ᠵᠣᠨ᠎ᠤ ᠡᠬᠢᠨ ᠤ᠋ ᠬᠥᠪᠴᠢ᠎ᠶ᠋ᠢᠨ ᠡᠯᠡᠰᠦᠨ᠎ᠤ ᠭᠦᠨ᠎ᠳᠦ ᠨᠠᠭᠤᠷ᠎ᠤᠨ ᠤᠰᠤ ᠠᠷᠯᠠᠨ ᠳᠣᠯᠭᠢᠶᠠᠯᠠᠵᠤ᠂ ᠨᠡᠭᠦᠳᠡᠯ᠎ᠦᠨ ᠱᠢᠪᠠᠭᠤᠳ ᠵᠡᠯᠡᠯᠡᠵᠦ᠂ ᠬᠡᠰᠡᠭ ᠬᠡᠰᠡᠭ ᠨᠣᠭᠣᠭᠠᠨ ᠪᠦᠷᠢᠳᠦ ᠦᠵᠡᠮᠵᠢ ᠲᠠᠲᠠᠨ᠂ ᠡᠯᠡᠰᠦᠨ ᠴᠥᠯᠵᠢᠡᠷ ᠮᠠᠰᠢᠨ ᠲᠡᠷᠭᠡ ᠬᠡᠬᠡᠷᠡᠯᠡᠨ ᠲᠠᠪᠬᠢᠯᠳᠤᠵᠤ᠂ᠬᠤᠯᠠ ᠤᠢᠷ᠎ᠠ᠎ᠵᠢᠨ ᠵᠢᠭᠤᠯᠴᠢᠯᠠᠭᠰᠠᠳ ᠡᠯᠡᠰᠦ ᠮᠠᠨᠭᠬᠠᠨ ᠳ᠋ᠤ ᠬᠠᠪᠤ ᠴᠡᠩᠭᠡᠯ᠎ᠢ ᠡᠳ᠋ᠯᠡᠨ᠎ᠡ ᠁
ᠣᠷᠳᠣᠰ ᠬᠣᠲᠠ᠎ᠶ᠋ᠢᠨ ᠬᠠᠩᠭᠢᠨ ᠬᠣᠱᠢᠭᠤ ᠨᠢ ᠶᠠᠭ ᠬᠥᠪᠴᠢ᠎ᠶ᠋ᠢᠨ ᠡᠯᠡᠰᠦᠨ ᠤ᠋ ᠥᠷᠥᠴᠡᠨ᠎ᠳᠦ ᠪᠠᠢᠷᠢᠯᠠᠭ᠎ᠠ ᠲᠤᠯᠠ ᠡᠨᠡ ᠬᠦ᠌ ᠭᠣᠶᠣ ᠦᠵᠡᠮᠵᠢ ᠨᠢ ᠣᠲᠣ ᠨᠢᠭᠡᠨᠲᠡ ᠬᠠᠩᠭᠢᠨ ᠬᠣᠱᠢᠭᠤᠨ᠎ᠤ ᠱᠢᠨ᠎ᠡ ᠨᠡᠷ᠎ᠡ᠎ᠶ᠋ᠢᠨ ᠬᠠᠭᠤᠳᠠᠰᠤ ᠪᠣᠯᠵᠠᠶ᠃
ᠬᠠᠳᠤᠨ ᠭᠣᠣᠯ ᠢ᠋ ᠨᠤᠮᠤ ᠭᠡᠪᠡᠯ ᠶᠡᠬᠡ ᠭᠣᠪᠢ ᠨᠢ ᠬᠥᠪᠴᠢ ᠪᠤᠯᠤᠨ᠎ᠠ᠃ ᠨᠢᠭᠡ ᠲᠠᠯ᠎ᠠ᠎ᠳ᠋ᠤ᠎ᠨᠢ ᠬᠠᠲᠤᠨ ᠭᠤᠤᠯ ᠲᠠᠪᠠᠯᠭᠠᠯᠠᠨ᠂ ᠨᠥᠭᠥᠭᠡ ᠲᠠᠯ᠎ᠠ᠎ᠳ᠋ᠤ᠎ᠨᠢ ᠱᠢᠷ᠎ᠠ ᠡᠯᠡᠰᠦ ᠨᠡᠯᠦᠢᠵᠦ᠍᠂ ᠲᠡᠦᠬᠡᠨ ᠳᠡᠭᠡᠷᠡᠬᠢ ᠬᠠᠩᠭᠢᠨ ᠬᠣᠱᠢᠭᠤ ᠡᠨᠡ ᠬᠦ᠌ ᠨᠤᠮᠤ᠎ᠶ᠋ᠢᠨ ᠬᠥᠪᠴᠢ᠎ᠳᠦ ᠪᠠᠭᠠᠯᠵᠠᠭᠤᠷ᠎ᠢᠶᠡᠨ ᠰᠦᠪᠡᠯᠡᠭᠦᠯᠵᠦ᠂《ᠡᠯᠡᠰᠦ ᠤᠷᠤᠭ᠍ᠰᠢᠯᠠᠵᠤ ᠬᠥᠮᠦᠨ ᠤᠬᠤᠷᠢᠬᠰᠠᠨ 》 ᠨᠢ ᠦᠨᠳᠦᠰᠦᠲᠡᠨ᠎ᠨᠦᠭᠦᠳ ᠦᠨ ᠠᠷᠠᠳ ᠲᠦᠮᠡᠨ ᠦ ᠬᠠᠮᠲᠤ᠎ᠶ᠋ᠢᠨ ᠡᠪᠡᠷᠱᠢᠶᠡᠯ ᠪᠣᠯᠵᠣ ᠥᠩᠭᠡᠷᠡᠵᠡᠶ᠃ ᠬᠣᠵᠢᠮ ᠨᠢ ᠡᠯᠡᠰᠦ ᠵᠢ ᠳᠤᠭᠤᠯᠤᠭ᠍ᠰᠠᠨ ᠵᠠᠰᠠᠮᠠᠯ ᠵᠠᠮ ᠤ᠋ᠳ ᠨᠢ ᠪᠦᠯᠬᠦᠮᠳᠡᠯ᠎ᠦᠨ ᠬᠥᠭᠥᠷᠭᠡ ᠪᠣᠯᠵᠤ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠬᠠᠮᠲᠤ᠎ᠶ᠋ᠢᠨ ᠭᠡᠷ ᠣᠷᠣᠨ᠎ᠢ ᠬᠠᠮᠠᠭᠠᠯᠠᠪᠠ᠃ ᠵᠠᠮ ᠳᠡᠪᠢᠰᠴᠦ᠍ ᠬᠠᠷᠰᠢ ᠰᠠᠭᠠᠳ᠎ᠢ ᠡᠪᠳᠡᠬᠦ᠌᠎ᠡᠴᠡ ᠠᠪᠤᠭᠠᠳ ᠵᠠᠮ ᠰᠠᠬᠢᠵᠤ ᠠᠷᠠᠳ᠎ᠢ ᠬᠠᠮᠠᠭᠠᠯᠠᠬᠤ ᠬᠦᠷᠲᠡᠯ᠎ᠡ᠂ ᠳᠠᠬᠢᠭᠠᠳ ᠵᠠᠮ᠎ᠢ ᠰᠠᠢᠵᠢᠷᠠᠭᠤᠯᠵᠤ ᠠᠷᠠᠳ᠎ᠢ ᠪᠠᠶᠠᠵᠢᠭᠤᠯᠬᠤ ᠬᠦᠷᠲᠡᠯ᠎ᠡ᠂ ᠵᠤᠷᠪᠤᠰ ᠵᠤᠷᠪᠤᠰ ᠵᠠᠰᠠᠮᠠᠯ ᠵᠠᠮ ᠨᠢ ᠡᠯᠡᠰᠦ᠎ᠶ᠋ᠢ ᠵᠠᠰᠠᠭ᠍ᠰᠠᠨ ᠲᠡᠦᠬᠡᠨ ᠳᠡᠭᠡᠷᠡᠬᠢ ᠱᠢᠨ᠎ᠡ ᠭᠠᠢᠬᠠᠮᠱᠢᠭ᠎ᠢ ᠪᠤᠢ ᠪᠤᠯᠭᠠᠭᠰᠠᠨ ᠵᠢᠡᠷ ᠪᠠᠷᠠᠬᠤ ᠦᠭᠡᠢ ᠨᠡᠩ ᠴᠤ᠌ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠠᠮᠢᠳᠤᠯᠢᠭ ᠦᠢᠯᠡᠳᠦᠯᠭᠡ᠎ᠶ᠋ᠢ ᠲᠠᠢᠯᠪᠤᠷᠢᠯᠠᠭ᠍ᠰᠠᠨ ᠪᠠᠢᠨ᠎ᠠ᠃
《 ᠰᠡᠳᠭᠢᠯ᠎ᠨᠢᠭᠡᠳᠦᠨ 》 ᠡᠯᠡᠰᠦᠨ ᠴᠦᠯ ᠲᠠᠢ ᠲᠠᠢᠯᠠᠯᠳᠤᠵᠤ ᠭᠠᠷ ᠬᠤᠯᠪᠤᠯᠴᠠᠨ 《ᠠᠮᠢ ᠠᠬᠤᠶ᠎ᠶ᠋ᠢᠨ ᠵᠠᠮ 》 ᠢ᠋ ᠴᠣᠭ᠍ᠴᠠᠯᠠᠨ᠎ᠠ
