《ᠡᠨᠡ ᠪᠤᠯ ᠮᠢᠨᠤ ᠬᠢᠵᠦ ᠭᠠᠷᠭᠠᠭᠰᠠᠨ ᠮᠤᠩᠭᠤᠯ ᠭᠡᠷ ᠤ᠋ᠨ ᠬᠡᠯᠪᠡᠷᠢᠳᠤ ᠦᠨᠳᠡᠭᠡᠳᠦ ᠪᠤᠭᠤᠷᠰᠤᠭ᠂ ᠪᠢ ᠮᠤᠩᠭᠤᠯ ᠭᠡᠷ ᠤ᠋ᠨ ᠬᠡᠯᠪᠡᠷᠢᠳᠤ ᠦᠨᠳᠡᠭᠡᠲᠤ ᠪᠤᠭᠤᠷᠰᠤᠭ ᠢ᠋ ᠪᠠᠷᠤᠭ 10 ᠭᠠᠷᠤᠢ ᠵᠢᠯ ᠬᠢᠵᠦ ᠪᠤᠢ᠃ ᠠᠩᠬ᠎ᠠ ᠡᠬᠢᠨ ᠳ᠋ᠡᠬᠡᠨ ᠬᠠᠭᠠᠰ ᠡᠳᠦᠷ ᠤ᠋ᠨ ᠴᠠᠭ ᠵᠠᠷᠤᠴᠠᠭᠤᠯᠳᠠᠭ ᠪᠠᠢᠭᠰᠠᠨ᠂ ᠤᠳᠤ ᠲᠠᠪᠤᠬᠠᠨ ᠮᠢᠨᠦ᠋ᠲ ᠲᠸ᠋ ᠬᠢᠴᠢᠬᠡᠨᠠ᠂ ᠠᠩᠬᠠᠨ ᠤ᠋ ᠦᠶᠡᠰ ᠨᠢᠭᠡ ᠯᠡ ᠳᠠᠪᠬᠤᠷᠭ᠎ᠠ ᠵᠢᠨ ᠪᠠᠢᠭᠰᠠᠨ ᠪᠤᠯ ᠤᠳᠤ ᠭᠤᠷᠪᠠᠨ ᠳᠠᠪᠬᠤᠷᠭ᠎ᠠ ᠪᠤᠯᠭᠠᠵᠤ ᠨᠡᠮᠡᠭᠳᠡᠬᠦᠯᠦᠭᠰᠡᠨ》 ᠭᠡᠵᠦ ᠰᠢᠯᠤᠭᠤᠨ·ᠴᠠᠭᠠᠨ ᠢᠳᠡᠭᠡᠨ ᠦᠨᠳᠡᠭᠡᠲᠤ ᠪᠤᠭᠤᠷᠰᠤᠭ ᠤ᠋ᠨ ᠳᠡᠯᠭᠡᠭᠦᠷ ᠤ᠋ᠨ ᠡᠵᠡᠨᠳᠡᠨ ᠨᠠᠪᠴᠢᠮ᠎ᠠ ᠶᠠᠷᠢᠵᠦ ᠪᠠᠢᠯ᠎ᠠ᠃ ᠶᠡᠷᠦ ᠨᠢ ᠮᠤᠩᠭᠤᠯ ᠭᠡᠷ ᠤ᠋ᠨ ᠬᠡᠯᠪᠡᠷᠢᠲᠤ ᠦᠨᠳᠡᠭᠡᠳᠦ ᠪᠤᠭᠤᠷᠰᠤᠭ ᠨᠢ ᠲᠡᠬᠦᠨ ᠤ᠋ ᠠᠮᠢᠳᠤᠷᠠᠯ ᠦᠢᠯᠡᠰ ᠪᠤᠰᠬᠠᠭᠰᠠᠨ ᠠᠶᠠᠨ ᠵᠠᠮ ᠤ᠋ᠨ ᠦᠯᠢᠭᠡᠷ ᠢ᠋ ᠶᠠᠷᠢᠭᠠᠳ ᠪᠠᠢᠬᠤ ᠰᠢᠬ ᠁
ᠨᠠᠪᠴᠢᠮ᠎ᠠ ᠪᠤᠯ ᠰᠢᠯᠤᠭᠤᠨ ᠬᠦᠪᠡᠭᠡᠲᠤ ᠴᠠᠭᠠᠨ ᠬᠤᠰᠢᠭᠤᠨ ᠤ᠋ ᠤᠤᠯ ᠤ᠋ᠨ ᠪᠦᠷᠢᠳᠤ ᠰᠤᠮᠤ (ᠤᠳᠤ ᠵᠢᠨ ᠤᠯᠠᠭᠠᠨᠴᠠᠪ ᠰᠤᠮᠤ) ᠵᠢᠨ ᠡᠩᠭᠡᠷᠪᠤᠯᠠᠭ ᠭᠠᠴᠠᠭᠠᠨ ᠤ᠋ ᠬᠦᠬᠡᠴᠢᠯᠠᠭᠤᠲᠤ ᠳᠤᠭᠤᠢᠯᠠᠩ ᠤ᠋ᠨ ᠮᠠᠯᠴᠢᠨ ᠷᠢᠨᠴᠢᠨᠳᠤᠷᠵᠢ᠂ ᠰᠠᠷᠠᠩᠬᠤᠸᠠᠷ ᠤ᠋ᠨ ᠤᠳᠬᠤᠨ ᠦᠬᠢᠨ ᠨᠢ ᠪᠤᠯᠤᠨ᠎ᠠ᠃

ᠨᠠᠪᠴᠢᠮ᠎ᠠ
ᠳᠡᠯᠭᠡᠭᠦᠷ ᠤ᠋ᠨ ᠠᠵᠢᠯᠴᠢᠨ ᠡᠴᠡ ᠪᠠᠨ ᠳᠡᠯᠭᠡᠭᠦᠷ ᠤ᠋ᠨ ᠡᠵᠡᠩᠨᠡᠭᠴᠢ ᠪᠤᠯᠪᠠ
ᠡᠷᠳᠡᠨᠢ ᠵᠢᠨ ᠰᠦᠷᠦᠭ ᠨᠢ ᠨᠠᠯᠠᠢᠭᠰᠠᠨ ᠦᠨᠳᠡᠭᠡᠲᠤ ᠪᠤᠭᠤᠷᠰᠤᠭ
ᠡᠩᠬᠡ ᠠᠮᠢᠳᠤᠷᠠᠯ ᠢ᠋ ᠬᠤᠷᠤᠢᠯᠠᠭᠰᠠᠨ ᠦᠨᠳᠡᠭᠡᠲᠤ ᠪᠤᠭᠤᠷᠰᠤᠭ
ᠡᠰᠡᠨᠢᠯ ᠬᠦᠭᠵᠢᠯ ᠢ᠋ ᠳᠠᠭᠤᠯᠠᠭᠰᠠᠨ ᠦᠨᠳᠡᠭᠡᠲᠤ ᠪᠤᠭᠤᠷᠰᠤᠭ
ᠡᠭᠡᠯ ᠦᠢᠯᠡᠰ ᠢ᠋ ᠳᠡᠭᠡᠳᠦᠯᠡᠭᠰᠡᠨ ᠦᠨᠳᠡᠭᠡᠲᠤ ᠪᠤᠭᠤᠷᠰᠤᠭ
ᠦᠷ ᠤ᠋ᠨ ᠴᠤᠯᠮᠤᠨ ᠡᠷᠳᠡ ᠬᠢᠯᠠᠯᠵᠠᠳᠠᠭ ᠨᠢ ᠠᠵᠢᠯᠴᠢ ᠬᠦᠮᠦᠨ ᠳ᠋ᠤ ᠵᠦᠭ ᠴᠢᠭ ᠵᠢᠭᠠᠵᠦ ᠥᠭᠳᠡᠭ ᠶᠤᠮ ᠪᠤᠯᠪᠠᠤ? ᠨᠠᠪᠴᠢᠮ᠎ᠠ ᠡᠳᠦᠷ ᠪᠦᠷᠢ ᠦᠷ ᠤ᠋ᠨ ᠴᠤᠯᠮᠤᠨ ᠲᠠᠢ ᠤᠷᠤᠯᠳᠤᠨ ᠪᠤᠰᠴᠤ ᠠᠵᠢᠯ ᠶ᠋ᠢᠡᠨ ᠠᠮᠵᠢᠭᠤᠯᠳᠠᠭ ᠵᠠᠩ ᠲᠠᠢ᠃
ᠨᠠᠪᠴᠢᠮ᠎ᠠ ᠡᠨᠡ ᠡᠳᠦᠷ ᠠᠯᠢ ᠡᠳᠦᠷ ᠡᠴᠡ ᠴᠸ᠋ ᠡᠷᠳᠡ ᠪᠤᠰᠤᠭᠰᠠᠨ ᠪᠠᠢᠪᠠ᠃ ᠤᠴᠢᠷ ᠨᠢ ᠲᠡᠷᠡ ᠠᠩᠬᠠᠨ ᠤ᠋ ᠦᠨᠳᠡᠭᠡᠲᠤ ᠪᠤᠭᠤᠷᠰᠤᠭ ᠤ᠋ᠨ ᠵᠠᠬᠢᠶᠠᠯᠠᠭ᠎ᠠ ᠪᠠᠨ ᠲᠤᠰᠴᠤ ᠪᠠᠢᠭ᠎ᠠ ᠶᠤᠮ ᠃ ᠡᠨᠡ ᠪᠤᠯ ᠠᠯᠢ ᠡᠷᠳᠡ 12 ᠵᠢᠯ ᠤ᠋ᠨ ᠡᠮᠦᠨᠡᠬᠢ ᠤᠴᠢᠷ ᠪᠢᠯᠡ᠃
《ᠪᠢ 2009 ᠤᠨ ᠳ᠋ᠤ ᠰᠢᠯᠢ ᠵᠢᠨ ᠭᠤᠤᠯ ᠤ᠋ᠨ ᠠᠵᠢᠯ ᠮᠡᠷᠭᠡᠵᠢᠯ ᠤ᠋ᠨ ᠳᠡᠭᠡᠳᠦ ᠰᠤᠷᠭᠠᠭᠤᠯᠢ ᠳ᠋ᠤ ᠰᠤᠷᠤᠯᠴᠠᠵᠦ᠂ 2 ᠵᠢᠯ ᠭᠠᠷᠤᠢ ᠦᠨᠳᠡᠭᠡᠲᠤ ᠪᠤᠭᠤᠷᠰᠤᠭ ᠬᠢᠬᠦ ᠮᠡᠷᠭᠡᠵᠢᠯ ᠢ᠋ ᠰᠤᠷᠴᠠᠢ᠃ ᠰᠤᠷᠭᠠᠭᠤᠯᠢ ᠡᠴᠡ ᠲᠡᠭᠦᠰᠦᠭᠡᠳ ᠬᠦᠬᠡᠬᠤᠳᠠ ᠳ᠋ᠤ ᠢᠷᠡᠭᠡᠳ ᠮᠸᠢ ᠶᠠᠨ ᠰᠢ ᠪᠤᠭᠤᠷᠰᠤᠭ ᠤ᠋ᠨ ᠳᠡᠯᠭᠡᠭᠦᠷ ᠲᠸ᠋ 2 ᠵᠢᠯ ᠭᠠᠷᠤᠢ ᠠᠵᠢᠯᠯᠠᠵᠦ᠂ ᠬᠤᠪᠢ ᠵᠢᠨ ᠳᠡᠯᠭᠡᠭᠦᠷ ᠡᠵᠡᠩᠨᠡᠬᠦ ᠰᠠᠨᠠᠭᠠᠳᠠᠢ 2014 ᠤᠨ ᠡᠴᠡ ᠭᠡᠷ ᠲᠡᠭᠡᠨ ᠦᠨᠳᠡᠭᠡᠳᠤ ᠪᠤᠭᠤᠷᠰᠤᠭ ᠤ᠋ᠨ ᠦᠷᠦᠭᠡ ᠭᠠᠷᠭᠠᠨ ᠠᠵᠢᠯ ᠤ᠋ᠨ ᠭᠠᠷᠤᠭ᠎ᠠ ᠪᠠᠨ ᠡᠬᠢᠯᠡᠬᠦᠯᠦᠭᠰᠡᠨ》 ᠭᠡᠵᠦ ᠨᠠᠪᠴᠢᠮ᠎ᠠ ᠡᠷᠬᠢᠴᠡᠬᠦᠯᠦᠨ ᠶᠠᠷᠢᠨ᠎ᠠ᠃
ᠦᠪᠡᠷ ᠤ᠋ᠨ ᠳᠡᠯᠭᠡᠭᠦᠷ ᠲᠠᠢ ᠪᠤᠯᠬᠤ ᠳ᠋ᠤ ᠨᠡᠷ᠎ᠡ ᠤᠰᠤ ᠪᠠᠢᠬᠤ ᠴᠢᠬᠤᠯᠠᠳᠠᠢ᠃ ᠨᠠᠪᠴᠢᠮ᠎ᠠ ᠤᠨᠠᠭᠰᠠᠨ ᠨᠤᠲᠤᠭ ᠶ᠋ᠢᠡᠨ ᠦᠬᠡᠢᠯᠡᠨ ᠰᠠᠨᠠᠬᠤ ᠵᠢᠨ ᠵᠡᠷᠭᠡ ᠪᠠᠷ ᠦᠢᠯᠡᠰ ᠤ᠋ᠨ ᠮᠦᠷ ᠰᠦ ᠴᠠᠭᠠᠨ ᠪᠠᠢᠬᠤ ᠵᠢ ᠪᠡᠯᠭᠡᠳᠡᠵᠦ 《ᠰᠢᠯᠤᠭᠤᠨ·ᠴᠠᠭᠠᠨ ᠢᠳᠡᠭᠡᠨ ᠦᠨᠳᠡᠭᠡᠲᠤ ᠪᠤᠭᠤᠷᠰᠤᠭ ᠤ᠋ᠨ ᠳᠡᠯᠭᠡᠭᠦᠷ》 ᠬᠡᠬᠦ ᠨᠡᠷ᠎ᠠ ᠬᠠᠢᠷᠠᠯᠠᠵᠤ᠂ ᠦᠢᠯᠡᠰ ᠪᠦᠲᠦᠭᠡᠬᠦ ᠠᠶᠠᠨ ᠶ᠋ᠢᠡᠨ ᠡᠬᠢᠯᠡᠬᠦᠯᠦᠭᠰᠡᠨ ᠶᠤᠮ᠃
ᠦᠨᠳᠡᠭᠡᠲᠤ ᠪᠤᠭᠤᠷᠰᠤᠭ ᠭᠡᠪᠡᠯ ᠬᠦᠮᠦᠨ ᠪᠦᠬᠦᠨ ᠢᠳᠡᠬᠦ ᠳᠤᠷᠠᠳᠠᠢ᠂ ᠵᠠᠬ᠎ᠠ ᠳᠡᠯᠭᠡᠭᠦᠷ ᠦᠷᠭᠡᠨ ᠪᠠᠢᠬᠤ ᠨᠢ ᠳᠠᠮᠵᠢᠬ ᠦᠬᠡᠢ᠂ ᠭᠡᠳᠡᠯ᠎ᠡ ᠵᠠᠬ᠎ᠠ ᠳᠡᠯᠭᠡᠭᠦᠷ ᠢ᠋ ᠨᠡᠭᠡᠭᠡᠵᠦ ᠬᠡᠷᠡᠭᠯᠡᠭᠴᠢᠳ ᠤ᠋ᠨ ᠬᠦᠷᠢᠶᠡᠯᠡᠯ ᠢ᠋ ᠤᠯᠬᠤ ᠪᠤᠯ ᠴᠢᠬᠤᠯᠠ ᠠᠰᠠᠭᠤᠳᠠᠯ ᠪᠤᠯᠤᠨ᠎ᠠ᠃ ᠨᠠᠪᠴᠢᠮ᠎ᠠ ᠦᠪᠡᠷ ᠤ᠋ᠨ ᠰᠤᠷᠤᠭᠰᠠᠨ ᠮᠡᠷᠬᠡᠵᠢᠯ ᠲᠠᠢ ᠪᠠᠨ ᠤᠶᠠᠯᠳᠤᠭᠤᠯᠵᠤ ᠤᠯᠠᠨ ᠲᠦᠷᠦᠯ ᠤ᠋ᠨ ᠦᠨᠳᠡᠭᠡᠳᠦ ᠪᠤᠭᠤᠷᠰᠤᠭ ᠬᠢᠬᠦ ᠪᠠᠷ ᠭᠠᠷ ᠳᠦᠷᠦᠵᠡᠢ᠃ ᠲᠡᠷᠡ ᠪᠡᠷ ᠲᠦᠷᠦᠭᠰᠡᠨ ᠡᠳᠦᠷ ᠤ᠋ᠨ ᠪᠠᠶᠠᠷ ᠤ᠋ᠨ᠂ ᠬᠡᠤᠬᠡᠳ ᠤ᠋ᠨ ᠦᠷᠪᠦᠭᠡᠨ ᠨᠠᠢᠷ ᠤ᠋ᠨ᠂ ᠰᠢᠨ᠎ᠠ ᠬᠤᠤᠰ ᠤ᠋ᠨ ᠬᠤᠷᠢᠮ ᠨᠠᠢᠷ ᠤ᠋ᠨ᠂ ᠨᠠᠰᠤᠨ ᠪᠠᠶᠠᠷ ᠤ᠋ᠨ ᠂ ᠨᠠᠢᠵᠠ ᠨᠦᠬᠦᠳ ᠤ᠋ᠨ ᠴᠤᠭᠯᠠᠭᠠᠨ ᠤ᠋᠂ ᠪᠠᠢᠭᠤᠯᠭ᠎ᠠ ᠨᠢᠭᠡᠴᠢ ᠵᠢᠨ ᠬᠦᠳᠡᠯᠭᠡᠭᠡᠨ ᠤ᠋᠂ ᠡᠵᠢ ᠵᠢᠨ ᠪᠠᠶᠠᠷ ᠤ᠋ᠨ᠂ ᠠᠪᠤ ᠵᠢᠨ ᠪᠠᠶᠠᠷ ᠤ᠋ᠨ ᠁ ᠬᠡᠬᠦ ᠮᠡᠲᠦᠴᠢᠯᠡᠨ ᠤᠯᠠᠨ ᠵᠦᠢᠯ ᠤ᠋ᠨ ᠦᠨᠳᠡᠭᠡᠳᠤ ᠪᠤᠭᠤᠷᠰᠤᠭ ᠢ᠋ ᠵᠠᠬᠢᠶᠠᠯᠠᠭ᠎ᠠ ᠪᠠᠷ ᠬᠢᠵᠦ ᠡᠬᠢᠯᠡᠭᠰᠡᠨ ᠭᠡᠳᠡᠭ᠃
ᠦᠢᠯᠡᠰ ᠪᠦᠲᠦᠭᠡᠬᠦ ᠳ᠋ᠤ ᠰᠢᠯᠤᠭᠤᠬᠠᠨ ᠵᠠᠮ ᠭᠡᠵᠦ ᠦᠬᠡᠢ᠂ ᠵᠠᠪᠠᠯ ᠨᠢᠭᠡ ᠨᠢᠭᠡ ᠪᠠᠷ ᠠᠯᠬᠤᠵᠦ ᠪᠠᠢᠭᠠᠳ ᠪᠦᠲᠦᠭᠡᠳᠡᠭ ᠶᠤᠮ᠃ ᠨᠠᠪᠴᠢᠮ᠎ᠠ ᠠᠩᠬ᠎ᠠ ᠡᠬᠢᠯᠡᠭᠡᠳ ᠵᠦᠩᠳᠡᠭᠡᠨ ᠨᠤᠭᠤᠷᠠᠯ ᠪᠦᠳᠦᠷᠢᠯ ᠳ᠋ᠤ ᠤᠴᠠᠷᠠᠵᠦ᠂ ᠨᠢᠭᠤᠴᠠᠬᠠᠨ ᠨᠢᠯᠪᠤᠰᠤ ᠤᠨᠠᠭᠠᠵᠦ ᠪᠠᠢᠭᠰᠠᠨ ᠭᠡᠳᠡᠭ᠃ ᠭᠡᠪᠡᠴᠦ ᠲᠡᠷᠡ ᠵᠤᠷᠢᠬ ᠮᠤᠬᠤᠭᠰᠠᠨ ᠦᠬᠡᠢ᠂ ᠵᠠᠬᠢᠶᠠᠯᠠᠭ᠎ᠠ ᠢᠷᠡᠳᠡᠭ ᠯᠡ ᠪᠤᠯ ᠵᠠᠪᠠᠯ ᠰᠠᠢᠨ ᠬᠢᠬᠦ ᠂ ᠠᠮᠳᠠᠳᠠᠢ ᠬᠢᠬᠦ ᠂ ᠲᠠᠭᠠᠰᠢᠶᠠᠯ ᠳ᠋ᠤ ᠬᠦᠷᠭᠡᠬᠦ ᠭᠡᠮᠡᠨ ᠨᠢᠭᠡᠨ ᠰᠡᠳᠬᠢᠯ ᠢ᠋ ᠪᠠᠷᠢᠨ ᠵᠢᠳᠬᠦᠭᠰᠡᠭᠡᠷ ᠢᠷᠡᠪᠡ᠃
