48 ᠴᠠᠭ᠄ ᠦᠪᠦᠷ ᠮᠤᠩᠭᠤᠯ → ᠰᠢᠶᠠᠩᠭᠠᠩ
2026-07-03 11:28:24
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠳᠤᠤᠷ᠎ᠠ ᠳᠤᠯᠠᠭᠠᠨ ᠳ᠋ᠤ ᠬᠦᠴᠢᠯ ᠦᠭᠡᠢᠳᠡᠭᠦᠯᠦᠨ᠎ᠠ; ᠲᠠᠯᠤ ᠶ᠋ᠢᠨ ᠮᠢᠬ᠎ᠠ᠂ ᠵᠤ ᠶ᠋ᠢᠨ ᠮᠢᠬ᠎ᠠ᠂ ᠰᠡᠭᠡᠷ ᠤ᠋ᠨ ᠮᠢᠬ᠎ᠠ᠂ ᠨᠢᠷᠦᠭᠤᠨ ᠮᠢᠬ᠎ᠠ᠂ ᠬᠠ ᠶ᠋ᠢᠨ ᠮᠢᠬ᠎ᠠ ᠭᠡᠵᠦ ᠬᠡᠰᠡᠭ ᠬᠡᠰᠡᠭ ᠶ᠋ᠢᠡᠷ ᠨᠠᠷᠢᠯᠢᠭ ᠰᠠᠯᠭᠠᠨ᠎ᠠ; ᠬᠤᠭᠤᠰᠤᠮ ᠪᠤᠭᠤᠳᠠᠯᠯᠠᠨ᠎ᠠ ᠁ ᠤᠢᠷ᠎ᠠ ᠳ᠋ᠤ ᠬᠦᠯᠦᠨ ᠪᠤᠢᠷ ᠬᠤᠳᠠ ᠶ᠋ᠢᠨ ᠠᠷᠤᠨ ᠬᠤᠰᠢᠭᠤᠨ ᠤ᠋ ᠨᠢᠭᠡ ᠪᠦᠯᠦᠭ ᠨᠠᠷᠢᠯᠢᠭ ᠬᠡᠰᠡᠭᠯᠡᠨ ᠰᠠᠯᠭᠠᠵᠤ ᠪᠤᠭᠤᠳᠠᠯᠯᠠᠭᠰᠠᠨ ᠰᠢᠨ᠎ᠠ ᠰᠤᠷᠭᠤᠭ ᠦᠭᠡᠷ ᠤ᠋ᠨ ᠮᠢᠬ᠎ᠠ ᠬᠠᠢᠯᠠᠷ ᠪᠤᠭᠤᠮᠳᠠ ᠶ᠋ᠢᠨ ᠰᠢᠯᠭᠠᠨ ᠪᠠᠢᠴᠠᠭᠠᠯᠳᠠ ᠪᠠ ᠬᠢᠵᠢᠭ ᠤ᠋ᠨ ᠪᠠᠢᠴᠠᠭᠠᠯᠳᠠ ᠶ᠋ᠢ ᠤᠷᠤᠭᠰᠢᠳᠠᠢ ᠦᠩᠭᠡᠷᠡᠭᠦᠯᠦᠭᠡᠳ 48 ᠴᠠᠭ ᠤ᠋ᠨ ᠲᠤᠳᠤᠷ᠎ᠠ ᠰᠢᠶᠠᠩᠭᠠᠩ ᠳ᠋ᠤ ᠬᠦᠷᠪᠡ᠃

ᠡᠨᠡ ᠪᠤᠯ ᠬᠦᠯᠦᠨ ᠪᠤᠢᠷ ᠤ᠋ᠨ ᠰᠢᠨ᠎ᠠ ᠰᠤᠷᠭᠤᠭ ᠦᠭᠡᠷ ᠤ᠋ᠨ ᠮᠢᠬ᠎ᠠ ᠠᠩᠬ᠎ᠠ ᠤᠳᠠᠭ᠎ᠠ ᠰᠢᠶᠠᠩᠭᠠᠩ ᠤ᠋ᠨ ᠵᠠᠬ᠎ᠠ ᠳᠡᠯᠭᠡᠭᠦᠷ ᠲᠤ᠌ ᠪᠤᠷᠤᠯᠠᠭᠤᠯᠤᠭᠳᠠᠵᠤ ᠪᠠᠢᠭ᠎ᠠ ᠶᠠᠪᠤᠳᠠᠯ ᠪᠤᠯᠬᠤ ᠪᠦᠭᠡᠳ ᠨᠡᠩ ᠴᠤ᠌ 《ᠦᠪᠦᠷ ᠮᠤᠩᠭᠤᠯ》 ᠨᠡᠷᠡᠮᠵᠢᠳᠦ ᠰᠢᠨ᠎ᠠ ᠰᠤᠷᠭᠤᠭ ᠮᠠᠯ ᠤ᠋ᠨ ᠮᠢᠬ᠎ᠠ ᠶ᠋ᠢ ᠰᠢᠶᠠᠩᠭᠠᠩ ᠤ᠋ᠨ ᠠᠷᠠᠳ ᠲᠦᠮᠡᠨ ᠤ᠋ ᠬᠤᠭᠤᠯᠠᠨ ᠰᠢᠷᠡᠭᠡᠨ ᠳ᠋ᠤ ᠰᠢᠭᠤᠳ ᠬᠦᠷᠭᠡᠬᠦ ᠰᠢᠨ᠎ᠠ ᠵᠠᠮ ᠢ᠋ ᠨᠡᠭᠡᠭᠡᠭᠰᠡᠨ ᠶᠠᠪᠤᠳᠠᠯ ᠪᠠᠢᠵᠤ᠂ ᠦᠪᠦᠷ ᠮᠤᠩᠭᠤᠯ ᠤ᠋ᠨ ᠴᠢᠨᠠᠷ ᠰᠠᠢᠳᠠᠢ ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭᠳᠡᠭᠦᠨ ᠤ᠋ ᠳᠠᠶᠠᠭᠠᠷᠴᠢᠯᠠᠬᠤ ᠬᠦᠭᠵᠢᠯᠳᠡ ᠶ᠋ᠢᠨ ᠵᠠᠩᠬᠢᠯᠠᠭ᠎ᠠ ᠶ᠋ᠢᠨ ᠨᠢᠭᠡ ᠠᠯᠬᠤᠮ ᠢ᠋ ᠠᠯᠬᠤᠯ᠎ᠠ᠃

ᠲᠤᠰ ᠪᠦᠯᠦᠭ ᠦᠭᠡᠷ ᠤ᠋ᠨ ᠮᠢᠬ᠎ᠠ ᠪᠡᠨ ᠰᠢᠨ᠎ᠠ ᠰᠤᠷᠭᠤᠭ ᠶ᠋ᠢᠡᠷ ᠰᠢᠶᠠᠩᠭᠠᠩ ᠳ᠋ᠤ ᠬᠦᠷᠭᠡᠬᠦ ᠶ᠋ᠢᠨ ᠲᠦᠯᠦᠭᠡ᠂ ᠬᠦᠯᠦᠨ ᠪᠤᠢᠷ ᠤ᠋ᠨ ᠮᠢᠬᠠᠨ ᠤ᠋ ᠦᠢᠯᠡᠰ ᠤ᠋ᠨ ᠪᠦᠯᠦᠭᠯᠡᠯ 《ᠬᠦᠢᠳᠡᠨ ᠬᠡᠯᠬᠢᠶᠡᠳᠦ ᠬᠠᠭᠤᠷᠠᠢ ᠵᠠᠮ ᠤ᠋ᠨ ᠲᠡᠭᠡᠭᠡᠪᠤᠷᠢ + ᠠᠭᠠᠷ ᠤ᠋ᠨ ᠲᠡᠭᠡᠭᠡᠪᠤᠷᠢ + ᠡᠴᠤᠰ ᠤ᠋ᠨ ᠦᠷᠳᠡᠭᠡ ᠬᠦᠷᠳᠡᠯ᠎ᠠ ᠪᠡᠨ ᠬᠦᠢᠳᠡᠨ ᠬᠡᠯᠬᠢᠶ᠎ᠠ ᠪᠡᠷ ᠳᠤᠬᠢᠷᠠᠭᠤᠯᠤᠨ ᠬᠦᠷᠭᠡᠬᠦ》 ᠤᠯᠠᠨ ᠬᠡᠯᠪᠡᠷᠢ ᠶ᠋ᠢᠨ ᠬᠠᠮᠳᠤᠷᠠᠭᠰᠠᠨ ᠲᠡᠭᠡᠭᠡᠪᠤᠷᠢ ᠶ᠋ᠢᠨ ᠵᠠᠭᠪᠤᠷ ᠢ᠋ ᠬᠡᠷᠡᠭᠯᠡᠵᠦ᠂ ᠲᠡᠭᠡᠭᠡᠪᠤᠷᠢᠯᠡᠨ ᠬᠦᠷᠭᠡᠬᠦ ᠪᠦᠬᠦ ᠶᠠᠪᠤᠴᠠ ᠳ᠋ᠤ ᠦᠭᠡᠷ ᠤ᠋ᠨ ᠮᠢᠬ᠎ᠠ ᠪᠡᠨ 0 — 4 ᠼᠧᠯᠰ ᠭᠷᠠᠳᠦ᠋ᠰ ᠤ᠋ᠨ ᠳᠤᠭᠳᠠᠮᠠᠯ ᠳᠤᠯᠠᠭᠠᠨ ᠤ᠋ ᠤᠷᠴᠢᠨ ᠳ᠋ᠤ ᠪᠠᠢᠯᠭᠠᠬᠤ ᠶ᠋ᠢ ᠪᠠᠳᠤᠯᠠᠨ᠂ ᠦᠭᠡᠷ ᠤ᠋ᠨ ᠮᠢᠬᠠᠨ ᠤ᠋ ᠰᠢᠨ᠎ᠠ ᠰᠤᠷᠭᠤᠭ ᠴᠢᠨᠠᠷ ᠪᠠ ᠰᠢᠮ᠎ᠠ ᠲᠡᠵᠢᠭᠡᠯᠳᠦ ᠴᠢᠨᠠᠷ ᠢ᠋ ᠳᠡᠭᠡᠳᠦ ᠬᠡᠮᠵᠢᠶ᠎ᠠ ᠪᠡᠷ ᠪᠠᠳᠤᠯᠠᠵᠠᠢ᠃

《ᠡᠨᠡ ᠬᠦ᠌ ᠪᠤᠷᠤᠯᠠᠭᠤᠯᠭ᠎ᠠ ᠶ᠋ᠢᠨ ᠵᠠᠮ ᠰᠢᠯᠤᠭᠤᠬᠠᠨ ᠨᠡᠪᠳᠡᠷᠡᠪᠡᠯ ᠰᠠᠷ᠎ᠠ ᠪᠦᠷᠢ ᠰᠢᠶᠠᠩᠭᠠᠩ ᠳ᠋ᠤ 30 ᠳᠤᠨ ᠰᠢᠨ᠎ᠠ ᠰᠤᠷᠭᠤᠭ ᠦᠭᠡᠷ ᠤ᠋ᠨ ᠮᠢᠬ᠎ᠠ ᠶ᠋ᠢ ᠪᠤᠷᠤᠯᠠᠭᠤᠯᠬᠤ ᠪᠤᠯᠤᠨ᠎ᠠ᠃ ᠲᠡᠭᠦᠨᠴᠢᠯᠡᠨ ᠳᠠᠷᠠᠭᠠᠴᠢ ᠪᠡᠷ ᠰᠢᠶᠠᠩᠭᠠᠩ ᠶ᠋ᠢᠡᠷ ᠳᠠᠮᠵᠢᠨ ᠳᠤᠮᠳᠠᠳᠤ ᠳᠤᠷᠤᠨᠠᠳᠤ ᠶ᠋ᠢᠨ ᠵᠠᠬ᠎ᠠ ᠳᠡᠯᠭᠡᠭᠦᠷ ᠢ᠋ ᠴᠤ᠌ ᠠᠭᠠᠵᠢᠮ ᠶ᠋ᠢᠡᠷ ᠨᠡᠭᠡᠭᠡᠵᠦ ᠪᠤᠯᠤᠨ᠎ᠠ》 ᠭᠡᠵᠦ ᠬᠦᠯᠦᠨ ᠪᠤᠢᠷ ᠤ᠋ᠨ ᠮᠢᠬᠠᠨ ᠤ᠋ ᠦᠢᠯᠡᠰ ᠤ᠋ᠨ ᠪᠦᠯᠦᠭᠯᠡᠯ ᠤ᠋ᠨ ᠳᠡᠳ᠋ ᠶᠡᠷᠦᠩᠬᠡᠢ ᠳᠠᠭᠠᠭᠠᠮᠠᠯ ᠡᠤ ᠬᠠᠢ ᠶᠠᠨ ᠬᠡᠯᠡᠨ᠎ᠠ᠃

ᠤᠢᠯᠠᠭᠠᠭᠰᠠᠨ ᠶ᠋ᠢᠡᠷ᠂ ᠤᠢᠷ᠎ᠠ ᠶ᠋ᠢᠨ ᠵᠢᠯ ᠳ᠋ᠤ ᠠᠷᠤᠨ ᠬᠤᠰᠢᠭᠤ ᠮᠢᠬᠠᠨ ᠤ᠋ ᠦᠭᠡᠷ᠂ ᠮᠢᠬᠠᠨ ᠤ᠋ ᠬᠤᠨᠢ᠂ ᠰᠦ ᠶ᠋ᠢᠨ ᠦᠢᠯᠡᠰ ᠵᠡᠷᠭᠡ 3 ᠭᠤᠤᠯᠯᠠᠬᠤ ᠠᠵᠤ ᠦᠢᠯᠡᠰ ᠤ᠋ᠨ ᠵᠢᠡᠨ ᠲᠤᠭᠤᠷᠢᠨ ᠳ᠋ᠤ ᠮᠠᠯ ᠠᠵᠤ ᠠᠬᠤᠢ ᠶ᠋ᠢᠨ ᠬᠡᠪᠴᠢᠶᠡᠵᠢᠭᠰᠡᠨ ᠬᠦᠭᠵᠢᠯᠳᠡ ᠪᠤᠯᠤᠨ ᠪᠦᠬᠦ ᠠᠵᠤ ᠦᠢᠯᠡᠰ ᠤ᠋ᠨ ᠬᠡᠯᠬᠢᠶ᠎ᠠ ᠶ᠋ᠢᠨ ᠬᠦᠭᠵᠢᠯᠳᠡ ᠶ᠋ᠢ ᠡᠷᠴᠢᠮᠳᠠᠢ ᠠᠬᠢᠭᠤᠯᠵᠤ᠂ ᠰᠢᠨ᠎ᠠ ᠰᠤᠷᠭᠤᠭ ᠮᠢᠬᠠᠨ ᠤ᠋ ᠪᠦᠲᠦᠭᠡᠭᠳᠡᠭᠦᠨ ᠶ᠋ᠢᠡᠨ ᠳᠡᠭᠡᠳᠦ ᠳᠡᠰ ᠤ᠋ᠨ ᠬᠡᠷᠡᠭᠯᠡᠭᠡᠨ ᠤ᠋ ᠵᠠᠬ᠎ᠠ ᠳᠡᠯᠭᠡᠭᠦᠷ ᠲᠤ᠌ ᠰᠢᠭᠤᠳ ᠪᠤᠷᠤᠯᠠᠭᠤᠯᠬᠤ ᠪᠡᠷ ᠬᠦᠴᠦᠯᠡᠨ ᠴᠢᠷᠮᠠᠢᠭᠰᠠᠭᠠᠷ ᠢᠷᠡᠵᠠᠢ᠃ ᠤᠳᠤ ᠭᠠᠭᠴᠠ ᠬᠦᠯᠦᠨ ᠪᠤᠢᠷ ᠤ᠋ᠨ ᠮᠢᠬᠠᠨ ᠤ᠋ ᠦᠢᠯᠡᠰ ᠤ᠋ᠨ ᠪᠦᠯᠦᠭᠯᠡᠯ ᠨᠢ ᠳᠠᠷᠤᠢ 485 ᠵᠦᠢᠯ ᠤ᠋ᠨ ᠨᠠᠷᠢᠯᠢᠭ ᠬᠡᠰᠡᠭᠯᠡᠭᠰᠡᠨ ᠵᠢᠴᠢ ᠨᠠᠷᠢᠯᠢᠭ ᠪᠤᠯᠪᠠᠰᠤᠷᠠᠭᠤᠯᠤᠭᠰᠠᠨ ᠪᠦᠲᠦᠭᠡᠭᠳᠡᠭᠦᠨ ᠢ᠋ ᠰᠤᠳᠤᠯᠤᠨ ᠨᠡᠭᠡᠭᠡᠵᠦ᠂ ᠪᠦᠬᠦ ᠤᠯᠤᠰ ᠲᠤ᠌ 160 ᠪᠤᠷᠤᠯᠠᠭᠤᠯᠭ᠎ᠠ ᠶ᠋ᠢᠨ ᠬᠡᠷᠡᠭ ᠡᠷᠬᠢᠯᠡᠬᠦ ᠭᠠᠵᠠᠷ ᠪᠠ ᠬᠤᠪᠢᠶᠠᠷᠢ ᠬᠦᠮᠦᠷᠭᠡ ᠪᠠᠢᠷᠢᠰᠢᠭᠤᠯᠤᠨ᠂ 600 ᠭᠠᠷᠤᠢ ᠲᠤᠰᠬᠠᠢ ᠬᠤᠳᠠᠯᠳᠤᠭᠠᠨ ᠤ᠋ ᠳᠡᠯᠭᠡᠭᠦᠷ ᠨᠡᠭᠡᠭᠡᠪᠠ᠃ ᠵᠢᠯ ᠤ᠋ᠨ ᠡᠬᠢᠨ ᠡᠴᠡ ᠨᠠᠭᠠᠰᠢ ᠲᠤᠰ ᠪᠦᠯᠦᠭᠯᠡᠯ ᠨᠢᠭᠡᠨᠳᠡ ᠲᠦᠮᠡ ᠭᠠᠷᠤᠢ ᠮᠢᠬᠠᠨ ᠤ᠋ ᠦᠭᠡᠷ᠂ 8 ᠲᠦᠮᠡ ᠭᠠᠷᠤᠢ ᠮᠢᠬᠠᠨ ᠤ᠋ ᠬᠤᠨᠢ ᠶ᠋ᠢ ᠨᠢᠳᠤᠯᠵᠤ᠂ ᠨᠠᠷᠢᠯᠢᠭ ᠪᠤᠯᠪᠠᠰᠤᠷᠠᠭᠤᠯᠤᠭᠰᠠᠨ ᠪᠦᠲᠦᠭᠡᠭᠳᠡᠭᠦᠨ ᠨᠢ 1800 ᠳᠤᠨ ᠳ᠋ᠤ ᠬᠦᠷᠴᠦ᠂ 9.3 ᠳ᠋ᠦᠩᠰᠢᠭᠤᠷ ᠲᠦᠭᠦᠷᠢᠭ ᠤ᠋ᠨ ᠦᠢᠯᠡᠳᠭᠦᠨ ᠤ᠋ ᠦᠷᠳᠡᠭ ᠢ᠋ ᠡᠭᠦᠳᠦᠭᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号