《 ᠡᠯᠡᠰᠦᠨ ᠴᠦᠯ᠎ᠳᠦ ᠵᠠᠮ ᠵᠠᠰᠠᠬᠤᠶ᠎ᠠ ᠲᠩᠷᠢ᠎ᠳᠦ ᠭᠠᠷᠬᠤ᠎ᠡᠴᠡ ᠬᠦᠴᠢᠷ᠃ ᠭᠡᠪᠡᠴᠦ᠍ ᠦᠨᠳᠦᠰᠦᠲᠡᠨ᠎ᠨᠦᠭᠦᠳ᠎ᠦᠨ ᠤᠯᠠᠨ ᠲᠦᠮᠡᠨ ᠰᠡᠳᠭᠢᠯ ᠨᠢᠭᠡᠳᠦᠨ ᠴᠢᠷᠮᠠᠢᠳᠠᠭ ᠯᠠ ᠶᠤᠮ ᠪᠣᠯ ᠳᠠᠪᠠᠵᠤ ᠴᠢᠳᠠᠰᠢ ᠦᠭᠡᠢ ᠳᠠᠪᠠᠭ᠎ᠠ ᠭᠡᠵᠦ᠍ ᠦᠭᠡᠢ ᠶᠤᠮ 》᠃ ᠡᠨᠡ ᠵᠢᠯ 66 ᠨᠠᠰᠤᠲᠠᠶ ᠯᠢ ᠪᠢᠩ ᠯᠢᠶᠠᠩ ᠪᠤᠯ ᠡᠯᠡᠰᠦ ᠵᠢ ᠳᠤᠭᠤᠯᠤᠭ᠍ᠰᠠᠨ ᠵᠠᠰᠠᠮᠠᠯ ᠵᠠᠮ᠎ᠤᠨ ᠪᠥᠲᠥᠭᠡᠨ ᠪᠠᠢᠭᠤᠯᠤᠯᠲᠠᠳ᠋ᠤ ᠪᠡᠶ᠎ᠡ᠎ᠪᠡᠷ᠎ᠢᠶᠡᠨ ᠤᠷᠤᠯᠴᠠᠭᠴᠢ ᠮᠥᠨ᠃
20 ᠳ᠋ᠤᠭᠠᠷ ᠵᠠᠭᠤᠨ᠎ᠤ ᠶᠡᠷᠡᠭᠡᠳ ᠣᠨ᠎ᠳᠤ ᠬᠠᠩᠭᠢᠨ ᠬᠣᠱᠢᠭᠤᠨ᠎ᠤ ᠡᠯᠡᠰᠦᠨ ᠴᠥᠯ᠎ᠦᠨ ᠦᠷᠦᠴᠡᠨ ᠳ᠋ᠤ ᠵᠠᠮ ᠬᠠᠷᠢᠯᠴᠠᠭ᠎ᠠ ᠨᠡᠪᠳᠡᠷᠡᠬᠦ ᠦᠭᠡᠢ ᠪᠤᠢᠳᠠ ᠪᠦᠭᠯᠡᠬᠦᠦ ᠪᠠᠢᠪᠠ᠃ ᠮᠣᠩᠭᠣᠯ ᠦᠨᠳᠦᠰᠦᠳᠡᠨ᠎ᠤ ᠮᠠᠯᠴᠢᠳ ᠤᠰᠤ ᠪᠡᠯᠴᠢᠭᠡᠷ᠎ᠢ ᠲᠠᠭᠠᠨ ᠰᠠᠭᠤᠷᠢᠱᠢᠵᠤ᠂ ᠬᠢᠲᠠᠳ ᠦᠨᠳᠦᠰᠦᠲᠡᠨ᠎ᠦ ᠤᠯᠠᠨ ᠲᠦᠮᠡᠨ ᠲᠠᠷᠢᠶᠠᠯᠠᠬᠤ᠎ᠳᠤ ᠬᠦᠴᠢᠷᠲᠡᠢ᠂ ᠡᠳ᠋ ᠪᠣᠳᠠᠰ᠎ᠢ ᠲᠡᠭᠡᠭᠡᠪᠤᠷᠢᠯᠡᠵᠦ ᠤᠷᠤᠭᠤᠯᠵᠤ ᠳᠡᠢᠯᠬᠦ᠌ ᠦᠭᠡᠢ᠂ ᠪᠦᠲᠦᠭᠡᠭᠳᠡᠭᠦᠨ᠎ᠢᠶᠡᠨ ᠲᠡᠭᠡᠭᠡᠪᠤᠷᠢᠯᠡᠵᠦ ᠭᠠᠷᠭᠠᠵᠤ ᠳᠡᠢᠯᠬᠦ᠌ ᠦᠭᠡᠢ ᠪᠠᠢᠪᠠ᠃ 《 ᠤᠰᠤ ᠲᠤᠳᠠᠭᠳᠠᠵᠤ᠂ ᠵᠠᠮ ᠬᠠᠷᠢᠯᠴᠠᠭ᠎ᠠ ᠨᠡᠪᠳᠡᠷᠡᠬᠦ ᠦᠭᠡᠢ 》 ᠨᠢ ᠲᠤᠬᠠᠢ᠎ᠶ᠋ᠢᠨ ᠦᠶ᠎ᠡ᠎ᠶ᠋ᠢᠨ ᠬᠠᠩᠭᠢᠨ ᠬᠣᠱᠢᠭᠤᠨ᠎ᠤ ᠬᠠᠮᠤᠭ᠎ᠤᠨ ᠦᠨᠡᠨ ᠪᠣᠳᠠᠲᠠᠢ ᠵᠢᠷᠤᠭ᠍ᠯᠠᠯ ᠪᠣᠯᠤᠭ᠍ᠰᠠᠨ ᠪᠥᠭᠡᠳ ᠤᠯᠠᠨ ᠲᠦᠮᠡᠨ᠎ᠦ ᠶᠠᠪᠤᠵᠤ ᠰᠠᠭᠤᠬᠤ ᠬᠦᠴᠢᠷᠳᠡᠯ ᠪᠣᠯᠤᠨ ᠠᠷᠭ᠎ᠠ ᠮᠤᠬᠤᠷᠳᠠᠯᠢ ᠭᠦᠢᠴᠡᠳ ᠢᠯᠡᠷᠡᠭᠦᠯᠵᠡᠢ᠃
ᠡᠯᠡᠰᠦᠨ ᠴᠦᠯ᠎ᠦᠨ ᠬᠦᠯᠢᠶᠡᠰᠦᠯᠡᠯ᠎ᠢ ᠡᠪᠳᠡᠵᠦ᠍᠂ ᠬᠥᠭ᠌ᠵᠢᠯᠲᠡ᠎ᠶ᠋ᠢᠨ ᠵᠠᠮ᠎ᠢ ᠨᠡᠪᠲᠡᠷᠡᠭᠦᠯᠬᠦ᠌ ᠨᠢ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠬᠠᠮᠲᠤ᠎ᠶ᠋ᠢᠨ ᠬᠦᠰᠡᠯ ᠡᠷᠡᠮᠡᠯᠵᠡᠯ ᠪᠣᠯᠵᠠᠢ᠃ 1997 ᠣᠨ᠎ᠳᠤ ᠬᠠᠩᠭᠢᠨ ᠬᠣᠱᠢᠭᠤᠨ᠎ᠤ ᠡᠯᠡᠰᠦ᠎ᠶ᠋ᠢ ᠲᠤᠭᠤᠯᠤᠭ᠍ᠰᠠᠨ ᠵᠠᠰᠠᠮᠠᠯ ᠵᠠᠮ ᠤ᠋ᠨ ᠪᠠᠷᠢᠯᠭ᠎ᠠ ᠡᠬᠢᠯᠡᠵᠤ᠂ ᠡᠨᠡ ᠬᠦ᠌ ᠵᠠᠰᠠᠮᠠᠯ ᠵᠠᠮ ᠨᠢ ᠶᠠᠭ ᠬᠤᠷᠴᠠ ᠰᠡᠯᠡᠮ᠎ᠡ ᠱᠢᠭ᠎ᠢᠶᠡᠷ ᠨᠡᠯᠦᠭᠡᠷ ᠶᠡᠬᠡ ᠡᠯᠡᠰᠦᠨ ᠲᠠᠯᠠᠢ᠎ᠳᠦ ᠱᠢᠭᠢᠳᠴᠦ᠍᠂ ᠬᠦᠴᠢᠷ᠎ᠢ ᠲᠤᠭᠤᠯᠬᠤ ᠬᠦᠰᠡᠯ᠎ᠦᠨ ᠵᠠᠮ ᠢ᠋ ᠨᠡᠭᠡᠭᠡᠪᠡ᠃
