8 ᠰᠠᠷ᠎ᠠ᠎ᠶᠢᠨ 15 ᠤ᠋ ᠡᠳᠦᠷ᠂ 2026 ᠤᠮᠠᠷᠠᠲᠤ ᠬᠢᠯᠢ᠎ᠶᠢᠨ ᠨᠣᠮ᠎ᠤᠨ ᠦᠵᠡᠰᠬᠦᠯᠡᠩ ᠦᠨ ᠲᠤᠬᠠᠢ᠎ᠶᠢᠨ ᠲᠠᠯᠠᠪᠠᠢ ᠳᠤ ᠥᠪᠥᠷ ᠮᠣᠩᠭᠣᠯ᠎ᠤᠨ ᠠᠷᠠᠳ᠎ᠤᠨ ᠬᠡᠪᠯᠡᠯ᠎ᠦᠨ ᠬᠣᠷᠢᠶ᠎ᠠ ᠡᠴᠡ 《ᠰᠣᠩᠭᠣᠳᠠᠭ ᠪᠦᠲᠦᠭᠡᠯ ᠤᠨ ᠤᠶᠠᠩᠭ᠎ᠠ ᠤᠮᠠᠷᠠᠲᠦ ᠬᠢᠯᠢ ᠢ᠋ᠢᠨ ᠪᠠᠬᠠᠲᠤᠯ》 ᠤ᠋ᠨ ᠠᠵᠢᠯᠯᠠᠭ᠎ᠠ ᠥᠷᠨᠢᠭᠦᠯᠵᠦ᠂ ᠮᠣᠩᠭᠣᠯ ᠬᠡᠯᠡᠨ ᠦ ᠣᠷᠴᠢᠭᠤᠯᠭ᠎ᠠ᠎ᠶᠢᠨ ᠬᠡᠪᠯᠡᠯ ᠦᠨ《ᠳᠡᠯᠡᠬᠡᠢ᠎ᠶᠢᠨ ᠢᠷᠠᠭᠤ ᠨᠠᠢᠷᠠᠭ᠎ᠤᠨ ᠦᠪ ᠰᠠᠩ》ᠰᠢᠷᠢᠰ ᠴᠤᠪᠤᠷᠠᠯ ᠨᠤᠮ ᠢ᠋ ᠭᠣᠣᠯᠳᠠᠯᠭ᠎ᠠ᠎ᠲᠠᠢ ᠲᠠᠨᠢᠯᠴᠠᠭᠤᠯᠪᠠ᠃
《ᠳᠡᠯᠡᠬᠡᠢ᠎ᠶᠢᠨ ᠢᠷᠠᠭᠤ ᠨᠠᠢᠷᠠᠭ᠎ᠤᠨ ᠦᠪ ᠰᠠᠩ》 ᠰᠢᠷᠢᠰ ᠴᠤᠪᠤᠷᠠᠯ ᠨᠤᠮ ᠢ᠋ ᠥᠪᠥᠷ ᠮᠣᠩᠭᠣᠯ ᠤᠨ ᠠᠷᠠᠳ᠎ᠤᠨ ᠬᠡᠪᠯᠡᠯ᠎ᠦᠨ ᠬᠣᠷᠢᠶ᠎ᠠ ᠡᠴᠡ ᠤᠬᠠᠭᠠᠯᠠᠵᠦ᠂ ᠥᠪᠥᠷ ᠮᠣᠩᠭᠣᠯ᠎ᠤᠨ ᠪᠠᠭ᠍ᠰᠢ ᠶᠢᠨ ᠶᠡᠬᠡ ᠰᠤᠷᠭᠠᠭᠤᠯᠢ᠎ᠶᠢᠨ ᠮᠣᠩᠭᠣᠯ ᠰᠤᠳᠤᠯᠤᠯ᠎ᠤᠨ ᠳᠡᠭᠡᠳᠦ ᠰᠤᠷᠭᠠᠭᠤᠯᠢ᠎ᠶᠢᠨ ᠫᠷᠤᠹᠧᠰᠰᠤᠷ ᠴ·ᠴᠤᠯᠮᠤᠨ ᠭᠣᠣᠯᠯᠠᠨ ᠨᠠᠢᠷᠠᠭᠤᠯᠤᠭ᠍ᠴᠢ᠎ᠶᠢᠨ ᠠᠵᠢᠯ᠎ᠢ ᠬᠠᠷᠢᠭᠤᠴᠠᠭᠰᠠᠨ ᠪᠥᠭᠡᠳ ᠬᠡᠰᠡᠭ ᠬᠤᠪᠢᠶᠠᠷᠢ ᠲᠡᠪᠲᠡᠷ ᠤᠨ ᠤᠷᠴᠢᠭᠤᠯᠭ᠎ᠠ ᠢ᠋ᠢᠨ ᠠᠵᠢᠯ᠎ᠢ ᠬᠠᠷᠢᠭᠤᠴᠠᠪᠠ᠃ ᠣᠳᠣᠬᠠᠨ᠎ᠳᠤ ᠨᠢᠭᠡᠨᠲᠡ《ᠲᠠᠭᠤᠷᠸ》᠂《ᠸᠢᠲᠮᠠᠨ》᠂《ᠫᠦᠱᠺᠢᠨ》᠂ 《ᠶᠸᠰᠸᠨᠢᠨ》᠂ 《ᠭᠠᠮᠽᠠᠲ᠋ᠤᠸ》᠂ 《ᠯᠸᠷᠮᠤᠨ᠋ᠲ᠋ᠤᠸ》᠂《ᠰᠢᠯᠯᠸᠷ》᠂《ᠰᠠᠯᠸᠠᠲ᠋ᠤᠷᠸ ᠺᠤᠸᠰᠢᠮᠦᠳ᠋ᠤ᠋》᠂ 《ᠠᠶ ᠴᠢᠩ》᠂ 《ᠱᠸ᠋ ᠲᠢᠩ》 ᠬᠡᠬᠦ ᠵᠡᠷᠭᠡ 20 ᠪᠣᠳᠢ ᠶ᠋ᠢ ᠣᠷᠴᠢᠭᠤᠯᠤᠨ ᠬᠡᠪᠯᠡᠭᠦᠯᠵᠡᠢ᠃
ᠥᠪᠥᠷ ᠮᠣᠩᠭᠣᠯ ᠤᠨ ᠠᠷᠠᠳ᠎ᠤᠨ ᠬᠡᠪᠯᠡᠯ᠎ᠦᠨ ᠬᠣᠷᠢᠶ᠎ᠠ᠎ᠶᠢᠨ ᠳᠡᠳ᠋ ᠶᠡᠷᠦᠩᠬᠡᠢ ᠨᠠᠢᠷᠠᠭᠤᠯᠤᠭ᠍ᠴᠢ ᠰᠢᠦᠸᠠᠢ ᠮᠢᠩ ᠦᠨ ᠲᠠᠨᠢᠯᠴᠠᠭᠤᠯᠤᠭᠰᠠᠨ᠎ᠢᠶᠠᠷ᠂ ᠡᠲᠡᠭᠡᠷ ᠢᠷᠠᠭᠤ ᠨᠠᠢᠷᠠᠬᠴᠢᠳᠦᠨ ᠵᠣᠬᠢᠶᠠᠯ ᠪᠦᠲᠦᠭᠡᠯ ᠦᠨ ᠣᠷᠴᠢᠭᠤᠯᠭ᠎ᠠ ᠨᠢ ᠬᠡᠯᠡᠨ᠎ᠦ ᠪᠡᠬᠢᠯᠡᠯᠲᠡ᠎ᠶᠢ ᠡᠪᠳᠡᠵᠦ᠂ ᠠᠳᠠᠯᠢ ᠪᠤᠰᠤ ᠰᠣᠶᠣᠯ᠎ᠤᠨ ᠠᠬᠤᠢ ᠪᠠᠢᠳᠠᠯ᠎ᠲᠠᠢ ᠤᠩᠰᠢᠭ᠍ᠴᠢᠳ᠎ᠲᠤ ᠬᠠᠷᠢ ᠣᠷᠣᠨ᠎ᠤ ᠢᠷᠠᠭᠤ ᠨᠠᠢᠷᠠᠭ᠎ᠤᠨ ᠭᠤᠸ᠋᠎ᠠ ᠰᠠᠢᠬᠠᠨ ᠢ ᠰᠣᠨᠢᠷᠬᠠᠭᠤᠯᠤᠨ ᠣᠢᠯᠠᠭᠠᠭᠤᠯᠤᠭᠰᠠᠨ ᠪᠠᠢᠨ᠎ᠠ᠃ ᠬᠡᠪᠯᠡᠯ᠎ᠦᠨ ᠬᠣᠷᠢᠶ᠎ᠠ ᠨᠢ ᠪᠠᠰᠠ《ᠠᠢ ᠴᠢᠩ》᠂ 《ᠱᠸ᠋ ᠲᠢᠩ》 ᠵᠡᠷᠭᠡ ᠬᠢᠲᠠᠳ ᠬᠡᠯᠡᠨ ᠡᠴᠡ ᠮᠤᠩᠭᠤᠯ ᠬᠡᠯᠡᠨ᠎ᠳᠤ ᠣᠷᠴᠢᠭᠤᠯᠤᠭᠰᠠᠨ ᠢᠷᠠᠭᠤ ᠨᠠᠢᠷᠠᠭ᠎ᠤᠨ ᠪᠦᠲᠦᠭᠡᠯ ᠢ᠋ ᠺᠢᠷᠢᠯ ᠦᠰᠦᠭ ᠲᠸ᠋ ᠬᠦᠷᠪᠡᠭᠦᠯᠦᠨ᠂ ᠳᠤᠮᠳᠠᠳᠤ ᠤᠯᠤᠰ᠎ᠤᠨ ᠢᠷᠠᠭᠤ ᠨᠠᠢᠷᠠᠬ ᠢ᠋ ᠭᠠᠳᠠᠭ᠍ᠰᠢ ᠭᠠᠷᠭᠠᠬᠤ᠎ᠳᠤ ᠬᠦᠴᠦᠨ ᠨᠡᠮᠡᠷᠢᠯᠡᠬᠦ᠎ᠪᠡᠷ ᠲᠥᠯᠥᠪᠯᠡᠵᠦ ᠪᠠᠢᠨ᠎ᠠ ᠬᠡᠵᠡᠢ᠃