ᠦᠷᠭᠦᠯᠵᠢ ᠢᠰᠬᠡᠭᠦᠷ ᠠᠭᠤᠯᠤᠭᠰᠠᠨ ᠢᠳᠡᠭᠡᠨ ᠢᠳᠡᠬᠦ᠌᠎ᠨᠢ ᠪᠡᠶ᠎ᠡ᠎ᠳᠤ ᠮᠠᠭᠤ ᠭᠡᠨ᠎ᠡ ᠤᠤ?
2026-07-24 10:38:07
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠢᠰᠬᠡᠭᠦᠷ᠎ᠨᠢ ᠨᠢᠭᠡ ᠵᠦᠢᠯ᠎ᠤᠨ ᠠᠮᠢᠳᠤ ᠪᠣᠳᠠᠰ᠎ᠤᠨ ᠬᠥᠪᠰᠦᠬᠡᠷ ᠪᠤᠯᠭᠠᠬᠤ ᠡᠳ᠋ ᠪᠣᠯᠤᠭᠰᠠᠨ᠎ᠤ ᠬᠤᠪᠢ᠎ᠳᠤ᠂ ᠮᠠᠨᠲᠠᠤ᠂ ᠲᠠᠯᠬ᠎ᠠ ᠬᠢᠬᠦ᠌ ᠶᠠᠪᠤᠴᠠ᠎ᠳᠤ ᠭᠡᠷᠡᠭᠯᠡᠵᠦ᠍᠂ ᠢᠰᠬᠡᠬᠦ᠌ ᠦᠶ᠎ᠡ᠎ᠳᠤ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ ᠡᠭᠦᠰᠬᠡᠳᠡᠭ ᠪᠠᠶ᠋ᠢᠨ᠎ᠠ᠂ ᠭᠡᠪᠡᠴᠦ᠍ ᠢᠰᠬᠡᠭᠦᠷ᠎ᠤᠨ ᠢᠰᠬᠡᠬᠦ᠌ ᠶᠠᠪᠤᠴᠠ ᠪᠠ ᠬᠡᠢ ᠡᠭᠦᠰᠭᠡᠬᠦ᠌ ᠴᠢᠳᠠᠪᠤᠷᠢ᠎ᠨᠢ ᠬᠠᠯᠠᠭᠤᠨ ᠤ᠋ ᠭᠡᠮᠵᠢᠶ᠎ᠡ᠂ ᠭᠤᠯᠢᠷ᠎ᠤᠨ ᠪᠦ᠋ᠷᠢᠯᠳᠦᠬᠦᠨ᠂ pH ᠬᠡᠮᠵᠢᠭᠳᠡᠯ ᠵᠡᠷᠭᠡ ᠤᠯᠠᠨ ᠲᠠᠯ᠎ᠠ᠎ᠶᠢᠨ ᠡᠯᠧᠮᠧᠨ᠋ᠲ᠎ᠤᠨ ᠨᠥᠯᠥᠭᠡ᠎ᠶᠢ ᠬᠦᠷᠳᠡᠳᠡᠭ᠃ ᠡᠶ᠋ᠢᠮᠦ᠎ᠠᠴᠠ ᠰᠠᠶᠢᠬᠠᠨ ᠵᠢᠩᠨᠡᠵᠦ᠍ ᠭᠠᠷᠭᠠᠭᠰᠠᠨ ᠮᠠᠨᠲᠠᠤ ᠪᠤᠶᠤ ᠰᠠᠶᠢᠬᠠᠨ ᠰᠢᠷᠠᠵᠦ᠍ ᠭᠠᠷᠭᠠᠬᠰᠠᠨ ᠲᠠᠯᠬ᠎ᠠ ᠳ᠋ᠤ ᠶᠡᠬᠡ ᠬᠡᠮᠵᠢᠶᠡᠨ᠎ᠤ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ ᠪᠣᠶ ᠪᠣᠯᠬᠤ ᠪᠤᠶᠤ ᠠᠭᠤᠯᠵᠤ ᠪᠠᠶ᠋ᠢᠬᠤ ᠡᠴᠠ ᠵᠣᠪᠠᠬᠰᠠᠨ ᠤ᠋ ᠬᠡᠷᠡᠭ ᠥᠬᠡᠶ᠂ ᠰᠠᠨᠠᠭ᠎ᠠ ᠠᠮᠤᠷ ᠢᠳᠡᠭᠡᠷᠡᠢ᠃ ᠲᠡᠷᠡᠴᠢᠯᠡᠨ ᠰᠠᠶᠢᠬᠠᠨ ᠵᠢᠩᠨᠡᠵᠦ᠍ ᠭᠠᠷᠭᠠᠭᠰᠠᠨ ᠮᠠᠨᠲᠠᠤ ᠪᠤᠶᠤ ᠰᠠᠶᠢᠬᠠᠨ ᠰᠢᠷᠠᠵᠦ ᠭᠠᠷᠭᠠᠬᠰᠠᠨ ᠲᠠᠯᠬ᠎ᠠ᠎ᠳᠤ ᠪᠠᠭ᠎ᠠ ᠬᠡᠮᠵᠢᠶᠡᠨ ᠎ᠤ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ ᠠᠭᠤᠯᠵᠦ᠍ ᠪᠠᠶ᠋ᠢᠬᠰᠠᠨ ᠴᠤ᠌ ᠦᠨᠳᠦᠰᠦᠨ᠎ᠳᠡᠭᠡᠨ ᠪᠡᠶ᠎ᠡ ᠮᠠᠬᠠᠪᠣᠳ᠎ᠢ ᠭᠡᠮᠲᠦᠭᠡᠬᠦ᠌ ᠥᠬᠡᠶ ᠶᠤᠮ᠃ ᠮᠠᠨᠲᠠᠤ᠎ᠶᠢᠨ ᠬᠡᠷᠴᠢᠮᠡᠯ ᠪᠣᠯ ᠴᠠᠷᠳᠠᠭᠤᠯ᠎ᠤᠨ ᠲᠥᠷᠥᠯ᠎ᠤᠨ ᠢᠳᠡᠭᠡᠨ ᠪᠤᠯᠬᠤ ᠲᠤᠯᠠ ᠲᠡᠭᠦᠨ ᠢ᠋ ᠥᠨᠳᠥᠷ ᠬᠠᠯᠠᠭᠤᠨ ᠵᠢᠨᠷ ᠰᠢᠷᠠᠬᠰᠠᠨ ᠤ᠋ ᠲᠠᠷᠠᠭ᠎ᠠ ᠬᠠᠯᠢᠰᠦ ᠨᠢ ᠰᠢᠷᠠᠬᠳᠠᠳᠠᠭ᠂ ᠦᠭᠡᠷ᠎ᠠ ᠪᠡᠷ ᠬᠡᠯᠡᠪᠡᠯ ᠮᠠᠨᠲᠠᠤ ᠳᠣᠲᠣᠷᠠᠬᠢ ᠴᠠᠷᠳᠠᠭᠤᠯ᠎ᠨᠢ ᠬᠤᠵᠢᠡᠭ ᠪᠤᠯᠤᠨ ᠬᠤᠪᠢᠷᠠᠵᠦ᠍᠂ ᠬᠣᠳᠣᠭᠣᠳᠣᠨ ᠬᠦᠴᠢᠯ᠎ᠢ ᠰᠠᠭᠠᠷᠮᠠᠭᠵᠢᠭᠤᠯᠵᠤ᠂ ᠬᠣᠳᠣᠭᠣᠳᠣᠨ᠎ᠤ ᠰᠠᠯᠢᠰᠤᠲᠤ᠌ ᠪᠦᠷᠬᠦᠪᠴᠢ᠎ᠶᠢ ᠬᠠᠮᠠᠭᠠᠯᠠᠨ᠂ ᠰᠢᠩᠭᠡᠭᠡᠯᠲᠡ ᠵᠢ ᠲᠤᠰᠠᠯᠠᠳᠠᠭ᠃

ᠠᠩᠬᠠᠷᠤᠭᠤᠰᠢᠳᠠᠢ ᠨᠢ᠄ ᠮᠠᠨᠲᠠᠤ ᠰᠢᠷᠠᠬᠤ ᠎ᠳᠠᠭᠠᠨ ᠰᠢᠲᠠᠭᠠᠵᠤ ᠪᠣᠯᠬᠤ ᠦᠭᠡᠢ᠂ ᠠᠯᠲᠠᠨ ᠰᠢᠷᠭᠠᠯ ᠥᠩᠭᠡᠲᠡᠢ ᠪᠤᠯᠳᠠᠯ᠎ᠠ ᠰᠢᠷᠠᠪᠠᠯ ᠪᠣᠯᠴᠢᠬᠠᠨ᠎ᠠ᠂ ᠢᠯᠡᠭᠦᠦ ᠢᠳᠡᠵᠦ᠍ ᠪᠣᠯᠬᠤ ᠦᠭᠡᠢ᠂ ᠤᠳᠠᠭ᠎ᠠ ᠪᠦᠷᠢ 1 ᠡᠴᠠ 2 ᠬᠡᠰᠡᠭ ᠢᠳᠡᠪᠡᠯ ᠪᠣᠯᠴᠢᠬᠠᠨ᠎ᠠ᠃


    (《ᠠᠷᠠᠳ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号