ᠲᠤᠬᠠᠶ᠎ᠶ᠋ᠢᠨ ᠦᠶ᠎ᠡ᠎ᠳᠦ ᠬᠠᠩᠭᠢᠨ ᠬᠣᠱᠢᠭᠤᠨ᠎ᠤ ᠣᠷᠣᠨ ᠨᠤᠲᠤᠭ᠎ᠤᠨ ᠵᠠᠰᠠᠮᠠᠯ ᠵᠠᠮ᠎ᠤᠨ ᠬᠠᠮᠢᠶᠠᠷᠤᠯᠲᠠ᠎ᠶ᠋ᠢᠨ ᠬᠡᠰᠡᠭ᠎ᠦᠨ ᠳᠠᠷᠤᠭ᠎ᠠ ᠪᠠᠢᠭ᠍ᠰᠠᠨ ᠯᠢ ᠪᠢᠩ ᠯᠢᠶᠠᠩ ᠰᠠᠨᠠᠭᠠᠴᠢᠯᠠᠭ᠎ᠠ᠎ᠡᠴᠡ᠎ᠪᠠᠨ ᠭᠤᠶᠤᠴᠢᠯᠠᠵᠤ᠂ ᠵᠠᠮ᠎ᠤᠨ ᠬᠡᠰᠡᠭ᠎ᠦᠨ ᠬᠠᠢᠨ ᠬᠡᠮᠵᠢᠯᠲᠡ ᠪᠠ ᠣᠯᠠᠨ ᠲᠦᠮᠡᠨ᠎ᠦ ᠳᠠᠢᠴᠢᠯᠠᠯᠲᠠ᠎ᠶ᠋ᠢ ᠬᠠᠷᠢᠭᠤᠴᠠᠪᠠ᠃ 《ᠲᠡᠷᠡ ᠦᠶ᠎ᠡ᠎ᠳᠦ ᠣᠷᠴᠢᠨ ᠨᠦᠬᠦᠴᠡᠯ ᠮᠠᠭᠤ ᠪᠠᠢᠭ᠍ᠰᠠᠨ᠎ᠢᠶᠠᠷ ᠪᠠᠷᠠᠬᠤ ᠦᠭᠡᠢ ᠢᠯᠡᠨ ᠳᠠᠪᠠᠬᠤ᠎ᠳᠤ ᠨᠡᠩ ᠬᠦᠴᠢᠷ ᠪᠠᠢᠭ᠍ᠰᠠᠨ ᠨᠢ ᠤᠯᠠᠨ᠎ᠤ ᠰᠡᠳᠭᠢᠯ᠎ᠳᠡᠬᠢ ᠡᠮᠢᠶᠡᠯ ᠰᠦᠷᠳᠡᠯ ᠪᠤᠯᠤᠨ᠎ᠠ᠃ ᠴᠢᠮᠡᠭᠡ ᠬᠣᠯᠪᠣᠭ᠎ᠠ ᠨᠡᠪᠳᠡᠷᠡᠬᠦ ᠦᠭᠡᠢ᠂ ᠵᠠᠮ ᠪᠠᠰᠠ ᠦᠭᠡᠢ᠂ ᠡᠯᠡᠰᠦᠨ ᠴᠦᠯ᠎ᠳᠦ ᠵᠠᠯᠭᠠᠭ᠎ᠠ᠎ᠪᠠᠷ ᠬᠡᠳᠦᠨ ᠰᠠᠷ᠎ᠠ ᠰᠠᠭᠤᠪᠠᠯ ᠶᠠᠮᠠᠷ ᠬᠦᠴᠢᠷᠳᠡᠯ ᠲᠤᠯᠭᠠᠷᠠᠬᠤ᠎ᠶ᠋ᠢ ᠬᠡᠨ ᠴᠤ᠌ ᠮᠡᠳᠡᠬᠦ᠌ ᠦᠭᠡᠢ ᠪᠠᠢᠵᠤ᠂ ᠠᠮᠢ ᠨᠠᠰᠤ᠎ᠶ᠋ᠢ ᠰᠦᠷᠳᠡᠭᠦᠯᠬᠦ᠌ ᠤᠴᠢᠷ ᠶᠠᠪᠤᠳᠠᠯ ᠴᠤ᠌ ᠭᠠᠷᠴᠤ ᠮᠡᠳᠡᠨ᠎ᠠ 》 ᠭᠡᠵᠦ᠍ ᠯᠢ ᠪᠢᠩ ᠯᠢᠶᠠᠩ ᠬᠡᠯᠡᠪᠡ᠃ ᠡᠯᠡᠰᠦᠨ ᠴᠦᠯ᠎ᠳᠦ ᠠᠭᠠᠭᠢᠮ᠎ᠠ ᠨᠠᠷᠠᠠ ᠲᠡᠭᠡᠷ᠎ᠠ ᠡᠴᠡ ᠱᠢᠷᠠᠵᠤ᠂ ᠰᠠᠯᠬᠢ ᠡᠯᠡᠰᠦ ᠵᠠᠮ᠎ᠢ ᠪᠤᠯᠠᠭᠰᠠᠨ ᠪᠠᠢᠬᠤ ᠳ᠋ᠤ᠂ ᠲᠡᠷᠡ ᠮᠡᠷᠭᠡᠵᠢᠯᠲᠡᠨ ᠪᠠ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠲᠥᠯᠥᠭᠡᠯᠡᠭ᠌ᠴᠢ᠎ᠶ᠋ᠢ ᠳᠠᠭᠠᠭᠤᠯᠵᠤ᠂ ᠡᠳᠦᠷ ᠪᠣᠯᠭᠠᠨ ᠡᠯᠡᠰᠦᠨ ᠴᠦᠯ᠎ᠢᠶᠡᠷ ᠠᠶᠠᠯᠠᠵᠤ᠂ ᠰᠠᠯᠬᠢ ᠡᠯᠡᠰᠦ ᠠᠷᠠᠰᠤ ᠮᠢᠬ᠎ᠠ᠎ᠶ᠋ᠢ ᠨᠢ ᠴᠤᠬᠢᠨ ᠭᠤᠶᠠᠳᠠᠯᠠᠭᠰᠠᠨ ᠴᠦ᠍ ᠵᠠᠮ ᠵᠠᠰᠠᠬᠤ ᠡᠷᠴᠢ ᠵᠣᠷᠢᠭ᠎ᠨᠢ ᠬᠤᠪᠢᠷᠠᠭᠰᠠᠨ ᠦᠭᠡᠢ ᠶᠤᠮ᠃
ᠪᠦᠲᠦᠭᠡᠨ ᠪᠠᠢᠭᠤᠯᠤᠯᠲᠠ᠎ᠶ᠋ᠢᠨ ᠬᠤᠭᠤᠴᠠᠭᠠᠨ᠎ᠳᠤ ᠪᠡᠯᠡ ᠮᠥᠩᠭᠥ᠌ ᠲᠤᠢᠯ᠎ᠢᠶᠡᠷ ᠬᠣᠮᠰᠠᠳᠠᠵᠤ᠂ ᠵᠠᠮ ᠵᠠᠰᠠᠬᠤ ᠳ᠋ᠦ ᠤᠯᠠᠮ ᠬᠡᠴᠡᠭᠦᠦ ᠪᠣᠯᠪᠠ᠃ ᠡᠬᠡᠯ ᠪᠣᠷᠣᠭ᠍ᠵᠢᠭᠤᠨ ᠬᠠᠩᠭᠢᠨ ᠬᠣᠱᠢᠭᠤᠨ᠎ᠤ ᠦᠨᠳᠦᠰᠦᠲᠡᠨ᠎ᠨᠦᠭᠦᠳ᠎ᠦᠨ ᠣᠯᠠᠨ ᠲᠦᠮᠡᠨ ᠥᠪᠡᠷᠰᠡᠳ᠎ᠢᠶᠡᠨ ᠵᠣᠭᠣᠰ ᠬᠠᠨᠳᠢᠪᠯᠠᠨ ᠬᠦᠴᠦ᠍ ᠬᠥᠳᠡᠯᠮᠦᠷᠢ᠎ᠪᠡᠨ ᠡᠷᠭᠦᠵᠦ᠍᠂ ᠰᠤᠷᠭᠠᠭᠤᠯᠢ᠎ᠳᠤ ᠪᠠᠢᠭ᠎ᠠ ᠰᠤᠷᠤᠭ᠍ᠴᠢᠳ ᠴᠤ᠌ ᠰᠡᠳᠭᠢᠯ᠎ᠤᠨ ᠬᠠᠨᠳᠢᠪ᠎ᠢᠶᠡᠨ ᠡᠷᠭᠦᠵᠦ᠍᠂ 《ᠵᠣᠭᠣᠰ᠎ᠲᠠᠶ ᠨᠢ ᠵᠣᠭᠣᠰ᠎ᠢᠶᠠᠨ ᠭᠠᠷᠭᠠᠵᠤ᠂ ᠬᠦᠴᠦ ᠲᠡᠶ ᠨᠢ ᠬᠦᠴᠦ᠍᠎ᠪᠡᠨ ᠭᠠᠷᠭᠠᠬᠤ 》 ᠪᠥᠬᠥ᠌ ᠠᠷᠠᠳ᠎ᠢᠶᠠᠷ᠎ᠢᠶᠠᠨ ᠳᠡᠮᠵᠢᠬᠦ᠌ ᠬᠠᠯᠠᠭᠤᠨ ᠥᠷᠨᠢᠯᠲᠡ᠎ᠶ᠋ᠢ ᠪᠣᠶ ᠪᠣᠯᠭᠠᠪᠠ᠃ ᠲᠦᠮᠡᠨ ᠬᠥᠮᠦᠨ ᠬᠠᠮᠳᠤ ᠪᠡᠷ ᠡᠯᠡᠰᠦᠨ ᠴᠦᠯ ᠲᠠᠢ ᠳᠠᠢᠯᠠᠯᠳᠤᠵᠤ᠂ ᠦᠨᠳᠦᠰᠦᠲᠡᠨ ᠤ᠋ ᠢᠯᠭᠠᠯ ᠥᠬᠡᠶ᠂ ᠭᠠᠭ᠍ᠴᠠ ᠬᠦ᠌ ᠮᠥᠷᠥ᠍ ᠵᠡᠷᠭᠡᠴᠡᠨ ᠡᠷᠡᠯᠬᠡᠭ᠌ᠯᠡᠨ ᠪᠠᠢᠯᠳᠤᠬᠤ ᠪᠠᠷ᠎ᠠ ᠰᠡᠭᠦᠳᠡᠷ ᠯᠡ ᠬᠠᠷᠠᠭ᠍ᠳᠠᠵᠤ ᠪᠠᠢᠯ᠎ᠠ᠃