《ᠲᠤᠬᠠᠢ ᠵᠢᠨ ᠦᠶᠡᠰ ᠦᠨᠳᠡᠭᠡᠳᠦ ᠪᠤᠭᠤᠷᠰᠤᠭ ᠬᠢᠬᠦ ᠳ᠋ᠡᠭᠡᠨ ᠪᠤᠭᠤᠷᠰᠤᠭ ᠢ᠋ ᠨᠢ ᠲᠤᠰᠬᠠᠢ ᠳᠡᠯᠭᠡᠭᠦᠷ ᠡᠴᠡ ᠬᠤᠳᠠᠯᠳᠤᠨ ᠠᠪᠴᠤ᠂ ᠵᠦᠭᠡᠭᠡᠢ ᠵᠢ ᠨᠢ ᠦᠪᠡᠰᠤᠪᠠᠨ ᠨᠠᠢᠷᠠᠭᠤᠯᠵᠦ ᠪᠠᠢᠭᠰᠠᠨ ᠶᠤᠮ᠃ ᠨᠢᠭᠡ ᠤᠳᠠᠭ᠎ᠠ ᠵᠦᠪᠬᠡᠨ ᠲᠦᠷᠪᠡ ᠲᠠᠪᠤᠬᠠᠨ ᠪᠤᠭᠤᠷᠰᠤᠭ ᠠᠪᠤᠭᠠᠳ ᠬᠢᠳᠡᠭ ᠪᠠᠢᠭᠰᠠᠨ᠂ ᠰᠡᠬᠦᠯ ᠳ᠋ᠤ ᠵᠠᠬᠢᠶᠠᠯᠠᠭ᠎ᠠ ᠠᠷᠪᠢᠳᠴᠤ ᠡᠭᠦᠳᠡᠨ ᠳᠡᠯᠭᠡᠭᠦᠷ ᠪᠤᠯᠭᠠᠨ ᠦᠷᠭᠡᠳᠭᠡᠭᠰᠡᠨ ᠶᠤᠮ᠂ ᠲᠡᠷᠡ ᠦᠶ᠎ᠡ ᠪᠠᠨ ᠪᠤᠳᠤᠬᠤ ᠳ᠋ᠤ ᠨᠡᠯᠢᠶᠡᠳ ᠬᠦᠬᠡᠷᠦᠬᠦᠢᠯᠡᠯᠳᠡᠢ ᠰᠠᠨᠠᠭᠳᠠᠨ᠎ᠠ》 ᠭᠡᠵᠦ ᠨᠠᠪᠴᠢᠮ᠎ᠠ ᠱᠠᠭ᠎ᠠ ᠵᠢᠨ ᠬᠡᠯᠪᠡᠷᠢᠲᠤ ᠦᠨᠳᠡᠭᠡᠲᠤ ᠪᠤᠭᠤᠷᠰᠤᠭ ᠬᠢᠬᠦ ᠪᠠᠷ ᠪᠤᠰᠤᠯ᠎ᠠ᠃
ᠡᠭᠦᠳᠡᠨ ᠳᠡᠯᠭᠡᠭᠦᠷ ᠶ᠋ᠢᠡᠨ ᠡᠬᠢᠯᠡᠬᠦᠯᠦᠭᠰᠡᠨ ᠡᠴᠡ ᠬᠤᠢᠰᠢ ᠲᠡᠬᠦᠨ ᠤ᠋ ᠠᠷᠠᠯᠵᠢᠶ᠎ᠠ ᠮᠠᠢᠮᠠᠢ ᠬᠦᠭᠵᠢᠶᠠᠨ ᠲᠠᠢ ᠪᠤᠯᠪᠠ᠃ 《ᠨᠢᠭᠡ ᠵᠢ ᠦᠵᠡᠵᠦ ᠬᠤᠶᠠᠷ ᠢ᠋ ᠰᠡᠳᠬᠢᠬᠦ》 ᠳᠤᠷᠠᠳᠠᠢ ᠨᠠᠪᠴᠢᠮ᠎ᠠ ᠤᠯᠠᠮᠵᠢᠯᠠᠯᠲᠤ ᠦᠨᠳᠡᠭᠡᠳᠤ ᠪᠤᠭᠤᠷᠰᠤᠭ ᠨᠢ ᠬᠦᠮᠦᠰ ᠤ᠋ᠨ ᠬᠡᠷᠡᠭᠴᠡᠭᠡ ᠵᠢ ᠬᠠᠩᠭᠠᠵᠦ ᠳᠡᠢᠯᠬᠦ ᠦᠬᠡᠢ ᠵᠢ ᠰᠡᠷᠡᠵᠦ ᠮᠡᠳᠡᠯ᠎ᠡ᠃ ᠶᠠᠭᠠᠬᠢᠵᠦ ᠰᠢᠨ᠎ᠠ ᠵᠢ ᠡᠭᠦᠳᠬᠦ ᠪᠤᠢ? ᠶᠠᠭᠠᠬᠢᠵᠦ ᠬᠦᠮᠦᠰ ᠤ᠋ᠨ ᠠᠩᠬᠠᠷᠤᠯ ᠳ᠋ᠤ ᠬᠦᠷᠬᠡᠬᠦ ᠪᠢᠯᠡ? ᠬᠦᠬᠡᠬᠤᠳᠠ ᠵᠢᠨ ᠲᠡᠭᠷᠢ ᠳ᠋ᠤ ᠠᠨᠢᠪᠴᠢᠯᠠᠬᠤ ᠤᠳᠤᠳ ᠢ᠋ ᠬᠠᠷᠠᠭᠠᠳ ᠲᠡᠷᠡ ᠦᠪᠡᠷ ᠤ᠋ᠨ ᠡᠷᠬᠡ ᠦᠬᠡᠢ ᠬᠦᠳᠡᠭᠡ ᠨᠤᠲᠤᠭ ᠶ᠋ᠢᠡᠨ ᠰᠠᠨᠠᠯ᠎ᠠ᠃ ᠨᠤᠲᠤᠭ ᠶ᠋ᠢᠡᠨ ᠰᠠᠨᠠᠬᠤ ᠳ᠋ᠤ ᠮᠦᠩᠬᠦᠨ ᠰᠠᠷᠠᠨ ᠤ᠋ ᠳᠤᠤᠷᠠᠬᠢ ᠮᠦᠩᠬᠡᠵᠢᠨ ᠬᠢᠯᠠᠯᠵᠠᠬᠤ ᠲᠤᠭᠤᠨᠤᠲᠤ ᠭᠡᠷ ᠡᠴᠡ ᠴᠡᠩᠬᠡᠷ ᠤᠲᠤᠭ᠎ᠠ ᠰᠤᠭᠤᠨᠠᠭᠯᠠᠵᠦ ᠬᠠᠷᠠᠭᠳᠠᠨ᠎ᠠ᠃ ᠨᠠᠪᠴᠢᠮ᠎ᠠ ᠰᠡᠬᠡᠰᠬᠢᠨ ᠤᠬᠠᠭᠠᠨ ᠤᠷᠤᠵᠦ ᠤᠳᠠᠭᠠᠨ ᠡᠳᠦᠷ ᠤ᠋ᠨ ᠪᠤᠳᠤᠯ ᠶ᠋ᠢᠡᠨ ᠦᠨᠳᠡᠭᠡᠲᠤ ᠪᠤᠭᠤᠷᠰᠤᠭ ᠲᠠᠭᠠᠨ ᠠᠭᠤᠰᠬᠠᠵᠦ ᠤᠷᠤᠭᠤᠯᠬᠤ ᠪᠠᠷ ᠰᠢᠢᠳᠴᠡᠢ᠃
《ᠬᠦᠳᠡᠬᠡ ᠨᠤᠲᠤᠭ ᠤ᠋ᠨ ᠡᠷᠳᠡᠨᠢᠰ ᠢ᠋ ᠠᠭᠤᠳᠠᠯᠤᠭᠠᠳ ᠪᠠᠷᠠᠰᠢ ᠦᠬᠡᠢ᠂ ᠬᠤᠳᠠ ᠳ᠋ᠤ ᠤᠷᠤᠭᠰᠠᠨ ᠵᠠᠯᠠᠭᠤᠴᠤᠳ᠂ ᠬᠡᠤᠬᠡᠳ ᠪᠠᠭᠠᠴᠤᠳ ᠬᠦᠳᠡᠬᠡ ᠵᠢᠨ ᠠᠮᠢᠳᠤᠷᠠᠯ ᠠᠬᠤᠢ ᠡᠴᠡ ᠬᠤᠯᠠᠳᠠᠵᠦ ᠪᠠᠢᠭ᠎ᠠ ᠪᠤᠯᠬᠤᠷ ᠮᠤᠩᠭᠤᠯ ᠭᠡᠷ᠂ ᠲᠠᠪᠤᠨ ᠬᠤᠰᠢᠭᠤ ᠮᠠᠯ ᠵᠡᠷᠭᠡ ᠵᠢ ᠬᠠᠷᠠᠭᠤᠯᠤᠭᠰᠠᠨ ᠦᠨᠳᠡᠭᠡᠲᠤ ᠪᠤᠭᠤᠷᠰᠤᠭ ᠬᠢᠬᠦ ᠵᠢ ᠵᠤᠷᠢᠵᠠᠢ᠃ ᠲᠡᠳᠡ ᠮᠢᠨᠤ ᠬᠢᠭᠰᠡᠨ ᠦᠨᠳᠡᠭᠡᠲᠤ ᠪᠤᠭᠤᠷᠰᠤᠭ ᠢ᠋ ᠢᠳᠡᠭᠡᠳ ᠬᠦᠳᠡᠭᠡ ᠪᠡᠨ ᠰᠠᠨᠠᠵᠦ ᠴᠤᠭᠴᠠᠯᠠᠨ ᠪᠠᠢᠭᠤᠯᠬᠤ ᠪᠤᠳᠤᠯ ᠤᠷᠤᠬᠤ᠂ ᠠᠪᠤ ᠡᠵᠢ ᠪᠠᠨ ᠠᠴᠢᠯᠠᠨ ᠬᠦᠨᠳᠦᠯᠡᠬᠦ ᠵᠢᠨ ᠤᠬᠠᠭᠠᠨ ᠢ᠋ ᠬᠦᠷᠳᠡᠬᠦ ᠪᠤᠯᠪᠠᠤ ᠭᠡᠮᠡᠨ ᠪᠤᠳᠤᠭᠠᠳ ᠰᠢᠨᠡᠴᠢᠯᠡᠯ ᠬᠢᠵᠦ ᠡᠬᠢᠯᠡᠭᠰᠡᠨ ᠶᠤᠮ》 ᠭᠡᠵᠦ ᠨᠠᠪᠴᠢᠮ᠎ᠠ ᠵᠢᠨ ᠶᠠᠷᠢᠬᠤ ᠨᠢ ᠰᠡᠳᠬᠢᠯ ᠳ᠋ᠤ ᠲᠠᠭᠠᠳᠠᠢᠬᠠᠨ᠃
