ᠪᠠᠭᠠᠷᠢᠨ ᠵᠡᠭᠦᠨ ᠬᠤᠰᠢᠭᠤ ᠪᠤᠳᠠᠳᠤ ᠠᠵᠢᠯᠯᠠᠭ᠎ᠠ ᠪᠡᠷ ᠠᠷᠠᠳ᠎ᠤᠨ ᠠᠮᠢᠳᠤᠷᠠᠯ᠎ᠤᠨ ᠢᠷᠡᠭᠤ ᠬᠠᠭᠤᠳᠠᠰᠤ ᠵᠢ ᠪᠢᠴᠢᠭᠯᠡᠨᠡᠮ
2026-07-17 16:26:11
ᠵᠣᠬᠢᠶᠠᠭ᠍ᠴᠢ᠄
ᠸᠠᠡᠭ ᠲᠠᠨ᠎ᠠ
ᠣᠩᠱᠢᠭ᠍ᠰᠠᠨ ᠣᠳᠠᠭ᠎ᠠ᠄
★★★☆☆

《ᠮᠠᠰᠢᠨ ᠲᠡᠷᠭᠡ ᠦᠩᠭᠡᠷᠡᠬᠦ ᠪᠡᠷ ᠲᠤᠭᠤᠰᠤ ᠲᠡᠭᠳᠡᠵᠦ᠂ ᠪᠣᠷᠤᠭᠠᠨ᠎ᠲᠠᠢ ᠡᠳᠦᠷ  ᠰᠢᠪᠠᠷ ᠱᠠᠯᠴᠢᠭ ᠪᠤᠯᠳᠠᠭ ᠡᠨᠡ ᠵᠠᠮ ᠣᠳᠤ ᠪᠢᠳᠡᠨ᠎ᠦ ᠵᠣᠯ ᠵᠢᠷᠭᠠᠯ᠎ᠤᠨ ᠵᠠᠮ ᠪᠣᠯᠤᠭᠰᠠᠨ ᠰᠢᠦ》 ᠭᠡᠵᠦ᠍ ᠪᠠᠭᠠᠷᠢᠨ ᠵᠡᠭᠦᠨ ᠬᠤᠰᠢᠭᠤᠨ᠎ᠤ ᠴᠠᠭᠠᠨᠬᠠᠳᠠ ᠰᠤᠮᠤ ᠶ᠋ᠢᠨ ᠤᠩᠭᠤᠴᠠᠨ ᠠᠢᠯ ᠭᠠᠴᠠᠭᠠᠨ᠎ᠤ ᠠᠷᠠᠳ ᠪᠠᠲᠤᠵᠢᠷᠭᠠᠯ  ᠢᠨᠢᠶᠡᠮᠰᠦᠭᠯᠡᠨ ᠶᠠᠷᠢᠨ᠎ᠠ᠃

ᠲᠡᠬᠦᠨ ᠤ᠋ ᠶᠠᠷᠢᠶᠠᠨ ᠳ᠋ᠡᠬᠢ ᠡᠨᠡ ᠬᠦ᠌ ᠵᠠᠮ ᠪᠣᠯ ᠲᠤᠬᠠᠢ᠎ᠶ᠋ᠢᠨ ᠭᠠᠵᠠᠷ᠎ᠤᠨ 70 ᠭᠠᠷᠤᠢ ᠮᠠᠯᠴᠢᠨ ᠡᠷᠦᠬᠡ ᠵᠢᠨ ᠶᠠᠪᠤᠵᠤ ᠰᠠᠭᠤᠬᠤ᠎ᠳᠤ ᠵᠠᠪᠠᠯ ᠥᠩᠭᠡᠷᠡᠬᠦ᠌ ᠵᠠᠮ ᠪᠠᠢᠵᠤ᠂ ᠦᠨᠭᠭᠡᠷᠡᠭᠰᠡᠨ᠎ᠳᠤ ᠡᠩᠬᠦᠯ ᠲᠤᠩᠬᠤᠯ ᠪᠤᠯᠬᠤᠷ ᠶᠠᠪᠤᠵᠤ ᠰᠠᠭᠤᠬᠤ ᠳ᠋ᠦ ᠲᠦᠬᠦᠮ ᠦᠭᠡᠢ ᠭᠡᠵᠦ ᠣᠯᠠᠨ ᠲᠦᠮᠡᠨ ᠡᠴᠡ ᠨᠡᠢᠲᠡᠮ ᠳᠤᠰᠬᠠᠪᠠ᠃ ᠭᠠᠴᠠᠭᠠᠨ ᠎ᠤ ᠨᠠᠮ᠎ᠤᠨ ᠡᠭᠦᠷ ᠲᠤᠰ ᠵᠠᠮ ᠢ᠋ ᠠᠷᠠᠳ᠎ᠤᠨ ᠠᠮᠢᠳᠤᠷᠠᠯ᠎ᠤᠨ ᠬᠦᠰᠡᠯ  ᠡᠷᠡᠮᠡᠯᠵᠡᠯ ᠎ᠤᠨ ᠨᠠᠷᠢᠨ ᠳᠠᠩᠰᠠᠨ᠎ᠳᠤ ᠣᠷᠤᠭᠤᠯᠵᠤ᠂ ᠠᠰᠠᠭᠤᠳᠠᠯ᠎ᠢ ᠪᠦᠳᠦᠮᠵᠢᠲᠡᠢ ᠰᠢᠢᠳᠪᠦᠷᠢᠯᠡᠪᠡ᠃ ᠠᠷᠠᠳ᠎ᠤᠨ ᠠᠮᠢᠳᠤᠷᠠᠯ ᠤ᠋ᠨ ᠪᠣᠳᠠᠲᠤ᠌ ᠶᠠᠪᠤᠳᠠᠯ ᠢ᠋ ᠰᠢᠢᠳᠪᠦᠷᠢᠯᠡᠵᠦ᠂ ᠤᠯᠠᠨ ᠲᠦᠮᠡᠨ ᠤ᠋ ᠬᠠᠨᠤᠮᠵᠢ ᠵᠢᠨ ᠬᠡᠮᠵᠢᠶ᠎ᠡ ᠵᠢ ᠲᠡᠭᠡᠭᠰᠢᠯᠡᠬᠦᠯᠦᠭᠰᠡᠨ ᠡᠨᠡ ᠬᠦ᠌   ᠵᠢᠱ᠌ᠢᠶ᠎ᠡ ᠪᠠᠭᠠᠷᠢᠨ ᠵᠡᠭᠦᠨ ᠬᠤᠰᠢᠭᠤᠨ᠎ᠤ ᠵᠠᠰᠠᠭ ᠤ᠋ᠨ ᠠᠵᠢᠯ᠎ᠤᠨ ᠪᠦᠲᠦᠮᠵᠢ ᠵᠢᠨ ᠲᠤᠬᠠᠢ ᠵᠦᠪ ᠦᠵᠡᠯᠲᠡ᠎ᠶ᠋ᠢ ᠪᠠᠲᠤ᠌ ᠪᠤᠢ ᠪᠣᠯᠭᠠᠨ ᠦᠢᠯᠡᠳᠦᠯᠭᠡᠵᠢᠭᠦᠯᠦᠭᠰᠡᠨ ᠦᠨᠡᠨ ᠪᠤᠳᠠᠳᠠᠢ ᠢᠯᠡᠷᠡᠯ ᠪᠤᠯᠤᠨ᠎ᠠ᠃

ᠣᠶ᠋ᠢᠷ᠎ᠠ᠎ᠶ᠋ᠢᠨ ᠵᠢᠯ᠎ᠳᠤ᠂ ᠪᠠᠭᠠᠷᠢᠨ ᠵᠡᠭᠦᠨ ᠬᠤᠰᠢᠭᠤ ᠠᠷᠠᠳ᠎ᠤᠨ ᠠᠮᠢᠳᠤᠷᠠᠯ᠎ᠤᠨ ᠪᠣᠳᠠᠲᠤ᠌ ᠶᠠᠪᠤᠳᠠᠯ᠎ᠢ ᠰᠠᠶ᠋ᠢᠲᠤᠷ ᠬᠢᠬᠦ᠌ ᠪᠠ ᠬᠥᠭᠵᠢᠯᠲᠡ᠎ᠶ᠋ᠢ ᠭᠦᠨᠵᠡᠭᠡᠢ ᠠᠭᠤᠰᠤᠯᠴᠠᠭᠤᠯᠬᠤ ᠵᠢ ᠪᠠᠷᠢᠮᠲᠠᠯᠠᠵᠤ᠂ ᠰᠤᠷᠤᠯᠴᠠᠯᠭ᠎ᠠ ᠬᠥᠮᠦᠵᠢᠯ  ᠎ᠢ   ᠭᠦᠨᠵᠡᠭᠡᠶ᠋ᠢᠷᠡᠭᠦᠯᠦᠨ ᠪᠣᠳᠠᠲᠠᠶ᠋ᠢᠵᠢᠭᠤᠯᠵᠤ᠂ ᠪᠣᠳᠠᠲᠠᠢ  ᠦᠷ᠎ᠡ ᠪᠦᠲᠦᠮᠵᠢ ᠤᠯᠤᠭᠰᠠᠨ ᠪᠠᠢᠨ᠎ᠠ᠃

ᠬᠤᠤᠰ ᠴᠢᠭᠯᠡᠯ ᠵᠢᠡᠷ ᠦᠢᠯᠡᠳᠦᠯᠴᠡᠬᠦ ᠵᠢ ᠭᠦᠨᠵᠡᠭᠡᠶ᠋ᠢᠷᠡᠭᠦᠯᠵᠦ᠍᠂ ᠠᠷᠠᠳ ᠲᠦᠮᠡᠨ ᠤ᠋ ᠰᠡᠳᠬᠢᠯ ᠤ᠋ᠨ ᠳᠠᠭᠤᠨ ᠎ᠢ ᠰᠣᠨᠤᠰᠴᠤ᠌ ᠤᠯᠠᠨ ᠤ᠋ ᠤᠶᠤᠨ ᠤᠬᠠᠭᠠᠨ᠎ᠢ ᠨᠢᠭᠳᠠᠷᠠᠭᠤᠯᠪᠠ᠃ ᠪᠠᠭᠠᠷᠢᠨ ᠵᠡᠭᠦᠨ ᠬᠤᠰᠢᠭᠤ ᠰᠠᠨᠠᠭᠠᠴᠢᠯᠠᠭ᠎ᠠ ᠡᠴᠡ ᠪᠡᠨ ᠬᠡᠷᠡᠭᠴᠡᠭᠡ ᠱᠠᠭᠠᠷᠳᠠᠯᠭ᠎ᠠ᠎ᠶ᠋ᠢ ᠠᠰᠠᠭᠤᠬᠤ᠂ ᠠᠷᠠᠳ᠎ᠠᠴᠠ  ᠠᠷᠭ᠎ᠠ   ᠪᠣᠳᠤᠯᠭ᠎ᠠ  ᠠᠰᠠᠭᠤᠬᠤ᠎ᠶ᠋ᠢ ᠪᠠᠷᠢᠮᠲᠠᠯᠠᠵᠤ᠂ ᠤᠯᠠᠨ ᠲᠦᠮᠡᠨ᠎ᠤ ᠰᠡᠳᠬᠢᠯ ᠤ᠋ᠨ ᠲᠠᠭᠤᠨ᠎ᠢᠶᠡᠷ ᠠᠵᠢᠯ ᠢ᠋ ᠠᠬᠢᠭᠤᠯᠬᠤ 《ᠠᠩᠬᠠᠨ ᠎ᠤ ᠳᠣᠬᠢᠶ᠎ᠠ》 ᠪᠣᠯᠭᠠᠭᠰᠠᠨ ᠪᠠᠶ᠋ᠢᠨ᠎ᠠ᠃ 《ᠪᠠᠶ᠋ᠢᠭᠤᠯᠭ᠎ᠠ᠎ᠶ᠋ᠢᠨ  ᠨᠡᠭᠡᠭᠡᠯᠲᠡᠳᠤ   ᠡᠳᠦᠷ 》 ᠤ᠋ᠨ ᠠᠵᠢᠯᠯᠠᠭ᠎ᠠ ᠵᠢ ᠥᠷᠨᠢᠭᠦᠯᠬᠦ᠎ᠪᠠᠷ ᠳᠠᠮᠵᠢᠭᠤᠯᠤᠨ᠂ 《ᠣᠯᠠᠨ ᠲᠦᠮᠡᠨ᠎ᠢ᠋ ᠬᠠᠪᠰᠤᠷᠤᠨ ᠭᠠᠷ ᠬᠦᠢᠴᠡᠳᠭᠡᠯ ᠬᠢᠬᠦ》᠂《ᠵᠠᠰᠠᠭ᠎ᠤᠨ ᠶᠠᠪᠤᠳᠠᠯ᠎ᠤᠨ  ᠦᠢᠯᠡᠴᠢᠯᠡᠭᠡ ᠵᠢᠨ ᠪᠡᠶᠡᠴᠢᠯᠡᠨ  ᠣᠶ᠋ᠢᠯᠠᠭᠠᠭᠴᠢ ᠪᠤᠯᠬᠤ》 ᠵᠡᠷᠭᠡ  ᠠᠷᠭ᠎ᠠ ᠠᠪᠴᠠᠯ᠎ᠲᠠᠢ ᠤᠶᠠᠯᠳᠤᠭᠤᠯᠤᠨ᠂  ᠣᠯᠠᠨ ᠲᠦᠮᠡᠨ ᠪᠠ ᠠᠵᠤ ᠠᠬᠤᠶ᠋ᠢᠯᠠᠯ᠎ᠤᠨ ᠲᠥᠯᠦᠭᠡᠯᠡᠭᠴᠢ᠎ᠶ᠋ᠢ ᠤᠷᠢᠵᠤ ᠵᠠᠰᠠᠭ ᠤ᠋ᠨ ᠶᠠᠪᠤᠳᠠᠯ ᠎ᠤᠨ ᠦᠢᠯᠡᠴᠢᠯᠡᠭᠡᠨ᠎ᠤ ᠶᠠᠪᠤᠴᠠ ᠵᠢ ᠬᠦᠨᠵᠡᠬᠡᠢ ᠤᠢᠯᠠᠭᠠᠭᠤᠯᠵᠤ᠂ ᠰᠠᠨᠠᠯ ᠰᠠᠨᠠᠭᠤᠯᠭ᠎ᠠ᠎ᠶ᠋ᠢ ᠥᠷᠭᠡᠨ᠎ᠢᠶᠠᠷ ᠬᠤᠷᠢᠶᠠᠨ ᠴᠤᠭᠯᠠᠭᠤᠯᠵᠠᠢ᠃ ᠰᠦᠯᠵᠢᠶᠡᠨ ᠭᠠᠳᠠᠨ᠎ᠠ᠂ ᠭᠤᠤᠯᠳᠠᠯᠭ᠎ᠠ᠎ᠲᠠᠢ ᠳᠠᠭᠠᠭᠠᠴᠢᠯᠠᠨ ᠬᠤᠯᠪᠤᠭᠠᠯᠠᠬᠤ ᠪᠠ ᠪᠥᠬᠦ᠌ ᠲᠠᠯ᠎ᠠ ᠪᠠᠷ ᠳᠠᠭᠠᠭᠠᠴᠢᠯᠠᠨ ᠬᠤᠯᠪᠤᠭᠠᠯᠠᠬᠤ᠎ᠶ᠋ᠢ ᠤᠶᠠᠯᠳᠤᠭᠤᠯᠬᠤ ᠲᠣᠭᠲᠠᠴᠠ᠎ᠶ᠋ᠢ ᠬᠡᠷᠡᠭᠵᠢᠭᠦᠯᠵᠦ᠍᠂ 4000 ᠭᠠᠷᠤᠢ ᠨᠠᠮ᠎ᠤᠨ ᠭᠡᠰᠢᠭᠦᠨ ᠺᠠᠳ᠋ᠷ 9.1 ᠲᠦᠮᠡ ᠭᠠᠷᠤᠢ ᠡᠷᠦᠬᠡ ᠲᠠᠢ ᠪᠠᠶ᠋ᠢᠩᠭᠤ᠎ᠶ᠋ᠢᠨ ᠬᠠᠷᠢᠯᠴᠠᠭ᠎ᠠ ᠪᠠᠶ᠋ᠢᠭᠤᠯᠵᠠᠢ᠃ ᠰᠦᠯᠵᠢᠶᠡᠨ ᠳᠡᠭᠡᠷ᠎ᠡ᠂ ᠨᠡᠶ᠋ᠢᠭᠡᠮ᠎ᠤᠨ ᠵᠠᠰᠠᠯᠲᠠ᠎ᠶ᠋ᠢᠨ ᠶᠡᠷᠦᠩᠬᠡᠶ᠋ᠢᠯᠡᠭᠰᠡᠨ ᠦᠢᠯᠡᠴᠢᠯᠡᠭᠡᠨ ᠎ᠤ ᠲᠠᠪᠴᠠᠩ᠎ᠳᠤ ᠲᠦᠰᠢᠭᠯᠡᠨ᠂ ᠭᠤᠤᠯᠳᠠᠯᠭ᠎ᠠ᠎ᠲᠠᠢ ᠬᠡᠷ ᠪᠦᠯᠢ᠎ᠳᠤ ᠲᠤᠰᠭᠠᠢ ᠮᠡᠷᠭᠡᠨ ᠴᠤᠬᠤᠷ ᠭᠠᠷᠭᠠᠨ ᠦᠭᠴᠤ᠂ ᠣᠯᠠᠨ ᠲᠦᠮᠡᠨ ᠬᠦᠰᠡᠯ ᠱᠠᠭᠠᠷᠳᠠᠯᠭ᠎ᠠ ᠲᠠᠢ ᠪᠤᠯ ᠺᠣᠳ᠋ ᠢ᠋ ᠰᠢᠷᠪᠢᠨ ᠲᠤᠰᠬᠠᠵᠤ ᠲᠡᠢᠯᠬᠦ ᠪᠤᠯᠵᠠᠢ᠃ ᠡᠭᠦᠨ᠎ᠤ  ᠬᠠᠮᠲᠤ᠌᠂  ᠠᠵᠤ   ᠦᠢᠯᠡᠰ ᠢ᠋   ᠬᠥᠭᠵᠢᠬᠦᠯᠬᠦ᠂ ᠬᠥᠳᠡᠭᠡ ᠲᠣᠰᠭᠤᠨ᠎ᠢ ᠬᠥᠭᠵᠢᠭᠦᠯᠦᠨ ᠮᠠᠨᠳᠤᠭᠤᠯᠬᠤ᠂ ᠠᠷᠠᠳ ᠤ᠋ᠨ ᠠᠮᠢᠳᠤᠷᠠᠯ᠎ᠢ ᠰᠠᠶ᠋ᠢᠵᠢᠷᠠᠭᠤᠯᠬᠤ ᠵᠡᠷᠭᠡ ᠭᠤᠤᠯᠳᠠᠯᠭ᠎ᠠ᠎ᠲᠠᠢ ᠠᠵᠢᠯ᠎ᠤᠨ ᠲᠣᠭᠤᠷᠢᠨ ᠳ᠋ᠤ᠂ ᠵᠠᠰᠠᠭ ᠤ᠋ᠨ ᠣᠷᠳᠤᠨ ᠪᠤᠯᠤᠨ ᠠᠵᠤ ᠠᠬᠤᠶ᠋ᠢᠯᠠᠯ ᠤ᠋ᠨ ᠶᠠᠷᠢᠯᠴᠠᠬᠤ ᠬᠤᠷᠠᠯ᠂ ᠠᠷᠠᠳ᠎ᠤᠨ ᠪᠠᠶ᠋ᠢᠳᠠᠯ᠎ᠤᠨ ᠶᠠᠷᠢᠯᠴᠠᠬᠤ ᠬᠤᠷᠠᠯ ᠵᠡᠷᠭᠡ ᠬᠡᠯᠪᠡᠷᠢ ᠪᠠᠷ ᠲᠠᠮᠵᠢᠭᠤᠯᠤᠨ ᠰᠠᠨᠠᠯ ᠬᠤᠷᠢᠶᠠᠵᠤ ᠂ ᠬᠥᠭᠵᠢᠯᠲᠡ᠎ᠶ᠋ᠢ ᠠᠬᠢᠭᠤᠯᠬᠤ ᠰᠠᠨᠠᠯ ᠰᠠᠨᠠᠭᠤᠯᠭ᠎ᠠ᠎ᠶ᠋ᠢ ᠨᠡᠶ᠋ᠢᠳᠡ 152 ᠵᠤᠷᠪᠤᠰ ᠬᠤᠷᠢᠶᠠᠨ ᠴᠤᠭᠯᠠᠭᠤᠯᠵᠤ᠂ ᠰᠢᠨᠵᠢᠯᠡᠬᠦ᠌ ᠤᠬᠠᠭᠠᠨᠴᠢ᠎ᠪᠠᠷ ᠰᠢᠢᠳᠪᠦᠷᠢᠲᠦ᠍ ᠪᠣᠳᠤᠯᠭ᠎ᠠ ᠲᠣᠭᠲᠠᠭᠠᠬᠤ᠎ᠳᠤ ᠬᠦᠴᠦᠲᠡᠢ ᠲᠤᠯᠭᠠᠭᠤᠷᠢᠯᠠᠯ ᠬᠠᠩᠭᠠᠭᠰᠠᠨ ᠪᠠᠶ᠋ᠢᠨ᠎ᠠ ᠃

ᠠᠰᠠᠭᠤᠳᠠᠯ᠎ᠢᠶᠠᠷ  ᠤᠳᠤᠷᠢᠳᠤᠮᠵᠢ  ᠪᠣᠯᠭᠠᠬᠤ᠎ᠶ᠋ᠢ ᠪᠠᠷᠢᠮᠲᠠᠯᠠᠵᠤ᠂ ᠬᠦᠴᠢᠷ ᠠᠰᠠᠭᠤᠳᠠᠯ᠎ᠢ ᠰᠢᠢᠳᠪᠦᠷᠢᠯᠡᠵᠦ᠍ ᠪᠣᠳᠠᠲᠠᠢ ᠶᠠᠪᠤᠳᠠᠯ᠎ᠢ ᠰᠠᠶ᠋ᠢᠲᠤᠷ ᠬᠢᠵᠡᠢ᠃ ᠪᠠᠭᠠᠷᠢᠨ ᠵᠡᠭᠦᠨ ᠬᠤᠰᠢᠭᠤ ᠠᠰᠠᠭᠤᠳᠠᠯ ᠎ᠢᠶᠠᠷ   ᠤᠳᠤᠷᠢᠳᠤᠮᠵᠢ   ᠪᠣᠯᠭᠠᠬᠤ   ᠪᠠ  ᠠᠰᠠᠭᠤᠳᠠᠯ ᠢ᠋ ᠰᠢᠢᠳᠪᠦᠷᠢᠯᠡᠬᠦ ᠰᠡᠳᠬᠢᠬᠦᠢ᠎ᠶ᠋ᠢ ᠪᠠᠷᠢᠮᠲᠠᠯᠠᠵᠤ ᠂ 《 ᠵᠤᠭᠤᠭᠳᠠᠬᠤ᠂ ᠬᠠᠪᠰᠤᠷᠬᠤ᠂ ᠰᠢᠢᠳᠪᠦᠷᠢᠯᠡᠬᠦ᠌ 》 ᠠᠵᠢᠯ᠎ᠤᠨ ᠠᠷᠭ᠎ᠠ᠎ᠶ᠋ᠢ ᠰᠢᠨ᠎ᠡ ᠪᠡᠷ ᠬᠡᠷᠡᠭᠵᠢᠬᠦᠯᠵᠦ᠂ ᠨᠡᠶ᠋ᠢᠭᠡᠮ ᠲᠣᠭᠤᠷᠢᠭ᠎ᠤᠨ ᠠᠵᠢᠯᠳᠠᠨ ᠂ ᠭᠠᠴᠠᠭ᠎ᠠ  ᠲᠣᠰᠭᠤᠨ ᠎ᠤ ᠡᠶᠡᠳᠡᠭᠦᠯᠦᠭᠴᠢ᠎ᠶ᠋ᠢᠨ ᠠᠵᠢᠯ ᠤ᠋ᠨ ᠪᠦᠬᠦ᠌ ᠶᠠᠪᠤᠴᠠ ᠳ᠋ᠤ ᠭᠦᠨᠵᠡᠭᠡᠢ ᠠᠭᠤᠰᠤᠯᠴᠠᠭᠤᠯᠪᠠ᠃ ᠨᠠᠮ ᠤ᠋ᠨ ᠡᠭᠦᠷ  ᠠᠩᠬ᠎ᠠ  ᠭᠦᠢᠴᠡᠳᠬᠡᠬᠦ ᠲᠦᠷᠢᠮ ᠪᠠ ᠨᠠᠮ᠎ᠤᠨ ᠬᠤᠷᠢᠶ᠎ᠠ ᠡᠴᠡ ᠵᠣᠬᠢᠴᠠᠭᠤᠯᠬᠤ ᠲᠦᠷᠢᠮ᠎ᠢ ᠪᠠᠶ᠋ᠢᠭᠤᠯᠵᠤ ᠂ ᠬᠦᠨᠳᠦ ᠬᠥᠩᠭᠡᠨ ᠠᠯᠭᠤᠷ ᠪᠠᠴᠢᠮ ᠪᠠᠢᠳᠠᠯ᠎ᠢ ᠢᠯᠭᠠᠨ ᠠᠷᠠᠳ᠎ᠤᠨ ᠠᠮᠢᠳᠤᠷᠠᠯ᠎ᠤᠨ ᠬᠦᠰᠡᠯ ᠡᠷᠡᠮᠡᠯᠵᠡᠯ᠎ᠦᠨ ᠨᠠᠷᠢᠨ ᠲᠠᠩᠰᠠ᠎ᠶ᠋ᠢ ᠪᠠᠶ᠋ᠢᠭᠤᠯᠵᠤ᠂ ᠨᠢᠭᠡ ᠢᠵᠢ ᠲᠦᠷᠢᠮ ᠵᠢᠡᠷ   ᠪᠢᠲᠡᠭᠦᠦ ᠴᠠᠭᠠᠷᠢᠭ ᠤ᠋ᠨ ᠬᠠᠮᠢᠶᠠᠷᠤᠯᠳᠠ ᠬᠢᠬᠦ᠂ ᠨᠢᠭᠡ᠎ᠨᠠᠷᠢᠨ ᠲᠠᠩᠰᠠ᠎ᠶ᠋ᠢ ᠡᠴᠦᠰ᠎ᠲᠤᠨᠢ ᠲᠤᠯᠲᠠᠯ᠎ᠠ ᠮᠦᠷᠳᠡᠨ ᠬᠦᠢᠴᠡᠳᠭᠡᠬᠦ ᠵᠢ ᠪᠡᠶᠡᠯᠡᠭᠦᠯᠵᠦ᠍᠂ ᠤᠯᠠᠨ ᠲᠦᠮᠡᠨ᠎ᠤ 《ᠪᠠᠴᠢᠮᠳᠠᠵᠤ  ᠬᠦᠴᠢᠷᠳᠡᠵᠤ  ᠵᠣᠪᠠᠨᠢᠵᠤ ᠬᠦᠰᠡᠵᠤ 》 ᠪᠠᠢᠭ᠎ᠠ ᠠᠰᠠᠭᠤᠳᠠᠯ᠂《ᠵᠢᠵᠢᠭᠬᠡᠨ ᠬᠦᠰᠡᠯ 》 ᠢ᠋ ᠨᠡᠶ᠋ᠢᠲᠡ 248 ᠵᠦᠢᠯ᠎ᠢ ᠰᠢᠢᠳᠪᠦᠷᠢᠯᠡᠵᠦ᠍ ᠳᠠᠭᠤᠰᠭᠠᠵᠠᠢ᠃ ᠵᠢᠱ᠌ᠢᠶ᠎ᠡ ᠦᠵᠡᠭᠦᠯᠬᠦ ᠪᠡᠷ ᠬᠠᠮᠳᠤᠷᠠᠯ ᠬᠦᠴᠦᠨ᠎ᠢ ᠲᠥᠪᠯᠡᠷᠡᠭᠦᠯᠵᠦ᠍ ᠂ 《 ᠤᠯᠠᠨ ᠲᠦᠮᠡᠨ ᠳ᠋ᠤ ᠪᠣᠳᠠᠲᠤ ᠶᠠᠪᠤᠳᠠᠯ ᠬᠢᠵᠦ᠍ ᠥᠭᠬᠦ᠌ 》 ᠦᠢᠯᠡᠳᠦᠯᠭᠡ᠎ᠶ᠋ᠢᠨ ᠠᠵᠢᠯᠯᠠᠭ᠎ᠠ᠎ᠳᠤ ᠲᠦᠰᠢᠭᠯᠡᠨ᠂ ᠠᠷᠠᠳ᠎ᠤᠨ ᠠᠮᠢᠳᠤᠷᠠᠯ᠎ᠤᠨ ᠵᠠᠬᠢᠳᠠᠯ ᠰᠤᠷᠪᠤᠯᠵᠢᠯᠠᠭ᠎ᠠ᠎ᠶ᠋ᠢᠨ ᠳᠠᠷᠤᠭᠳᠠᠵᠤ ᠪᠠᠢᠬᠰᠠᠨ ᠬᠡᠷᠡᠭ ᠪᠠ《12345》 ᠬᠠᠯᠠᠮᠰᠢᠯ  ᠤᠳᠠᠰᠤᠨ ᠤ᠋ ᠰᠢᠢᠳᠪᠦᠷᠢᠯᠡᠵᠦ᠍ ᠳᠠᠭᠤᠰᠭᠠᠭᠰᠠᠨ᠎ᠦᠭᠡᠢ ᠬᠠᠭᠤᠳᠠᠰᠤ ᠵᠢᠨ ᠲᠤᠭᠤᠷᠢᠨ ᠳ᠋ᠤ᠂ ᠨᠢᠭᠡ ᠳ᠋ᠤ ᠨᠢᠬᠡ ᠵᠢ ᠬᠠᠷᠠᠭᠠᠯᠵᠠᠭᠤᠯᠬᠤ ᠮᠠᠶᠢᠭ ᠤ᠋ᠨ ᠬᠡᠷᠡᠭ ᠲᠠᠭᠠᠭᠠᠴᠢᠯᠠᠭᠤᠯᠬᠤ ᠠᠷᠭ᠎ᠠ ᠵᠢ ᠬᠡᠷᠡᠭᠵᠢᠬᠦᠯᠵᠤ ᠂ ᠡᠯ᠎ᠡ ᠬᠦᠷᠢᠶ᠎ᠡ ᠴᠠᠷᠠᠭᠠᠨ ᠤ᠋ ᠨᠠᠮ᠎ᠤᠨ ᠭᠡᠰᠢᠭᠦᠨ ᠺᠠᠳ᠋ᠷᠴᠤᠳ ᠤ᠋ᠨ ᠤᠷᠳᠤ ᠬᠤᠭᠤᠴᠠᠭ᠎ᠠ ᠪᠡᠷ ᠬᠤᠢᠰᠢᠯᠠᠭᠤᠯᠤᠨ ᠰᠢᠢᠳᠪᠦᠷᠢᠯᠡᠬᠡᠳᠦᠢ ᠪᠠᠢᠭ᠎ᠠ ᠠᠷᠠᠳ᠎ᠤᠨ ᠠᠮᠢᠳᠤᠷᠠᠯ᠎ᠤᠨ 877 ᠬᠦᠴᠢᠷ ᠠᠰᠠᠭᠤᠳᠠᠯ᠎ᠢ   ᠰᠢᠢᠳᠪᠦᠷᠢᠯᠡᠵᠦ᠍  ᠳᠠᠭᠤᠰᠭᠠᠬᠤ᠎ᠶ᠋ᠢ ᠠᠬᠢᠭᠤᠯᠵᠤ᠂ ᠰᠠᠶ᠋ᠢᠨ ᠳᠤᠷ᠎ᠠ᠎ᠶ᠋ᠢᠨ ᠦᠢᠯᠡᠴᠢᠯᠡᠭᠡ᠎ᠳᠤ 1100 ᠭᠠᠷᠤᠢ   ᠤᠳᠠᠭ᠎ᠠ ᠤᠷᠤᠯᠴᠠᠭᠤᠯᠵᠤ᠂ ᠨᠠᠮ᠎ᠤᠨ ᠭᠡᠰᠢᠭᠦᠨ ᠤ᠋ ᠨᠢᠭᠡᠳᠦᠭᠡᠷ ᠹᠷᠤᠨᠲ ᠲᠤ᠌ ᠦᠢᠯᠡᠴᠢᠯᠡᠬᠦ ᠶᠠᠪᠤᠴᠠ ᠳ᠋ᠦ ᠲᠦᠷᠢ ᠲᠥᠷᠬᠦ᠎ᠶ᠋ᠢ ᠪᠤᠢ ᠪᠣᠯᠭᠠᠵᠤ᠂ ᠵᠢᠳᠬᠦᠯ  ᠴᠢᠷᠮᠠᠶ᠋ᠢᠯᠭ᠎ᠠ ᠪᠡᠨ ᠢᠯᠡᠷᠡᠬᠦᠯᠬᠦ  ᠵᠢ  ᠠᠬᠢᠭᠤᠯᠤᠭᠰᠠᠨ ᠪᠠᠢᠨ᠎ᠠ᠃

ᠪᠣᠳᠠᠲᠤ᠌ ᠦᠷ᠎ᠡ ᠪᠦᠲᠦᠮᠵᠢ᠎ᠪᠠᠷ ᠬᠥᠭᠵᠢᠯᠲᠡ᠎ᠶ᠋ᠢ ᠠᠬᠢᠭᠤᠯᠵᠤ᠂ ᠲᠥᠷᠦᠯ ᠬᠤᠪᠢᠶᠠᠨ ᠡᠮᠬᠢᠯᠡᠬᠦ ᠂ ᠨᠠᠶ᠋ᠢᠳᠠᠪᠤᠷᠢᠵᠢᠭᠤᠯᠤᠯᠳᠠ᠎ᠶ᠋ᠢ ᠴᠢᠩᠭᠠᠷᠠᠭᠤᠯᠬᠤ᠎ᠪᠠᠷ ᠳᠡᠮᠵᠢᠨ᠂ ᠬᠦᠯᠢᠶᠡᠨ ᠠᠪᠬᠤ ᠪᠠ ᠤᠯᠠᠷᠢᠭᠤᠯᠬᠤ 《ᠬᠤᠤᠰ ᠵᠢᠮᠳᠦ 》 ᠨᠠᠶ᠋ᠢᠳᠠᠪᠤᠷᠢᠵᠢᠭᠤᠯᠬᠤ  ᠲᠣᠭᠲᠠᠴᠠ ᠶ᠋ᠢ ᠡᠬᠦᠳᠦᠨ ᠪᠠᠢᠭᠤᠯᠵᠤ᠂ ᠲᠡᠷᠭᠡ ᠵᠣᠭᠰᠤᠭᠠᠬᠤ᠎ᠳᠤ ᠬᠦᠴᠢᠷᠲᠡᠢ᠂ ᠦᠨᠡᠮᠯᠡᠯ ᠭᠦᠢᠴᠡᠳᠬᠡᠬᠦ᠎ᠳᠤ ᠬᠦᠴᠢᠷᠲᠡᠢ ᠵᠡᠷᠭᠡ ᠠᠰᠠᠭᠤᠳᠠᠯ ᠳ᠋ᠤ ᠴᠢᠭᠯᠡᠬᠦᠯᠦᠨ᠂ ᠲᠦᠷᠭᠡᠨ ᠰᠢᠢᠳᠪᠦᠷᠢᠯᠡᠬᠦ᠌ ᠠᠵᠢᠯ ᠤ᠋ᠨ ᠵᠠᠭᠪᠤᠷ ᠢ᠋ ᠡᠬᠢᠯᠡᠭᠦᠯᠪᠡ᠃ ᠬᠥᠭᠵᠢᠯᠲᠡ᠎ᠶ᠋ᠢᠨ 《ᠠᠯᠲᠠᠨ ᠠᠷᠭ᠎ᠠ ᠬᠡᠮᠵᠢᠶ᠎ᠡ》 ᠳ᠋ᠤ ᠴᠢᠭᠯᠡᠭᠦᠯᠦᠨ᠂ ᠨᠠᠮ᠎ᠤᠨ ᠡᠭᠦᠷ᠎ᠠᠴᠠ ᠵᠥᠪᠯᠡᠵᠦ᠍᠂ ᠨᠠᠮ᠎ᠤᠨ ᠬᠤᠷᠢᠶ᠎ᠠ᠎ᠡᠴᠠ ᠲᠣᠭᠲᠠᠭᠠᠵᠤ᠂ ᠣᠲᠤ᠌  ᠪᠣᠯᠲᠠᠯ᠎ᠠ  ᠬᠠᠪᠰᠤᠷᠤᠨ ᠭᠦᠢᠴᠡᠳᠬᠡᠬᠦ ᠣᠷᠤᠯᠠᠨ ᠭᠦᠢᠴᠡᠳᠬᠡᠬᠦ᠌ ᠦᠢᠯᠡᠴᠢᠯᠡᠭᠡ ᠵᠢ 61 ᠤᠳᠠᠭ᠎ᠠ ᠥᠷᠨᠢᠭᠦᠯᠵᠦ᠍᠂ ᠲᠦᠬᠦᠭᠡᠷᠦᠮᠵᠢᠳᠤ ᠲᠠᠷᠢᠶᠠᠯᠠᠩ ᠎ᠢ ᠰᠠᠶ᠋ᠢᠵᠢᠷᠠᠭᠤᠯᠬᠤ ᠵᠡᠷᠭᠡ ᠣᠯᠠᠨ ᠲᠦᠮᠡᠨ᠎ᠤ ᠬᠦᠰᠡᠨ ᠡᠷᠡᠮᠡᠯᠵᠡᠵᠤ  ᠪᠠᠢᠭ᠎ᠠ  ᠨᠢᠭᠡ  ᠪᠦᠯᠦᠭ  ᠲᠦᠷᠦᠯ  ᠵᠦᠢᠯ ᠎ᠢ ᠵᠠᠯᠭᠠᠭ᠎ᠠ᠎ᠪᠠᠷ ᠨᠠᠶ᠋ᠢᠳᠠᠪᠤᠷᠢᠵᠢᠭᠤᠯᠵᠠᠢ᠃

ᠦᠷ᠎ᠡ  ᠪᠦᠳᠦᠮᠵᠢ ᠎ᠶ᠋ᠢ  ᠦᠨᠡᠯᠡᠨ ᠵᠢᠱ᠌ᠢᠬᠦ᠎ᠶ᠋ᠢ  ᠴᠢᠬᠤᠯᠠᠴᠢᠯᠠᠵᠤ ᠂ ᠤᠷᠳᠤ ᠬᠤᠭᠤᠴᠠᠭᠠᠨ ᠤ᠋ ᠪᠦᠲᠦᠮᠵᠢᠳᠡᠢ ᠲᠤᠭᠳᠠᠴᠠ ᠪᠡᠷ ᠠᠷᠠᠳ᠎ᠤᠨ ᠠᠮᠢᠳᠤᠷᠠᠯ ᠤ᠋ᠨ ᠪᠤᠳᠠᠳᠤ ᠶᠠᠪᠤᠳᠠᠯ ᠢ᠋ ᠰᠠᠢᠳᠤᠷ ᠬᠢᠵᠡᠢ᠃ ᠪᠠᠭᠠᠷᠢᠨ ᠵᠡᠭᠦᠨ ᠬᠤᠰᠢᠭᠤ ᠣᠯᠠᠨ ᠲᠦᠮᠡᠨ ᠤ᠋ ᠦᠨᠡᠯᠡᠯᠲᠡ᠎ᠶ᠋ᠢ ᠰᠤᠷᠤᠯᠴᠠᠯᠭ᠎ᠠ ᠬᠥᠮᠦᠵᠢᠯ᠎ᠤᠨ ᠦᠷ᠎ᠡ ᠪᠦᠲᠦᠮᠵᠢ ᠶ᠋ᠢ   ᠰᠢᠯᠭᠠᠬᠤ ᠴᠢᠬᠤᠯᠠ ᠪᠠᠷᠢᠮᠵᠢᠶ᠎ᠠ ᠪᠣᠯᠭᠠᠬᠤ᠎ᠶ᠋ᠢ ᠪᠠᠷᠢᠮᠲᠠᠯᠠᠵᠤ ᠂ ᠢᠯᠡ ᠨᠡᠢᠲᠡᠯᠡᠬᠦ ᠪᠠᠷ ᠵᠢᠷᠤᠮᠵᠢᠯ᠎ᠢ ᠠᠬᠢᠭᠤᠯᠵᠤ᠂ ᠬᠢᠨᠠᠯᠲᠠ ᠲᠠᠯᠪᠢᠬᠤ᠎ᠪᠠᠷ ᠨᠠᠶ᠋ᠢᠳᠠᠪᠤᠷᠢᠵᠢᠭᠤᠯᠤᠯᠲᠠ ᠶ᠋ᠢ ᠠᠬᠢᠭᠤᠯᠵᠠᠢ᠃ ᠣᠯᠠᠨ ᠲᠦᠮᠡᠨ ᠤ᠋ ᠲᠤᠰᠭᠠᠯ ᠴᠢᠩᠭ᠎ᠠ ᠪᠠᠶ᠋ᠢᠭ᠎ᠠ ᠲᠣᠪᠤᠶ᠋ᠢᠮ᠎ᠠ ᠠᠰᠠᠭᠤᠳᠠᠯ ᠎ᠢ ᠢᠯᠡ ᠪᠣᠯᠭᠠᠬᠤ᠎ᠶ᠋ᠢ ᠦᠷᠭᠦᠯᠵᠢᠯᠡᠨ ᠰᠠᠶ᠋ᠢᠲᠤᠷ ᠠᠳᠭᠤᠵᠤ᠂ ᠢᠯᠡ ᠨᠡᠢᠲᠡᠯᠡᠬᠦ ᠠᠭᠤᠯᠭ᠎ᠠ ᠎ᠶ᠋ᠢ  ᠨᠠᠷᠢᠯᠢᠭᠵᠢᠭᠤᠯᠤᠨ᠂ ᠢᠯᠡ ᠨᠡᠶ᠋ᠢᠲᠡᠯᠡᠬᠦ᠌  ᠠᠷᠭ᠎ᠠ ᠵᠠᠮ ᠢ᠋ ᠥᠷᠭᠡᠳᠬᠡᠵᠦ᠍ ᠂ ᠨᠢᠭᠡᠨᠲᠡ ᠰᠢᠢᠳᠪᠦᠷᠢᠯᠡᠭᠰᠡᠨ 65 ᠲᠣᠪᠤᠶ᠋ᠢᠮ᠎ᠠ ᠠᠰᠠᠭᠤᠳᠠᠯ ᠢ᠋ ᠪᠦᠯᠦᠭ ᠤᠳᠠᠭ᠎ᠠ ᠬᠤᠪᠢᠶᠠᠨ ᠢᠯᠡ ᠨᠡᠶ᠋ᠢᠲᠡᠯᠡᠵᠦ᠍᠂ ᠢᠯᠡ ᠨᠡᠢᠲᠡᠯᠡᠬᠦ᠎ᠪᠠᠷ   ᠵᠢᠷᠤᠮᠵᠢᠯ᠎ᠢ ᠠᠬᠢᠭᠤᠯᠤᠨ᠂ ᠬᠢᠨᠠᠯᠲᠠ ᠲᠠᠯᠪᠢᠬᠤ᠎ᠪᠠᠷ  ᠪᠣᠳᠠᠲᠤ᠌ ᠦᠷ᠎ᠡ ᠪᠦᠲᠦᠮᠵᠢ ᠶ᠋ᠢ ᠠᠬᠢᠭᠤᠯᠪᠠ᠃ ᠵᠠᠳᠠᠯᠤᠨ ᠰᠢᠨᠵᠢᠯᠡᠵᠦ ᠰᠤᠷᠲᠠᠯ ᠵᠢᠡᠨ ᠬᠤᠪᠢᠷᠠᠭᠤᠯᠬᠤ ᠵᠢ ᠭᠦᠨᠵᠡᠭᠡᠶ᠋ᠢᠷᠡᠭᠦᠯᠵᠦ᠍᠂ ᠵᠢᠵᠢᠭ ᠵᠦᠢᠯᠡᠰ ᠡᠴᠡ ᠭᠠᠷᠳᠠᠨ ᠠᠰᠠᠭᠤᠳᠠᠯ ᠢ᠋ ᠰᠢᠢᠳᠪᠦᠷᠢᠯᠡᠬᠦ᠂ ᠭᠦᠨ ᠳᠠᠪᠬᠤᠷᠭ᠎ᠠ ᠳ᠋ᠤ ᠬᠦᠴᠦᠨ᠎ᠢᠶᠠᠨ ᠲᠥᠪᠯᠡᠷᠡᠭᠦᠯᠬᠦ᠎ᠶ᠋ᠢ ᠪᠠᠷᠢᠮᠲᠠᠯᠠᠵᠤ᠂ ᠠᠰᠠᠭᠤᠳᠠᠯ᠎ᠤᠨ ᠨᠠᠷᠢᠨ ᠲᠠᠩᠰᠠ᠎ᠶ᠋ᠢ ᠪᠠᠶ᠋ᠢᠴᠠᠭᠠᠨ ᠳᠡᠯᠭᠡᠬᠦ ᠲᠠᠢ ᠤᠶᠠᠯᠳᠤᠭᠤᠯᠤᠨ᠂ ᠬᠤᠰᠢᠭᠤᠨ᠎ᠤ ᠨᠠᠮ᠎ᠤᠨ ᠬᠤᠷᠢᠶᠠᠨ᠎ᠤ ᠭᠤᠤᠯ ᠬᠠᠷᠢᠭᠤᠴᠠᠯᠭᠠᠲᠠᠨ ᠡᠴᠡ ᠲᠦᠷᠦᠭᠦᠯᠡᠨ ᠨᠡᠶ᠋ᠢᠲᠡᠯᠢᠭ ᠬᠡᠷᠡᠭ᠎ᠤᠨ ᠵᠢᠱ᠌ᠢᠶ᠎ᠡ ᠵᠢ ᠵᠠᠳᠠᠯᠬᠤ ᠬᠤᠷᠠᠯ ᠢ᠋ ᠬᠤᠷᠠᠯᠳᠤᠭᠤᠯᠵᠤ ᠂ ᠪᠥᠬᠦ᠌ ᠬᠤᠰᠢᠭᠤᠨ᠎ᠤ ᠡᠯ᠎ᠡ ᠱᠠᠲᠤᠨ᠎ᠤ ᠨᠠᠮ᠎ᠤᠨ ᠵᠣᠬᠢᠶᠠᠨ ᠪᠠᠶ᠋ᠢᠭᠤᠯᠤᠯᠲᠠ᠎ᠶ᠋ᠢ ᠳᠠᠶ᠋ᠢᠴᠢᠯᠠᠨ ᠥᠪᠡᠰᠦᠪᠡᠨ ᠪᠠᠶ᠋ᠢᠴᠠᠭᠠᠵᠤ ᠵᠠᠳᠠᠯᠤᠨ ᠰᠢᠨᠵᠢᠯᠡᠬᠦ᠌ ᠬᠤᠷᠠᠯ  ᠢ᠋ 115 ᠤᠳᠠᠭ᠎ᠠ ᠬᠤᠷᠠᠯᠳᠤᠭᠤᠯᠵᠤ᠂ ᠡᠯ᠎ᠡ ᠲᠥᠷᠦᠯ ᠤ᠋ᠨ ᠠᠰᠠᠭᠤᠳᠠᠯ᠎ᠢ 313 ᠴᠡᠭᠴᠡᠯᠡᠨ ᠰᠠᠶ᠋ᠢᠵᠢᠷᠠᠭᠤᠯᠪᠠ᠃ ᠬᠠᠮᠢᠶᠠᠷᠤᠯᠳᠠ ᠵᠢᠨ ᠲᠣᠭᠲᠠᠴᠠ᠎ᠶ᠋ᠢ ᠲᠡᠬᠦᠯᠳᠡᠷᠵᠢᠬᠦᠯᠵᠤ ᠂ 《 ᠲᠠᠷᠤᠢᠬᠠᠨ ᠥᠭᠡᠷᠡᠴᠢᠯᠡᠬᠦ᠌ 》 ᠪᠠ 《 ᠣᠷᠳᠤ ᠬᠤᠭᠤᠴᠠᠭ᠎ᠠ᠎ᠪᠠᠷ ᠪᠠᠶ᠋ᠢᠭᠤᠯᠬᠤ》 ᠶ᠋ᠢ ᠤᠶᠠᠯᠳᠤᠭᠤᠯᠵᠤ ᠂ ᠰᠤᠷᠤᠯᠴᠠᠯᠭ᠎ᠠ  ᠬᠥᠮᠦᠵᠢᠯ᠎ᠤᠨ ᠶᠠᠪᠤᠴᠠ ᠳ᠋ᠦ ᠥᠪᠡᠷ᠎ᠢ᠎ᠪᠠᠨ ᠵᠠᠳᠠᠯᠤᠨ ᠰᠢᠨᠵᠢᠯᠡᠭᠰᠡᠨ ᠠᠰᠠᠭᠤᠳᠠᠯ ᠎ᠢ ᠴᠡᠭᠴᠡᠯᠡᠨ ᠰᠠᠶ᠋ᠢᠵᠢᠷᠠᠭᠤᠯᠬᠤ ᠪᠠ ᠰᠢᠯᠢᠳᠡᠭ ᠠᠷᠭ᠎ᠠ ᠬᠡᠮᠵᠢᠶ᠎ᠡ᠎ᠳᠤ ᠴᠢᠭᠯᠡᠭᠦᠯᠦᠨ᠂ ᠲᠦᠷᠢᠮ ᠎ᠤᠨ  ᠬᠡᠯᠪᠡᠷᠢ᠎ᠪᠠᠷ ᠲᠣᠭᠲᠠᠪᠤᠷᠢᠵᠢᠭᠤᠯᠵᠤ᠂ ᠪᠠᠶ᠋ᠢᠩᠭᠤ ᠵᠢᠨ ᠤᠷᠳᠤ ᠬᠤᠭᠤᠴᠠᠭᠠᠨ ᠎ᠤ ᠪᠦᠲᠦᠮᠵᠢᠲᠡᠢ ᠲᠣᠭᠲᠠᠴᠠ᠎ᠶ᠋ᠢ ᠪᠠᠶ᠋ᠢᠭᠤᠯᠤᠨ᠂ ᠲᠦᠷᠢᠮ᠎ᠤᠨ ᠤᠷᠳᠤ ᠬᠤᠭᠤᠴᠠᠭ᠎ᠠ᠎ᠪᠠᠷ ᠪᠦᠲᠦᠮᠵᠢᠲᠡᠢ ᠪᠠᠢᠬᠤ ᠵᠢ ᠪᠠᠳᠤᠯᠠᠬᠤ  ᠪᠡᠷ  ᠦᠨᠳᠦᠰᠦ  ᠰᠠᠭᠤᠷᠢ᠎ᠶ᠋ᠢ  ᠪᠠᠲᠤᠳᠭᠠᠨ ᠡᠷᠴᠢ  ᠬᠦᠴᠦᠨ ᠢ᠋  ᠬᠦᠭᠵᠢᠭᠡᠵᠡᠢ᠃

ᠪᠠᠭᠠᠷᠢᠨ ᠵᠡᠭᠦᠨ ᠬᠤᠰᠢᠭᠤ ᠨᠠᠩ ᠪᠣᠳᠠᠲᠠᠢ᠎ᠶ᠋ᠢ ᠡᠷᠬᠢᠮᠯᠡᠬᠦ᠌ ᠠᠷᠭ᠎ᠠ ᠬᠡᠮᠵᠢᠶ᠎ᠡ᠎ᠪᠠᠷ ᠠᠷᠠᠳ᠎ᠤᠨ ᠠᠮᠢᠳᠤᠷᠠᠯ᠎ᠤᠨ ᠪᠤᠶᠠᠨ ᠵᠢᠷᠭᠠᠯ᠎ᠢ ᠨᠡᠮᠡᠭᠳᠡᠭᠦᠯᠵᠦ᠍᠂ ᠨᠠᠩ ᠯᠠᠪᠳᠠᠭᠤᠨ ᠪᠠᠲᠤᠲᠠᠢ ᠰᠤᠷᠲᠠᠯ᠎ᠢᠶᠠᠷ ᠴᠢᠨᠠᠷ ᠰᠠᠶ᠋ᠢᠲᠠᠢ ᠬᠥᠭᠵᠢᠯᠲᠡ᠎ᠶ᠋ᠢ ᠠᠬᠢᠭᠤᠯᠵᠤ᠂ ᠠᠷᠠᠳ ᠤ᠋ᠨ ᠠᠮᠢᠳᠤᠷᠠᠯ ᠤ᠋ᠨ ᠭᠤᠢᠳᠠ ᠰᠠᠢᠬᠠᠨ ᠬᠠᠭᠤᠳᠠᠰᠤ ᠵᠢ ᠲᠠᠰᠤᠷᠠᠯᠲᠠ ᠥᠬᠡᠢ ᠪᠢᠴᠢᠭᠯᠡᠵᠦ ᠪᠤᠢ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号