ᠬᠠᠲᠠᠭᠤ ᠪᠡᠷᠬᠡᠱᠢᠶᠡᠯᠲᠡᠢ ᠣᠨ ᠵᠢᠯ᠎ᠦᠳ᠎ᠲᠦ ᠬᠤᠨᠤᠵᠤ ᠬᠡᠪᠳᠡᠬᠦ ᠳ᠋ᠦ ᠬᠡᠷᠡᠭᠯᠡᠬᠦ ᠮᠠᠢᠬᠠᠨ ᠨᠢ ᠦᠷᠭᠦᠯᠵᠢ ᠲᠤᠭ᠍ᠰᠢᠨ ᠰᠠᠯᠬᠢᠨ᠎ᠳᠤ ᠬᠡᠢᠰᠴᠦ᠍᠂ ᠤᠤᠭᠤᠵᠤ ᠪᠤᠯᠬᠤ ᠭᠣᠣᠯ᠎ᠤᠨ ᠤᠰᠤᠨ᠎ᠳᠤ ᠨᠢ ᠱᠢᠮᠠᠭᠤᠯ ᠪᠠᠲᠠᠭᠠᠨ᠎ᠠ ᠳᠦᠭᠦᠷᠴᠦ᠍᠂ ᠴᠥᠭᠡᠨ ᠪᠤᠰᠤ ᠬᠥᠮᠦᠰ ᠲᠡᠰᠪᠦᠷᠢᠯᠡᠬᠦᠶ᠎ᠡ ᠪᠡᠷᠬᠡ ᠪᠤᠯᠵᠤ ᠪᠤᠴᠠᠵᠤ ᠬᠠᠷᠢᠭᠰᠠᠨ ᠴᠤ᠌ ᠤᠳᠠᠯ ᠦᠭᠡᠢ ᠨᠡᠩ ᠤᠯᠠᠨ ᠦᠨᠳᠦᠰᠦᠲᠡᠨ᠎ᠨᠦᠭᠦᠳ᠎ᠦᠨ ᠤᠯᠠᠨ ᠲᠦᠮᠡᠨ ᠰᠠᠨᠠᠭᠠᠴᠢᠯᠠᠭ᠎ᠠ᠎ᠡᠴᠡ᠎ᠪᠠᠨ ᠨᠥᠬᠥᠨ ᠢᠷᠡᠵᠦ ᠠᠵᠢᠯᠯᠠᠵᠤ᠂ ᠤᠯᠠᠨ᠎ᠢᠶᠠᠷ᠎ᠢᠶᠠᠨ ᠭᠡᠷ᠎ᠡᠴᠡ᠎ᠪᠡᠨ ᠬᠦᠨᠡᠰᠦ ᠠᠪᠴᠤ᠌᠂ ᠲᠡᠮᠡᠭᠡ᠎ᠪᠡᠨ ᠤᠨᠤᠨ᠂ ᠲᠠᠷᠢᠶᠠᠨ ᠠᠵᠢᠯ᠎ᠢᠶᠠᠨ ᠬᠤᠢᠰᠢᠯᠠᠭᠤᠯᠵᠤ ᠪᠠᠢᠭᠠᠳ ᠡᠮᠦᠨ᠎ᠡ ᠹᠷᠣᠨᠲ᠎ᠲᠤ ᠬᠦᠷᠴᠦ᠍᠂ 《ᠳᠤᠮᠳᠠᠳᠤ᠎ᠶ᠋ᠢᠨ ᠦᠨᠳᠦᠰᠦᠲᠡᠨ ᠨᠢᠭᠡ ᠭᠡᠷ᠎ᠪᠦᠯᠢ ᠵᠢᠨ ᠬᠢᠨ ᠮᠡᠳᠦ ᠳᠣᠲᠣᠨᠣᠰᠤᠭ 》 ᠪᠠᠢᠬᠤ ᠭᠦᠨ ᠵᠤᠵᠠᠭᠠᠨ ᠨᠥᠬᠥᠷᠯᠡᠯ᠎ᠢ ᠲᠠᠢᠯᠪᠤᠷᠢᠯᠠᠪᠠ᠃
1999 ᠣᠨ᠎ᠳᠤ ᠡᠯᠡᠰᠦ᠎ᠶ᠋ᠢ ᠳᠤᠭᠤᠯᠤᠭ᠍ᠰᠠᠨ ᠵᠠᠰᠠᠮᠠᠯ ᠵᠠᠮ ᠪᠦᠬᠦ᠌ ᠱᠤᠭᠤᠮ᠎ᠢᠶᠠᠷ ᠨᠡᠪᠲᠡᠷᠡᠵᠦ᠍᠂ ᠮᠠᠱᠢᠨ ᠲᠡᠷᠭᠡᠨ᠎ᠦ ᠬᠦᠩᠭᠢᠨᠡᠮ᠎ᠡ ᠳᠠᠭᠤᠨ ᠠᠩᠬ᠎ᠠ ᠤᠳᠠᠭ᠎ᠠ ᠡᠯᠡᠰᠦᠨ ᠴᠦᠯ᠎ᠳᠦ ᠴᠤᠤᠷᠢᠶᠠᠲᠤᠪᠠ᠃ ᠡᠨᠡ ᠬᠦ᠌ ᠤᠯᠠᠨ ᠲᠦᠮᠡᠨ ᠤ᠋ ᠬᠦᠴᠦ᠍ ᠬᠥᠯᠥᠰᠥ᠎ᠪᠡᠷ ᠳᠡᠪᠢᠰᠦᠭ᠌ᠰᠡᠨ ᠲᠠᠷᠳᠠᠩ ᠵᠠᠮ ᠨᠢ ᠡᠯᠡᠰᠦᠨ ᠴᠦᠯᠢ᠋ ᠨᠡᠪᠳᠡᠷᠡᠭᠦᠯᠦᠭᠰᠡᠨ᠎ᠢᠶᠡᠷ ᠪᠠᠷᠠᠬᠤ ᠦᠬᠡᠢ ᠨᠡᠩ ᠴᠤ᠌ ᠦᠨᠳᠦᠰᠦᠲᠡᠨ ᠦ ᠪᠦᠯᠬᠦᠮᠳᠡᠯ᠎ᠦᠨ ᠢᠲᠡᠭᠡᠯ ᠵᠣᠷᠢᠭ᠎ᠢ ᠦᠨᠳᠦᠰᠦᠲᠡᠨ ᠨᠤᠭᠦᠳ᠎ᠦᠨ ᠤᠯᠠᠨ ᠲᠦᠮᠡᠨ᠎ᠦ ᠰᠡᠳᠭᠢᠯ᠎ᠳᠦ ᠭᠦᠨ ᠬᠠᠳᠠᠩᠱᠢᠭᠤᠯᠵᠠᠢ᠃
ᠡᠳᠦᠭᠡ ᠬᠠᠩᠭᠢᠨ ᠬᠣᠱᠢᠭᠤ ᠨᠢᠭᠡᠨᠲᠡ ᠡᠯᠡᠰᠦ ᠵᠢ ᠳᠤᠭᠤᠯᠤᠭ᠍ᠰᠠᠨ 7 ᠵᠤᠷᠪᠤᠰ ᠵᠠᠰᠠᠮᠠᠯ ᠵᠠᠮ᠎ᠢ ᠪᠠᠢᠭᠤᠯᠵᠤ᠂ ᠬᠥᠨᠳᠡᠯᠡᠨ ᠭᠤᠯᠳᠤ ᠰᠦᠯᠵᠢᠯᠳᠦᠭ᠌ᠰᠡᠨ᠂ ᠳᠥᠷᠪᠡᠨ ᠵᠦᠭ ᠨᠠᠶ᠋ᠮᠠᠨ ᠵᠣᠪᠬᠢᠰ᠎ᠲᠤ ᠨᠡᠪᠲᠡᠷᠡᠭ᠌ᠰᠡᠨ ᠡᠯᠡᠰᠦᠨ ᠴᠥᠯ᠎ᠦᠨ ᠵᠠᠮ ᠬᠠᠷᠢᠯᠴᠠᠭᠠᠨ᠎ᠤ ᠲᠤᠤᠷ᠎ᠢ ᠪᠦᠷᠢᠯᠳᠦᠭᠦᠯᠵᠦ᠍᠂ ᠡᠯ᠎ᠡ ᠱᠢᠶᠠᠩ ᠪᠠᠯᠭᠠᠰᠤ᠂ ᠠᠵᠤ ᠦᠶ᠋ᠯᠡᠰ᠎ᠦᠨ ᠬᠦᠷᠢᠶᠡᠯᠡᠩ ᠬᠢᠭᠡᠳ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ᠎ᠢ ᠬᠣᠯᠪᠣᠵᠤ ᠪᠠᠢᠨ᠎ᠠ᠃
ᠡᠯᠡᠰᠦ᠎ᠶ᠋ᠢ ᠳᠤᠭᠤᠯᠤᠭ᠍ᠰᠠᠨ ᠵᠠᠰᠠᠮᠠᠯ ᠵᠠᠮ ᠨᠢ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠨᠣᠭᠣᠭᠠᠷᠠᠭᠤᠯᠤᠯᠲᠠ᠎ᠶ᠋ᠢᠨ ᠵᠠᠮ᠎ᠢ ᠨᠡᠩ ᠰᠢᠯᠤᠭᠤᠳᠬᠠᠪᠠ᠃ ᠣᠢᠷ᠎ᠠ᠎ᠶ᠋ᠢᠨ ᠲᠠᠪᠤᠨ ᠵᠢᠯ᠎ᠳᠦ ᠠᠮᠢ ᠠᠬᠤᠶ᠎ᠶ᠋ᠢᠨ ᠪᠥᠲᠥᠭᠡᠨ ᠪᠠᠢᠭᠤᠯᠤᠯᠲᠠ᠎ᠶ᠋ᠢᠨ ᠡᠭᠦᠷᠭᠡ᠎ᠶ᠋ᠢ ᠨᠡᠢᠲᠡ 860 ᠲᠦᠮᠡᠨ ᠮᠥ᠍ ᠪᠡᠶᠡᠯᠡᠭᠦᠯᠵᠦ᠍᠂ ᠡᠯᠡᠰᠦᠷᠬᠡᠭᠵᠢᠯ ᠢ᠋ ᠰᠡᠷᠭᠡᠢᠯᠡᠨ ᠡᠯᠡᠰᠦ ᠵᠢ ᠵᠠᠰᠠᠭᠰᠠᠨ ᠨᠢ 484 ᠲᠦᠮᠡᠨ ᠮᠥ᠍ ᠪᠠᠢᠵᠤ᠂ 《ᠠᠷᠪᠠᠨ ᠭᠤᠷᠪᠠᠳᠤᠭᠠᠷ ᠲᠠᠪᠤᠨ ᠵᠢᠯ 》 ᠤ᠋ᠨ ᠲᠥᠯᠥᠪᠵᠢᠭᠦᠯᠭᠡ᠎ᠶ᠋ᠢᠨ ᠬᠤᠭᠤᠴᠠᠭᠠᠨ᠎ᠤ ᠬᠢ᠎ᠡᠴᠡ 3.3 ᠳᠠᠬᠢᠨ ᠨᠡᠮᠡᠭ᠌ᠳᠡᠪᠡ᠃ ᠣᠶ ᠱᠢᠭᠤᠶ᠎ᠶ᠋ᠢᠨ ᠪᠦᠷᠬᠦᠴᠡ᠎ᠶ᠋ᠢᠨ ᠨᠣᠷᠮ᠎ᠠ 2005 ᠣᠨ᠎ᠳᠤ 9.2% ᠪᠠᠢᠭ᠍ᠰᠠᠨ᠎ᠡᠴᠡ᠎ᠪᠠᠨ ᠳᠡᠭᠡᠭ᠌ᠰᠢᠯᠡᠭᠡᠳ 19.15% ᠳ᠋ᠤ ᠬᠦᠷᠴᠦ᠍᠂ ᠤᠷᠭᠤᠮᠠᠯ᠎ᠤᠨ ᠬᠤᠴᠢᠯᠭ᠎ᠠ᠎ᠶ᠋ᠢᠨ ᠪᠦᠷᠬᠦᠴᠡ᠎ᠶ᠋ᠢᠨ ᠬᠡᠮᠵᠢᠶ᠎ᠡ 60% — 65% ᠵᠢᠨ ᠬᠣᠭᠣᠷᠣᠨᠳᠣ ᠲᠣᠭ᠍ᠲᠠᠪᠤᠷᠢᠵᠢᠨ᠂ ᠡᠯᠡᠰᠦ᠎ᠶ᠋ᠢ ᠳᠤᠭᠤᠯᠤᠭ᠍ᠰᠠᠨ ᠵᠠᠰᠠᠮᠠᠯ ᠵᠠᠮ᠎ᠤᠨ ᠬᠣᠶᠠᠷ ᠬᠠᠵᠠᠭᠤ᠎ᠪᠠᠷ ᠨᠣᠭᠣᠭᠠᠨ ᠥᠩᠭᠡ ᠦᠷᠭᠦᠯᠵᠢᠯᠡᠵᠦ᠍᠂ ᠭᠠᠵᠠᠷ ᠪᠣᠯᠭᠠᠨ᠎ᠳᠤ ᠠᠮᠢᠵᠢᠷᠠᠯ᠎ᠤᠨ ᠬᠦᠴᠦᠨ᠎ᠢᠶᠡᠷ ᠪᠢᠯᠬᠠᠮ᠎ᠠ ᠪᠠᠢᠵᠤ᠂ 《ᠵᠠᠮ ᠨᠡᠪᠲᠡᠷᠡᠵᠦ᠍ ᠡᠯᠡᠰᠦ ᠬᠣᠷᠢᠭ᠍ᠯᠠᠭᠳᠠᠨ᠂ ᠨᠣᠭᠣᠭᠠᠷᠠᠭᠤᠯᠤᠯᠳᠠ ᠤᠷᠤᠭᠰᠢᠯᠠᠵᠤ ᠡᠯᠡᠰᠦ ᠤᠬᠤᠷᠢᠭ᠍ᠰᠠᠨ》 ᠠᠮᠢ ᠠᠬᠤᠶ᠎ᠶ᠋ᠢᠨ ᠬᠤᠪᠢᠷᠠᠯᠲᠠ᠎ᠶ᠋ᠢ ᠪᠡᠶᠡᠯᠡᠭᠦᠯᠪᠡ᠃
ᠰᠢᠷᠭᠠᠯ ᠡᠯᠡᠰᠦ 《ᠱᠢᠵᠢᠷ ᠠᠯᠲᠠ 》 ᠪᠣᠯᠵᠤ ᠠᠵᠤ ᠦᠢᠯᠡᠰ 《ᠪᠠᠶᠠᠵᠢᠯ ᠤ᠋ᠨ ᠵᠠᠮ》 ᠢ᠋ ᠲᠡᠪᠢᠰᠪᠡ
《ᠨᠠᠮᠢ᠋ᠢ ᠲᠦᠬᠦᠭᠡ ᠣᠷᠣᠭ᠍ᠰᠠᠨ᠎ᠡᠴᠡ ᠨᠠᠭᠠᠰᠢ ᠮᠠᠨᠠᠢᠬᠢᠨ ᠡᠯᠡᠰᠦᠨ᠎ᠳᠦ ᠲᠠᠭᠤᠭ᠍ᠳᠠᠨ ᠲᠣᠭ᠎ᠠ ᠦᠭᠡᠢ ᠣᠯᠠᠨ ᠤᠳᠠᠭ᠎ᠠ ᠭᠡᠷ ᠨᠡᠭᠦᠪᠡ 》 ᠃ ᠬᠠᠩᠭᠢᠨ ᠬᠣᠱᠢᠭᠤᠨ᠎ᠤ ᠳᠤᠭᠤᠢᠳᠠᠯ᠎ᠠ ᠪᠠᠯᠭᠠᠰᠤ᠎ᠶ᠋ᠢᠨ ᠳᠠᠭᠤᠲᠤ ᠭᠠᠴᠠᠭ᠎ᠠ᠎ᠶ᠋ᠢᠨ ᠤᠤᠯ᠎ᠤᠨ ᠨᠠᠮ᠎ᠤᠨ ᠡᠭᠦᠷ᠎ᠦᠨ ᠱᠦᠵᠢ ᠴᠧᠨ ᠨᠢᠩᠪᠤ ᠶ᠋ᠢᠨ ᠥᠩᠭᠡᠷᠡᠭᠰᠡᠨ ᠤ᠋ ᠦᠯᠢᠭᠡᠷ ᠤᠴᠠᠷᠠᠯ ᠪᠣᠯ ᠲᠤᠬᠠᠶ᠎ᠶ᠋ᠢᠨ ᠭᠠᠵᠠᠷ᠎ᠤᠨ ᠣᠯᠠᠨ ᠲᠦᠮᠡᠨ᠎ᠦ ᠡᠯᠡᠰᠦᠨ ᠤ᠋ ᠭᠠᠮᠱᠢᠭ᠎ᠲᠠᠶ ᠲᠡᠮᠡᠴᠡᠭ᠌ᠰᠡᠨ ᠬᠤᠷᠢᠶᠠᠩᠭᠤᠢ ᠳᠦᠷᠰᠦ ᠪᠣᠯᠤᠨ᠎ᠠ᠃
ᠬᠠᠩᠭᠢᠨ ᠬᠣᠱᠢᠭᠤᠨ᠎ᠤ ᠳᠤᠭᠤᠢᠳᠠᠯ᠎ᠠ ᠪᠠᠯᠭᠠᠰᠤᠨ᠎ᠤ ᠳᠠᠭᠤᠲᠤ ᠭᠠᠴᠠᠭ᠎ᠠ ᠨᠢ ᠬᠥᠪᠴᠢ᠎ᠶ᠋ᠢᠨ ᠡᠯᠡᠰᠦ᠎ᠶ᠋ᠢᠨ ᠥᠷᠥᠴᠡᠨ᠎ᠳᠦ ᠪᠠᠢᠷᠢᠱᠢᠵᠤ᠂ ᠡᠯᠡᠰᠦ᠎ᠶ᠋ᠢ ᠳᠤᠭᠤᠯᠤᠭ᠍ᠰᠠᠨ ᠵᠠᠰᠠᠮᠠᠯ ᠵᠠᠮ ᠲᠡᠷᠭᠡ ᠨᠡᠪᠲᠡᠷᠡᠬᠦ᠌᠎ᠡᠴᠡ ᠡᠮᠦᠨ᠎ᠡ ᠡᠨᠳᠡ ᠰᠠᠯᠬᠢ ᠱᠢᠭᠤᠷᠭ᠎ᠠ ᠳᠡᠭ᠌ᠳᠡᠵᠦ᠍᠂ ᠬᠠᠮᠠᠷ ᠬᠠᠳᠭᠤᠬᠤ ᠡᠪᠡᠰᠦ ᠴᠦ᠍ ᠥᠬᠡᠶ᠂ ᠡᠯᠡᠰᠦᠨ ᠴᠦᠯ᠎ᠤᠨ ᠬᠦᠨ᠎ᠳᠡᠬᠢ ᠠᠷᠠᠳ ᠶᠠᠳᠠᠭᠤ ᠬᠦᠴᠢᠷᠳᠡᠯᠳᠡᠢ ᠠᠮᠢᠳᠤᠷᠠᠵᠤ ᠪᠠᠢᠪᠠ᠃ ᠴᠥᠭᠡᠨ ᠪᠤᠰᠤ ᠬᠦᠮᠦᠰ ᠡᠯᠡᠰᠦᠨ ᠤ᠋ ᠭᠠᠮᠱᠢᠭ ᠪᠣᠯᠤᠨ ᠶᠠᠳᠠᠭᠤ ᠬᠦᠴᠢᠷᠳᠡᠯ᠎ᠦᠨ ᠳᠠᠪᠬᠤᠷ ᠳᠠᠷᠤᠯᠲᠠ᠎ᠳᠤ ᠤᠴᠠᠷᠠᠵᠤ᠂ ᠦᠶ᠎ᠡ ᠤᠯᠠᠷᠢᠨ ᠣᠷᠣᠱᠢᠨ ᠰᠠᠭᠤᠭ᠍ᠰᠠᠭᠠᠷ ᠢᠷᠡᠭ᠌ᠰᠡᠨ ᠡᠨᠡ ᠬᠦ᠌ ᠨᠤᠲᠤᠭ ᠤᠰᠤᠨᠡᠴᠡᠪᠠᠨ ᠠᠷᠭ᠎ᠠ ᠪᠤᠰᠤ ᠨᠡᠭᠦᠵᠡᠢ᠃