《ᠰᠠᠨᠠᠭ᠎ᠠ ᠵᠦᠪ ᠪᠤᠯ ᠵᠠᠶᠠᠭ᠎ᠠ ᠵᠦᠪ》᠃ ᠨᠠᠪᠴᠢᠮ᠎ᠠ ᠬᠠᠮᠤᠭ ᠤ᠋ᠨ ᠠᠩᠬ᠎ᠠ ᠬᠦᠳᠡᠬᠡ ᠲᠠᠯ᠎ᠠ ᠳ᠋ᠠᠭᠠᠨ ᠴᠠᠢᠷᠠᠬᠤ ᠲᠠᠨᠠᠨ ᠴᠠᠭᠠᠨ ᠭᠡᠷ ᠶ᠋ᠢᠡᠷ ᠰᠡᠳᠦᠪᠯᠡᠭᠰᠡᠨ ᠮᠤᠩᠭᠤᠯ ᠭᠡᠷ ᠤ᠋ᠨ ᠬᠡᠯᠪᠡᠷᠢᠲᠤ ᠦᠨᠳᠡᠭᠡᠲᠤ ᠪᠤᠭᠤᠷᠰᠤᠭ ᠬᠢᠵᠦ ᠡᠬᠢᠯᠡᠪᠡ ᠃ ᠬᠡᠳᠦᠢᠪᠡᠷ ᠵᠢᠷᠦᠭᠡᠨ ᠳ᠋ᠤᠨᠢ ᠰᠢᠩᠬᠡᠭᠰᠡᠨ ᠭᠡᠷ ᠪᠤᠯᠪᠠᠴᠤ ᠦᠨᠳᠡᠭᠡᠲᠤ ᠪᠤᠭᠤᠷᠰᠤᠭ ᠲᠸ᠋ ᠤᠷᠠᠯᠠᠵᠦ ᠬᠢᠬᠦ ᠳ᠋ᠤ ᠶᠡᠬᠡ ᠬᠦᠴᠢᠷᠳᠠᠢ ᠪᠠᠢᠭᠰᠠᠨ ᠨᠢ ᠮᠡᠳᠡᠭᠡᠵᠢ᠃ ᠲᠡᠷᠡ ᠬᠠᠭᠠᠰ ᠡᠳᠦᠷ ᠤ᠋ᠨ ᠬᠦᠴᠦ ᠵᠠᠷᠤᠴᠠᠭᠤᠯᠵᠦ ᠪᠠᠢᠭᠠᠳ ᠮᠤᠩᠭᠤᠯ ᠭᠡᠷ ᠤ᠋ᠨ ᠬᠡᠯᠪᠡᠷᠢᠲᠤ ᠦᠨᠳᠡᠭᠡᠲᠤ ᠪᠤᠭᠤᠷᠰᠤᠭ ᠶ᠋ᠢᠡᠨ ᠬᠢᠭᠡᠳ ᠬᠦᠯ ᠨᠢ ᠭᠠᠵᠠᠷ ᠬᠦᠷᠬᠦ ᠦᠬᠡᠢ ᠪᠠᠶᠠᠷᠯᠠᠵᠦ ᠪᠠᠢᠭᠰᠠᠨ ᠶ᠋ᠢᠡᠨ ᠮᠠᠷᠳᠠᠭ᠎ᠠ ᠦᠬᠡᠢ᠃ ᠠᠩᠬᠠᠨ ᠤ᠋ ᠡᠭᠦᠳᠦᠯᠳᠡ ᠡᠴᠡ ᠪᠠᠨ ᠠᠮᠳᠠ ᠠᠪᠤᠭᠰᠠᠨ ᠨᠠᠪᠴᠢᠮ᠎ᠠ ᠲᠠᠯ᠎ᠠ ᠨᠤᠲᠤᠭ ᠤ᠋ᠨ ᠰᠡᠳᠦᠪᠲᠤ ᠦᠨᠳᠡᠭᠡᠲᠤ ᠪᠤᠭᠤᠷᠰᠤᠭ᠂ ᠲᠠᠪᠤᠨ ᠬᠤᠰᠢᠭᠤ ᠮᠠᠯ ᠤ᠋ᠨ ᠰᠡᠳᠦᠪᠲᠤ ᠦᠨᠳᠡᠭᠡᠳᠤ ᠪᠤᠭᠤᠷᠰᠤᠭ᠂ ᠱᠠᠭ᠎ᠠ ᠵᠢᠨ ᠬᠡᠯᠪᠡᠷᠢᠲᠤ ᠦᠨᠳᠡᠭᠡᠲᠤ ᠪᠤᠭᠤᠷᠰᠤᠭ᠂ ᠰᠢᠳᠠᠷ᠎ᠠ ᠵᠢᠨ ᠬᠡᠯᠪᠡᠷᠢᠲᠤ ᠦᠨᠳᠡᠭᠡᠲᠤ ᠪᠤᠭᠤᠷᠰᠤᠭ᠂ ᠮᠤᠩᠭᠤᠯ ᠬᠡ ᠤᠭᠠᠯᠵᠠᠲᠤ ᠦᠨᠳᠡᠭᠡᠲᠤ ᠪᠤᠭᠤᠷᠰᠤᠭ ᠁ ᠬᠡᠬᠦ ᠵᠡᠷᠭᠡ 20 ᠭᠠᠷᠤᠢ ᠬᠡᠯᠪᠡᠷᠢ ᠳᠦᠷᠰᠦ ᠵᠢᠨ ᠦᠨᠳᠡᠭᠡᠲᠤ ᠪᠤᠭᠤᠷᠰᠤᠭ ᠢ᠋ ᠬᠢᠭᠡᠳ ᠤᠯᠠᠨ ᠤ᠋ ᠲᠠᠭᠠᠰᠢᠶᠠᠯ ᠢ᠋ ᠤᠯᠪᠠ᠃
《ᠦᠨᠳᠡᠭᠡᠲᠤ ᠪᠤᠭᠤᠷᠰᠤᠭ ᠨᠢ ᠵᠠᠪᠠᠯ ᠵᠠᠬ᠎ᠠ ᠳᠡᠯᠭᠡᠭᠦᠷ ᠤ᠋ᠨ ᠬᠡᠷᠡᠭᠴᠡᠭᠡ ᠱᠠᠭᠠᠷᠳᠠᠯᠭ᠎ᠠ ᠳ᠋ᠤ ᠨᠡᠢᠴᠡᠭᠰᠡᠨ ᠪᠠᠢᠵᠦ᠂ ᠤᠯᠠᠮᠵᠢᠯᠠᠯ ᠪᠠ ᠰᠢᠨᠡᠴᠢᠯᠡᠯ ᠢ᠋ ᠤᠶᠠᠯᠳᠤᠭᠤᠯᠬᠤ ᠬᠡᠷᠡᠭ ᠳᠡᠢ᠃ ᠪᠠᠶᠠᠷ ᠳᠤᠷᠠᠰᠬᠠᠯ ᠤ᠋ᠨ ᠡᠳᠦᠷ ᠲᠸ᠋ ᠵᠤᠷᠢᠭᠤᠯᠤᠭᠰᠠᠨ ᠤᠯᠠᠨ ᠬᠡᠯᠪᠡᠷᠢ ᠵᠢᠨ ᠦᠨᠳᠡᠭᠡᠲᠤ ᠪᠤᠭᠤᠷᠰᠤᠭ ᠢ᠋ ᠬᠦᠮᠦᠰ ᠵᠠᠬᠢᠶᠠᠯᠠᠬᠤ ᠨᠢ ᠤᠯᠠᠨ᠃ ᠤᠳᠤ ᠶᠠᠭ ᠰᠠᠢᠬᠠᠨ ᠰᠤᠷᠭᠠᠭᠤᠯᠢ ᠲᠡᠭᠦᠰᠬᠦ ᠤᠯᠠᠷᠢᠯ ᠪᠤᠯᠤᠭᠰᠠᠨ ᠪᠤᠯᠬᠤᠷ ᠬᠤᠩᠬᠤᠨ ᠤ᠋ ᠪᠠᠶᠠᠷ ᠤ᠋ᠨ ᠰᠡᠳᠦᠪᠲᠤ ᠦᠨᠳᠡᠭᠡᠲᠤ ᠪᠤᠭᠤᠷᠰᠤᠭ ᠬᠠᠯᠠᠭᠤᠷᠠᠯ ᠪᠤᠯᠵᠦ ᠪᠠᠢᠨ᠎ᠠ᠃ ᠨᠢᠭᠡ ᠠᠩᠬᠢ ᠳ᠋ᠤ ᠨᠢᠭᠡ ᠠᠳᠠᠯᠢ ᠪᠤᠰᠤ ᠵᠢᠨ ᠤᠨᠴᠠᠯᠢᠭᠲᠤ ᠦᠨᠳᠡᠭᠡᠳᠤ ᠪᠤᠭᠤᠷᠰᠤᠭ ᠶ᠋ᠢᠡᠷ ᠨᠠᠨᠳᠢᠨ ᠳᠤᠷᠠᠰᠤᠮᠵᠢ ᠦᠯᠡᠳᠡᠬᠡᠬᠦ ᠭᠡᠵᠦ ᠴᠢᠷᠮᠠᠢᠵᠦ ᠪᠠᠢᠨ᠎ᠠ》 ᠭᠡᠵᠦ ᠨᠠᠪᠴᠢᠮ᠎ᠠ ᠶᠠᠭᠠᠷᠠᠨ᠎ᠠ᠃
《ᠵᠤᠷᠢᠭ ᠪᠠᠢᠪᠠᠯ ᠪᠦᠲᠦᠬᠦ ᠬᠤᠯᠠ ᠦᠬᠡᠢ᠂ ᠵᠠᠮ ᠪᠠᠢᠪᠠᠯ ᠬᠦᠷᠬᠦ ᠬᠤᠯᠠ ᠦᠬᠡᠢ》 ᠬᠡᠳᠡᠭ᠂ ᠨᠢᠭᠡ ᠳᠡᠯᠭᠡᠭᠦᠷ ᠢ᠋ ᠦᠭᠡᠳᠡ ᠲᠠᠢ ᠦᠩᠭᠡ ᠲᠠᠢ ᠠᠪᠴᠤ ᠶᠠᠪᠤᠨ᠎ᠠ ᠭᠡᠳᠡᠭ ᠨᠠᠷᠢᠨ ᠤᠬᠠᠭᠠᠨ᠂ ᠠᠯᠤᠰ ᠤ᠋ᠨ ᠪᠤᠳᠤᠯᠭ᠎ᠠ᠂ ᠤᠢᠭ᠎ᠠ ᠦᠬᠡᠢ ᠴᠢᠷᠮᠠᠢᠯᠭ᠎ᠠ ᠡᠴᠡ ᠰᠠᠯᠵᠦ ᠴᠢᠳᠠᠬᠤ ᠦᠬᠡᠢ ᠶᠤᠮ᠃ ᠰᠢᠯᠤᠭᠤᠨ·ᠴᠠᠭᠠᠨ ᠢᠳᠡᠭᠡᠨ ᠦᠨᠳᠡᠭᠡᠲᠤ ᠪᠤᠭᠤᠷᠰᠤᠭ ᠤ᠋ᠨ ᠳᠡᠯᠭᠡᠭᠦᠷ ᠤ᠋ᠨ ᠵᠢᠯ ᠤ᠋ᠨ ᠤᠷᠤᠯᠭ᠎ᠠ ᠵᠠᠷᠤᠯᠭ᠎ᠠ ᠵᠠᠭᠤᠨ ᠲᠦᠮᠡ ᠵᠢ ᠳᠠᠪᠠᠵᠦ ᠪᠠᠢᠭ᠎ᠠ ᠨᠢ ᠡᠬᠦᠨ ᠢ᠋ ᠪᠠᠲᠤ ᠬᠡᠷᠡᠴᠢᠯᠡᠬᠦ ᠪᠠᠢᠬ᠎ᠠ⁈

ᠰᠤᠳᠤᠯᠭ᠎ᠠ ᠰᠤᠷᠤᠯᠴᠠᠭ᠎ᠠ ᠪᠠᠷ ᠰᠤᠳᠤᠬᠠᠨ ᠠᠮᠳᠠ ᠲᠠᠢ ᠪᠤᠭᠤᠷᠰᠤᠭ ᠬᠢᠨ᠎ᠡ
ᠠᠷᠠᠭᠠᠨ ᠰᠢᠯᠦᠰᠤ ᠭᠤᠭᠤᠵᠢᠮᠠᠷ ᠦᠨᠳᠡᠭᠡᠳᠦ ᠪᠤᠭᠤᠷᠰᠤᠭ
ᠠᠮᠳᠠ ᠨᠠᠢᠷᠠᠭᠤᠯᠭ᠎ᠠ ᠨᠢ ᠰᠤᠳᠤᠬᠠᠨ ᠦᠨᠳᠡᠭᠡᠲᠤ ᠪᠤᠭᠤᠷᠰᠤᠭ
ᠠᠪᠤᠭᠰᠠᠨ ᠬᠦᠮᠦᠨ ᠢ᠋ ᠱᠠᠭᠰᠢᠭᠤᠯᠳᠠᠭ ᠦᠨᠳᠡᠭᠡᠲᠤ ᠪᠤᠭᠤᠷᠰᠤᠭ
ᠠᠵᠠ ᠵᠢᠷᠭᠠᠯ ᠢ᠋ ᠪᠡᠯᠬᠡᠯᠡᠳᠡᠭ ᠦᠨᠳᠡᠭᠡᠲᠤ ᠪᠤᠭᠤᠷᠰᠤᠭ
ᠨᠠᠪᠴᠢᠮ᠎ᠠ ᠵᠢᠨ ᠦᠨᠳᠡᠭᠡᠲᠤ ᠪᠤᠭᠤᠷᠰᠤᠭ ᠬᠢᠬᠦ ᠦᠷᠦᠭᠡᠨ ᠤ᠋ ᠬᠢᠨᠢ ᠬᠠᠨᠠᠨ ᠳᠡᠭᠡᠷ᠎ᠡ ᠨᠢᠭᠡ ᠵᠢᠷᠤᠭ ᠪᠤᠢ᠃ ᠲᠡᠷᠡ ᠪᠤᠯ ᠳᠠᠷᠤᠢ ᠦᠬᠢᠨ ᠤ᠋ ᠬᠢᠨᠢ ᠡᠵᠢ ᠳ᠋ᠡᠬᠡᠨ ᠵᠢᠷᠤᠵᠦ ᠥᠭᠬᠦᠭᠰᠡᠨ ᠦᠨᠳᠡᠭᠡᠲᠤ ᠪᠤᠭᠤᠷᠰᠤᠭ ᠤ᠋ᠨ ᠵᠢᠷᠤᠭ ᠪᠤᠯᠤᠨ᠎ᠠ᠃ ᠡᠨᠡ ᠵᠢᠷᠤᠭ ᠡᠵᠢ ᠵᠢᠨ ᠬᠢᠨᠢ ᠠᠵᠢᠯ ᠦᠢᠯᠡᠰ ᠤ᠋ᠨ ᠠᠯᠤᠰ ᠤ᠋ᠨ ᠵᠤᠷᠢᠯᠭ᠎ᠠ᠂ ᠠᠵᠠ ᠬᠡᠢᠮᠦᠷᠢ ᠵᠢ ᠳᠠᠯᠠᠯᠳᠠᠭ ᠴᠸ᠋ ᠪᠤᠯᠪᠠᠤ!
ᠤᠤᠯ ᠨᠢ ᠦᠨᠳᠡᠭᠡᠲᠤ ᠪᠤᠭᠤᠷᠰᠤᠭ ᠢ᠋ ᠬᠢᠬᠦ ᠳ᠋ᠤ ᠶᠠᠭᠤ ᠯᠡ ᠪᠠᠢᠬᠤᠪ ᠭᠡᠵᠦ ᠪᠤᠳᠤᠵᠦ ᠪᠠᠢᠭᠰᠠᠨ ᠮᠠᠨᠢ ᠱᠠᠯ ᠪᠤᠷᠤᠭᠤᠳᠠᠭᠰᠠᠨ ᠶ᠋ᠢᠡᠨ ᠶᠠᠭᠤ ᠵᠢ ᠨᠢ ᠨᠢᠭᠤᠬᠤᠪ᠃ ᠲᠦᠷᠦᠭᠰᠡᠨ ᠡᠳᠦᠷ ᠤ᠋ᠨ ᠦᠨᠳᠡᠭᠡᠲᠤ ᠪᠤᠭᠤᠷᠰᠤᠭ ᠶ᠋ᠢᠡᠷ ᠵᠢᠱ᠌ᠢᠶᠡᠯᠡᠬᠦ ᠳ᠋ᠤ 20 ᠰᠢᠬᠠᠮ ᠠᠯᠬᠤᠮ ᠤᠷᠤᠳᠠᠭ ᠶᠤᠮ᠃ ᠡᠨᠡ ᠪᠤᠯ ᠵᠦᠪᠬᠡᠨ ᠬᠢᠬᠦ ᠠᠯᠬᠤᠮ ᠳᠠᠷᠠᠭ᠎ᠠ ᠰᠢᠦ᠃ ᠳᠠᠬᠢᠪᠠᠯ ᠭᠤᠯᠢᠷ ᠤ᠋ᠨ ᠤᠭᠤᠷᠠᠭ ᠤ᠋ᠨ ᠠᠭᠤᠯᠤᠭᠳᠠᠴᠠ᠂ ᠬᠠᠷᠢᠮᠠᠬᠠᠢ ᠴᠢᠨᠡᠷ᠂ ᠨᠢᠬᠳᠠ ᠵᠢᠨ ᠪᠠᠢᠳᠠᠯ᠂ ᠠᠮᠳᠠ ᠰᠢᠮᠳᠠ᠂ ᠰᠢᠷᠠᠬᠤ ᠨᠦᠬᠦᠴᠡᠯ ᠵᠡᠷᠭᠡ ᠡᠴᠡ ᠰᠢᠯᠲᠠᠭᠠᠯᠠᠨ ᠡᠳᠡᠨ ᠤ᠋ ᠬᠢᠨ 7 ᠠᠳᠠᠯᠢ ᠪᠤᠰᠤ ᠲᠦᠷᠦᠯ ᠤ᠋ᠨ ᠭᠤᠯᠢᠷ ᠢ᠋ ᠬᠡᠷᠡᠭᠯᠡᠵᠦ ᠪᠠᠢᠨ᠎ᠠ᠃
《ᠪᠢᠳᠠ ᠦᠨᠳᠡᠭᠡᠲᠤ ᠪᠤᠭᠤᠷᠰᠤᠭ ᠲᠸ᠋ ᠬᠡᠷᠡᠭᠯᠡᠬᠦ ᠭᠤᠯᠢᠷ ᠢ᠋ ᠰᠤᠩᠭᠤᠬᠤ ᠳ᠋ᠠᠭᠠᠨ ᠪᠠᠷᠤᠭ ᠭᠤᠯᠢᠷ ᠪᠤᠯᠭᠠᠨ ᠡᠴᠡ ᠰᠤᠩᠭᠤᠵᠦ ᠰᠤᠳᠤᠯᠤᠭᠰᠠᠨ ᠶᠤᠮ᠂ ᠮᠠᠨ ᠤ᠋ ᠬᠡᠷᠡᠭᠯᠡᠵᠦ ᠪᠠᠢᠭ᠎ᠠ ᠭᠤᠯᠢᠷ ᠤ᠋ᠨ ᠤᠭᠤᠷᠠᠭ ᠤ᠋ᠨ ᠠᠭᠤᠯᠤᠭᠳᠠᠴᠠ ᠨᠢ 15 ᠡᠴᠡ ᠳᠡᠭᠡᠭᠰᠢ ᠪᠠᠢᠵᠦ᠂ ᠡᠩ ᠤ᠋ᠨ ᠭᠤᠯᠢᠷ ᠪᠠᠷᠤᠭ 6 ᠤᠷᠴᠢᠮ ᠯᠡ ᠪᠠᠢᠳᠠᠭ᠃ ᠪᠢᠳᠡ ᠪᠠᠰᠠ ᠪᠤᠯ ᠠᠽᠢᠶ᠎ᠠ ᠲᠢᠪ ᠤ᠋ᠨ ᠲᠡᠷᠢᠬᠦᠨ ᠲᠠᠪᠤ ᠳ᠋ᠤ ᠤᠷᠤᠬᠤ ᠺᠤᠷᠢᠶᠠ ᠤᠯᠤᠰ ᠤ᠋ᠨ ᠰᠢᠬᠢᠷ ᠢ᠋ ᠬᠡᠷᠡᠭᠯᠡᠵᠦ ᠪᠠᠢᠨ᠎ᠠ᠂ ᠲᠤᠰ ᠰᠢᠬᠢᠷ ᠨᠢ ᠡᠩ ᠤ᠋ᠨ ᠰᠢᠬᠢᠷ ᠡᠴᠡ ᠦᠨᠡᠳᠡᠢ ᠪᠤᠯᠪᠠᠴᠦ ᠰᠢᠷᠬᠡᠭ ᠨᠢ ᠨᠢᠭᠳᠠ᠂ ᠠᠭᠤᠰᠬᠤ ᠨᠢ ᠬᠤᠷᠳᠤᠨ᠂ ᠴᠤᠯ ᠪᠠᠢᠭᠠᠯᠢ ᠵᠢᠨ ᠰᠢᠬᠢᠷ ᠪᠤᠯᠤᠨ᠎ᠠ᠂ ᠡᠳᠡᠭᠡᠷ ᠢ᠋ ᠪᠢᠳᠠ ᠪᠦᠷ ᠤᠯᠠᠨ ᠤᠳᠠᠭ᠎ᠠ ᠵᠢᠨ ᠲᠤᠷᠰᠢᠯᠳᠠ ᠪᠠᠷ ᠳᠠᠮᠵᠢᠵᠦ ᠰᠢᠯᠭᠠᠷᠠᠭᠤᠯᠵᠦ ᠭᠠᠷᠭᠠᠭᠰᠠᠨ ᠶᠤᠮ》 ᠭᠡᠵᠦ ᠨᠠᠪᠴᠢᠮ᠎ᠠ ᠲᠠᠨᠢᠯᠴᠠᠭᠤᠯᠪᠠ᠃
ᠦᠨᠳᠡᠭᠡᠲᠤ ᠪᠤᠭᠤᠷᠰᠤᠭ ᠶ᠋ᠢᠡᠨ ᠠᠮᠳᠠᠳᠠᠢ ᠰᠠᠢᠠᠬᠨ᠂ ᠬᠦᠮᠦᠰ ᠤ᠋ᠨ ᠲᠠᠭᠠᠰᠢᠶᠠᠯ ᠳ᠋ᠤ ᠬᠦᠷᠭᠡᠬᠦ ᠭᠡᠵᠦ ᠨᠠᠪᠴᠢᠮ᠎ᠠ ᠬᠦᠯᠦᠰᠦ ᠭᠠᠷᠭᠠᠨ ᠤᠯᠤᠭᠰᠠᠨ ᠮᠦᠩᠬᠦ ᠪᠠᠨ ᠲᠤᠷᠰᠢᠯᠳᠠ ᠳ᠋ᠠᠭᠠᠨ ᠵᠠᠷᠤᠴᠠᠭᠤᠯᠤᠭᠰᠠᠭᠠᠷ ᠁ ᠤᠴᠢᠷ ᠨᠢ ᠡᠨᠡ ᠪᠤᠯ ᠲᠡᠬᠦᠨ ᠤ᠋ ᠦᠪᠡᠷ ᠤ᠋ᠨ ᠭᠠᠷ ᠶ᠋ᠢᠡᠷ ᠶ᠋ᠢᠡᠨ ᠦᠰᠭᠡᠵᠦ ᠪᠤᠢᠵᠢᠭᠤᠯᠤᠭᠰᠠᠨ ᠠᠯᠠᠭ ᠦᠷ᠎ᠠ ᠲᠠᠢ ᠨᠢ ᠠᠳᠠᠯᠢᠬᠠᠨ ᠶᠤᠮ᠃ ᠶᠠᠭ ᠢᠩᠬᠢᠵᠦ ᠰᠡᠳᠬᠢᠯ ᠵᠢᠷᠦᠭᠡ ᠪᠠᠨ ᠰᠢᠩᠭᠡᠭᠡᠭᠰᠡᠨ ᠪᠤᠯᠬᠤᠷ ᠲᠡᠳᠡᠨ ᠤ᠋ ᠦᠨᠳᠡᠭᠡᠲᠤ ᠪᠤᠭᠤᠷᠰᠤᠭ ᠢ᠋ ᠬᠦᠮᠦᠰ ᠪᠤᠯᠢᠶᠠᠯᠳᠤᠨ ᠠᠪᠳᠠᠭ ᠪᠢᠯᠡ᠃ ᠭᠡᠪᠡᠴᠦ ᠨᠠᠪᠴᠢᠮ᠎ᠠ ᠰᠡᠳᠬᠢᠯ ᠬᠠᠨᠤᠭᠰᠠᠨ ᠦᠬᠡᠢ᠂ ᠰᠢᠨ᠎ᠠ ᠵᠢ ᠰᠦᠪᠡᠭᠴᠢᠯᠡᠬᠦ ᠵᠠᠩ ᠶ᠋ᠢᠡᠨ ᠤᠷᠬᠢᠭᠰᠠᠨ ᠦᠬᠡᠢ᠃
ᠲᠡᠷᠡ ᠡᠵᠢ ᠪᠠᠨ ᠰᠠᠨᠠᠯ᠎ᠠ᠂ ᠵᠦᠭᠡᠭᠡᠢ ᠲᠠᠢ ᠵᠢᠭᠤᠷᠠᠭᠰᠠᠨ ᠪᠤᠳᠠᠭ᠎ᠠ ᠪᠠᠨ ᠰᠠᠨᠠᠯ᠎ᠠ᠂ ᠲᠤᠭᠤᠯ ᠲᠠᠲᠠᠵᠦ ᠪᠠᠢᠭᠠᠳ ᠬᠦᠯ ᠶ᠋ᠢᠡᠨ ᠬᠢᠰᠬᠢᠬᠦᠯᠦᠭᠡᠳ ᠤᠬᠢᠯᠠᠵᠦ ᠪᠠᠢᠭᠰᠠᠨ ᠶ᠋ᠢᠡᠨ ᠰᠠᠨᠠᠯ᠎ᠠ᠃ 《ᠬᠦᠬᠡᠷᠤᠬᠦᠢ ᠲᠤᠭᠤᠯ ᠡᠬᠡ ᠵᠢᠨ ᠰᠦ ᠳ᠋ᠡᠭᠡᠨ ᠲᠡᠢᠮᠦ ᠲᠤᠷᠠᠳᠠᠢ᠂ ᠪᠢ ᠲᠡᠷᠡ ᠰᠦ ᠵᠢ ᠨᠢ ᠤᠤᠭᠤᠬᠤ ᠬᠡᠵᠦ ᠲᠤᠭᠤᠯ ᠡᠴᠡ ᠢᠯᠡᠬᠦᠦ ᠳᠤᠷᠠᠳᠠᠢ ᠪᠠᠢᠳᠠᠭ》 ᠭᠡᠵᠦ ᠨᠠᠪᠴᠢᠮ᠎ᠠ ᠦᠨᠳᠡᠭᠡᠲᠤ ᠪᠤᠭᠤᠷᠰᠤᠭ ᠤ᠋ᠨ ᠵᠦᠭᠡᠭᠡᠢ ᠪᠠᠨ ᠵᠢᠭᠤᠷᠠᠬᠤ ᠦᠶᠡᠰ ᠢᠨᠢᠶᠡᠳᠦ ᠠᠯᠳᠠᠭᠰᠠᠨ ᠶ᠋ᠢᠡᠨ ᠭᠡᠨᠡᠳᠳᠡ ᠶᠠᠭᠤ ᠨᠢᠭᠡ ᠵᠢ ᠰᠡᠬᠡᠰᠬᠢᠨ ᠪᠤᠳᠤᠵᠦ ᠤᠯᠤᠯ᠎ᠠ᠃ ᠦᠨᠢᠶᠡᠨ ᠰᠦ ᠪᠠᠷ ᠦᠨᠳᠡᠭᠡᠲᠤ ᠪᠤᠭᠤᠷᠰᠤᠭ ᠤ᠋ᠨ ᠵᠦᠭᠡᠭᠡᠢ ᠵᠢ ᠤᠷᠤᠯᠠᠭᠤᠯᠵᠦ ᠬᠢᠶ᠎ᠡ ᠭᠡᠳ ᠳᠠᠬᠢᠨᠳᠠ ᠲᠤᠷᠰᠢᠯᠳᠠ ᠵᠢᠨ ᠠᠶᠠᠨ ᠳ᠋ᠠᠭᠠᠨ ᠭᠠᠷᠪᠠ᠃
