠤᠨ ᠮᠤᠳᠤᠨ ᠤ᠋ ᠳᠤᠤᠷ᠎ᠠ》 ᠭᠡᠮᠡᠬᠥ  ᠣᠨᠴᠠᠯᠢᠭ᠍ᠲᠤ ᠰᠣᠶᠣᠯ ᠵᠢᠭᠤᠯᠴᠢᠯᠠᠯ ᠤ᠋ᠨ IP ᠶ᠋ᠢ ᠡᠭᠦᠳᠦᠨ ᠪᠠᠢᠭᠤᠯᠵᠦ᠂ ᠵᠢᠷᠭᠠᠯᠲᠤ ᠪᠤᠯᠠᠭ᠂ ᠡᠷᠲᠡᠨ ᠤ᠋ ᠮᠤᠳᠤᠨ ᠤ᠋ ᠲᠠᠯᠠᠪᠠᠶ᠂ ᠤᠰᠤᠲᠤ ᠵᠢᠨ ᠬᠦᠶ᠋ᠯᠡᠰᠦᠨ ᠴᠡᠴᠡᠭ ᠤ᠋ᠨ ᠬᠥᠨᠳᠡᠢ ᠵᠡᠷᠭᠡ 20 ᠭᠠᠷᠤᠢ ᠦᠵᠡᠮᠵᠢ ᠵᠢᠨ ᠴᠡᠭ ᠢ᠋ ᠬᠤᠯᠪᠤᠵᠤ᠂ 《ᠢ ᠵᠢᠶᠠᠨ ᠹᠠᠩ ᠤ᠋ᠨ ᠰᠣᠶᠣᠯ ᠤ᠋ᠨ ᠡᠭᠦᠳᠦᠯᠲᠡ ᠵᠢᠨ ᠲᠣᠰᠬᠣᠨ》᠂ 《ᠳ᠋ᠤᠸᠠᠨ ᠵᠢᠶᠠ ᠶᠣᠣ ᠲᠣᠰᠬᠣᠨ》᠂ 《ᠵᠡᠭᠦᠨ ᠤᠰᠤᠲᠤ ᠵᠢᠨ ᠭᠦᠢᠯᠡᠰᠤᠨ ᠴᠡᠴᠡᠭ ᠤ᠋ᠨ ᠲᠣᠰᠬᠣᠨ》᠂ 《ᠪᠠᠷᠠᠭᠤᠨ ᠤᠰᠤᠲᠤ ᠵᠢᠨ ᠤᠷᠠᠯᠢᠭ᠋ ᠤ᠋ᠨ ᠲᠣᠰᠬᠣᠨ》᠂ 《ᠬᠣᠭᠣᠯᠠᠢ ᠭᠤᠤ ᠵᠢᠨ ᠡᠷᠡᠭᠦᠯᠵᠢᠯ ᠤ᠋ᠨ ᠲᠣᠰᠬᠣᠨ》 ᠵᠡᠷᠭᠡ 5 ᠣᠨᠴᠠᠯᠢᠭ᠍ᠲᠤ ᠲᠣᠰᠬᠣᠨ ᠢ᠋ ᠥᠨᠳᠥᠷ ᠪᠠᠷᠢᠮᠵᠢᠶ᠎ᠠ ᠪᠡᠷ ᠪᠦᠲᠦᠭᠡᠨ ᠪᠠᠢᠭᠤᠯᠵᠤ᠂ ᠣᠨᠴᠠᠯᠢᠭ᠍ᠲᠤ ᠠᠷᠠᠳ ᠤ᠋ᠨ ᠣᠷᠣᠨ ᠰᠠᠭᠤᠴᠠ ᠶ᠋ᠢ ᠶᠡᠬᠡ ᠪᠡᠷ ᠬᠥᠭᠵᠢᠭᠦᠯᠦᠨ᠂ ᠲᠠᠷᠢᠶᠠᠴᠢᠨ ᠠᠢᠯ ᠤ᠋ᠨ ᠵᠢᠭᠤᠯᠴᠢᠯᠠᠯ᠂ ᠲᠠᠷᠢᠶᠠᠯᠠᠩ ᠤ᠋ᠨ ᠪᠦᠲᠦᠭᠡᠭᠳᠡᠬᠦᠨ ᠢ᠋ ᠡᠳ᠋ᠰᠢᠭᠦᠯᠵᠤ ᠪᠣᠯᠪᠠᠰᠤᠷᠠᠭᠤᠯᠬᠤ ᠵᠡᠷᠭᠡ ᠡᠵᠡᠩᠨᠡᠯᠲᠡ ᠵᠢᠨ ᠬᠡᠯᠪᠡᠷᠢ ᠶ᠋ᠢ ᠡᠬᠥᠳᠴᠤ᠂ ᠣᠯᠠᠨ ᠲᠦᠮᠡᠨ ᠤ᠋ ᠣᠢᠷ᠎ᠠ ᠬᠠᠪᠢ᠎ᠳᠠᠭᠠᠨ ᠠᠵᠢᠯ ᠣᠯᠵᠤ ᠦᠢᠯᠡᠰ ᠴᠣᠭᠴᠠᠯᠠᠬᠤ ᠶ᠋ᠢ ᠳᠠᠶ᠋ᠢᠴᠢᠯᠠᠨ᠂ ᠲᠣᠰᠬᠣᠨ ᠤ᠋ ᠠᠷᠠᠳ ᠢ᠋ ᠭᠡᠷ ᠤ᠋ᠨ ᠵᠢᠡᠨ ᠡᠭᠦᠳᠡᠨ ᠳ᠋ᠤ ᠵᠢᠭᠤᠯᠴᠢᠯᠠᠯ ᠤ᠋ᠨ ᠦᠷ᠎ᠡ ᠠᠰᠢᠭ ᠢ᠋ ᠬᠦᠷᠲᠡᠭᠦᠯᠵᠤ᠂ ᠬᠠᠮᠲᠤ ᠵᠢᠨ ᠣᠷᠣᠯᠭ᠎ᠠ ᠶ᠋ᠢ ᠨᠡᠮᠡᠭᠳᠡᠭᠦᠯᠬᠦ ᠪᠠ ᠣᠯᠠᠨ ᠲᠦᠮᠡᠨ ᠢ᠋ ᠪᠠᠶᠠᠵᠢᠭᠤᠯᠬᠤ ᠬᠤᠤᠰ ᠦᠷ᠎ᠡ ᠠᠰᠢᠭᠲᠤ ᠬᠥᠭᠵᠢᠯᠲᠡ ᠵᠢᠨ ᠵᠠᠮ ᠢ᠋ ᠨᠡᠭᠡᠭᠡᠵᠡᠢ᠃

ᠲᠣᠰᠬᠣᠨ ᠳ᠋ᠤ ᠣᠷᠣᠭᠰᠠᠨ ᠤ᠋ ᠳᠠᠷᠠᠭ᠎ᠠ ᠵᠢᠩ ᠡᠯ ᠯᠢᠶᠠᠩ ᠵᠠᠮ ᠵᠢᠡᠷ ᠰᠢᠭᠤᠳ ᠶᠠᠪᠤᠪᠠᠯ᠂ ᠳᠡᠮᠡᠢ ᠤᠳᠠᠯ ᠦᠭᠡᠢ ᠤᠯᠠᠭᠠᠨ ᠳ᠋ᠧᠩᠯᠦ ᠡᠯᠭᠦᠭᠰᠡᠨ ᠲᠠᠷᠢᠶᠠᠴᠢᠨ ᠠᠢᠯ ᠤ᠋ᠨ ᠵᠢᠭᠤᠯᠴᠢᠯᠠᠯ᠎ᠤᠨ ᠴᠡᠭ ᠬᠠᠷᠠᠭᠳᠠᠨ᠎ᠠ᠃ ᠬᠦᠷᠢᠶᠡᠨ ᠳ᠋ᠤᠨᠢ ᠤᠷᠤᠪᠠᠯ᠂ ᠮᠤᠳᠤᠨ ᠤ᠋ ᠮᠦᠴᠢᠷ ᠲᠤ᠌ ᠵᠢᠮᠢᠰ ᠲᠦᠭᠦᠷᠲᠡᠯ᠎ᠡ ᠰᠠᠭᠤᠵᠤ᠂ ᠬᠦᠷᠢᠶᠡᠨ ᠲᠤᠮᠳᠠᠬᠢ᠎ᠬᠥᠭᠰᠢᠨ ᠭᠦᠢᠯᠡᠰᠦᠨ ᠮᠤᠳᠤᠨ ᠤ᠋᠎ᠰᠠᠯᠠᠭ᠎ᠠ ᠨᠠᠮᠠᠭ᠎ᠠ ᠱᠠᠷᠬᠢᠯᠳᠤᠨ᠂ ᠰᠢᠷᠣᠢ ᠵᠢᠨ ᠵᠤᠤᠬᠠᠨ ᠳᠡᠭᠡᠷ᠎ᠡ ᠬᠠᠯᠠᠭᠤᠨ ᠠᠭᠤᠷ ᠪᠠᠭᠠᠭᠢᠵᠤ᠂ ᠴᠢᠨᠠᠭᠰᠠᠨ ᠲᠠᠬᠢᠶᠠᠨ ᠮᠢᠬᠠᠨ ᠤ᠋ ᠦᠨᠦᠷ ᠬᠠᠩᠬᠤᠯᠤᠨ᠂ ᠦᠪᠡᠷ ᠤ᠋ᠨ ᠡᠷᠬᠡ ᠦᠭᠡᠢ ᠰᠢᠯᠦᠰᠦ ᠬᠤᠷᠠᠭᠤᠯᠤᠨ᠎ᠠ᠃

ᠡᠨᠡ ᠬᠦ᠌ ᠰᠢ ᠯᠢᠶᠠᠩ ᠵᠢᠮᠢᠰ ᠤ᠋ᠨ ᠬᠦᠷᠢᠶᠡᠯᠡᠩ ᠤ᠋ᠨ ᠭᠦᠨ ᠳ᠋ᠤ ᠨᠢᠭᠤᠭᠳᠠᠵᠤ ᠪᠠᠢᠭ᠎ᠠ᠂ 2022 ᠣᠨ ᠳ᠋ᠤ ᠥᠪᠡᠷᠲᠡᠭᠡᠨ ᠵᠠᠰᠠᠬᠤ ᠣᠷᠣᠨ᠎ᠠᠴᠠ ᠭᠤᠷᠪᠠᠨ ᠣᠳᠣᠨ ᠲᠠᠰ ᠤ᠋ᠨ ᠬᠥᠳᠡᠭᠡ ᠲᠣᠰᠬᠣᠨ (ᠮᠠᠯᠵᠢᠬᠤ ᠣᠷᠣᠨ) ᠤ᠋ ᠵᠢᠭᠤᠯᠴᠢᠯᠠᠭᠰᠠᠳ ᠢ᠋ ᠭᠥᠯᠢᠶᠡᠨ ᠠᠪᠤᠭ᠍ᠴᠢ ᠪᠡᠷ ᠦᠨᠡᠯᠡᠭᠰᠡᠨ ᠲᠠᠷᠢᠶᠠᠴᠢᠨ ᠠᠢᠯ ᠤ᠋ᠨ ᠵᠢᠭᠤᠯᠴᠢᠯᠠᠯ᠎ᠨᠢ ᠨᠢᠭᠡᠨᠲᠡ 11 ᠵᠢᠯ᠎ᠤᠨ ᠡᠵᠡᠩᠨᠡᠯᠳᠡ ᠵᠢ ᠦᠩᠭᠡᠷᠡᠬᠦᠯᠦᠭᠰᠡᠨ ᠠᠵᠢ᠃

《ᠳᠡᠯᠭᠡᠭᠦᠷ ᠵᠢᠡᠨ ᠠᠩᠬ᠎ᠠ ᠨᠡᠭᠡᠭᠡᠬᠦ ᠳ᠋ᠤ᠂ ᠵᠥᠪᠬᠡᠨ ᠥᠪᠡᠷ ᠤ᠋ᠨ ᠬᠡᠳᠦᠨ ᠲᠠᠰᠤᠯᠭ᠎ᠠ ᠪᠠᠢᠰᠢᠩ᠂ ᠭᠠᠭᠴᠠ ᠰᠢᠷᠡᠭᠡ᠂ ᠨᠢᠭᠡ ᠲᠡᠮᠦᠷ ᠲᠣᠭᠣᠭ᠎ᠠ᠎ᠲᠠᠢ ᠯᠡ ᠪᠠᠢᠵᠦ᠂ ᠬᠦᠢᠯᠡᠰᠦᠨ ᠴᠡᠴᠡᠭ ᠳᠡᠯᠭᠡᠷᠡᠵᠦ᠂ ᠬᠦᠢᠯᠡᠰᠦ ᠪᠣᠯᠪᠠᠰᠤᠷᠠᠭᠰᠠᠨ ᠲᠡᠷᠡ ᠬᠣᠶᠠᠷ ᠭᠤᠷᠪᠠᠬᠠᠨ ᠰᠠᠷ᠎ᠠ ᠵᠢᠨ ᠬᠤᠭᠤᠷᠤᠨᠳᠤ ᠵᠣᠴᠢᠨ ᠬᠦᠯᠢᠶᠡᠵᠤ ᠠᠪᠤᠭᠰᠠᠨ ᠤᠷᠤᠯᠭ᠎ᠠ ᠳ᠋ᠠᠭᠠᠨ ᠯᠡ ᠲᠦᠰᠢᠭᠯᠡᠵᠤ ᠪᠠᠢᠪᠠ᠃ ᠡᠨᠡ ᠬᠡᠳᠦᠨ ᠵᠢᠯ᠎ᠲᠣᠰᠬᠣᠨ ᠤ᠋ ᠠᠮᠢ ᠠᠬᠤᠢ᠎ᠣᠷᠴᠢᠨ ᠲᠣᠭᠣᠷᠢᠨ ᠵᠢᠯ ᠡᠴᠡ ᠪᠡᠨ ᠵᠢᠯ ᠰᠠᠢᠵᠢᠷᠠᠵᠤ᠂ ᠲᠠᠷᠢᠶᠠᠴᠢᠨ ᠠᠢᠯ ᠤ᠋ᠨ ᠵᠢᠭᠤᠯᠴᠢᠯᠠᠯ ᠴᠦ᠍ ᠬᠡᠲᠦ ᠤᠳᠠᠭᠠᠨ ᠤ᠋ ᠥᠭᠡᠷᠡᠴᠢᠯᠡᠨ ᠰᠠᠢᠵᠢᠷᠠᠭᠤᠯᠤᠯᠲᠠ ᠪᠡᠷ ᠳᠠᠮᠵᠢᠨ᠂ ᠨᠤᠲᠤᠭ ᠤ᠋ᠨ ᠲᠠᠬᠢᠶ᠎ᠠ᠂ ᠲᠠᠬᠢᠶᠠᠨ ᠥᠨᠳᠡᠭᠡ᠂ ᠬᠠᠭᠠᠷᠢᠭ᠍ᠰᠠᠨ ᠪᠣᠣᠪᠣ᠂ ᠵᠢᠩᠨᠡᠭᠰᠡᠨ ᠶᠤᠤᠮᠠᠢ ᠵᠢᠨ ᠭᠤᠯᠢᠷ᠎ᠤᠨ ᠠᠮᠳᠠᠳᠤ ᠢᠳᠡᠭᠡᠨ ᠵᠡᠷᠭᠡ ᠠᠮᠲᠠᠲᠤ ᠬᠣᠭᠣᠯᠠ ᠬᠢᠬᠦ ᠪᠤᠯᠤᠭᠰᠠᠨ ᠡᠴᠡ ᠶᠡᠬᠡ ᠬᠡᠮᠵᠢᠶᠡᠨ ᠤ᠋ ᠵᠤᠴᠢᠳ ᠢᠷᠡᠬᠦ ᠪᠤᠯᠵᠠᠢ》 ᠭᠡᠵᠤ ᠴᠢᠤᠸᠠᠨ ᠸᠧᠢ᠎ᠲᠠᠷᠢᠶᠠᠴᠢᠨ ᠠᠢᠯ ᠤ᠋ᠨ ᠵᠢᠭᠤᠯᠴᠢᠯᠠᠯ ᠤ᠋ᠨ ᠡᠵᠡᠨ ᠳ᠋ᠤᠸᠠᠨ ᠴᠢᠤᠸᠠᠨ ᠸᠧᠢ ᠰᠤᠷᠪᠤᠯᠵᠢᠯᠠᠭ᠍ᠴᠢ ᠳ᠋ᠤ ᠬᠠᠯᠠᠭᠤᠨ ᠴᠠᠢ ᠠᠶᠠᠭᠠᠯᠠᠬᠤ ᠵᠢᠨ ᠳᠠᠭᠠᠤ ᠠᠷᠪᠠ ᠭᠠᠷᠤᠢ ᠵᠢᠯ ᠤ᠋ᠨ ᠡᠵᠡᠩᠨᠡᠯᠲᠡ ᠵᠢᠨ ᠬᠤᠪᠢᠷᠠᠯᠲᠠ ᠪᠡᠨ ᠨᠠᠷᠢᠨ ᠲᠣᠭᠠᠴᠢᠨ᠎ᠠ᠃

ᠠᠮᠢ ᠠᠬᠤᠢ ᠵᠢᠨ ᠰᠣᠶᠣᠯ ᠵᠢᠭᠤᠯᠴᠢᠯᠠᠯ ᠤ᠋ᠨ ᠠᠪᠴᠢᠷᠠᠭᠰᠠᠨ ᠠᠰᠢᠭ᠋ ᠣᠷᠣᠯᠭ᠎ᠠ ᠵᠢᠨ ᠲᠤᠬᠠᠢ ᠳ᠋ᠤᠸᠠᠨ ᠴᠢᠤᠸᠠᠨ ᠸᠧᠢ ᠰᠤᠷᠪᠤᠯᠵᠢᠯᠠᠭ᠍ᠴᠢ ᠳ᠋ᠤ ᠡᠢᠨ ᠬᠦ᠌ ᠨᠠᠷᠢᠨ ᠳᠠᠩᠰᠠ ᠲᠤᠭᠠᠴᠢᠪᠠ᠄ 10 ᠵᠢᠯ ᠤ᠋ᠨ ᠡᠮᠦᠨ᠎ᠡ᠂ ᠵᠢᠯ ᠤ᠋ᠨ ᠣᠷᠣᠯᠭ᠎ᠠ ᠬᠣᠶᠠᠷ ᠭᠤᠷᠪᠠᠨ ᠲᠦᠮᠡᠨ ᠲᠥᠭᠥᠷᠢᠭ ᠪᠠᠢᠵᠤ᠂ ᠠᠷᠠᠢ ᠴᠢᠷᠠᠢ ᠠᠮᠢᠳᠤᠷᠠᠯ ᠵᠢᠡᠨ ᠠᠷᠭᠠᠴᠠᠭᠠᠵᠤ ᠪᠠᠢᠪᠠ᠃ ᠤᠳᠤ ᠯᠠᠪᠳᠠᠭᠤᠨ ᠵᠢᠡᠷ ᠡᠵᠡᠩᠨᠡᠵᠦ᠂ ᠲᠦᠷᠪᠡᠨ ᠤᠯᠠᠷᠢᠯ ᠳ᠋ᠤ ᠵᠣᠴᠢᠨ ᠤᠭᠲᠤᠬᠤ ᠪᠣᠯᠬᠣᠷ ᠵᠢᠯ ᠤ᠋ᠨ ᠳᠤᠮᠳᠠᠴᠢ ᠣᠷᠣᠯᠭ᠎ᠠ ᠤᠤᠯ ᠤ᠋ᠨ ᠬᠢ ᠡᠴᠡ ᠪᠡᠨ ᠭᠤᠷᠪᠠᠨ ᠲᠠᠬᠢᠨ ᠡᠴᠡ ᠢᠯᠡᠬᠦᠦ ᠪᠤᠯᠵᠠᠢ᠃

《ᠡᠢᠮᠦᠷᠬᠦᠦ ᠡᠵᠡᠩᠨᠡᠯᠲᠡ ᠵᠢᠨ ᠭᠣᠣᠯ ᠴᠣᠭᠴᠠ ᠲᠠᠢ ᠠᠢᠯ ᠵᠡᠭᠦᠨ ᠤᠰᠤᠲᠤ ᠲᠣᠰᠬᠣᠨ ᠳ᠋ᠤ ᠨᠢᠭᠡᠨᠲᠡ 50 ᠭᠠᠷᠤᠢ ᠡᠷᠦᠬᠡ᠎ᠪᠤᠯᠪᠠ》 ᠭᠡᠵᠦ ᠬᠠᠮᠲᠤ ᠶᠠᠪᠤᠭ᠎ᠠ ᠬᠣᠲᠣᠩ ᠠᠷᠠᠳ ᠤ᠋ᠨ ᠲᠣᠭᠣᠷᠢᠭ᠋ ᠤ᠋ᠨ ᠶᠦᠮ ᠤ᠋ᠨ ᠪᠠᠢᠰᠢᠩ ᠪᠠᠯᠭᠠᠰᠤᠨ ᠤ᠋ ᠨᠠᠮ ᠤ᠋ᠨ ᠬᠣᠷᠢᠶᠠᠨ ᠤ᠋ ᠤᠬᠠᠭᠤᠯᠬᠤ ᠬᠡᠯᠲᠡᠰ ᠤ᠋ᠨ ᠭᠡᠰᠢᠭᠦᠨ ᠰᠦᠨ ᠢ ᠨᠠᠨ ᠰᠤᠷᠪᠤᠯᠵᠢᠯᠠᠭ᠍ᠴᠢ ᠳ᠋ᠤ ᠲᠠᠨᠢᠯᠴᠠᠭᠤᠯᠤᠨ᠎ᠠ᠃ ᠬᠣᠲᠣᠩ ᠠᠷᠠᠳ ᠤ᠋ᠨ ᠲᠣᠭᠣᠷᠢᠭ᠋ ᠤ᠋ᠨ ᠬᠢᠨ ᠭᠦᠢᠯᠡᠰᠦᠨ ᠠᠵᠤ ᠦᠢᠯᠡᠰ ᠵᠢᠡᠷ ᠲᠤᠯᠭᠠᠭᠤᠷᠢ ᠪᠣᠯᠭᠠᠵᠤ᠂ ᠤᠢ ᠳᠤᠳᠤᠷᠠᠬᠢ ᠠᠵᠤ ᠠᠬᠤᠢ᠂ ᠬᠥᠳᠡᠭᠡ ᠲᠣᠰᠬᠣᠨ ᠤ᠋ ᠵᠢᠭᠤᠯᠴᠢᠯᠠᠯ᠂ ᠠᠷᠠᠳ ᠤ᠋ᠨ ᠰᠠᠭᠤᠴᠠ ᠢᠳᠡᠭᠡᠨ ᠤᠮᠳᠠᠭᠠᠨ ᠢ᠋ ᠠᠭᠤᠰᠤᠯᠴᠠᠭᠤᠯᠤᠨ᠂ ᠬᠠᠪᠤᠷ ᠤ᠋ᠨ ᠤᠯᠠᠷᠢᠯ ᠳ᠋ᠤ ᠬᠦᠶ᠋ᠯᠡᠰᠦᠨ ᠴᠡᠴᠡᠭ ᠰᠣᠨᠢᠷᠬᠠᠬᠤ᠂ ᠵᠤᠨ ᠤ᠋ ᠤᠯᠠᠷᠢᠯ ᠳ᠋ᠤ ᠵᠢᠮᠢᠰ ᠲᠡᠭᠦᠬᠦ᠂ ᠨᠠᠮᠤᠷ ᠤ᠋ᠨ ᠤᠯᠠᠷᠢᠯ ᠳ᠋ᠤ ᠬᠥᠳᠡᠭᠡ ᠲᠣᠰᠬᠣᠨ ᠵᠢᠡᠷ ᠵᠢᠭᠤᠯᠴᠢᠯᠠᠬᠤ ᠬᠥᠳᠡᠭᠡ ᠲᠣᠰᠬᠣᠨ ᠤ᠋ ᠰᠣᠶᠣᠯ ᠵᠢᠭᠤᠯᠴᠢᠯᠠᠯ ᠤ᠋ᠨ ᠠᠵᠤ ᠦᠢᠯᠡᠰ ᠤ᠋ᠨ ᠬᠡᠯᠬᠢᠶ᠎ᠡ ᠶ᠋ᠢ ᠴᠣᠭᠴᠠᠯᠠᠵᠤ᠂ ᠲᠣᠰᠬᠣᠨ ᠤ᠋ ᠠᠷᠠᠳ ᠢ᠋ ᠭᠡᠷ ᠤ᠋ᠨ ᠡᠭᠦᠳᠡᠨ᠎ᠳᠡᠬᠢ 《ᠠᠮᠢ ᠠᠬᠤᠢ ᠵᠢᠨ ᠦᠷ᠎ᠡ ᠠᠰᠢᠭ᠋》 ᠢ᠋ ᠦᠨᠡᠨ ᠪᠤᠳᠠᠲᠠᠢ ᠠᠵᠤ ᠠᠬᠤᠢ ᠵᠢᠨ ᠦᠷ᠎ᠡ ᠠᠰᠢᠭ ᠪᠤᠯᠭᠠᠨ ᠬᠤᠪᠢᠷᠠᠭᠤᠯᠵᠤ᠂ ᠬᠥᠬᠡᠮᠳᠦᠭ ᠠᠭᠤᠯᠠ ᠶ᠋ᠢ ᠰᠠᠬᠢᠨ᠂ ᠠᠮᠢᠳᠤᠷᠠᠯ ᠵᠢᠡᠨ ᠪᠠᠶᠠᠨ ᠴᠢᠨᠡᠭᠡᠯᠢᠭ ᠪᠣᠯᠭᠠᠪᠠ᠃

ᠲᠠᠷᠢᠶᠠᠴᠢᠨ ᠠᠢᠯ ᠤ᠋ᠨ ᠵᠢᠭᠤᠯᠴᠢᠯᠠᠯ ᠨᠢ ᠪᠣᠷᠣᠭᠵᠢᠭᠤᠨ ᠪᠦᠭᠡᠳ ᠬᠠᠯᠠᠭᠤᠨ ᠳᠤᠯᠠᠭᠠᠬᠠᠨ ᠲᠦᠷᠦᠭᠳᠡᠯ ᠦᠭᠳᠡᠭ᠃ ᠤᠢᠷ᠎ᠠ ᠬᠠᠪᠢ ᠪᠡᠷ ᠨᠢ ᠰᠣᠨᠢᠭᠤᠴᠢᠯᠡᠨ ᠳᠤᠭᠤᠷᠢᠵᠦ᠂ ᠠᠭᠤᠯᠠ ᠤᠰᠤ ᠤᠢ ᠮᠤᠳᠤ ᠳᠠᠢ ᠭᠠᠵᠠᠷ ᠪᠠᠭᠤᠳᠠᠯᠯᠠᠬᠤ ᠨᠢ ᠬᠣᠲᠣᠩ ᠠᠷᠠᠳ ᠤ᠋ᠨ ᠲᠣᠭᠣᠷᠢᠭ᠋ ᠤ᠋ᠨ ᠠᠮᠢ ᠠᠬᠤᠢ ᠵᠢᠨ ᠰᠣᠶᠣᠯ ᠵᠢᠭᠤᠯᠴᠢᠯᠠᠯ ᠳᠡᠰ ᠳᠠᠪᠰᠢᠵᠤ ᠪᠠᠢᠭ᠎ᠠ ᠰᠢᠨ᠎ᠡ ᠬᠢᠯᠠᠰ ᠴᠡᠭ᠂ ᠰᠢᠨ᠎ᠡ ᠤᠷᠤᠰᠬᠠᠯ ᠪᠣᠯᠵᠡᠢ᠃

《ᠥᠪᠡᠷ ᠵᠢᠡᠨ ᠲᠣᠨᠣᠭ ᠲᠥᠬᠦᠭᠡᠷᠦᠮᠵᠢ ᠵᠥᠭᠡᠭᠡᠬᠦ ᠬᠡᠷᠡᠭ ᠦᠭᠡᠢ᠂ ᠤᠷᠢᠳᠴᠢᠯᠠᠨ ᠪᠡᠯᠡᠳᠬᠡᠬᠦ ᠱᠠᠭᠠᠷᠳᠠᠯᠭ᠎ᠠ ᠦᠭᠡᠢ᠂ ᠮᠠᠰᠢᠨ ᠲᠡᠷᠭᠡ ᠪᠡᠷ ᠬᠠᠭᠠᠰᠬᠠᠨ ᠴᠠᠭ ᠶᠠᠪᠤᠪᠠᠯ ᠠᠭᠤᠯᠠᠨ ᠳ᠋ᠤ ᠣᠷᠣᠵᠤ ᠰᠠᠯᠬᠢ ᠦᠵᠡᠵᠤ ᠰᠡᠳᠭᠢᠯ ᠰᠠᠨᠠᠭ᠎ᠠ ᠪᠡᠨ ᠲᠠᠢᠪᠤᠰᠢᠷᠠᠭᠤᠯᠵᠤ ᠪᠣᠯᠣᠨ᠎ᠠ᠂ ᠪᠣᠭᠴᠣ᠌ ᠪᠡᠨ ᠳᠡᠭᠦᠵᠢᠯᠡᠮᠡᠭᠴᠡ ᠬᠡᠭᠡᠷ᠎ᠡ ᠪᠠᠭᠤᠳᠠᠯᠯᠠᠵᠤ ᠪᠣᠯᠣᠨ᠎ᠠ᠂ ᠮᠠᠰᠢ ᠲᠥᠬᠥᠮ ᠪᠠᠢᠳᠠᠭ》 ᠭᠡᠵᠦ ᠵᠢᠭᠤᠯᠴᠢᠯᠠᠭᠴᠢ ᠶᠠᠩ ᠵᠢᠶᠠ ᠴᠢ ᠶᠠᠷᠢᠨ᠎ᠠ᠃

《〈ᠠᠷᠪᠠᠨ ᠳᠥᠷᠪᠡᠳᠦᠭᠡᠷ ᠲᠠᠪᠤᠨ ᠵᠢᠯ〉 ᠤ᠋ᠨ ᠬᠤᠭᠤᠴᠠᠭᠠᠨ ᠳ᠋ᠤ᠂ ᠶᠦᠮ ᠤ᠋ᠨ ᠪᠠᠢᠰᠢᠩ ᠪᠠᠯᠭᠠᠰᠤ ᠨᠡᠶ᠋ᠢᠲᠡ 1172 ᠲᠦᠮᠡᠨ ᠬᠥᠮᠥᠨ ᠤᠳᠠᠭ᠎ᠠ ᠵᠢᠨ ᠵᠢᠭᠤᠯᠴᠢᠯᠠᠭᠴᠢ ᠵᠢ ᠭᠥᠯᠢᠶᠡᠨ ᠠᠪᠴᠤ᠂ 2.68 ᠳ᠋ᠦᠩᠰᠢᠭᠤᠷ ᠲᠥᠭᠥᠷᠢᠭ ᠤ᠋ᠨ ᠵᠢᠭᠤᠯᠴᠢᠯᠠᠯ ᠤ᠋ᠨ ᠶᠡᠷᠦᠩᠬᠡᠢ ᠣᠷᠣᠯᠭ᠎ᠠ ᠡᠭᠦᠳᠪᠡ》 ᠭᠡᠵᠦ ᠰᠦᠨ ᠢ ᠨᠠᠨ ᠲᠠᠨᠢᠯᠴᠠᠭᠤᠯᠪᠠ᠃

ᠵᠡᠭᠦᠨ ᠤᠰᠤᠲᠤ ᠵᠢᠨ ᠡᠷᠲᠡᠨ ᠤ᠋ ᠭᠦᠢᠯᠡᠰᠦᠨ ᠮᠤᠳᠤᠨ ᠤ᠋ ᠪᠠᠯᠠᠷ ᠤᠢ ᠪᠦᠬᠦ ᠤᠯᠤᠰ᠎ᠤᠨ 《100 ᠬᠠᠮᠤᠭ ᠤ᠋ᠨ ᠭᠤᠶᠤ ᠪᠠᠯᠠᠷ ᠤᠢ》 ᠪᠡᠷ ᠰᠣᠩᠭᠣᠭᠳᠠᠭᠰᠠᠨ᠎ᠠᠴᠠ 《ᠪᠦᠬᠦ ᠤᠯᠤᠰ ᠤ᠋ᠨ ᠪᠣᠯᠪᠠᠰᠤᠨ ᠲᠣᠰᠬᠣᠨ ᠪᠠᠯᠭᠠᠰᠤ》 ᠪᠡᠷ ᠦᠨᠡᠯᠡᠭᠳᠡᠬᠦ ᠬᠦᠷᠲᠡᠯ᠎ᠡ; ᠳ᠋ᠤᠸᠠᠨ ᠵᠢᠶᠠ ᠶᠣᠣ ᠵᠡᠷᠭᠡ 3 ᠲᠣᠰᠬᠣᠨ 《ᠥᠪᠡᠷᠲᠡᠭᠡᠨ ᠵᠠᠰᠠᠬᠤ ᠣᠷᠣᠨ ᠤ᠋ ᠬᠥᠳᠡᠭᠡ ᠲᠣᠰᠬᠣᠨ ᠤ᠋ ᠵᠢᠭᠤᠯᠴᠢᠯᠠᠯ ᠤ᠋ᠨ ᠭᠣᠣᠯᠳᠠᠯᠭ᠎ᠠ᠎ᠲᠠᠢ ᠲᠣᠰᠬᠣᠨ》 ᠵᠢᠡᠷ ᠦᠨᠡᠯᠡᠭᠳᠡᠬᠦ ᠡᠴᠡ ᠶᠦᠮ ᠤ᠋ᠨ ᠪᠠᠢᠰᠢᠩ ᠪᠠᠯᠭᠠᠰᠤ 《ᠥᠪᠡᠷᠲᠡᠭᠡᠨ ᠵᠠᠰᠠᠬᠤ ᠣᠷᠣᠨ ᠤ᠋ ᠬᠥᠳᠡᠭᠡ ᠲᠣᠰᠬᠣᠨ ᠤ᠋ ᠵᠢᠭᠤᠯᠴᠢᠯᠠᠯ ᠤ᠋ᠨ ᠭᠣᠣᠯᠳᠠᠯᠭ᠎ᠠ᠎ᠲᠠᠢ ᠪᠠᠯᠭᠠᠰᠤ》 ᠪᠡᠷ ᠦᠨᠡᠯᠡᠭᠳᠡᠭᠰᠡᠨ ᠬᠦᠷᠲᠡᠯ᠎ᠡ ᠁ ᠬᠥᠳᠡᠭᠡ ᠲᠤᠰᠬᠤᠨ ᠤ᠋ ᠰᠣᠶᠣᠯ ᠵᠢᠭᠤᠯᠴᠢᠯᠠᠯ ᠠᠭᠤᠰᠤᠯᠴᠠᠭᠰᠠᠨ ᠦᠷ᠎ᠡ ᠪᠦᠲᠦᠭᠡᠯ ᠤ᠋ᠨ ᠠᠷᠤ ᠳ᠋ᠤ᠂ ᠬᠣᠲᠣᠩ ᠠᠷᠠᠳ ᠤ᠋ᠨ ᠲᠣᠭᠣᠷᠢᠭ᠋ ᠬᠦᠮᠦᠰ ᠤ᠋ᠨ ᠠᠩᠬᠠᠷᠤᠯ ᠳ᠋ᠤ ᠬᠦᠷᠬᠦ ᠡᠴᠡ 《ᠭᠡᠷᠡᠯ ᠭᠢᠯᠪᠠᠭ᠎ᠠ᠎ᠪᠠᠨ ᠰᠠᠴᠤᠷᠠᠭᠤᠯᠬᠤ》 ᠬᠦᠷᠲᠡᠯᠡᠬᠢ ᠬᠤᠪᠢᠷᠠᠯᠲᠠ᠂ ᠨᠡᠩ ᠴᠤ᠌ 《ᠨᠤᠮᠢᠨ ᠤᠰᠤ ᠬᠦᠬᠡᠮᠳᠦᠭ ᠠᠭᠤᠯᠠ ᠪᠤᠯ ᠠᠯᠲᠠᠨ ᠠᠭᠤᠯᠠ ᠮᠦᠩᠭᠦᠨ ᠬᠠᠢᠷᠬᠠᠨ ᠮᠦᠨ》 ᠭᠡᠬᠦ ᠣᠢᠯᠠᠭᠠᠭᠳᠠᠬᠤᠨ ᠤ᠋ ᠠᠮᠢᠳᠤᠯᠢᠭ᠋ ᠦᠢᠯᠡᠳᠦᠯᠭᠡ ᠪᠤᠯᠤᠨ᠎ᠠ᠃


ᠰᠤᠷᠪᠤᠯᠵᠢᠯᠠᠭ᠍ᠴᠢ ᠵᠢᠨ ᠡᠪᠦᠷ ᠲᠡᠮᠳᠡᠭᠯᠡᠯ

ᠬᠣᠲᠣᠩ ᠠᠷᠠᠳ ᠤ᠋ᠨ ᠲᠣᠭᠣᠷᠢᠭ᠋ ᠤ᠋ᠨ ᠠᠭᠤᠯᠠ ᠤᠰᠤ ᠤᠢ ᠮᠤᠳᠤ ᠪᠡᠷ ᠠᠶᠠᠯᠠᠬᠤ ᠳ᠋ᠤ᠂ ᠪᠢᠳᠡ ᠬᠦᠬᠡᠷᠡᠨ ᠨᠤᠭᠤᠭᠠᠷᠠᠭᠰᠠᠨ ᠠᠭᠤᠯᠠ ᠳᠤᠯᠤᠭᠠᠳ᠂ ᠰᠢᠪᠠᠭᠤᠳ ᠵᠢᠷᠭᠢᠨ ᠴᠡᠴᠡᠭ ᠳᠡᠯᠭᠡᠷᠡᠭᠰᠡᠨ ᠠᠮᠢ ᠠᠬᠤᠢ ᠵᠢᠨ ᠭᠤᠸ᠎ᠠ ᠰᠠᠢᠬᠠᠨ ᠢ᠋ ᠣᠯᠵᠤ ᠬᠠᠷᠠᠬᠤ ᠪᠡᠷ ᠪᠠᠷᠠᠬᠤ ᠦᠭᠡᠢ ᠪᠠᠰᠠ ᠠᠵᠤ ᠦᠢᠯᠡᠰ ᠴᠡᠴᠡᠭᠯᠡᠨ ᠬᠦᠭᠵᠢᠵᠤ᠂ ᠠᠷᠠᠳ ᠤᠯᠠᠨ ᠤ᠋ ᠣᠷᠣᠯᠭ᠎ᠠ ᠨᠡᠮᠡᠭᠳᠡᠭᠰᠡᠨ ᠬᠥᠭᠵᠢᠯᠲᠡ ᠵᠢᠨ ᠦᠷ᠎ᠡ ᠪᠦᠲᠦᠭᠡᠯ ᠢ᠋ ᠣᠯᠵᠤ ᠬᠠᠷᠠᠨ᠂ ᠬᠣᠲᠣᠩ ᠠᠷᠠᠳ ᠤ᠋ᠨ ᠲᠣᠭᠣᠷᠢᠭ᠋ ᠤ᠋ᠨ ᠠᠮᠢ ᠠᠬᠤᠢ ᠰᠣᠶᠣᠯ ᠵᠢᠭᠤᠯᠴᠢᠯᠠᠯ ᠤ᠋ᠨ ᠴᠢᠨᠠᠷ ᠰᠠᠢᠲᠠᠢ ᠬᠥᠭᠵᠢᠯᠲᠡ ᠵᠢᠨ ᠤᠷᠤᠭᠰᠢᠯᠠᠬᠤ ᠵᠠᠮ ᠢ᠋ ᠨᠡᠩ ᠴᠤ᠌ ᠣᠯᠵᠤ ᠬᠠᠷᠠᠬᠤ ᠪᠤᠯᠤᠨ᠎ᠠ᠃

ᠬᠣᠲᠣᠩ ᠠᠷᠠᠳ ᠤ᠋ᠨ ᠲᠣᠭᠣᠷᠢᠭ᠋ ᠤ᠋ᠨ ᠠᠮᠢ ᠠᠬᠤᠢ᠎ᠰᠣᠶᠣᠯ ᠵᠢᠭᠤᠯᠴᠢᠯᠠᠯ ᠤ᠋ᠨ ᠠᠮᠵᠢᠯᠲᠠ᠎ᠲᠠᠢ ᠪᠡᠷ ᠬᠡᠯᠪᠡᠷᠢ᠎ᠪᠡᠨ ᠬᠤᠪᠢᠷᠠᠭᠤᠯᠤᠭᠰᠠᠨ ᠨᠢ᠂ ᠴᠡᠭ ᠢ᠋ ᠬᠣᠯᠪᠣᠨ ᠱᠤᠭᠤᠮ ᠪᠣᠯᠭᠠᠬᠤ᠂ ᠱᠤᠭᠤᠮ ᠵᠢᠡᠷ ᠨᠡᠢᠳᠡᠮ ᠢ᠋ ᠳᠠᠢᠴᠢᠯᠠᠬᠤ᠂《ᠦᠵᠡᠰᠬᠦᠯᠡᠩᠲᠦ ᠰᠠᠢᠬᠠᠨ ᠨᠤᠲᠤᠭ ᠤ᠋ᠨ ᠮᠥᠷᠥᠭᠡᠳᠦᠯ》 ᠢ᠋ ᠬᠠᠷᠠᠭᠤᠯᠤᠭᠰᠠᠨ ᠵᠢᠡᠷ ᠪᠠᠷᠠᠬᠤ ᠦᠭᠡᠢ ᠪᠠᠰᠠ ᠲᠣᠰᠬᠣᠨ ᠤ᠋ ᠠᠷᠠᠳ ᠤ᠋ᠨ ᠣᠷᠣᠯᠭ᠎ᠠ᠎ᠪᠠᠨ ᠨᠡᠮᠡᠭᠳᠡᠭᠦᠯᠦᠨ ᠪᠠᠶᠠᠵᠢᠬᠤ ᠠᠷᠭ᠎ᠠ ᠵᠠᠮ ᠢ᠋ ᠥᠷᠭᠡᠳᠬᠡᠵᠦ᠂ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠳ᠋ᠤ ᠬᠦᠴᠦᠷᠬᠡᠭ ᠶᠡᠬᠡ ᠬᠥᠳᠡᠯᠭᠡᠭᠴᠢ ᠡᠨᠧᠷᠭᠢ ᠨᠡᠮᠡᠷᠢᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号