ᠭᠡᠷ ᠣᠷᠣᠨ ᠤ᠋ ᠪᠡᠨ ᠡᠯᠡᠰᠦ ᠱᠢᠷᠣᠢ᠎ᠳᠤ 《 ᠵᠠᠯᠬᠢᠭᠳᠠᠵᠤ 》᠂ ᠨᠤᠲᠤᠭ᠎ᠤᠨ ᠠᠬ᠎ᠠ ᠳᠡᠭᠦᠦ᠍᠎ᠨᠡᠷ᠎ᠦᠨ ᠵᠢᠡᠨ ᠣᠷᠣᠬᠤ ᠭᠡᠷ ᠤᠭᠤᠴᠢᠬᠤ ᠠᠶᠠᠭ᠎ᠠ ᠦᠭᠡᠢ ᠪᠠᠢᠬᠤ ᠵᠢ ᠬᠠᠷᠠᠭᠠᠳ ᠴᠧᠨ ᠨᠢᠩᠪᠤ ᠄ 《 ᠶᠠᠭᠠᠬᠢᠭ᠍ᠰᠠᠨ ᠴᠤ᠌ ᠡᠯᠡᠰᠦ ᠳ᠋ᠤ ᠲᠣᠯᠣᠭᠠᠢ ᠪᠥᠬᠥᠢᠵᠦ᠍ ᠪᠣᠯᠬᠤ ᠦᠭᠡᠢ 》 ᠭᠡᠵᠦ ᠠᠮᠠᠯᠳᠠᠪᠠ᠃ ᠡᠨᠡ ᠬᠦ᠌ ᠬᠦᠰᠡᠯ ᠵᠣᠷᠢᠯᠲᠠ᠎ᠶ᠋ᠢ ᠡᠪᠦᠷᠯᠡᠨ᠂ ᠲᠡᠷᠡ ᠦᠨᠳᠦᠰᠦᠲᠡᠨ᠎ᠨᠦᠭᠦᠳ ᠦᠨ ᠣᠯᠠᠨ ᠲᠦᠮᠡᠨ᠎ᠢ ᠳᠠᠭᠠᠭᠤᠯᠤᠨ᠂ ᠡᠯᠡᠰᠦ ᠵᠢ ᠳᠤᠭᠤᠯᠤᠭ᠍ᠰᠠᠨ ᠵᠠᠰᠠᠮᠠᠯ ᠵᠠᠮ᠎ᠤᠨ ᠪᠥᠲᠥᠭᠡᠨ ᠪᠠᠢᠭᠤᠯᠤᠯᠲᠠ᠎ᠶ᠋ᠢᠨ ᠬᠠᠯᠠᠭᠤᠨ ᠤᠷᠤᠰᠭᠠᠯ᠎ᠳᠤ ᠣᠷᠣᠵᠤ᠂ ᠦᠨᠡᠨ ᠪᠣᠳᠠᠲᠠᠶ ᠠᠵᠢᠯᠯᠠᠭ᠎ᠠ᠎ᠪᠠᠷ᠎ᠢᠶᠡᠨ ᠨᠤᠲᠤᠭ ᠤᠰᠤᠨ ᠳ᠋ᠠᠭᠠᠨ ᠬᠦᠰᠡᠯ᠎ᠤᠨ ᠵᠠᠮ᠎ᠢ ᠳᠡᠪᠢᠰᠪᠡ᠃
ᠡᠯᠡᠰᠦ᠎ᠵᠢ ᠳᠤᠭᠤᠯᠤᠭ᠍ᠰᠠᠨ ᠵᠠᠰᠠᠮᠠᠯ ᠵᠠᠮ ᠨᠡᠪᠲᠡᠷᠡᠭ᠌ᠰᠡᠨ ᠨᠢ ᠳᠤᠭᠤᠢᠳᠠᠯ᠎ᠠ ᠪᠠᠯᠭᠠᠰᠤᠨ᠎ᠤ ᠬᠥᠭ᠌ᠵᠢᠯᠲᠡ᠎ᠶ᠋ᠢᠨ ᠬᠤᠪᠢ ᠵᠠᠶᠠᠭ᠎ᠠ᠎ᠶ᠋ᠢ ᠲᠤᠢᠯᠪᠤᠷᠢᠲᠠᠶ ᠥᠭᠡᠷᠡᠴᠢᠯᠡᠪᠡ᠃ ᠲᠤᠰ ᠪᠠᠯᠭᠠᠰᠤ ᠨᠢ ᠡᠯᠡᠰᠦᠨ ᠴᠦᠯ᠎ᠦᠨ ᠭᠠᠵᠠᠷ᠎ᠤᠨ ᠪᠠᠢᠴᠠ᠎ᠳᠤ ᠲᠦᠱᠢᠭ᠌ᠯᠡᠨ᠂ ᠵᠠᠮ ᠬᠠᠷᠢᠯᠴᠠᠭᠠᠨ᠎ᠤ ᠳᠠᠪᠠᠭᠤᠯᠢᠭ᠎ᠲᠤ ᠲᠦᠱᠢᠭ᠌ᠯᠡᠨ ᠬᠡᠯᠪᠡᠷᠢ᠎ᠪᠡᠨ ᠬᠤᠪᠢᠷᠠᠭᠤᠯᠤᠨ ᠬᠥᠭ᠌ᠵᠢᠭᠦᠯᠵᠦ᠍᠂ 《ᠡᠯᠡᠰᠦ ᠤᠷᠤᠭᠰᠢᠯᠠᠵᠦ ᠬᠥᠮᠦᠨ ᠤᠬᠤᠷᠢᠵᠤ 》 ᠪᠠᠢᠭ᠍ᠰᠠᠨ᠎ᠡᠴᠡ᠎ᠪᠠᠨ 《ᠡᠯᠡᠰᠦᠨ ᠡᠴᠡ ᠠᠯᠲᠠ ᠱᠦᠭᠦᠵᠦ》 ᠦᠶ᠋ᠯᠡᠰ᠎ᠢᠶᠡᠨ ᠬᠥᠭ᠌ᠵᠢᠭᠦᠯᠬᠦ᠌ ᠡᠷᠳᠡᠨᠢ᠎ᠶ᠋ᠢᠨ ᠭᠠᠵᠠᠷ ᠪᠣᠯᠪᠠ᠃ 2022 ᠣᠨ᠎ᠳᠤ ᠳᠤᠭᠤᠢᠳᠠᠯ᠎ᠠ ᠪᠠᠯᠭᠠᠰᠤ ᠥᠪᠡᠷᠲᠡᠭᠡᠨ ᠵᠠᠰᠠᠬᠤ ᠣᠷᠣᠨ᠎ᠤ ᠪᠡᠶ᠎ᠡ᠎ᠶ᠋ᠢᠨ ᠲᠠᠮᠢᠷ᠎ᠤᠨ ᠲᠥᠷᠥᠯ᠎ᠦᠨ ᠤᠨᠴᠠᠯᠢᠬ᠍ᠳᠤ ᠵᠢᠵᠢᠭ ᠪᠠᠯᠭᠠᠰᠤ᠎ᠪᠠᠷ ᠦᠨᠡᠯᠡᠭ᠌ᠳᠡᠵᠦ᠍᠂ ᠡᠯᠡᠰᠦᠨ ᠴᠥᠯᠵᠢᠡᠷ ᠬᠡᠭᠡᠷᠡᠯᠡᠨ ᠠᠶᠠᠯᠠᠬᠤ ᠰᠣᠶᠣᠯ ᠵᠢᠭᠤᠯᠴᠢᠯᠠᠯ᠎ᠤᠨ ᠪᠠᠢᠷᠢ ᠲᠣᠭ᠍ᠲᠠᠭᠠᠯᠲᠠ᠎ᠶ᠋ᠢ ᠤᠨᠢᠯᠠᠨ᠂ ᠵᠢᠨ ᠱᠠ ᠯᠢᠩ ᠡᠯᠡᠰᠦᠨ ᠴᠥᠯ᠎ᠦᠨ ᠠᠮᠠᠷᠠᠯᠲᠠ᠎ᠶ᠋ᠢᠨ ᠣᠷᠣᠨ᠎ᠢ ᠪᠠᠢᠭᠤᠯᠪᠠ᠃ ᠡᠯᠡᠰᠦᠨ ᠴᠥᠯ᠎ᠦᠨ ᠪᠠᠭᠠᠳᠤᠷᠴᠤᠳ᠎ᠤᠨ ᠴᠤᠭ᠍ᠯᠠᠭᠠᠨ ᠵᠠᠯᠭᠠᠭ᠎ᠠ᠎ᠪᠠᠷ ᠠᠷᠪᠠᠨ ᠲᠠᠪᠤᠨ ᠬᠤᠭᠤᠴᠠᠭ᠎ᠠ ᠶᠠᠪᠤᠭ᠍ᠳᠠᠵᠤ᠂ ᠪᠥᠬᠥ᠌ ᠪᠠᠯᠭᠠᠰᠤ᠎ᠪᠠᠷ᠎ᠢᠶᠠᠨ ᠵᠠᠭᠤ ᠭᠠᠷᠤᠶ ᠲᠠᠯᠠᠪᠤᠷ ᠬᠡᠭᠡᠷᠡᠯᠡᠬᠦ᠌ ᠤᠷᠤᠯᠳᠤᠭᠠᠨ ᠡᠷᠭᠢᠯᠡᠵᠦ᠍᠂ ᠨᠠᠶ᠋ᠮᠠᠨ ᠵᠦᠭ᠎ᠦᠨ ᠵᠢᠭᠤᠯᠴᠢᠯᠠᠭ᠍ᠰᠠᠳ᠎ᠤᠨ ᠪᠠᠬᠠᠷᠬᠠᠯ᠎ᠢ ᠲᠠᠲᠠᠵᠤ᠂ ᠡᠯᠡᠰᠦᠨ ᠴᠥᠯᠵᠢᠡᠷ ᠬᠡᠭᠡᠷᠡᠯᠡᠨ ᠠᠶᠠᠯᠠᠬᠤ ᠨᠢ ᠰᠣᠶᠣᠯ ᠵᠢᠭᠤᠯᠴᠢᠯᠠᠯ᠎ᠤᠨ ᠨᠡᠷ᠎ᠡ᠎ᠶ᠋ᠢᠨ ᠬᠠᠭᠤᠳᠠᠰᠤ ᠪᠣᠯᠪᠠ᠃