《ᠪᠢᠳᠠ ᠤᠤᠯ ᠳ᠋ᠠᠭᠠᠨ ᠤᠷᠭᠤᠮᠠᠯ ᠤ᠋ᠨ ᠵᠦᠭᠡᠭᠡᠢ ᠵᠢ ᠬᠡᠷᠡᠭᠯᠡᠵᠦ ᠪᠠᠢᠭᠰᠠᠨ᠂ ᠤᠷᠭᠤᠮᠠᠯ ᠤ᠋ᠨ ᠵᠦᠭᠡᠭᠡᠢ ᠵᠢ ᠬᠦᠮᠦᠨ ᠤ᠋ ᠬᠦᠴᠦ ᠪᠠᠷ ᠪᠤᠯᠪᠠᠰᠤᠷᠠᠭᠤᠯᠵᠦ ᠭᠠᠷᠭᠠᠳᠠᠭ᠃ ᠲᠡᠭᠡᠭᠡᠳ ᠪᠢ ᠴᠤᠯ ᠦᠨᠢᠶᠡᠨ ᠰᠦ ᠪᠠᠷ ᠬᠢᠭᠰᠡᠨ ᠵᠦᠭᠡᠭᠡᠢ ᠵᠢ ᠵᠠᠷᠤᠬᠤ ᠪᠤᠳᠤᠯ ᠤᠷᠤᠵᠦ᠂ ᠬᠡᠳᠦᠨ ᠮᠢᠩᠭᠠᠨ ᠵᠢᠩ ᠰᠦ ᠪᠠᠷ ᠲᠤᠷᠰᠢᠯᠳᠠ ᠬᠢᠵᠦ ᠪᠠᠢᠮᠠᠨᠵᠢᠨ ᠰᠠᠶᠢ ᠤᠳᠤ ᠵᠢᠨ ᠦᠨᠳᠡᠭᠡᠲᠤ ᠪᠤᠭᠤᠷᠰᠤᠭ ᠤ᠋ᠨ ᠵᠦᠭᠡᠭᠡᠢ ᠪᠠᠨ ᠭᠠᠷᠭᠠᠵᠦ ᠠᠪᠤᠭᠰᠠᠨ ᠶᠤᠮ᠃ ᠶᠡᠷᠦ ᠨᠢ ᠵᠢᠯ ᠤ᠋ᠨ ᠳᠦᠷᠪᠡᠨ ᠤᠯᠠᠷᠢᠯ ᠤ᠋ᠨ ᠠᠭᠤᠷ ᠠᠮᠢᠰᠬᠤᠯ ᠠᠳᠠᠯᠢ ᠦᠬᠡᠢ ᠪᠤᠯᠬᠤᠷ ᠦᠬᠡᠷ ᠤ᠋ᠨ ᠢᠳᠡᠬᠦ ᠡᠪᠡᠰᠦ᠂ ᠤᠤᠭᠤᠬᠤ ᠤᠰᠤ᠂ ᠬᠡᠪᠳᠡᠵᠦ ᠠᠮᠠᠷᠠᠬᠤ ᠵᠡᠷᠭᠡ ᠡᠴᠡ ᠰᠢᠯᠳᠠᠭᠠᠯᠠᠨ ᠵᠦᠭᠡᠬᠡᠢ ᠨᠠᠢᠷᠠᠭᠤᠯᠬᠤ ᠳ᠋ᠤ ᠴᠸ᠋ ᠠᠳᠠᠯᠢ ᠪᠤᠰᠤ ᠴᠠᠭ ᠲᠸ᠋ ᠭᠡᠳᠦᠢ ᠭᠷᠡᠮ ᠳ᠋ᠤ ᠬᠡᠳᠦᠢ ᠵᠦᠭᠡᠭᠡᠢ ᠵᠢ ᠬᠡᠳᠦᠢ ᠭᠷᠠᠳᠦ᠋ᠰ ᠤ᠋ᠨ ᠬᠠᠯᠠᠭᠤᠨ ᠳ᠋ᠤ ᠨᠠᠢᠷᠠᠭᠤᠯᠬᠤ ᠨᠢ ᠨᠠᠷᠢᠨ ᠵᠢᠷᠤᠮ ᠲᠠᠢ ᠪᠠᠢᠳᠠᠭ》 ᠭᠡᠵᠦ ᠨᠠᠪᠴᠢᠮ᠎ᠠ ᠰᠢᠨᠡᠭᠡᠨ ᠢᠷᠡᠭᠰᠡᠨ ᠰᠦ ᠪᠠᠨ ᠰᠢᠯᠭᠠᠵᠦ ᠪᠠᠢᠯ᠎ᠠ᠃

ᠦᠨᠢᠶᠡᠨ ᠰᠦ ᠪᠠᠷ ᠵᠦᠭᠡᠭᠡᠢ ᠪᠡᠨ ᠨᠠᠢᠷᠠᠭᠤᠯᠵᠦ ᠭᠠᠷᠭᠠᠯ᠎ᠠ᠃ ᠢᠩᠬᠢᠭᠡᠳ ᠵᠤᠭᠰᠤᠬᠤ ᠤᠤ ? ᠨᠠᠪᠴᠢᠮ᠎ᠠ ᠵᠢᠨ ᠬᠠᠷᠢᠭᠤᠯᠳᠠ ᠨᠢ 《 ᠦᠬᠡᠢ 》 ᠭᠡᠰᠡᠨ ᠭᠠᠭᠴᠠ ᠦᠬᠡ᠃ ᠲᠡᠷᠡ ᠳᠠᠬᠢᠨ ᠰᠢᠷ᠎ᠠ ᠲᠤᠰᠤ᠂ ᠴᠦᠴᠦᠭᠡᠢ᠂ ᠬᠤᠷᠤᠳ᠂ ᠠᠭᠠᠷᠤᠤᠯ ᠵᠡᠷᠭᠡ ᠵᠢ ᠦᠨᠳᠡᠭᠡᠲᠤ ᠪᠤᠭᠤᠷᠰᠤᠭ ᠲᠸ᠋ ᠠᠭᠤᠰᠬᠠᠨ ᠤᠷᠤᠭᠤᠯᠤᠭᠰᠠᠭᠠᠷ ᠯᠡ ᠪᠠᠢᠪᠠ᠃ ᠤᠳᠤ ᠲᠡᠳᠡᠨ ᠤ᠋ ᠳᠡᠯᠭᠡᠭᠦᠷ ᠲᠸ᠋ ᠦᠨᠳᠡᠭᠡᠲᠤ ᠪᠤᠭᠤᠷᠰᠤᠭ ᠤ᠋ᠨ ᠲᠦᠷᠦᠯ ᠵᠦᠢᠯ᠂ ᠰᠢᠬᠢᠷ ᠲᠤᠰᠤᠨ ᠤ᠋ ᠲᠦᠷᠦᠯ ᠵᠦᠢᠯ᠂ ᠴᠠᠭᠠᠨ ᠢᠳᠡᠭᠡᠨ ᠤ᠋ ᠪᠤᠭᠤᠷᠰᠤᠭ ᠤ᠋ᠨ ᠲᠦᠷᠦᠯ ᠵᠦᠢᠯ ᠭᠡᠳ 70 ᠰᠢᠬᠠᠮ ᠲᠦᠷᠦᠯ ᠵᠦᠢᠯ ᠤ᠋ᠨ ᠪᠤᠭᠤᠷᠰᠤᠭ ᠢ᠋ ᠬᠤᠳᠠᠯᠳᠤᠵᠦ ᠪᠠᠢᠨ᠎ᠠ᠃
《ᠴᠠᠭᠠᠨ ᠢᠳᠡᠭᠡᠨ ᠤ᠋ ᠰᠠᠢᠨ ᠲᠠᠢ ᠲᠠᠯ᠎ᠠ ᠵᠢ ᠬᠦᠮᠦᠰ ᠪᠦᠷ ᠮᠡᠳᠡᠳᠡᠭ᠂ ᠲᠡᠬᠦᠨ ᠢ᠋ ᠨᠡᠭᠡᠭᠡᠨ ᠬᠦᠭᠵᠢᠬᠦᠯᠵᠦ ᠳᠡᠯᠭᠡᠷᠡᠬᠦᠯᠬᠦ ᠪᠤᠯ ᠬᠦᠳᠡᠬᠡ ᠨᠤᠲᠤᠭ ᠤ᠋ᠨ ᠦᠷᠡᠰ ᠪᠢᠳᠠᠨ ᠤ᠋ ᠡᠭᠦᠷᠭᠡ ᠪᠤᠯᠤᠨ᠎ᠠ᠃ ᠡᠬᠦᠨ ᠤ᠋ ᠲᠦᠯᠦᠭᠡ ᠦᠴᠦᠭᠡᠨ ᠬᠦᠴᠦ ᠪᠠᠨ ᠭᠠᠷᠭᠠᠵᠦ ᠪᠠᠢᠭ᠎ᠠ ᠮᠢᠨᠢ ᠡᠨᠡ ᠪᠢᠯᠡ᠃ ᠮᠠᠨ ᠤ᠋ ᠳᠡᠯᠭᠡᠭᠦᠷ ᠲᠸ᠋ ᠬᠡᠷᠡᠭᠯᠡᠬᠦ ᠴᠠᠭᠠᠨ ᠢᠳᠡᠭᠡᠨ᠂ ᠰᠢᠷ᠎ᠠ ᠲᠤᠰᠤᠨ ᠤ᠋ ᠬᠡᠮᠵᠢᠶ᠎ᠡ ᠶᠡᠬᠡ ᠪᠤᠯᠬᠤᠷ ᠪᠢᠳᠠ ᠬᠦᠳᠡᠭᠡ ᠨᠤᠲᠤᠭ ᠡᠴᠡ ᠴᠤᠯ ᠪᠠᠢᠭᠠᠯᠢᠯᠢᠭ ᠢ᠋ ᠤᠷᠤᠭᠤᠯᠵᠦ ᠪᠠᠢᠨ᠎ᠠ᠃ ᠵᠢᠯ ᠳ᠋ᠤ ᠪᠠᠷᠤᠭ 5000 ᠵᠢᠩ ᠤ᠋ᠨ ᠰᠢᠷ᠎ᠠ ᠲᠤᠰᠤ ᠵᠢ ᠰᠢᠯᠤᠭᠤᠨ ᠬᠦᠬᠡ ᠬᠤᠰᠢᠭᠤᠨ ᠤ᠋ ᠮᠠᠯᠴᠢᠨ ᠠᠢᠯ ᠡᠴᠡ ᠤᠷᠤᠭᠤᠯᠵᠦ᠂ ᠮᠠᠯᠴᠢᠨ ᠲᠦᠮᠡᠨ ᠳ᠋ᠡᠭᠡᠨ ᠴᠠᠭᠠᠨ ᠢᠳᠡᠭᠡᠨ ᠵᠢᠡᠨ ᠪᠤᠷᠤᠯᠠᠭᠤᠯᠬᠤ ᠰᠢᠨ᠎ᠠ ᠵᠠᠮ ᠢ᠋ ᠨᠡᠭᠡᠭᠡᠵᠦ ᠥᠭᠬᠦ ᠪᠠᠷ ᠴᠢᠷᠮᠠᠢᠵᠦ ᠪᠠᠢᠨ᠎ᠠ》 ᠭᠡᠵᠦ ᠨᠠᠪᠴᠢᠮ᠎ᠠ ᠤᠯᠵᠠᠭᠤᠷᠬᠠᠨᠠ᠃
ᠬᠦᠳᠡᠭᠡ ᠡᠴᠡ ᠭᠠᠷᠴᠤ ᠬᠤᠳᠠ ᠤᠷᠤᠭᠰᠠᠨ᠂ ᠬᠤᠳᠠ ᠡᠴᠡ ᠪᠠᠨ ᠳᠠᠬᠢᠨ ᠬᠦᠭᠵᠢᠯ ᠢ᠋ ᠡᠷᠢᠯᠬᠢᠯᠡᠬᠦ ᠪᠤᠯ ᠲᠡᠬᠦᠨ ᠤ᠋ ᠠᠮᠵᠢᠯᠳᠠ ᠤᠯᠤᠭᠰᠠᠨ ᠤ᠋ ᠪᠠᠰᠠ ᠨᠢᠭᠡᠨ ᠵᠤᠷ ᠭᠡᠯᠳᠡᠢ᠃ ᠨᠠᠪᠴᠢᠮ᠎ᠠ ᠵᠢᠯ ᠪᠤᠯᠭᠠᠨ ᠱᠠᠩᠬᠠᠢ᠂ ᠲᠢᠶᠠᠨᠵᠢᠨ᠂ ᠵᠸᠵᠢᠶᠠᠩ ᠵᠡᠷᠭᠡ ᠬᠦᠭᠵᠢᠭᠰᠡᠨ ᠬᠤᠳᠠ ᠳ᠋ᠤ ᠶᠠᠪᠤᠭᠳᠠᠬᠤ ᠦᠨᠳᠡᠭᠡᠲᠤ ᠪᠤᠭᠤᠷᠰᠤᠭ ᠤ᠋ᠨ ᠴᠤᠭᠯᠠᠭᠠᠨ ᠳ᠋ᠤ ᠠᠯᠳᠠᠯ ᠦᠬᠡᠢ ᠶᠠᠪᠤᠵᠦ ᠰᠤᠷᠤᠯᠴᠠᠳᠠᠭ᠃ ᠨᠢᠭᠡ ᠤᠳᠠᠭ᠎ᠠ ᠤᠴᠢᠪᠠᠯ ᠨᠢᠭᠡ ᠰᠢᠨ᠎ᠠ ᠵᠦᠢᠯ ᠢ᠋ ᠰᠤᠷᠳᠠᠭ ᠪᠤᠯᠬᠤᠷ ᠦᠨᠳᠡᠭᠡᠲᠤ ᠪᠤᠭᠤᠷᠰᠤᠭ ᠨᠢ ᠤᠯᠠᠨ ᠲᠦᠮᠡᠨ ᠤ᠋ ᠲᠠᠭᠠᠰᠢᠶᠠᠯ ᠳ᠋ᠤ ᠬᠦᠷᠳᠡᠭ ᠤ᠋ᠨ ᠨᠢᠭᠤᠴᠠ ᠨᠢ ᠴᠸ᠋ ᠡᠨᠡ ᠪᠠᠢᠯᠬᠦᠢ᠃
《ᠦᠨᠳᠡᠭᠡᠲᠤ ᠪᠤᠭᠤᠷᠰᠤᠭ ᠤ᠋ᠨ ᠴᠤᠭᠯᠠᠭᠠᠨ ᠳ᠋ᠤ ᠶᠠᠪᠤᠪᠠᠯ ᠠᠷᠪᠢᠨ ᠵᠦᠢᠯ ᠢ᠋ ᠤᠯᠵᠤ ᠰᠤᠷᠳᠠᠭ᠂ ᠶᠡᠷᠦ ᠨᠢ ᠨᠢᠳᠦ ᠪᠠᠷ ᠦᠵᠡᠵᠦ ᠭᠠᠷ ᠶ᠋ᠢᠡᠷ ᠶ᠋ᠢᠡᠨ ᠪᠠᠷᠢᠬᠤ ᠨᠢ ᠤᠨᠳᠤᠤ ᠪᠠᠢᠳᠠᠭ ᠡ᠂ ᠮᠠᠨ ᠤ᠋ ᠬᠡᠷᠡᠭᠯᠡᠵᠦ ᠪᠠᠢᠭ᠎ᠠ ᠰᠢᠬᠢᠷ ᠢ᠋ ᠴᠤᠭᠯᠠᠭᠠᠨ ᠳ᠋ᠸ᠋ ᠤᠴᠢᠭᠠᠳ ᠰᠤᠷᠴᠦ ᠮᠡᠳᠡᠭᠰᠡᠨ ᠶᠤᠮ᠃ ᠮᠦᠨ ᠪᠠᠰᠠ ᠪᠤᠭᠤᠷᠰᠤᠭ ᠶ᠋ᠢᠡᠨ ᠰᠢᠷᠠᠬᠤ ᠲᠤᠭᠤᠭ᠎ᠠ᠂ ᠠᠮᠳᠠ ᠨᠠᠢᠷᠠᠭᠤᠯᠭ᠎ᠠ᠂ ᠤᠷᠠᠯᠠᠵᠦ ᠬᠡᠬᠡᠯᠡᠬᠦ᠂ ᠰᠢᠨ᠎ᠠ ᠴᠠᠭ ᠦᠶ᠎ᠠ ᠵᠢ ᠬᠡᠷᠬᠢᠨ ᠳᠠᠭᠠᠬᠤ ᠭᠡᠳ ᠠᠷᠪᠢᠨ ᠵᠦᠢᠯ ᠢ᠋ ᠰᠤᠷᠤᠭᠰᠠᠨ》 ᠭᠡᠵᠦ ᠨᠠᠪᠴᠢᠮ᠎ᠠ ᠶᠠᠷᠢᠨ᠎ᠠ᠃
ᠲᠡᠷᠡ ᠪᠠᠰᠠ ᠴᠦ᠍ ᠠᠵᠢᠯ ᠨᠢᠭᠡᠳᠡᠨ ᠶ᠋ᠢᠡᠨ ᠳᠡᠮᠵᠢᠵᠦ ᠦᠪᠡᠷ ᠤ᠋ᠨ ᠤᠷ᠎ᠠ ᠴᠢᠳᠠᠪᠤᠷᠢ ᠪᠠᠨ ᠤᠯᠠᠮᠵᠢᠯᠠᠬᠤ ᠵᠢ ᠵᠤᠷᠢᠳᠠᠭ ᠨᠢᠩᠵᠢᠨ ᠰᠡᠳᠬᠢᠯᠳᠠᠨ ᠶᠤᠮ᠃ ᠤᠳᠤᠬᠠᠨ ᠪᠤᠯᠳᠠᠯ᠎ᠠ ᠨᠢᠬᠡᠨᠳᠡ ᠠᠷᠪᠠᠭᠠᠳ ᠭᠠᠷ ᠤ᠋ᠨ ᠱᠠᠪᠢ ᠬᠦᠮᠦᠵᠢᠬᠦᠯᠦᠭᠰᠡᠨ ᠪᠦᠭᠡᠳ ᠵᠠᠷᠢᠮ ᠨᠢ ᠬᠤᠪᠢ ᠵᠢᠨ ᠳᠡᠯᠭᠡᠭᠦᠷ ᠡᠵᠡᠩᠨᠡᠵᠦ ᠤᠷᠤᠨ ᠨᠤᠲᠤᠭ ᠲᠠᠭᠠᠨ ᠭᠢᠯᠠᠷᠠᠭᠤᠯᠵᠦ ᠶᠠᠪᠤᠨ᠎ᠠ᠃ ᠠᠯᠠᠱᠠ ᠵᠡᠬᠦᠨ ᠬᠤᠰᠢᠭᠤ ᠪᠠᠷ ᠨᠤᠲᠤᠭᠳᠠᠢ ᠴᠡᠯᠮᠡᠭ ᠬᠡᠳᠦᠨ ᠵᠢᠯ ᠤ᠋ᠨ ᠡᠮᠦᠨ᠎ᠡ ᠲᠡᠬᠦᠨ ᠳ᠋ᠤ ᠱᠠᠪᠢᠯᠠᠨ ᠦᠨᠳᠡᠭᠡᠲᠤ ᠪᠤᠭᠤᠷᠰᠤᠭ ᠬᠢᠬᠦ ᠵᠢ ᠰᠤᠷᠤᠭᠠᠳ ᠤᠳᠤ ᠠᠢᠮᠠᠭ ᠳᠡᠭᠡᠷ᠎ᠡ ᠪᠠᠨ ᠳᠡᠯᠭᠡᠭᠦᠷ ᠡᠷᠬᠢᠯᠡᠭᠰᠡᠨ ᠪᠠᠢᠯ᠎ᠠ᠃
《ᠮᠢᠨᠤ ᠬᠢᠭᠰᠡᠨ ᠦᠨᠳᠡᠭᠡᠲᠤ ᠪᠤᠭᠤᠷᠰᠤᠭ ᠦᠷᠬᠦᠯᠵᠢ ᠪᠠᠶᠠᠷ ᠵᠢᠷᠭᠠᠯ ᠤ᠋ᠨ ᠳᠡᠭᠡᠵᠢ ᠪᠡᠷ ᠭᠠᠷᠳᠠᠭ ᠲᠤᠨᠢ ᠪᠡᠯᠭᠡᠰᠢᠶᠡᠳᠡᠭ ᠶᠤᠮ᠂ ᠬᠦᠮᠦᠰ ᠲᠸ᠋ ᠪᠠᠶᠠᠷ ᠵᠢᠷᠭᠠᠯ ᠪᠡᠯᠡᠭᠯᠡᠬᠦ ᠰᠢᠭ ᠰᠠᠢᠬᠠᠨ ᠵᠦᠢᠯ ᠬᠠᠮᠢᠭ᠎ᠠ ᠪᠠᠢᠬᠤ ᠪᠤᠢ⁈ ᠲᠡᠢᠮᠦ ᠪᠤᠯᠬᠤᠷ ᠪᠢ ᠴᠢᠨᠠᠷᠯᠢᠭ᠂ ᠠᠮᠳᠠᠳᠠᠢ᠂ ᠡᠷᠡᠬᠦᠯ ᠮᠡᠨᠳᠦ ᠳ᠋ᠤ ᠲᠤᠰᠠᠳᠠᠢ᠂ ᠴᠤᠯ ᠪᠠᠢᠭᠠᠯᠢᠯᠢᠭ ᠤᠷᠤᠴᠠ ᠲᠠᠢ ᠦᠨᠳᠡᠭᠡᠲᠤ ᠪᠤᠭᠤᠷᠰᠤᠭ ᠢ᠋ ᠬᠢᠬᠦ ᠪᠠᠷ ᠬᠢᠴᠢᠶᠡᠨ ᠵᠢᠳᠬᠦᠵᠦ ᠶᠠᠪᠤᠨ᠎ᠠ》 ᠭᠡᠵᠦ ᠨᠠᠪᠴᠢᠮ᠎ᠠ ᠵᠦᠭᠡᠯᠡᠨ ᠢᠨᠢᠶᠡᠮᠰᠦᠭᠯᠡᠪᠡ᠃
