ᠬᠤᠭᠤᠷ᠎ᠤᠨ ᠴᠢᠪᠬᠠᠳᠠᠰᠤᠨ ᠳ᠋ᠥ᠍ ᠰᠢᠩᠭᠡᠭᠰᠡᠨ ᠬᠠᠶ᠋ᠢᠷ᠎ᠠ
2026-07-24 10:43:45
ᠵᠣᠬᠢᠶᠠᠭ᠍ᠴᠢ᠄
ᠵ ·ᠷᠢᠨᠴᠢᠨ
ᠣᠩᠱᠢᠭ᠍ᠰᠠᠨ ᠣᠳᠠᠭ᠎ᠠ᠄
★★★☆☆

— ᠤᠯᠤᠰ᠎ᠤᠨ ᠲᠡᠰ᠎ᠤᠨ  ᠪᠤᠳᠠᠰ᠎ᠤᠨ ᠪᠤᠰᠤ ᠰᠤᠶᠤᠯ᠎ᠤᠨ ᠦᠪ᠎ᠤᠨ ᠬᠤᠯᠪᠤᠭ᠎ᠠ᠎ᠶᠢᠨ ᠤᠯᠠᠮᠵᠢᠯᠠᠭᠴᠢ᠂ ᠦᠪᠡᠷᠳᠡᠭᠡᠨ ᠵᠠᠰᠠᠬᠤ ᠤᠷᠤᠨ᠎ᠤ 《ᠰᠠᠷᠠᠨ᠎ᠠ》 ᠱᠠᠩᠨᠠᠯᠳᠤ ᠠᠷᠠᠳ ᠤ᠋ᠨ ᠤᠷᠠᠯᠢᠭᠴᠢᠨ ᠬᠠᠶ᠋ᠢᠴᠢᠩᠰᠢᠪᠠᠭᠤ  ᠵᠢ  ᠲᠡᠮᠳᠡᠭᠯᠡᠪᠡ

                                                                                

ᠬᠠᠶ᠋ᠢᠴᠢᠩᠰᠢᠪᠠᠭᠤ ᠪᠠᠭᠰᠢ ᠵᠤᠬᠢᠶᠠᠵᠤ᠂ ᠦᠪᠦᠷ ᠮᠤᠩᠭᠤᠯ᠎ᠤᠨ 《ᠠᠨᠳᠠ》 ᠬᠠᠮᠳᠤᠯᠢᠭ ᠲᠠᠢ ᠬᠠᠮᠳᠤᠷᠠᠨ ᠲᠤᠭᠯᠠᠭᠰᠠᠨ ᠰᠢᠯᠢᠳᠡᠭ ᠪᠦᠳᠦᠭᠡᠯ — 《ᠬᠤᠷᠴᠢᠨ ᠵᠢᠷᠤᠭ᠎ᠠ》 ᠭᠡᠳᠡᠭ ᠬᠤᠯᠪᠤᠭ᠎ᠠ ᠳ᠋ᠥ᠄

《ᠬᠤᠭᠤᠷ᠎ᠤᠨ ᠲᠦᠷᠪᠡᠨ ᠤᠳᠠᠰᠤ ᠮᠢᠨᠢ ᠂  ᠬᠤᠭᠤᠷ᠎ᠤᠨ ᠠᠶ᠎ᠠ ᠪᠡᠷ ᠬᠦᠩᠬᠢᠨᠡᠬᠡᠳ

ᠬᠤᠷᠠᠨ ᠴᠤᠭᠯᠠᠷᠠᠭᠰᠠᠠ ᠤᠯᠠᠨ ᠳ᠋ᠠᠭᠠᠨ᠂ ᠬᠤᠯᠪᠤᠭ᠎ᠠ ᠲᠠᠭᠤᠤ ᠪᠡᠨ ᠡᠷᠬᠦᠵᠤ

ᠬᠤᠷᠴᠢᠨ ᠨᠤᠳᠤᠭ᠎ᠤᠨ ᠵᠢᠷᠤᠭ᠎ᠠ ᠡᠴᠨ᠂ ᠬᠤᠳᠠᠯᠠ ᠤᠯᠠᠨ ᠳ᠋ᠠᠭᠠᠨ ᠲᠠᠨᠢᠯᠴᠠᠭᠤᠯᠵᠤ

ᠬᠤᠪᠤᠷ ᠰᠠᠢᠬᠠᠨ ᠭᠠᠢᠬᠠᠮᠰᠢᠬ ᠡᠴᠨ ᠨᠢ ᠬᠤᠯᠪᠤᠵᠤ ᠮᠠᠭᠳᠠᠭᠠᠳ ᠲᠠᠭᠤᠯᠠᠶ᠎ᠠ  ᠁》 ᠭᠡᠳᠡᠭᠴᠢᠯᠡᠨ ᠲᠡᠷᠡ ᠪᠠᠷ 《ᠲᠤᠮᠳᠠᠳᠤ ᠤᠯᠤᠰ᠎ᠤᠨ ᠮᠤᠷᠢᠨ ᠸᠠᠩ ᠎ᠤᠨ ᠦᠯᠦᠭᠡᠢ》 ᠭᠡᠮᠡᠨ ᠠᠯᠳᠠᠷᠰᠢᠭᠰᠠᠨ ᠬᠤᠷᠴᠢᠨ ᠵᠡᠬᠦᠨ ᠭᠠᠷᠤᠨ ᠬᠤᠶ᠋ᠢᠳᠤ ᠬᠤᠰᠢᠭᠤᠨ ᠎ᠤ ᠠᠳᠤᠭᠤᠨ ᠰᠤᠶᠤᠯ᠎ᠤᠨ ᠤᠳᠤᠮᠰᠢᠯ ᠢ᠋ ᠬᠤᠷᠸ᠎ᠠ ᠲᠦᠮᠡᠨ ᠳ᠋ᠡᠬᠡᠨ ᠲᠠᠨᠢᠯᠴᠠᠭᠤᠯᠬᠤ ᠡᠬᠦᠳᠡᠨ ᠡᠴᠠ ᠵᠤᠬᠢᠶᠠᠨ ᠪᠦᠳᠦᠭᠡᠭᠰᠡᠨ ᠲᠤᠰ ᠪᠦᠳᠦᠭᠡᠯ ᠲᠠᠨᠠᠷ᠎ᠤᠨ ᠰᠤᠨᠤᠷ ᠲᠤ᠌ ᠬᠦᠷᠴᠤ᠂ ᠰᠡᠳᠬᠢᠯ᠎ᠢ ᠲᠠᠳᠠᠬᠰᠠᠠ ᠪᠠᠢᠬ᠎ᠠ᠃


QQ20260724-102151.png


ᠬᠠᠢᠴᠢᠩᠰᠢᠪᠠᠭᠤ ᠬᠡᠤᠬᠡᠳ ᠎ᠤᠳ ᠲᠠᠢ ᠬᠠᠮᠳᠤ


 2022 ᠤᠨ ᠳ᠋ᠥ᠍ ᠬᠠᠶ᠋ᠢᠴᠢᠩᠰᠢᠪᠠᠭᠤ ᠪᠠᠭᠰᠢ ᠶ᠋ᠢᠨ ᠪᠦᠳᠦᠭᠡᠯ《ᠬᠤᠷᠴᠢᠨ ᠵᠢᠷᠤᠭ᠎ᠠ》 ᠪᠦᠬᠦ᠌ ᠤᠯᠤᠰ᠎ᠤᠨ ᠦᠵᠡᠭᠴᠢᠤᠨ᠎ᠤᠨ ᠲᠤᠮᠳᠠ ᠯᠤᠳᠤ ᠶᠡᠭᠡ ᠲᠤᠩᠰᠤᠯᠤᠯᠳᠠ ᠭᠠᠷᠭᠠᠵᠤ᠂ ᠬᠦᠮᠦᠰ᠎ᠤᠨ ᠬᠠᠯᠠᠭᠤᠨ ᠬᠦᠷᠢᠶᠡᠯᠡᠯ ᠢ᠋ ᠤᠯᠤᠭᠰᠠᠨ ᠪᠠᠶ᠋ᠢᠨ᠎ᠠ᠃  ᠳᠤᠰ ᠪᠦᠳᠤᠬᠡᠯ ᠨᠢ 2022 ᠤᠨ᠎ᠳᠤ ᠱᠠᠨ ᠰᠢ ᠮᠤᠵᠢ ᠶ᠋ᠢᠨ ᠴᠠᠩ ᡁᠢ ᠬᠤᠳᠠ ᠳ᠋ᠥ᠍ ᠶᠠᠪᠤᠭᠳᠠᠭᠰᠠᠨ ᠠᠷᠪᠠᠨ ᠬᠤᠶᠠᠳᠤᠭᠠᠷ ᠬᠤᠭᠤᠴᠠᠭᠠᠨ᠎ᠤ ᠲᠤᠮᠳᠠᠳᠤ ᠤᠯᠤᠰ᠎ᠤᠨ ᠲᠠᠭᠤᠤᠷᠢᠯᠢᠭ ᠎ᠤᠨ 《ᠮᠦᠳᠡᠨ》 ᠱᠠᠩᠨᠠᠯ ᠤ᠋ᠨ ᠨᠡᠷ᠎ᠡ ᠲᠤᠷᠠᠳᠤᠭᠳᠠᠭᠰᠠᠳ᠎ᠤᠨ ᠱᠠᠩᠨᠠᠯ᠎ᠢ ᠲᠤᠰᠪᠠ᠃ 2020 ᠤᠨ᠎ᠳᠤ ᠲᠠᠷᠠ ᠪᠡᠷ ᠲᠦᠩᠯᠢᠶᠤᠤ ᠬᠤᠳᠠ ᠶ᠋ᠢᠨ ᠦᠯᠢᠭᠡᠷ ᠬᠤᠯᠪᠤᠭ᠎ᠠ ᠶ᠋ᠢᠨ ᠪᠤᠯᠪᠠᠰᠤᠷᠠᠯ᠎ᠤᠨ ᠠᠩᠬᠢ ᠳ᠋ᠥ᠍ ᠤᠷᠢᠭᠳᠠᠨ᠂ ᠲᠦᠷᠪᠡᠨ ᠤᠳᠠᠰᠤᠳᠤ ᠬᠤᠭᠤᠷ᠎ᠤᠨ ᠲᠤᠬᠠᠢ ᠬᠢᠴᠢᠶᠡᠯ ᠲᠠᠶ᠋ᠢᠯᠤᠮᠵᠢ ᠬᠢᠪᠡ; ᠲᠤᠰ ᠵᠢᠯ ᠳ᠋ᠥ᠍ ᠪᠦᠬᠦ᠌ ᠬᠤᠳᠠ ᠶ᠋ᠢᠨ ᠭᠤᠷᠪᠠᠳᠤᠭᠠᠷ ᠬᠤᠭᠤᠴᠠᠭᠠᠨ᠎ᠤ ᠬᠤᠷᠴᠢᠨ ᠴᠤᠭᠤᠷ᠎ᠤᠨ ᠲᠤᠤᠯᠢᠰ᠎ᠤᠨ ᠪᠤᠯᠪᠠᠰᠤᠷᠠᠯ᠎ᠤᠨ ᠠᠩᠬᠢ ᠳ᠋ᠥ᠍ ᠲᠠᠶ᠋ᠢᠯᠦᠮᠵᠢ ᠬᠢᠪᠡ᠃

 《ᠬᠤᠶᠠᠷᠬᠠᠨ ᠴᠢᠪᠬᠠᠳᠠᠰᠤᠨ ᠳ᠋ᠥ᠍ ᠬᠤᠷᠸ᠎ᠠ ᠶ᠋ᠢ ᠪᠠᠭᠳᠠᠭᠠᠳᠠᠭ ᠬᠠᠭᠠᠨ ᠬᠦᠭᠵᠢᠮ — ᠮᠤᠷᠢᠨ ᠬᠤᠭᠤᠷ》 ᠭᠡᠮᠡᠨ  ᠷ·ᠴᠤᠶ᠋ᠢᠨᠤᠮ ᠭᠤᠸᠠᠢ ᠤᠮᠤᠭ ᠪᠠᠬᠠᠳᠤᠯ ᠲᠠᠢ ᠰᠢᠯᠦᠭᠯᠡᠭᠰᠡᠨ ᠪᠠᠶ᠋ᠢᠳᠠᠭ᠃ ᠡᠨᠳᠡ ᠪᠢ ᠮᠤᠷᠢᠨ ᠬᠤᠭᠤᠷ᠎ᠤᠨ ᠲᠤᠮᠤᠭᠯᠢᠭ ᠦᠯᠢᠭᠡᠷ ᠲᠤ᠌ ᠠᠭᠤᠰᠤᠭᠰᠠᠨ ᠮᠤᠷᠢᠨ ᠬᠤᠭᠤᠷᠴᠢᠨ ᠢ᠋ ᠲᠡᠮᠳᠡᠭᠯᠡᠬᠦ᠌ ᠪᠢᠰᠢ᠂ ᠬᠠᠷᠢᠨ ᠮᠤᠩᠭᠤᠯ ᠦᠨᠳᠦᠰᠦᠳᠡᠨ᠎ᠤ ᠪᠠᠰᠠ ᠨᠢᠭᠡᠨ ᠤᠯᠠᠮᠵᠢᠯᠠᠯᠳᠤ ᠬᠦᠭᠵᠢᠮᠳᠡᠬᠦᠷ ᠪᠤᠯᠤᠭᠰᠠᠨ ᠲᠦᠷᠪᠡᠨ ᠤᠳᠠᠰᠤᠳᠤ ᠬᠤᠭᠤᠷ᠎ᠤᠨ ᠡᠭᠡᠰᠢᠭ ᠲᠤ᠌ ᠰᠤᠭᠳᠤᠭᠤᠷᠠᠵᠤ᠂ ᠲᠦᠷᠪᠡᠨ ᠤᠳᠠᠰᠤᠳᠤ ᠬᠤᠭᠤᠷ ᠎ᠤᠨ ᠡᠭᠡᠰᠢᠭ ᠲᠤ᠌ ᠬᠠᠶ᠋ᠢᠷ᠎ᠠ ᠪᠠᠨ ᠰᠢᠩᠭᠡᠭᠡᠵᠦ᠍᠂ ᠲᠦᠷᠪᠡᠨ ᠤᠳᠠᠰᠤᠳᠤ ᠬᠤᠭᠤᠷ ᠎ᠤᠨ ᠡᠭᠡᠰᠢᠭ ᠵᠢᠡᠷ ᠠᠮᠢᠳᠤᠷᠠᠯ ᠵᠢᠠᠨ ᠴᠢᠮᠡᠭᠯᠡᠵᠦ᠍᠂ ᠲᠦᠷᠪᠡᠨ ᠤᠳᠠᠰᠤᠳᠤ ᠬᠤᠭᠤᠷ ᠎ᠤᠨ ᠡᠭᠡᠰᠢᠭ ᠵᠢᠡᠷ ᠵᠢᠷᠭᠠᠯᠳᠤ ᠠᠮᠢᠳᠤᠷᠠᠯ ᠵᠢᠠᠨ ᠮᠠᠭᠳᠠᠨ ᠲᠠᠭᠤᠯᠠᠭᠰᠠᠨ ᠡᠭᠡᠯ ᠵᠢᠷ᠎ᠤᠨ ᠠᠷᠠᠳ᠎ᠤᠨ ᠤᠷᠠᠯᠢᠭᠴᠢᠨ ᠬᠠᠶ᠋ᠢᠴᠢᠩᠰᠢᠪᠠᠭᠤ ᠵᠢᠨ ᠤᠷᠠᠯᠢᠭ᠎ᠤᠨ ᠬᠦᠭᠡᠭᠡᠴᠡᠯᠳᠦᠯ ᠢ᠋ ᠤᠩᠰᠢᠭᠴᠢ ᠤᠯᠠᠨ ᠳ᠋ᠤ᠌ ᠰᠤᠨᠤᠷᠳᠠᠭᠤᠯᠤᠶ᠎ᠠ ᠬᠡᠰᠡᠨ ᠶᠤᠮ᠃

ᠬᠤᠷᠴᠢᠨ ᠨᠤᠳᠤᠭ ᠨᠢ ᠦᠯᠢᠭᠡᠷ ᠬᠤᠯᠪᠤᠭ᠎ᠠ ᠶ᠋ᠢᠨ ᠤᠯᠠᠮᠵᠢᠯᠠᠯ᠎ᠤᠨ ᠬᠦᠷᠦᠰᠦ ᠰᠢᠷᠤᠢ ᠪᠠᠷ ᠦᠨᠢᠷ ᠦᠳᠭᠡᠨ ᠦᠩ ᠰᠢᠮᠡᠯᠢᠭ ᠪᠠᠶ᠋ᠢᠳᠠᠭ᠃ ᠬᠠᠶ᠋ᠢᠴᠢᠩᠰᠢᠪᠠᠭᠤ ᠬᠤᠷᠴᠢᠨ ᠨᠤᠳᠤᠭ᠎ᠤᠨ ᠬᠦᠪᠡᠬᠦᠨ ᠪᠤᠯᠤᠭᠰᠠᠨ᠎ᠤ ᠬᠤᠪᠢ ᠳ᠋ᠥ᠍ ᠬᠠᠷᠠᠬᠠᠨ ᠪᠠᠭ᠎ᠠ ᠡᠴᠠ ᠪᠡᠨ ᠤᠷᠴᠢᠨ ᠲᠤᠭᠤᠷᠢᠨ᠎ᠤ ᠨᠦᠯᠦᠭᠡ ᠶ᠋ᠢ ᠶᠡᠬᠡᠳᠡ  ᠬᠦᠷᠳᠡᠬᠰᠡᠨ ᠨᠢ ᠲᠠᠮᠵᠢᠭ ᠦᠭᠡᠢ᠃


QQ20260724-102201.png


ᠲᠤᠭᠯᠠᠯᠳᠡ ᠵᠢᠨ ᠲᠠᠢᠰᠠᠨ ᠳ᠋ᠤ 


ᠲᠸᠯᠸᠢᠰ ᠲᠦᠭᠡᠮᠡᠯᠵᠢᠭᠡ ᠦᠭᠡᠢ᠂ ᠭᠠᠷ ᠤᠳᠠᠰᠤ ᠪᠠᠶ᠋ᠢᠬᠤ ᠦᠭᠡᠢ ᠲᠤᠬᠠᠢ ᠶ᠋ᠢᠨ ᠦᠶ᠎ᠡ ᠶ᠋ᠢᠨ ᠪᠤᠶ᠋ᠢᠳᠠ ᠪᠦᠭᠯᠡᠬᠦᠦ ᠬᠦᠳᠡᠭᠡ ᠨᠤᠳᠤᠭ᠎ᠤᠨ ᠬᠦᠮᠦᠰ ᠲᠤ᠌ ᠬᠠᠶᠠ ᠤᠯᠵᠤ ᠦᠵᠡᠳᠡᠭ ᠺᠢᠨᠤ᠋ ᠨᠢ ᠲᠠᠷᠢᠶᠠᠯᠠᠩ᠎ᠤᠨ ᠰᠡᠯᠡᠬᠦᠦ ᠤᠯᠠᠷᠢᠯ ᠢ᠋ ᠠᠷᠭᠠᠳᠠᠨ ᠦᠩᠭᠡᠷᠡᠬᠦᠯᠵᠦ᠍ ᠴᠢᠳᠠᠬᠤ ᠪᠡᠨ ᠪᠤᠯᠢᠵᠠᠢ᠃ ᠨᠠᠪᠴᠢᠨ ᠲᠠᠮᠠᠬᠢ ᠫᠤᠭᠰᠢᠵᠤ ᠰᠠᠭᠤᠬᠤ ᠨᠠᠰᠤᠳᠠᠳ ᠬᠠᠭᠤᠴᠢ ᠲᠡᠯᠭᠡᠬᠦ᠂ ᠨᠤᠮ ᠲᠠᠢ ᠭᠡᠰᠡᠨ ᠵᠢᠠᠷ ᠨᠢ ᠦᠯᠢᠭᠡᠷ᠎ᠤᠨ ᠨᠤᠮ ᠶᠠᠷᠢᠭᠤᠯᠬᠤ᠂  ᠡᠳᠦᠷ ᠪᠦᠷᠢ ᠬᠤᠶᠠᠷ ᠤᠳᠠᠭ᠎ᠠ ᠷᠠᠳᠢᠤ᠋ ᠡᠴᠠ ᠬᠤᠭᠤᠷ ᠰᠤᠨᠤᠰᠬᠤ ᠶ᠋ᠢ ᠭᠠᠷᠭᠠᠪᠠᠯ ᠬᠤᠭᠤᠷᠴᠢᠨ ᠡᠴᠠ ᠦᠯᠢᠭᠡᠷ ᠬᠤᠯᠪᠤᠭ᠎ᠠ  ᠰᠤᠨᠤᠰᠬᠤ ᠨᠢ ᠬᠦᠳᠡᠭᠡ ᠵᠢᠨ ᠬᠦᠮᠦᠰ᠎ᠤᠨ ᠤᠶᠤᠨ᠎ᠤ ᠠᠮᠢᠳᠤᠷᠠᠯ᠎ᠤᠨ ᠬᠠᠮᠤᠭ᠎ᠤᠨ ᠨᠠᠨᠳᠢᠨ ᠴᠠᠭ ᠮᠦᠴᠠ  ᠪᠤᠯᠤᠨ᠎ᠠ᠃

ᠠᠶᠠᠨᠳᠠᠭᠠᠨ ᠪᠠᠢᠵᠤ ᠬᠤᠭᠤᠷ᠎ᠤᠨ ᠡᠭᠡᠰᠢᠭ ᠨᠢ ᠬᠠᠶ᠋ᠢᠴᠢᠩᠰᠢᠪᠠᠭᠤ ᠵᠢᠨ ᠰᠡᠳᠬᠢᠯ ᠳ᠋ᠥ᠍ ᠬᠤᠨᠤᠭᠰᠢᠵᠤ᠂ ᠡᠳᠦᠷ᠎ᠤᠨ ᠪᠤᠳᠤᠯ ᠰᠦᠨᠢ ᠶ᠋ᠢᠨ ᠵᠡᠬᠦᠳᠦ ᠶ᠋ᠢ ᠡᠵᠡᠯᠡᠳᠡᠭ ᠪᠤᠯᠪᠠ᠃ ᠶᠠᠭᠠᠬᠢᠵᠦ᠍ ᠨᠢᠭᠡ ᠬᠤᠭᠤᠷ ᠲᠠᠢ ᠪᠤᠯᠬᠤ ᠶᠤᠮᠰᠠᠨ ᠭᠡᠮᠡᠨ ᠲᠠᠷᠢᠬᠢ ᠪᠠᠨ ᠭᠠᠰᠢᠯᠭᠠᠵᠤ ᠰᠠᠨᠠᠭ᠎ᠠ ᠪᠤᠯᠵᠤ ᠰᠠᠭᠤᠵᠤ ᠪᠠᠢᠬᠰᠠᠠ ᠨᠢ ᠪᠠᠭ᠎ᠠ ᠨᠠᠰᠤᠨ᠎ᠤ ᠬᠢᠨᠢ ᠮᠦᠷᠤᠬᠡᠳᠤᠯ ᠪᠠᠶ᠋ᠢᠯ᠎ᠠ᠃ ᠢᠯᠠᠩᠭᠤᠶ᠎ᠠ ᠰᠤᠷᠭᠠᠭᠤᠯᠢ ᠰᠤᠶᠤᠯ᠎ᠤᠨ ᠮᠦᠷ ᠬᠦᠭᠡᠭᠡᠬᠦ᠌ ᠵᠠᠪᠰᠢᠶᠠᠨ ᠵᠢᠠᠨ ᠠᠯᠳᠠᠭᠰᠠᠨ ᠲᠡᠷᠡ ᠪᠠᠷ ᠨᠢᠭᠡᠨ ᠡᠷᠳᠡᠮ ᠰᠠᠶ᠋ᠢᠳᠠᠢ ᠨᠡᠷ᠎ᠡ ᠨᠢᠳᠡᠷ ᠲᠡᠬᠡᠨ ᠲᠡᠩᠴᠡᠭᠰᠡᠨ ᠬᠤᠭᠤᠷᠴᠢ ᠪᠤᠯᠬᠤ ᠰᠠᠨ ᠭᠡᠰᠡᠨ ᠬᠦᠰᠡᠯ ᠳ᠋ᠥ᠍ ᠠᠪᠳᠠᠵᠤ ᠪᠠᠶ᠋ᠢᠪᠠ᠃ ᠠᠶ᠋ᠢᠯ᠎ᠤᠨ ᠮᠤᠳᠤᠴᠢᠨ ᠢ᠋ ᠠᠪᠤ ᠪᠠᠷ ᠵᠢᠠᠨ ᠭᠤᠶᠤᠭᠤᠯᠵᠤ ᠪᠠᠶ᠋ᠢᠭᠠᠳ ᠬᠠᠶ᠋ᠢᠯᠠᠰᠤᠨ ᠮᠤᠳᠤᠨ ᠬᠤᠭᠤᠷ ᠲᠠᠢ ᠪᠤᠯᠤᠭᠠᠳ ᠬᠦᠯ ᠨᠢ ᠭᠠᠵᠠᠷ ᠬᠦᠷᠬᠦ᠌ ᠦᠭᠡᠢ ᠪᠠᠶᠠᠷᠯᠠᠵᠤ ᠶᠠᠪᠤᠬᠰᠠᠠ ᠶᠤᠮ᠃ 《ᠬᠤᠭᠤᠷ ᠰᠤᠷᠬᠤ ᠪᠠᠷ ᠬᠤᠯᠠᠭᠠᠶ᠋ᠢᠴᠢ ᠰᠤᠷ》 ᠭᠡᠵᠤ ᠵᠠᠷᠢᠮ ᠠᠬᠠᠰ ᠵᠠᠬᠠᠰ ᠨᠢ ᠲᠤᠷ᠎ᠠ ᠦᠭᠡᠢ ᠪᠠᠶ᠋ᠢᠬᠰᠠᠠ ᠬᠡᠳᠡᠭ᠃ ᠬᠡᠳᠡᠯ᠎ᠠ ᠬᠠᠶ᠋ᠢᠴᠢᠩᠰᠢᠪᠠᠭᠤ ᠡᠨᠡ ᠲᠡᠷᠡ ᠶ᠋ᠢ ᠬᠠᠮᠢᠶᠠᠷᠴᠤ ᠬᠠᠢᠬᠤᠷᠬᠤ ᠵᠠᠪ ᠦᠭᠡᠢ᠂ ᠦᠳᠡ ᠶ᠋ᠢᠨ ᠬᠠᠯᠠᠭᠤᠨ ᠳ᠋ᠥ᠍ ᠮᠤᠳᠤᠨ᠎ᠤ ᠰᠡᠬᠦᠳᠡᠷ ᠲᠤ᠌ ᠬᠤᠭᠤᠷ ᠵᠢᠠᠨ ᠪᠤᠯᠪᠠᠰᠤᠷᠠᠳᠠᠭ᠂ ᠡᠪᠡᠰᠦᠳᠦ ᠲᠠᠯ᠎ᠠ ᠶ᠋ᠢᠨ ᠲᠤᠮᠳᠠ ᠰᠠᠭᠤᠭᠠᠳ ᠬᠤᠭᠤᠷ ᠵᠢᠠᠨ ᠪᠤᠯᠪᠠᠰᠤᠷᠠᠳᠠᠭ᠃ ᠬᠠᠳᠠᠭᠤᠵᠢᠯᠳᠠᠢ ᠪᠤᠯᠪᠠᠰᠤᠷᠠᠭᠰᠠᠨ᠎ᠤ ᠳ᠋ᠦᠩ ᠳ᠋ᠥ᠍ 《ᠭᠠᠳᠠ ᠮᠠᠶ᠋ᠢᠷᠠᠨ》᠂《ᠲᠠᠶᠠ ᠪᠦᠭᠡᠷ᠎ᠡ》᠂ 《ᠵᠢᠨᠵᠦᠦᠷ》 ᠵᠡᠷᠭᠡ ᠠᠷᠠᠳ᠎ᠤᠨ ᠲᠠᠭᠤᠤ ᠶ᠋ᠢᠨ ᠠᠶᠠᠯᠭᠤ ᠲᠠᠰᠤᠭ ᠪᠤᠰᠠᠭ ᠭᠠᠷᠴᠤ᠌ ᠪᠠᠶ᠋ᠢᠨ᠎ᠠ ᠭᠡᠵᠤ ᠵᠠᠷᠢᠮ ᠬᠦᠮᠦᠰ᠎ᠤᠨ ᠠᠮᠠᠨ ᠡᠴᠠ ᠲᠤᠭᠤᠯᠤᠭᠠᠳ ᠭᠡᠳᠦᠨ ᠡᠳᠦᠷ ᠪᠠᠯ ᠡᠮᠬᠦᠭᠰᠡᠨ ᠮᠡᠳᠦ ᠪᠠᠶᠠᠷᠯᠠᠵᠤ ᠪᠠᠶ᠋ᠢᠭᠰᠠᠨ ᠤᠳᠠᠭ᠎ᠠ ᠲᠠᠢ ᠃

ᠬᠠᠶ᠋ᠢᠴᠢᠩᠰᠢᠪᠠᠭᠤ ᠪᠤᠯ ᠱᠤᠭ ᠶᠦᠮᠦᠷᠯᠢᠭ ᠬᠤᠭᠤᠷᠴᠢ ᠶᠤᠮ᠃ ᠱᠤᠭ ᠶᠦᠮᠦᠷ ᠨᠢ ᠠᠮᠢᠳᠤᠷᠠᠯ ᠡᠴᠠ ᠰᠠᠯᠵᠤ ᠪᠤᠯᠤᠰᠢ ᠦᠭᠡᠢ᠃ ᠱᠤᠭ ᠶᠦᠮᠦᠷ ᠨᠢ ᠶᠡᠷᠦ᠍ ᠡᠴᠠ ᠠᠮᠢᠳᠤᠷᠠᠯ ᠢ᠋ ᠴᠢᠮᠡᠭᠰᠡᠭᠡᠷ ᠢᠷᠡᠵᠡᠢ᠃ ᠱᠤᠭ ᠶᠦᠮᠦᠷ ᠨᠢ ᠬᠤᠷᠴᠢᠨ ᠨᠤᠳᠤᠭ᠎ᠤᠨ ᠠᠮᠢᠳᠤᠷᠠᠯ᠎ᠤᠨ ᠨᠢᠭᠡᠨ ᠦᠵᠡᠭᠳᠡᠯ ᠪᠠᠶ᠋ᠢᠵᠤ ᠲᠠᠭᠠᠷᠠᠨ᠎ᠠ᠃ ᠲᠡᠳᠡᠭᠡᠷ ᠡᠪᠦᠯ᠎ᠤᠨ ᠤᠷᠳᠤ ᠰᠦᠨᠢ  ᠭᠡᠴᠢᠨᠡᠨ ᠬᠦᠮᠦᠰ ᠬᠤᠭᠤᠷ᠎ᠤᠨ ᠦᠯᠢᠭᠡᠷ ᠲᠤ᠌ ᠪᠦᠪᠡᠶ᠋ᠢᠯᠡᠭᠳᠡᠵᠦ᠍ ᠪᠡᠶ᠎ᠡ ᠰᠡᠳᠬᠢᠯ᠎ᠤᠨ ᠠᠯᠵᠢᠶᠠᠯ ᠵᠢᠠᠨ ᠲᠡᠶ᠋ᠢᠯᠵᠦ᠍ ᠪᠠᠶ᠋ᠢᠭᠰᠠᠨ ᠦᠭᠡᠢ ᠪᠢᠯᠡ? ᠭᠡᠴᠢᠨᠡᠨ ᠬᠦᠮᠦᠰ ᠬᠤᠭᠤᠷ᠎ᠤᠨ ᠦᠯᠢᠭᠡᠷ᠎ᠤᠨ ᠷᠢᠳᠢ ᠰᠢᠳᠢ ᠳ᠋ᠥ᠍ ᠬᠦᠳᠦᠯᠦᠭᠳᠡᠵᠦ᠍ ᠤᠶᠤᠨ ᠰᠡᠳᠬᠢᠯ ᠵᠢᠠᠨ ᠲᠡᠵᠢᠭᠡᠵᠦ᠍ ᠪᠠᠶ᠋ᠢᠭᠰᠠᠨ ᠦᠭᠡᠢ ᠪᠢᠯᠠ? ᠲᠡᠳᠡᠭᠡᠷ《ᠭᠤᠷᠪᠠᠨ ᠤᠯᠤᠰ᠎ᠤᠨ ᠦᠯᠢᠭᠡᠷ》᠂ 《ᠮᠦ᠍ ᠬᠦᠢ ᠶᠢᠩ ᠶᠤᠸᠠᠨᠱᠤᠸᠠᠢ ᠪᠤᠯᠤᠭᠰᠠᠨ》᠂  《ᠬᠦᠭᠡ ᠰᠤᠳᠤᠷ》᠂ 《ᠯᠤᠤ ᠪᠠᠷᠰ᠎ᠤᠨ ᠬᠤᠶᠠᠷ ᠠᠭᠤᠯᠠ》᠂ 《ᠲᠠᠯ᠎ᠠ ᠨᠤᠳᠤᠭ᠎ᠤᠨ ᠫᠤᠤ ᠶ᠋ᠢᠨ ᠲᠠᠭᠤᠨ》  ᠵᠡᠷᠭᠡ ᠦᠯᠢᠭᠡᠷ᠎ᠤᠳ ᠨᠢ ᠬᠤᠭᠤᠷ᠎ᠤᠨ ᠡᠭᠡᠰᠢᠭ ᠲᠠᠢ ᠬᠠᠮᠳᠤ ᠬᠦᠮᠦᠰ᠎ᠤᠨ ᠰᠡᠳᠬᠢᠯ ᠳ᠋ᠥ᠍ ᠰᠡᠶ᠋ᠢᠯᠦᠭᠳᠡᠭᠰᠡᠨ ᠪᠠᠶ᠋ᠢᠳᠠᠭ᠃ ᠬᠠᠶ᠋ᠢᠴᠢᠩᠰᠢᠪᠠᠭᠤ ᠵᠢᠨ ᠦᠯᠢᠭᠡᠷ ᠬᠤᠯᠪᠤᠭ᠎ᠠ ᠬᠡᠯᠡᠬᠦ ᠨᠢ ᠱᠤᠭ ᠶᠦᠮᠦᠷᠯᠢᠭ᠂ ᠬᠡᠯᠡ ᠬᠡᠯᠡᠯᠬᠡ ᠨᠢ ᠤᠷᠤᠰᠤᠮ᠎ᠠ ᠪᠠᠢᠵᠤ᠂ ᠰᠤᠨᠤᠰᠤᠭᠴᠢᠳ ᠦᠵᠡᠭᠴᠢᠳ ᠢ᠋ ᠲᠤᠬᠠᠢ ᠶ᠋ᠢᠨ ᠤᠷᠴᠢᠨ ᠳ᠋ᠥ᠍ᠨᠢ ᠬᠦᠳᠦᠯᠦᠨ ᠠᠪᠠᠴᠢᠬᠤ ᠤᠷᠠᠯᠢᠭ᠎ᠤᠨ ᠷᠢᠳᠢ ᠰᠢᠳᠢ ᠲᠠᠢ᠂ ᠬᠤᠭᠤᠷᠳᠠᠬᠤ ᠤᠷᠠᠯᠢᠭ ᠦᠪᠡᠷᠮᠢᠴᠡ ᠰᠤᠳᠤᠨ᠂ ᠶᠦᠮᠦᠷᠯᠢᠭ ᠤᠨᠤᠴᠢᠳᠠᠢ᠂ ᠰᠡᠳᠬᠢᠯᠭᠡ ᠶ᠋ᠢᠨ ᠨᠡᠷᠪᠡᠯᠳᠡ ᠪᠠᠷ ᠴᠢᠩᠭ᠎ᠠ ᠨᠢᠮᠪᠠᠢ ᠪᠠᠶ᠋ᠢᠬᠤ ᠪᠡᠷ ᠵᠢᠠᠨ ᠤᠨᠴᠠᠯᠢᠬᠳᠠᠵᠤ᠂ ᠬᠦᠮᠤᠰ ᠲᠤ᠌ ᠲᠠᠭᠠᠯᠠᠭᠳᠠᠵᠠᠢ᠃ 

ᠬᠠᠶ᠋ᠢᠴᠢᠩᠰᠢᠪᠠᠭᠤ ᠪᠤᠯ ᠠᠪᠢᠶᠠᠰ ᠪᠢᠯᠢᠭ ᠲᠠᠢ ᠬᠤᠯᠪᠤᠭᠠᠴᠢᠨ ᠮᠥᠨ᠃ ᠬᠤᠭᠤᠷ᠎ᠤᠨ ᠦᠯᠢᠭᠡᠷ ᠨᠢ ᠬᠤᠭᠤᠷ᠎ᠤᠨ ᠬᠠᠪᠰᠤᠷᠤᠯᠭ᠎ᠠ ᠲᠤᠤᠷ᠎ᠠ ᠬᠦᠮᠦᠰ᠎ᠤᠨ ᠭᠤᠨᠢᠭ ᠪᠠᠶᠠᠰᠤᠯ᠎ᠤᠨ ᠶᠢᠷᠳᠢᠨᠴᠦ᠍ ᠶ᠋ᠢ ᠠᠮᠢᠳᠤᠯᠢᠭ ᠴᠢᠯᠦᠭᠡᠳᠡᠢ ᠲᠡᠯᠭᠡᠵᠦ᠍᠂ ᠰᠤᠨᠤᠰᠤᠭᠴᠢᠳ ᠲᠤ᠌ ᠬᠢᠵᠠᠭᠠᠯᠠᠰᠢ ᠦᠭᠡᠢ ᠭᠤᠸ᠎ᠠ ᠲᠠᠭᠠᠰᠢᠶᠠᠯ ᠤᠯᠭᠤᠳᠠᠭ ᠶᠤᠮ᠃ ᠦᠯᠢᠭᠡᠷ ᠬᠤᠯᠪᠤᠭ᠎ᠠ ᠨᠢ ᠬᠤᠭᠤᠷᠴᠢ ᠶ᠋ᠢᠨ ᠭᠡᠯᠡᠵᠦ᠍ ᠪᠠᠶ᠋ᠢᠭ᠎ᠠ ᠦᠯᠢᠭᠡᠷ ᠬᠤᠯᠪᠤᠭ᠎ᠠ ᠶ᠋ᠢᠨ ᠠᠭᠤᠯᠭ᠎ᠠ ᠶ᠋ᠢᠨ ᠰᠠᠭᠤᠷᠢᠨ ᠲᠡᠭᠡᠷ᠎ᠡ ᠲᠤᠬᠠᠢ ᠶ᠋ᠢᠨ ᠲᠠᠯᠠᠪᠤᠷ ᠲᠤᠨᠢ ᠠᠪᠢᠶᠠᠰ ᠵᠢᠠᠨ ᠪᠠᠳᠠᠷᠠᠭᠤᠯᠬᠤ ᠶ᠋ᠢ ᠵᠦᠪᠰᠢᠶᠡᠷᠡᠵᠦ᠍ ᠪᠠᠶ᠋ᠢᠳᠠᠭ᠃ᠢᠯᠠᠩᠭᠤᠶ᠎ᠠ ᠳᠤᠬᠠᠢ ᠵᠢᠨ ᠲᠠᠯᠠᠪᠡᠢ᠎ᠳᠤ ᠪᠡᠯᠡᠨ ᠬᠤᠯᠪᠤᠭ᠎ᠠ ᠬᠡᠯᠡᠵᠤ ᠴᠢᠳᠠᠳᠠᠭ ᠨᠢ ᠬᠠᠶ᠋ᠢᠴᠢᠩᠰᠢᠪᠠᠭᠤ ᠵᠢᠨ ᠬᠠᠮᠤᠭ᠎ᠤᠨ ᠳᠤᠪᠤᠢᠮ᠎ᠠ  ᠤᠨᠴᠠᠯᠢᠬ ᠪᠠᠢᠵᠤ ᠲᠠᠭᠠᠷᠠᠨ᠎ᠠ᠃ ᠬᠡᠷᠪᠡ ᠳᠤᠬᠠᠢ ᠵᠢᠨ ᠲᠠᠯᠠᠪᠡᠢ᠎ᠳᠤ ᠤᠷᠮ᠎ᠠ ᠨᠢ ᠬᠦᠭᠵᠢᠵᠤ ᠤᠩᠭᠤᠳ ᠨᠢ ᠪᠠᠭᠤᠪᠡᠯ ᠲᠤᠭᠯᠠᠯᠳᠠ ᠶ᠋ᠢᠨ ᠵᠠᠪᠰᠠᠷ᠂ ᠵᠠᠮ ᠭᠤᠳᠤᠰ ᠵᠢᠡᠷ᠂ ᠤᠷᠴᠢᠨ ᠲᠤᠭᠤᠷᠢᠨ᠎ᠤ ᠬᠦᠮᠦᠨ ᠦᠵᠡᠭᠳᠡᠯ ᠢ᠋ ᠪᠠᠷᠢᠨ ᠲᠤᠤᠷ᠎ᠠ ᠨᠢ ᠬᠤᠯᠪᠤᠵᠤ ᠰᠤᠨᠤᠰᠪᠤᠷᠢᠳᠠᠢ᠂ ᠱᠤᠭ ᠶᠦᠮᠦᠷ᠂ ᠬᠦᠨ ᠤᠬᠠᠭᠠᠯᠢᠭ ᠬᠤᠯᠪᠤᠵᠤ ᠭᠡᠯᠬᠢᠴᠢᠬᠡᠭᠰᠡᠨ ᠪᠠᠶ᠋ᠢᠳᠠᠭ᠃

ᠲᠡᠭᠰᠢᠳᠦ᠋ᠬᠦᠷᠡᠩ ᠬᠤᠭᠤᠷᠴᠢ ᠭᠡᠪᠡᠯ ᠦᠯᠢᠭᠡᠷ ᠬᠤᠯᠪᠤᠭ᠎ᠠ ᠰᠤᠨᠤᠰᠳᠠᠭ ᠬᠦᠮᠦᠰ᠎ᠤᠨ ᠲᠤᠮᠳᠠ ᠮᠡᠳᠡᠬᠦ᠌ ᠦᠭᠡᠢ ᠨᠢ ᠴᠦᠭᠡᠨ ᠪᠠᠶ᠋ᠢᠬᠤ ᠮᠠᠭᠠᠳ ᠦᠬᠡᠢ᠂ ᠲᠠᠷᠠ ᠪᠡᠷ ᠮᠦᠨ ᠴᠤ᠌ ᠤᠯᠤᠰ᠎ᠤᠨ ᠲᠡᠰ᠎ᠤᠨ ᠪᠤᠳᠠᠰ᠎ᠤᠨ ᠪᠤᠰᠤ ᠰᠤᠶᠤᠯ ᠤ᠋ᠨ ᠦᠪ ᠤ᠋ᠨ ᠤᠯᠠᠮᠵᠢᠯᠠᠭᠴᠢ ᠶᠤᠮ᠃ ᠲᠡᠭᠰᠢᠳᠦ᠋ᠬᠦᠷᠡᠩ ᠬᠠᠷᠠᠬᠠᠨ ᠪᠠᠭ᠎ᠠ ᠡᠴᠠ ᠪᠡᠨ ᠬᠠᠷᠠᠭ᠎ᠠ ᠪᠠᠨ ᠠᠯᠳᠠᠵᠤ ᠵᠠᠶᠠᠭᠠᠨ᠎ᠤ ᠬᠠᠳᠠᠭᠤ ᠠᠮᠢᠳᠤᠷᠠᠯ᠎ᠤᠨ ᠡᠯᠡ ᠬᠠᠯᠠ ᠶ᠋ᠢ ᠬᠤᠭᠤᠷ᠎ᠤᠨ ᠡᠭᠡᠰᠢᠭ ᠵᠢᠠᠷ ᠠᠷᠭᠠᠳᠠᠵᠤ᠂ ᠦᠯᠢᠭᠡᠷ ᠬᠤᠯᠪᠤᠭ᠎ᠠ ᠪᠠᠷ ᠵᠢᠠᠨ ᠬᠤᠷᠸ᠎ᠠ ᠶ᠋ᠢᠨ ᠬᠦᠮᠦᠰ ᠲᠤ᠌ ᠭᠠᠶ᠋ᠢᠬᠠᠭᠳᠠᠭᠰᠠᠨ᠎ᠤ ᠨᠢᠭᠡ ᠨᠢ ᠪᠤᠯᠤᠨ᠎ᠠ᠃ ᠲᠡᠭᠰᠢᠳᠦ᠋ᠬᠦᠷᠡᠩ ᠬᠤᠭᠤᠷᠴᠢ ᠠᠶ᠋ᠢᠯ ᠠᠶ᠋ᠢᠮᠠᠭ ᠲᠤᠨᠢ ᠦᠯᠢᠬᠡᠷ ᠬᠤᠯᠪᠤᠭ᠎ᠠ ᠳ᠋ᠤ ᠪᠠᠬᠠᠳᠠᠢ ᠭᠡᠦᠭᠡᠳ ᠪᠠᠶ᠋ᠢᠨ᠎ᠠ ᠭᠡᠰᠡᠨ ᠢ᠋ ᠨᠢ ᠲᠤᠭᠤᠯᠤᠭᠠᠳ ᠠᠯᠠᠰᠬᠢᠨ ᠪᠠᠶᠠᠷᠯᠠᠵᠤ ᠵᠠᠯᠭᠠᠮᠵᠢ ᠦᠶ᠎ᠡ ᠲᠠᠢ ᠪᠤᠯᠤᠯ᠎ᠠ ᠭᠡᠮᠡᠨ ᠰᠡᠮ ᠤᠯᠵᠠᠷᠬᠠᠭᠰᠠᠨ ᠪᠠᠶ᠋ᠢᠵᠠᠢ᠃ ᠲᠡᠷᠡ ᠡᠳᠦᠷ ᠡᠴᠠ 15 ᠨᠠᠰᠤᠳᠠᠢ ᠬᠠᠶ᠋ᠢᠴᠢᠩᠰᠢᠪᠠᠭᠤ ᠲᠡᠭᠰᠢᠳᠦ᠋ᠬᠦᠷᠡᠩ ᠬᠤᠭᠤᠷᠴᠢ᠎ᠳᠤ ᠱᠠᠪᠢᠯᠠᠵᠤ ᠲᠦᠷᠪᠡᠨ ᠤᠳᠠᠰᠤᠳᠤ ᠬᠤᠭᠤᠷ ᠰᠤᠷᠬᠤ ᠶ᠋ᠢᠨ ᠬᠠᠮᠳᠤ ᠦᠯᠢᠭᠡᠷ ᠬᠤᠯᠪᠤᠭ᠎ᠠ ᠭᠡᠯᠡᠬᠦ᠌ ᠮᠡᠷᠭᠡᠵᠢᠯ ᠢ᠋ ᠡᠵᠡᠮᠰᠢᠵᠦ᠍ ᠡᠬᠢᠯᠡᠭᠰᠡᠨ ᠪᠠᠶ᠋ᠢᠨ᠎ᠠ᠃

2003 ᠤᠨ ᠳ᠋ᠥ᠍ ᠲᠡᠬᠦᠨ᠎ᠤ ᠬᠤᠯᠪᠤᠭ᠎ᠠ 《ᠬᠤᠪᠢᠯᠭᠠᠨ ᠤᠩᠭᠤᠴᠠ ᠲᠠᠪᠤᠳᠤᠭᠠᠷ》ᠨᠢ ᠪᠦᠬᠦ᠌ ᠬᠤᠰᠢᠭᠤᠨ᠎ᠤ 《ᠴᠦᠩᠬᠦᠯ》 ᠬᠤᠨᠳᠠᠭᠠᠳᠤ ᠦᠯᠢᠭᠡᠷ ᠬᠤᠯᠪᠤᠭ᠎ᠠ ᠶ᠋ᠢᠨ ᠤᠷᠤᠯᠳᠤᠭᠠᠨ ᠳ᠋ᠥ᠍ ᠲᠡᠷᠢᠬᠦᠨ ᠱᠠᠩᠨᠠᠯ ᠲᠤᠰᠤᠭᠰᠠᠨ ᠡᠴᠠ ᠬᠤᠶ᠋ᠢᠰᠢ ᠲᠡᠬᠦᠨ᠎ᠤ ᠤᠷᠠᠯᠢᠭ᠎ᠤᠨ ᠵᠠᠮ ᠦᠷᠬᠡᠵᠢᠵᠤ᠂ ᠦᠯᠢᠬᠡᠷ ᠬᠤᠯᠪᠤᠭ᠎ᠠ ᠬᠡᠯᠡᠬᠦ ᠨᠢ ᠡᠳᠦᠷ ᠡᠴᠠ ᠡᠳᠦᠷ ᠪᠤᠯᠪᠠᠰᠤᠷᠠᠨ ᠴᠠᠭᠠᠷᠠᠵᠤ ᠤᠯᠤᠰ᠂ ᠤᠷᠤᠨ᠂ ᠬᠤᠳᠠ ᠶ᠋ᠢᠨ ᠲᠡᠰ᠎ᠤᠨ ᠤᠷᠤᠯᠳᠤᠭᠠᠨ ᠮᠦᠷᠦᠶ᠋ᠢᠴᠡᠭᠡᠨ ᠳ᠋ᠥ᠍ ᠱᠠᠩᠨᠠᠯ ᠬᠦᠬᠢᠬᠦᠯᠦᠯ ᠢ᠋ ᠤᠳᠠᠭ᠎ᠠ ᠲᠠᠷᠠᠭᠠᠯᠠᠨ ᠲᠤᠰᠤᠭᠰᠠᠭᠠᠷ ᠢᠷᠡᠵᠡᠢ᠃ ᠮᠥᠨ ᠬᠤᠰᠢᠭᠤ ᠪᠠᠨ ᠲᠦᠯᠦᠭᠡᠯᠡᠵᠦ᠍᠂ ᠬᠤᠳᠠ ᠪᠠᠨ ᠲᠦᠯᠦᠭᠡᠯᠡᠵᠦ᠍᠂ ᠤᠷᠤᠨ ᠵᠢᠠᠨ ᠲᠦᠯᠦᠭᠡᠯᠡᠵᠦ᠍᠂ ᠴᠢᠨᠠᠭᠰᠢᠯᠠᠨ ᠪᠦᠬᠦ᠌ ᠤᠯᠤᠰ᠎ᠤᠨ ᠰᠢᠯᠢᠳᠡᠭ ᠲᠤᠭᠯᠠᠭᠴᠢ ᠶ᠋ᠢᠨ ᠬᠤᠪᠢ ᠪᠠᠷ ᠭᠠᠳᠠᠭᠠᠳᠤ ᠤᠯᠤᠰ᠎ᠲᠤ ᠭᠤᠴᠤ᠌ ᠰᠠᠶ᠋ᠢᠬᠠᠨ ᠲᠤᠭᠯᠠᠯᠳᠠ ᠪᠠᠷ ᠵᠢᠠᠨ ᠭᠡᠯᠡ ᠦᠭᠡᠷ᠎ᠡ᠂ ᠠᠷᠠᠰᠤ ᠤᠨᠳᠤᠤ ᠨᠦᠬᠦᠷᠰᠡᠭ ᠤᠯᠤᠰ ᠦᠨᠳᠦᠰᠦᠳᠡᠨ᠎ᠤ ᠦᠵᠡᠭᠴᠢᠳ ᠲᠤ᠌ ᠭᠠᠶ᠋ᠢᠬᠠᠭᠳᠠᠵᠤ᠂ ᠤᠯᠤᠰ ᠦᠨᠳᠦᠰᠦᠳᠡᠨ᠎ᠤ ᠨᠡᠷ᠎ᠡ ᠠᠯᠳᠠᠷ ᠢ᠋ ᠡᠷᠬᠦᠨ ᠮᠠᠨᠳᠤᠭᠤᠯᠵᠤ ᠶᠠᠪᠤᠵᠠᠢ᠃

ᠲᠠᠷᠠ ᠪᠡᠷ 2006 ᠤᠨ ᠳ᠋ᠥ᠍ ᠨᠠᠢ᠍ᠮᠠᠨ ᠮᠤᠵᠢ ᠤᠷᠤᠨ᠎ᠤ ᠲᠦᠷᠪᠡᠨ ᠤᠳᠠᠰᠤᠳᠤ ᠬᠤᠭᠤᠷ᠎ᠤᠨ ᠲᠸᠯᠸᠢᠰ ᠱᠠᠩᠨᠠᠯᠳᠤ ᠤᠷᠤᠯᠳᠤᠭᠠᠨ᠎ᠤ ᠲᠡᠷᠢᠬᠦᠨ ᠨᠡᠷᠡᠰ; 2009 ᠤᠨ ᠳ᠋ᠥ᠍《ᠮᠤᠩᠭᠤᠯ ᠸᠠᠩ》 ᠬᠤᠨᠳᠠᠭᠠᠳᠤ ᠦᠯᠢᠭᠡᠷ᠂ ᠠᠷᠠᠳ᠎ᠤᠨ ᠲᠠᠭᠤᠤ ᠶ᠋ᠢᠨ ᠲᠸᠯᠸᠢᠰ ᠱᠠᠩᠨᠠᠯᠳᠤ ᠤᠷᠤᠯᠳᠤᠭᠠᠨ᠎ᠤ ᠬᠤᠶᠠᠳᠤᠭᠠᠷ ᠨᠡᠷᠡᠰ;2010 ᠤᠨ ᠳ᠋ᠥ᠍ ᠱᠸᠨᠵᠸᠨ ᠳ᠋ᠥ᠍ ᠪᠤᠯᠤᠭᠰᠠᠨ ᠪᠦᠬᠦ᠌ ᠤᠯᠤᠰ᠎ᠤᠨ ᠶᠢᠰᠦᠳᠦᠭᠡᠷ ᠬᠤᠭᠤᠴᠠᠭᠠᠨ᠎ᠤ ᠤᠷᠠᠯᠢᠭ᠎ᠤᠨ ᠨᠠᠶ᠋ᠢᠷ᠎ᠤᠨ ᠠᠯᠳᠠᠨ ᠮᠸᠳ᠋ᠠᠯ;ᠮᠥᠨ ᠵᠢᠯ ᠳ᠋ᠥ᠍ ᠨᠠᠢ᠍ᠮᠠᠨ ᠮᠤᠵᠢ ᠤᠷᠤᠨ᠎ᠤ ᠲᠦᠷᠪᠡᠨ ᠤᠳᠠᠰᠤᠳᠤ ᠬᠤᠭᠤᠷ᠎ᠤᠨ ᠤᠷᠤᠯᠳᠤᠭᠠᠨ᠎ᠤ ᠠᠯᠳᠠᠨ ᠮᠸᠳ᠋ᠡᠯ; 2016 ᠤᠨ ᠳ᠋ᠥ᠍ 《ᠬᠤᠷᠴᠢᠨ》 ᠬᠤᠨᠳᠠᠭᠠᠳᠤ ᠠᠷᠠᠳ᠎ᠤᠨ ᠲᠠᠭᠤᠤ ᠶ᠋ᠢᠨ ᠤᠷᠤᠯᠳᠤᠭᠠᠨ᠎ᠤ ᠬᠤᠶᠠᠳᠤᠭᠠᠷ ᠨᠡᠷᠡᠰ; 2017 ᠤᠨ ᠳ᠋ᠥ᠍ ᠠᠩᠬᠠᠳᠤᠭᠠᠷ ᠤᠳᠠᠭᠠᠨ᠎ᠤ ᠪᠦᠬᠦ᠌ ᠤᠷᠤᠨ᠎ᠤ 《ᠬᠤᠷᠴᠢᠨ》 ᠬᠤᠨᠳᠠᠭᠠᠳᠤ ᠦᠯᠢᠭᠡᠷ᠎ᠤᠨ ᠤᠷᠤᠯᠳᠤᠭᠠᠨ᠎ᠤ ᠲᠡᠷᠢᠬᠦᠨ ᠪᠠᠢᠷᠢᠨ᠎ᠳᠤ ᠳᠤᠳᠤᠷᠠᠵᠤ᠂ᠢᠷᠡᠭᠤ ᠠᠯᠳᠠᠷ ᠵᠢᠡᠷ ᠡᠩᠬᠡᠷ ᠵᠢᠠᠨ ᠮᠢᠯᠢᠶᠠᠯᠭᠠᠵᠤ ᠶᠠᠪᠤᠵᠠᠢ᠃ ᠲᠡᠬᠦᠨ᠎ᠤ ᠲᠠᠭᠤᠤ ᠤᠷᠠᠯᠢᠭ ᠬᠦᠷᠦᠭᠰᠡᠨ ᠭᠠᠵᠠᠷ ᠪᠤᠯᠭᠠᠨ᠎ᠳᠤ ᠬᠤᠷᠴᠢᠨ ᠰᠤᠶᠤᠯ᠎ᠤᠨ ᠦᠨᠦᠷ ᠠᠮᠳᠠ ᠶ᠋ᠢ ᠦᠨᠤᠷᠳᠤᠬᠦᠯᠵᠤ᠂ ᠬᠤᠷᠴᠢᠨ ᠰᠤᠶᠤᠯ᠎ᠤᠨ ᠦᠨ᠎ᠡ ᠴᠡᠨ᠎ᠡ ᠶ᠋ᠢ ᠢᠯᠡᠷᠡᠬᠦᠯᠤᠨ᠂ ᠴᠢᠨᠠᠭᠰᠢᠯᠠᠨ ᠰᠤᠶᠤᠯ᠎ᠤᠨ ᠦᠷ᠎ᠡ ᠶ᠋ᠢ ᠬᠦᠷᠦᠰᠦ ᠪᠤᠯᠭᠠᠨ ᠳ᠋ᠥ᠍ ᠲᠠᠷᠢᠵᠤ ᠶᠠᠪᠤᠬᠰᠠᠠ ᠶᠤᠮ᠃

ᠬᠠᠶ᠋ᠢᠴᠢᠩᠰᠢᠪᠠᠭᠤ 2018 ᠤᠨ ᠡᠴᠠ ᠡᠬᠢᠯᠡᠵᠦ᠍᠂ ᠪᠦᠬᠦ᠌ ᠤᠯᠤᠰ᠎ᠤᠨ ᠴᠢᠨᠠᠷᠳᠠᠢ ᠤᠬᠠᠭᠤᠯᠤᠯ᠎ᠤᠨ ᠲᠤᠭᠯᠠᠯᠳᠠ ᠪᠠᠷ ᠶᠦᠨᠨᠠᠨ᠂ ᠲᠠᠶ᠋ᠢᠸᠠᠨ ᠁ ᠵᠡᠷᠭᠡ ᠭᠠᠵᠠᠷ ᠤᠷᠤᠨ ᠵᠢᠠᠷ ᠲᠤᠭᠤᠷᠢᠨ ᠲᠤᠭᠯᠠᠯᠳᠠ ᠳ᠋ᠥ᠍ ᠤᠷᠤᠯᠴᠠᠵᠤ᠂ 2015 ᠤᠨ ᠳ᠋ᠥ᠍ 《ᠬᠤᠷᠴᠢᠨ᠎ᠤ ᠡᠭᠡᠰᠢᠭ》ᠬᠤᠷᠴᠢᠨ ᠲᠠᠭᠤᠤ ᠤᠷᠠᠯᠢᠭ᠎ᠤᠨ ᠪᠦᠯᠬᠦᠮ᠎ᠤᠨ ᠭᠡᠰᠢᠬᠦᠨ᠎ᠤ ᠬᠤᠪᠢ ᠪᠠᠷ ᠮᠤᠩᠭᠤᠯ ᠤᠯᠤᠰ ᠲᠤ᠌ ᠬᠦᠷᠴᠦ᠍ ᠲᠤᠰᠬᠠᠢ ᠲᠤᠭᠯᠠᠯᠳᠠ ᠳ᠋ᠥ᠍ ᠤᠷᠤᠯᠴᠠᠵᠤ᠂ ᠤᠯᠠᠨ ᠤᠳᠠᠭ᠎ᠠ ᠶ᠋ᠢᠨ ᠴᠠᠭᠠᠨ ᠰᠠᠷ᠎ᠠ ᠶ᠋ᠢᠨ ᠦᠳᠡᠰᠢᠯᠡᠭᠡ᠂ ᠰᠦᠯᠵᠢᠶᠡᠨ ᠦᠳᠡᠰᠢᠯᠡᠭᠡ ᠳ᠋ᠥ᠍ ᠤᠷᠤᠯᠴᠠᠭᠰᠡᠡ ᠪᠠᠢᠨ᠎ᠠ᠃

ᠲᠠᠷᠠ ᠪᠡᠷ 2011 ᠤᠨ ᠳ᠋ᠥ᠍ ᠲᠦᠩᠯᠢᠶᠤᠤ ᠬᠤᠳᠠ ᠶ᠋ᠢᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠬᠤᠯᠪᠤᠭ᠎ᠠ ᠎ᠶᠢᠨ  ᠤᠯᠠᠮᠵᠢᠯᠠᠭᠴᠢ;2014 ᠤᠨ ᠳ᠋ᠥ᠍ ᠤᠷᠤᠨ᠎ᠤ ᠲᠡᠰ᠎ᠤᠨ  ᠪᠤᠳᠠᠰ᠎ᠤᠨ ᠪᠤᠰᠤ ᠰᠤᠶᠤᠯ᠎ᠤᠨ ᠦᠪ ᠎ᠤᠨ ᠬᠤᠯᠪᠤᠭ᠎ᠠ᠎ᠶᠢᠨ ᠤᠯᠠᠮᠵᠢᠯᠠᠭᠴᠢ;2023 ᠤᠨ ᠳ᠋ᠥ᠍ ᠦᠪᠡᠷᠳᠡᠭᠡᠨ ᠵᠠᠰᠠᠬᠤ ᠤᠷᠤᠨ ᠎ᠤ ᠤᠳᠬ᠎ᠠ ᠤᠷᠠᠯᠢᠭ ᠎ᠤᠨ 《ᠰᠠᠷᠠᠨ᠎ᠠ》 ᠱᠠᠩᠨᠠᠯ ᠢ᠋ ᠲᠤᠰᠤᠯ᠎ᠠ᠃ ᠴᠢᠷᠮᠠᠶ᠋ᠢᠯᠭ᠎ᠠ ᠬᠦᠮᠦᠨ᠎ᠢ ᠭᠤᠮᠤᠳᠠᠭᠠᠬᠤ ᠦᠭᠡᠢ ᠭᠡᠭᠴᠢ ᠪᠠᠷ 2025 ᠤᠨ᠎ᠳᠤ ᠲᠡᠷᠡ ᠪᠠᠷ ᠤᠯᠤᠰ ᠎ᠤᠨ ᠲᠡᠰ ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠬᠤᠯᠪᠤᠭ᠎ᠠ᠎ᠶᠢᠨ ᠤᠯᠠᠮᠵᠢᠯᠠᠭᠴᠢ ᠪᠠᠷ ᠨᠡᠷᠡᠢᠳᠦᠭᠳᠡᠪᠡ᠃

ᠠᠵᠢᠯ ᠤᠢᠯᠠᠰ ᠎ᠤᠨ ᠠᠯᠳᠠᠠ ᠲᠦᠷᠦᠬᠡ ᠵᠢ ᠲᠦᠷᠤᠬᠡᠯᠡᠵᠤ ᠶᠠᠪᠤᠭ᠎ᠠ ᠬᠠᠶ᠋ᠢᠴᠢᠩᠰᠢᠪᠠᠭᠤ ᠤᠯᠤᠰ ᠤᠷᠤᠨ᠎ᠳᠠᠭᠠᠨ ᠬᠤᠭᠤᠷ ᠬᠤᠯᠪᠤᠭ᠎ᠠ ᠎ᠪᠠᠷ᠎ᠢᠶᠠᠨ ᠠᠷᠢᠭᠤᠨ ᠴᠢᠭᠡᠴᠢ᠎ᠶᠢ ᠮᠠᠭᠳᠠᠨ ᠲᠠᠭᠤᠯᠠᠵᠤ᠂ ᠦᠨᠳᠦᠰᠦᠳᠡᠨ ᠎ᠤ ᠪᠦᠯᠬᠦᠮᠳᠡᠯ ᠎ᠢ ᠰᠤᠷᠳᠠᠯᠴᠢᠯᠠᠵᠤ᠂ ᠰᠢᠨ᠎ᠡ ᠬᠦᠳᠡᠭᠡ ᠲᠤᠰᠬᠤᠨ ᠎ᠤ ᠬᠦᠭᠵᠢᠯ ᠬᠤᠪᠢᠷᠠᠯ᠎ᠢ ᠤᠶᠠᠩᠭᠠᠯᠠᠨ᠂ ᠤᠶᠤᠨ ᠎ᠤ ᠪᠤᠯᠪᠠᠰᠤᠨ᠎ᠤ ᠡᠮᠦᠨ᠎ᠡ ᠹᠷᠤᠨᠲ ᠳᠦ᠍ ᠭᠠᠪᠰᠢᠭᠠᠶ᠋ᠢᠯᠠᠭᠰᠠᠭᠠᠷ ᠪᠤᠢ᠃

ᠲᠠᠭᠤᠤ ᠤᠷᠠᠯᠢᠭ᠎ᠤᠨ ᠰᠠᠨᠰᠠᠷ ᠲᠤ᠌ ᠬᠤᠷᠴᠢᠨ ᠰᠢᠪᠠᠭᠤ — ᠬᠠᠶ᠋ᠢᠴᠢᠩᠰᠢᠪᠠᠭᠤ ᠵᠢᠬᠦᠷ ᠲᠡᠬᠡᠨ ᠭᠠᠯ ᠲᠠᠢ᠂ ᠵᠢᠷᠦᠭᠡᠨ ᠳ᠋ᠡᠬᠡᠨ ᠬᠠᠶ᠋ᠢᠷ᠎ᠠ ᠲᠠᠢ ᠴᠠᠮᠨᠠᠨ ᠤᠷᠤᠮᠳᠠᠭᠰᠠᠭᠠᠷ  ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号