ᠰᠣᠶᠣᠯ ᠵᠢᠭᠤᠯᠴᠢᠯᠠᠯ᠎ᠤᠨ ᠬᠠᠯᠠᠭᠤᠨ ᠦᠷᠨᠢᠯᠳᠡ ᠨᠢ ᠦᠨᠳᠦᠰᠦᠲᠡᠨ᠎ᠨᠦᠭᠦᠳ᠎ᠦᠨ ᠮᠠᠯᠴᠢᠨ ᠲᠠᠷᠢᠶᠠᠴᠢᠨ᠎ᠤ ᠬᠡᠯᠪᠡᠷᠢ᠎ᠪᠡᠨ ᠬᠤᠪᠢᠷᠠᠭᠤᠯᠤᠨ ᠣᠷᠣᠯᠭ᠎ᠠ᠎ᠪᠠᠨ ᠨᠡᠮᠡᠭ᠌ᠳᠡᠭᠦᠯᠬᠦ᠌᠎ᠶ᠋ᠢ ᠳᠠᠢᠴᠢᠯᠠᠵᠤ᠂ ᠣᠯᠠᠨ᠎ᠢᠶᠠᠷ᠎ᠢᠶᠠᠨ ᠠᠷᠠᠳ᠎ᠤᠨ ᠤᠯᠠᠮᠵᠢᠯᠠᠯᠲᠤ ᠪᠠᠭᠤᠴᠠ᠂ ᠮᠠᠯᠴᠢᠨ ᠠᠢᠯ᠎ᠤᠨ ᠵᠢᠭᠤᠯᠴᠢᠯᠠᠯ ᠡᠷᠭᠢᠯᠡᠵᠦ᠍᠂ ᠲᠤᠬᠠᠶ᠎ᠶ᠋ᠢᠨ ᠭᠠᠵᠠᠷ᠎ᠲᠠᠭᠠᠨ ᠦᠶ᠋ᠯᠡᠰ ᠪᠤᠰᠬᠠᠵᠤ ᠪᠠᠶᠠᠵᠢᠬᠤ᠎ᠶ᠋ᠢ ᠪᠡᠶᠡᠯᠡᠭᠦᠯᠪᠡ᠃ ᠡᠯᠡᠰᠦ᠎ᠵᠢ ᠳᠤᠭᠤᠯᠤᠭ᠍ᠰᠠᠨ ᠵᠠᠰᠠᠮᠠᠯ ᠵᠠᠮ᠎ᠤᠨ ᠠᠱᠢᠭ ᠨᠢ ᠵᠢᠭᠤᠯᠴᠢᠯᠠᠯ᠎ᠤᠨ ᠠᠵᠤ ᠦᠶ᠋ᠯᠡᠰ᠎ᠢᠶᠡᠷ ᠵᠣᠭ᠍ᠰᠣᠬᠤ ᠥᠬᠡᠶ ᠡᠨᠡ ᠬᠦ᠌ ᠵᠠᠮ᠎ᠢ ᠠᠱᠢᠭ᠍ᠯᠠᠨ ᠪᠥᠬᠥ᠌ ᠪᠠᠯᠭᠠᠰᠤᠨ᠎ᠤ ᠣᠨᠴᠠᠯᠢᠭ᠍ᠲᠤ ᠲᠠᠷᠢᠶᠠᠯᠠᠩ᠎ᠤᠨ ᠪᠦᠲᠦᠭᠡᠭ᠌ᠳᠡᠬᠦᠨ ᠴᠦ᠍ ᠡᠯᠡᠰᠦᠨ ᠴᠥᠯ᠎ᠡᠴᠡ ᠭᠠᠷᠴᠤ᠌᠂ ᠪᠥᠬᠥ᠌ ᠤᠯᠤᠰ᠎ᠲᠦ ᠨᠡᠷ᠎ᠡ ᠠᠯᠳᠠᠷᠰᠢᠵᠤ᠂ ᠡᠷᠦᠬᠡ ᠪᠦᠷᠢ ᠠᠵᠤ ᠦᠶ᠋ᠯᠡᠰ᠎ᠦᠨ ᠬᠥᠭ᠌ᠵᠢᠯᠲᠡ᠎ᠶ᠋ᠢᠨ ᠠᠱᠢᠭ᠎ᠢ ᠬᠠᠮᠲᠤ᠎ᠪᠠᠷ ᠡᠳ᠋ᠯᠡᠵᠦ ᠪᠠᠢᠨ᠎ᠠ᠃
《ᠡᠯᠡᠰᠦᠨ ᠵᠠᠮ 》 ᠨᠢ ᠰᠡᠳᠭᠢᠭᠦᠢ ᠵᠢᠨ ᠠᠷᠭ᠎ᠠ ᠬᠡᠯᠪᠡᠷᠢ᠎ᠶᠢ ᠬᠤᠪᠢᠷᠠᠭᠤᠯᠵᠤ ᠡᠯᠡᠰᠦᠷᠬᠡᠭ ᠣᠷᠣᠨ 《 ᠲᠦᠷᠭᠡᠨ᠎ᠤ ᠵᠠᠮ 》 ᠳ᠋ᠦ ᠭᠠᠷᠪᠠ
《 ᠥᠩᠭᠡᠷᠡᠭ᠌ᠰᠡᠨ᠎ᠳᠦ ᠡᠯᠡᠰᠦ ᠨᠢ ᠶᠠᠳᠠᠭᠤᠷᠠᠯ᠎ᠤᠨ ᠦᠨᠳᠦᠰᠦ ᠪᠠᠢᠵᠤ᠂ ᠣᠲᠣ ᠡᠯᠡᠰᠦ ᠨᠢ ᠡᠷᠳᠡᠨᠢ᠎ᠶ᠋ᠢᠨ ᠬᠥᠮᠥᠷᠭᠡ ᠪᠤᠯᠵᠠᠢ᠃ ᠡᠯᠡᠰᠦ᠎ᠵᠢ ᠳᠤᠭᠤᠯᠤᠭ᠍ᠰᠠᠨ ᠵᠠᠰᠠᠮᠠᠯ ᠵᠠᠮ ᠨᠢ ᠪᠢᠳᠡᠨ᠎ᠳᠦ ᠦᠶ᠋ᠯᠡᠰ ᠪᠤᠰᠬᠠᠬᠤ ᠠᠵᠠ ᠲᠣᠬᠢᠶᠠᠯ ᠣᠯᠭᠣᠵᠤ᠂ ᠡᠯ᠎ᠡ ᠦᠨᠳᠦᠰᠦᠲᠡᠨ᠎ᠦ ᠬᠥᠷᠰᠢ ᠵᠡᠷᠭᠡᠯᠡᠳᠡᠭᠡ᠎ᠶ᠋ᠢᠨ ᠬᠠᠪᠰᠤᠷᠤᠯᠴᠠᠭ᠎ᠠ ᠨᠢ ᠮᠢᠨᠦ ᠪᠡᠶ᠎ᠡ᠎ᠵᠢᠨ ᠴᠢᠨᠡᠭᠡᠯᠢᠭ᠌ᠵᠢᠬᠦ᠌ ᠬᠦᠰᠡᠯ᠎ᠢ ᠪᠡᠶᠡᠯᠡᠭᠦᠯᠪᠡ》᠃ ᠬᠠᠩᠭᠢᠨ ᠬᠣᠱᠢᠭᠤᠨ᠎ᠤ ᠶᠡᠬᠡᠠᠤᠰᠤ ᠰᠤᠮᠤ᠎ᠶ᠋ᠢᠨ ᠥᠷᠭᠡᠨ ᠭᠠᠴᠡᠭᠠᠨ᠎ᠤ ᠮᠠᠯᠴᠢᠨ ᠬᠠᠳᠠ ᠥᠪᠡᠷ᠎ᠦᠨ ᠴᠠᠭᠠᠨ ᠭᠣᠶᠣᠣ ᠲᠠᠷᠢᠬᠤ ᠰᠠᠭᠤᠷᠢᠨ᠎ᠳᠠᠭᠠᠨ ᠵᠣᠭ᠍ᠰᠣᠵᠤ᠂ ᠢᠭ᠍ᠴᠤ ᠰᠠᠬᠤᠯᠢᠭ ᠵᠠᠭ ᠮᠣᠳᠣ᠎ᠶ᠋ᠢ ᠬᠠᠷᠠᠭᠠᠳ ᠪᠠᠶᠠᠷ ᠲᠠᠢ ᠶᠠᠷᠢᠨ᠎ᠠ᠃
ᠵᠠᠮ ᠨᠡᠪᠲᠡᠷᠡᠪᠡᠯ ᠦᠵᠡᠯ ᠪᠤᠳᠤᠯ ᠰᠢᠨᠡᠳᠦᠨ ᠬᠤᠪᠢᠷᠠᠨ᠎ᠠ᠃ ᠡᠯᠡᠰᠦ᠎ᠵᠢ ᠳᠤᠭᠤᠯᠤᠭ᠍ᠰᠠᠨ ᠵᠠᠰᠠᠮᠠᠯ ᠵᠠᠮ ᠨᠢ ᠭᠠᠵᠠᠷ ᠵᠦᠶ᠎ᠶ᠋ᠢᠨ ᠬᠠᠷᠰᠢ ᠰᠠᠭᠠᠳ᠎ᠢ ᠡᠪᠳᠡᠭ᠌ᠰᠡᠨ ᠪᠥᠭᠡᠳ ᠪᠠᠰᠠ ᠦᠵᠡᠯ ᠰᠠᠨᠠᠭᠠᠨ᠎ᠤ ᠱᠢᠨᠡᠴᠢᠯᠡᠯᠲᠡ᠎ᠶ᠋ᠢ ᠠᠪᠴᠢᠷᠠᠵᠤ᠂ ᠭᠠᠳᠠᠭᠠᠳᠤ ᠣᠷᠴᠢᠨ᠎ᠤ ᠮᠡᠷᠭᠡᠵᠢᠯ᠂ ᠮᠡᠳᠡᠭᠡ ᠵᠠᠩᠭᠢ᠎ᠶ᠋ᠢ ᠲᠠᠰᠤᠷᠠᠯᠲᠠ ᠥᠬᠡᠶ ᠣᠷᠣᠭᠤᠯᠵᠤ᠂ ᠡᠯᠡᠰᠦᠷᠬᠡᠭ ᠣᠷᠣᠨ᠎ᠤ ᠣᠯᠠᠨ ᠲᠦᠮᠡᠨ᠎ᠦ ᠬᠥᠭ᠌ᠵᠢᠯᠲᠡ᠎ᠶ᠋ᠢᠨ ᠰᠡᠳᠭᠢᠮᠵᠢ᠎ᠪᠡᠨ ᠬᠤᠪᠢᠷᠠᠭᠤᠯᠬᠤ᠎ᠶ᠋ᠢ ᠭᠡᠳᠡᠷᠭᠦ᠌ ᠱᠢᠬᠠᠮᠳᠠᠭᠤᠯᠪᠠ᠃
《ᠶᠡᠷᠡᠨ ᠣᠨ᠎ᠡᠴᠡ ᠰᠡᠭᠦᠯᠡᠷ ᠲᠦᠷᠦᠭ᠌ᠰᠡᠨ》 ᠮᠣᠩᠭᠣᠯ ᠵᠠᠯᠠᠭᠤ ᠬᠠᠳᠠ ᠪᠣᠯ ᠳᠠᠷᠤᠢ ᠡᠨᠡ ᠬᠦ᠌ 《ᠰᠡᠳᠭᠢᠮᠵᠢ᠎ᠶ᠋ᠢᠨ ᠬᠤᠪᠢᠰᠭᠠᠯ 》᠎ᠤ᠋ᠨ ᠬᠣᠱᠢᠭᠤᠴᠢ ᠪᠣᠯᠤᠨ᠎ᠠ᠃ 2017 ᠣᠨ᠎ᠳᠤ ᠨᠢᠭᠡᠳᠦᠭᠡᠷ ᠪᠦᠯᠦᠭ ᠵᠠᠭ ᠮᠣᠳᠣ᠎ᠶᠢ ᠳᠠᠷᠢᠵᠤ᠂ 2021 ᠣᠨ᠎ᠳᠤ ᠴᠠᠭᠠᠨ ᠭᠣᠶᠣᠣ ᠵᠠᠯᠭᠠᠨ ᠳᠠᠷᠢᠵᠤ᠂ 2023 ᠣᠨ᠎ᠳᠤ 260 ᠭᠠᠷᠤᠶ ᠮᠥ᠍ ᠬᠠᠳᠤᠯᠠᠩ ᠪᠡᠯᠴᠢᠭᠡᠷ ᠬᠤᠷᠢᠶᠠᠯᠲᠠ᠎ᠶ᠋ᠢᠨ ᠤᠯᠠᠷᠢᠯ᠎ᠢᠶᠠᠨ ᠤᠭ᠍ᠲᠤᠨ ᠠᠪᠴᠢᠷᠠᠵᠤ᠂ ᠴᠠᠭᠠᠨ ᠭᠣᠶᠣᠣ᠎ᠵᠢ ᠪᠠᠷᠤᠭ 1 ᠲᠣᠨ ᠬᠤᠷᠢᠶᠠᠵᠤ᠂ ᠺᠢᠯᠣᠭ᠌ᠷᠠᠮ ᠪᠦᠷᠢ᠎ᠶᠢ 40 ᠲᠥᠭᠥᠷᠢᠭ᠎ᠦᠨ ᠦᠨ᠎ᠡ᠎ᠪᠡᠷ ᠬᠤᠳᠠᠯᠳᠤᠵᠤ᠂ ᠲᠡᠷᠡ ᠨᠡᠯᠢᠶᠡᠳ ᠶᠡᠬᠡ ᠣᠷᠣᠯᠭ᠎ᠠ ᠣᠯᠵᠤ᠂ 《ᠠᠮᠢ ᠠᠬᠤᠶ + ᠠᠵᠤ ᠦᠶ᠋ᠯᠡᠰ 》 ᠤ᠋ᠨ ᠱᠢᠨ᠎ᠡ ᠵᠠᠮ᠎ᠢ ᠨᠡᠭᠡᠭᠡᠭ᠌ᠰᠡᠨ ᠪᠠᠢᠨ᠎ᠠ᠃
ᠬᠠᠳᠠ ᠪᠠᠶᠠᠵᠢᠭ᠍ᠰᠠᠨ ᠴᠤ᠌ ᠠᠢᠯ ᠰᠠᠭᠠᠬᠠᠯᠲᠠ᠎ᠪᠠᠨ ᠮᠠᠷᠲᠠᠬᠰᠠᠨ ᠥᠬᠡᠶ᠂ ᠨᠤᠲᠤᠭ᠎ᠤᠨ ᠠᠬ᠎ᠠ ᠳᠡᠭᠦᠦ᠍᠎ᠨᠡᠷ᠎ᠲᠠᠭᠠᠨ ᠵᠠᠭ ᠮᠣᠳᠣ ᠳᠠᠷᠢᠬᠤ ᠪᠠ ᠴᠠᠭᠠᠨ ᠭᠣᠶᠣᠣ ᠵᠠᠯᠭᠠᠬᠤ ᠮᠡᠷᠭᠡᠵᠢᠯ᠎ᠢ ᠪᠡᠶᠡᠴᠢᠯᠡᠨ ᠵᠢᠭᠠᠪᠠ᠃ ᠲᠡᠭᠦᠨ᠎ᠦ ᠳᠠᠭᠠᠭᠤᠯᠭ᠎ᠠ ᠳᠤᠤᠷ᠎ᠠ ᠮᠠᠯᠴᠢᠳ ᠥᠪᠡᠷ᠎ᠦᠨ ᠪᠡᠯᠴᠢᠭᠡᠷ ᠳᠡᠭᠡᠷ᠎ᠡ᠎ᠪᠡᠨ ᠵᠠᠭ ᠮᠣᠳᠣ ᠳᠠᠷᠢᠵᠤ᠂ ᠰᠤᠯᠠ ᠲᠠᠯᠪᠢᠵᠤ ᠪᠠᠢᠭ᠍ᠰᠠᠨ ᠪᠡᠯᠴᠢᠭᠡᠷ ᠨᠢ 《ᠡᠷᠳᠡᠨᠢᠰ᠎ᠤᠨ ᠰᠠᠩ 》 ᠪᠣᠯᠵᠣ ᠬᠤᠪᠢᠷᠠᠪᠠ᠃
ᠡᠳᠦᠭᠡ ᠬᠠᠩᠭᠢᠨ ᠬᠣᠱᠢᠭᠤ ᠨᠢᠭᠡᠨᠲᠡ ᠱᠢᠬᠢᠷ ᠡᠪᠡᠰᠦ᠂ ᠴᠠᠭᠠᠨ ᠭᠣᠶᠣᠣ᠎ᠪᠠᠷ ᠭᠤᠤᠯ ᠪᠣᠯᠭᠠᠭ᠍ᠰᠠᠨ ᠬᠢᠲᠠᠳ ᠡᠮ᠎ᠦᠨ ᠮᠠᠲ᠋ᠧᠷᠢᠶᠠᠯ᠎ᠤᠨ ᠠᠵᠤ ᠦᠶ᠋ᠯᠡᠰ᠎ᠢ ᠪᠦᠷᠢᠯᠳᠦᠭᠦᠯᠵᠦ᠍᠂ ᠰᠠᠭᠤᠷᠢᠨ᠎ᠳᠤ ᠳᠠᠷᠢᠬᠤ᠂ ᠦᠶ᠋ᠯᠡᠳᠪᠦᠷᠢᠯᠡᠵᠦ᠍ ᠡᠳ᠋ᠱᠢᠭᠦᠯᠬᠦ᠌᠂ ᠵᠠᠬ᠎ᠠ ᠳᠡᠯᠭᠡᠭᠦᠷ᠎ᠦᠨ ᠡᠵᠡᠩᠨᠡᠨ ᠪᠣᠷᠣᠯᠠᠭᠤᠯᠤᠯᠲᠠ᠎ᠶ᠋ᠢᠨ ᠪᠦᠷᠢᠨ ᠪᠦᠲᠦᠨ ᠠᠵᠤ ᠦᠶ᠋ᠯᠡᠰ᠎ᠦᠨ ᠬᠡᠯᠬᠢᠶ᠎ᠡ᠎ᠶ᠋ᠢ ᠪᠡᠶᠡᠯᠡᠭᠦᠯᠵᠦ᠍᠂ ᠡᠯᠡᠰᠦᠨ ᠴᠥᠯ᠎ᠦᠨ ᠠᠮᠢ ᠠᠬᠤᠶ᠎ᠶ᠋ᠢ ᠰᠠᠢᠵᠢᠷᠠᠭᠤᠯᠤᠭ᠍ᠰᠠᠨ ᠮᠥᠷᠲᠡᠭᠡᠨ ᠪᠠᠰᠠ ᠣᠷᠣᠯᠭ᠎ᠠ᠎ᠶ᠋ᠢ ᠨᠡᠮᠡᠭ᠌ᠳᠡᠭᠦᠯᠦᠨ ᠪᠠᠶᠠᠵᠢᠭᠤᠯᠬᠤ᠎ᠶ᠋ᠢ ᠪᠡᠶᠡᠯᠡᠭᠦᠯᠵᠦ᠍᠂ 《 ᠠᠮᠢ ᠠᠬᠤᠶ ᠦᠵᠡᠰᠭᠦᠯᠡᠩᠲᠦ ᠰᠠᠢᠬᠠᠨ᠂ ᠠᠵᠤ ᠦᠶ᠋ᠯᠡᠰ ᠬᠥᠭ᠌ᠵᠢᠭ᠌ᠰᠡᠨ᠂ ᠠᠷᠠᠳ ᠢᠷᠭᠡᠳ ᠪᠠᠶᠠᠵᠢᠭᠰᠠᠨ 》 ᠰᠠᠢᠨ ᠣᠷᠴᠢᠯ᠎ᠢ ᠪᠦᠷᠢᠯᠳᠦᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠶ᠋ᠢ ᠬᠠᠮᠲᠤ᠎ᠪᠠᠷ ᠴᠢᠨᠡᠭᠡᠯᠢᠭ᠌ᠵᠢᠬᠦ᠌ ᠦᠶ᠋ᠯᠡᠳᠦᠯᠭᠡ ᠳᠤᠮᠳᠠ ