ᠤᠰᠤᠨ ᠠᠰᠢᠭ᠍ᠯᠠᠯᠲᠠ᠎ᠶᠢᠨ ᠶᠠᠮᠤᠨ᠄ 11 ᠮᠤᠵᠢ ᠣᠷᠣᠨ᠎ᠤ ᠦᠶᠡᠷ᠎ᠢ ᠰᠡᠷᠭᠡᠢᠯᠡᠬᠦ ᠪᠠᠴᠢᠮ ᠪᠠᠢᠳᠠᠯ᠎ᠢ ᠠᠷᠭᠠᠴᠠᠭᠠᠬᠤ ᠠᠷᠭ᠎ᠠ ᠬᠡᠮᠵᠢᠶ᠎ᠡ᠎ᠶᠢ ᠦᠷᠬᠦᠯᠵᠢᠯᠡᠨ ᠬᠡᠷᠡᠭᠵᠢᠭᠦᠯᠦᠨ᠎ᠡ
2026-08-13 11:12:50
ᠵᠣᠬᠢᠶᠠᠭ᠍ᠴᠢ᠄
​ᠸᠧᠢ ᠬᠣᠩ ᠢ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭ᠍ᠴᠢ 11 ᠎ᠤ᠋ ᠡᠳᠦᠷ ᠤᠰᠤᠨ ᠠᠰᠢᠭ᠍ᠯᠠᠯᠲᠠ᠎ᠶᠢᠨ ᠶᠠᠮᠤᠨ ᠡᠴᠡ ᠣᠢᠯᠠᠭᠠᠭᠰᠠᠨ᠎ᠢᠶᠠᠷ᠂ ᠤᠰᠤᠨ ᠠᠰᠢᠭ᠍ᠯᠠᠯᠲᠠ᠎ᠶᠢᠨ ᠶᠠᠮᠤᠨ ᠵᠧᠵᠢᠶᠠᠩ᠎ᠤᠨ ᠦᠶᠡᠷ᠎ᠢ ᠰᠡᠷᠭᠡᠢᠯᠡᠬᠦ Ⅲᠲᠠᠰ᠎ᠤᠨ ᠪᠠᠴᠢᠮ ᠪᠠᠢᠳᠠᠯ᠎ᠢ ᠠᠷᠭᠠᠴᠠᠭᠠᠬᠤ ᠠᠵᠢᠯᠯᠠᠭ᠎ᠠ ᠪᠠ ᠬᠠᠷᠠᠮᠥ᠋ᠷᠡᠨ᠂ ᠱᠠᠩᠬᠠᠢ᠂ ᠵᠢᠶᠠᠩᠰᠤ᠂ ᠠᠨᠾᠦ᠋ᠢ᠂ ᠹᠦᠵᠢᠶᠠᠨ᠂ ᠵᠢᠶᠠᠩᠰᠢ᠂ ᠾᠧᠪᠧᠢ᠂ ᠱᠠᠨᠳᠦ᠋ᠩ᠂ ᠾᠧᠨᠠᠨ᠂ ᠬᠤᠪᠧᠢ᠎ᠶᠢᠨ ᠦᠶᠡᠷ᠎ᠢ ᠰᠡᠷᠭᠡᠢᠯᠡᠬᠦ Ⅳ ᠲᠠᠰ᠎ᠤᠨ ᠪᠠᠴᠢᠮ ᠪᠠᠢᠳᠠᠯ᠎ᠢ ᠠᠷᠭᠠᠴᠠᠭᠠᠬᠤ ᠠᠵᠢᠯᠯᠠᠭ᠎ᠠ᠎ᠶᠢ ᠬᠡᠪ᠎ᠢᠶᠡᠷ ᠨᠢ ᠦᠷᠬᠦᠯᠵᠢᠯᠡᠭᠦᠯᠪᠡ᠃

8 ᠰᠠᠷ᠎ᠠ᠎ᠶᠢᠨ 10 ᠎ᠤ᠋ ᠡᠳᠦᠷ᠎ᠦᠨ 8 ᠴᠠᠭ ᠡᠴᠡ 11 ᠎ᠤ᠋ ᠡᠳᠦᠷ᠎ᠦᠨ 8 ᠴᠠᠭ ᠪᠣᠯᠲᠠᠯ᠎ᠠ᠂ ᠪᠣᠷᠣᠭᠠᠨ᠎ᠤ ᠨᠥᠯᠥᠭᠡ᠎ᠪᠡᠷ ᠠᠨᠾᠦ᠋ᠢ ᠮᠤᠵᠢ᠎ᠶᠢᠨ ᠫᠢ ᠾᠧ ᠭᠣᠣᠯ᠎ᠳᠤ 2026 ᠣᠨ᠎ᠤ  1 ᠳ᠋ᠤᠭᠡᠷ ᠨᠣᠮᠧᠷᠲᠤ ᠦᠶᠡᠷ ᠪᠠᠭᠤᠵᠤ᠂ ᠫᠢ ᠾᠧ ᠭᠣᠣᠯ᠎ᠤᠨ ᠰᠠᠯᠪᠤᠷᠢ ᠤᠷᠤᠰᠬᠠᠯ ᠵᠢᠦ ᠯᠢ ᠾᠧ ᠭᠣᠣᠯ᠂ ᠴᠤᠤ ᠬᠤ᠌ ᠨᠠᠭᠤᠷ᠎ᠤᠨ ᠤᠰᠤᠨ᠎ᠤ ᠰᠢᠰᠲᠧᠮ᠎ᠦᠨ ᠰᠢᠶᠠᠨ ᠾᠧ ᠭᠣᠣᠯ᠂ ᠵᠢᠶᠠᠩᠰᠤ ᠮᠤᠵᠢ᠎ᠶᠢᠨ ᠴᠦ ᠾᠧ ᠭᠣᠣᠯ᠂ ᠶᠦᠨᠨᠠᠨ᠎ᠤ ᠵᠢᠨ ᠱᠠ ᠵᠢᠶᠠᠩ ᠮᠥᠷᠡᠨ᠎ᠦ ᠰᠠᠯᠪᠤᠷᠢ ᠤᠷᠤᠰᠬᠠᠯ ᠮᠢᠩ ᠢ ᠾᠧ ᠭᠣᠣᠯ᠂ ᠳᠠᠩ ᠯᠠᠩ ᠴᠤᠸᠠᠨ ᠮᠦᠷᠡᠨ᠂ ᠨᠢᠩᠰᠢᠶᠠ᠎ᠶᠢᠨ ᠴᠢᠩ ᠱᠦᠢ ᠾᠧ ᠭᠣᠣᠯ᠎ᠤᠨ ᠰᠠᠯᠪᠤᠷᠢ ᠤᠷᠤᠰᠬᠠᠯ ᠰᠢ ᠾᠧ ᠭᠣᠣᠯ᠂ ᠵᠧᠵᠢᠶᠠᠩ᠎ᠤᠨ ᠼᠤᠤ ᠧ ᠵᠢᠶᠠᠩ ᠮᠥᠷᠡᠨ᠎ᠦ ᠰᠠᠯᠪᠤᠷᠢ ᠤᠷᠤᠰᠬᠠᠯ ᠰᠢᠨ ᠴᠠᠩ ᠵᠢᠶᠠᠩ ᠮᠥᠷᠡᠨ᠂ ᠴᠢᠶᠠᠨ ᠳᠠᠩ ᠵᠢᠶᠠᠩ ᠮᠥᠷᠡᠨ᠎ᠦ ᠰᠠᠯᠪᠤᠷᠢ ᠤᠷᠤᠰᠬᠠᠯ ᠫᠥ᠋ ᠶᠠᠩ ᠵᠢᠶᠠᠩ ᠮᠥᠷᠡᠨ ᠵᠡᠷᠭᠡ 13 ᠭᠣᠣᠯ ᠮᠥᠷᠡᠨ᠎ᠳᠦ ᠰᠡᠷᠡᠮᠵᠢ᠎ᠶᠢᠨ ᠱᠤᠭᠤᠮ᠎ᠡᠴᠡ ᠳᠡᠭᠡᠭᠰᠢᠬᠢ ᠦᠶᠡᠷ ᠪᠠᠭᠤᠵᠤ᠂ ᠬᠠᠮᠤᠭ᠎ᠤᠨ ᠶᠡᠬᠡ ᠰᠡᠷᠡᠮᠵᠢ᠎ᠶᠢᠨ ᠬᠡᠮᠵᠢᠶ᠎ᠡ ᠨᠢ 1.08 ᠮᠧᠲᠷ᠎ᠲᠦ ᠬᠦᠷᠴᠡᠢ᠂ ᠡᠭᠦᠨ᠎ᠳᠦ ᠨᠢᠩᠰᠢᠶᠠ᠎ᠶᠢᠨ ᠰᠢ ᠾᠧ ᠭᠣᠣᠯ᠂ ᠶᠦᠨᠨᠠᠨ᠎ᠤ ᠮᠢᠩ ᠢ ᠾᠧ ᠭᠣᠣᠯ᠎ᠳᠦ ᠪᠠᠳᠤᠯᠠᠭ᠎ᠠ ᠡᠴᠡ ᠳᠡᠭᠡᠭᠰᠢ ᠦᠶᠡᠷ ᠪᠠᠭᠤᠵᠤ᠂ ᠨᠢᠩᠰᠢᠶᠠ᠎ᠶᠢᠨ ᠰᠢ ᠾᠸ ᠭᠤᠤᠯ᠎ᠳᠦ 1980 ᠤᠨ᠎ᠳᠦ ᠳᠡᠮᠳᠡᠭᠯᠡᠯ ᠲᠠᠢ ᠪᠤᠯᠤᠭᠰᠠᠨ ᠡᠴᠡ ᠨᠠᠭᠠᠰᠢᠬᠢ ᠬᠠᠮᠤᠭ᠎ᠤᠨ ᠶᠡᠬᠡ ᠦᠶᠡᠷ᠎ᠤᠨ ᠪᠠᠢᠳᠠᠯ ᠡᠭᠦᠰᠴᠡᠢ᠃ ᠡᠭᠦᠨ᠎ᠡᠴᠡ ᠭᠠᠳᠠᠨ᠎ᠠ᠂ ᠲᠠᠢ ᠬᠤ᠌ ᠨᠠᠭᠤᠷ᠎ᠤᠨ ᠡᠷᠬᠢᠨ ᠲᠣᠭᠣᠷᠢᠨ᠎ᠤ ᠭᠣᠣᠯ᠎ᠤᠨ ᠲᠣᠣᠷ᠎ᠤᠨ ᠲᠣᠭᠣᠷᠢᠭ᠋᠎ᠤᠨ 87 ᠥᠷᠲᠡᠭᠡ ᠰᠡᠷᠡᠮᠵᠢ᠎ᠶᠢᠨ ᠳᠣᠬᠢᠶ᠎ᠠ ᠡᠴᠡ 0.01 ᠮᠧᠲᠷ᠎ᠡᠴᠡ 1.87 ᠮᠧᠲᠷ ᠳᠠᠪᠠᠵᠤ᠂ ᠡᠭᠦᠨ᠎ᠳᠦ  60 ᠥᠷᠲᠡᠭᠡ ᠨᠢ ᠪᠠᠳᠤᠯᠠᠭ᠎ᠠ ᠡᠴᠡ 0.02 ᠮᠧᠲᠷ᠎ᠡᠴᠡ 0.87 ᠮᠧᠲᠷ ᠳᠠᠪᠠᠵᠤ᠂  31 ᠥᠷᠲᠡᠭᠡ᠎ᠳᠦ ᠪᠣᠳᠠᠲᠠᠢ ᠬᠡᠮᠵᠢᠭᠰᠡᠨ ᠮᠠᠲᠧᠷᠢᠶᠠᠯ᠎ᠲᠠᠢ ᠪᠣᠯᠤᠭᠰᠠᠨ ᠡᠴᠡ ᠨᠠᠭᠠᠰᠢᠬᠢ ᠬᠠᠮᠤᠭ᠎ᠤᠨ ᠥᠨᠳᠥᠷ ᠤᠰᠤᠨ ᠲᠦᠪᠰᠢᠨ ᠢᠯᠡᠷᠡᠵᠡᠢ᠃

24 ᠴᠠᠭ᠎ᠤᠨ ᠪᠣᠷᠣᠭᠠᠨ᠎ᠤ ᠤᠷᠢᠳᠴᠢᠯᠠᠭᠰᠠᠨ ᠮᠡᠳᠡᠭᠡ᠎ᠶᠢ ᠦᠨᠳᠦᠰᠦᠯᠡᠪᠡᠯ᠂ ᠤᠰᠤᠨ ᠠᠰᠢᠭ᠍ᠯᠠᠯᠲᠠ᠎ᠶᠢᠨ ᠶᠠᠮᠤᠨ ᠪᠡᠭᠡᠵᠢᠩ᠂ ᠾᠧᠪᠧᠢ᠂ ᠥᠪᠥᠷ ᠮᠣᠩᠭᠣᠯ᠂ ᠵᠢᠶᠠᠩᠰᠤ᠂ ᠵᠧᠵᠢᠶᠠᠩ᠂ ᠠᠨᠾᠦ᠋ᠢ᠂ ᠱᠠᠨᠳᠦ᠋ᠩ᠂ ᠾᠧᠨᠠᠨ᠂ ᠬᠤᠪᠧᠢ᠂ ᠬᠤᠨᠠᠨ᠂ ᠶᠦᠨᠨᠠᠨ ᠵᠡᠷᠭᠡ 11 ᠮᠤᠵᠢ ᠣᠷᠣᠨ᠎ᠳᠤ 《 ᠨᠢᠭᠡ ᠮᠤᠵᠢ ᠨᠢᠭᠡ ᠲᠠᠩᠰᠠ》᠎ᠶ᠋ᠢᠨ ᠬᠠᠨᠳᠤᠯᠭᠠᠲᠤ ᠰᠡᠷᠡᠮᠵᠢᠯᠡᠭᠦᠯᠦᠯ ᠶᠠᠪᠤᠭᠤᠯᠵᠤ᠂ ᠰᠢᠷᠦᠭᠦᠨ ᠪᠣᠷᠣᠭᠠᠨ᠎ᠤ ᠬᠠᠮᠤᠷᠬᠤ ᠬᠡᠪᠴᠢᠶ᠎ᠡ᠎ᠶᠢᠨ ᠰᠢᠶᠠᠨ(ᠬᠣᠲᠠ᠂ ᠲᠣᠭᠣᠷᠢᠭ᠋)᠎ᠤ᠋ ᠨᠡᠷᠡᠰ᠂ ᠤᠰᠤᠨ ᠴᠥᠭᠥᠷᠥᠮ᠎ᠦᠨ ᠨᠡᠷᠡᠰ᠂ ᠠᠭᠤᠯᠠᠨ ᠦᠶᠡᠷ᠎ᠦᠨ ᠭᠠᠮᠰᠢᠭ᠋᠎ᠤᠨ ᠲᠦᠭᠰᠢᠭᠦᠷᠢ᠎ᠶᠢᠨ ᠣᠷᠣᠨ ᠪᠦᠰᠡ ᠵᠢᠴᠢ ᠣᠷᠣᠨ ᠪᠠᠢᠷᠢ᠎ᠶᠢ ᠮᠡᠳᠡᠭᠳᠡᠵᠦ᠂ ᠦᠶᠡᠷ᠎ᠦᠨ ᠬᠤᠭᠤᠴᠠᠭ᠎ᠠ᠎ᠶᠢ ᠤᠰᠤᠨ ᠴᠦᠬᠦᠷᠦᠮ ᠠᠮᠤᠷ ᠲᠦᠪᠰᠢᠨ᠎ᠢᠶᠡᠷ ᠥᠩᠭᠡᠷᠡᠭᠦᠯᠬᠦ᠂ ᠳᠤᠮᠳᠠ ᠪᠠᠭ᠎ᠠ ᠭᠣᠣᠯ ᠮᠥᠷᠡᠨ᠎ᠦ ᠦᠶᠡᠷ ᠪᠣᠯᠣᠨ ᠠᠭᠤᠯᠠᠨ ᠦᠶᠡᠷ᠎ᠦᠨ ᠭᠠᠮᠰᠢᠭ᠋᠎ᠢ ᠰᠡᠷᠭᠡᠢᠯᠡᠬᠦ ᠵᠡᠷᠭᠡ ᠠᠵᠢᠯ᠎ᠢ ᠰᠠᠢᠲᠤᠷ ᠬᠢᠬᠦ᠎ᠶᠢ ᠰᠠᠨᠠᠭᠤᠯᠪᠠ᠃

ᠣᠳᠣᠬᠠᠨ᠎ᠳᠤ᠂ ᠤᠰᠤᠨ ᠠᠰᠢᠭ᠍ᠯᠠᠯᠲᠠ᠎ᠶᠢᠨ ᠶᠠᠮᠤᠨ᠎ᠤ 12 ᠠᠵᠢᠯᠯᠠᠬᠤ ᠳᠤᠭᠤᠢᠯᠠᠩ ᠶᠠᠭ ᠬᠠᠷᠠᠮᠥ᠋ᠷᠡᠨ᠂ ᠹᠦᠵᠢᠶᠠᠨ᠂ ᠵᠧᠵᠢᠶᠠᠩ᠂ ᠱᠠᠩᠬᠠᠢ᠂ ᠾᠧᠪᠧᠢ᠂ ᠾᠧᠨᠠᠨ᠂ ᠠᠨᠾᠦᠢ᠍ᠶ ᠵᠡᠷᠭᠡ ᠭᠠᠵᠠᠷ᠎ᠲᠤ ᠰᠢᠷᠦᠭᠦᠨ ᠪᠣᠷᠣᠭᠠᠨ ᠦᠶᠡᠷ᠎ᠦᠨ ᠤᠰᠤ᠎ᠶᠢ ᠰᠡᠷᠭᠡᠢᠯᠡᠨ ᠬᠤᠷᠢᠠᠠᠯᠠᠬᠤ ᠠᠵᠢᠯ᠎ᠢ ᠬᠠᠪᠰᠤᠷᠤᠨ ᠵᠢᠯᠤᠭᠣᠳᠴᠤ ᠪᠠᠢᠨ᠎ᠠ᠃

ᠰᠢᠨᠬᠤᠸᠠ ᠬᠤᠷᠢᠶ᠎ᠠ᠎ᠶᠢᠨ ᠪᠡᠭᠡᠵᠢᠩ᠎ᠦᠨ 8 ᠰᠠᠷ᠎ᠠ᠎ᠶᠢᠨ 11 ᠤ᠋ ᠴᠠᠬᠢᠯᠭᠠᠨ ᠮᠡᠳᠡᠭᠡ)  

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号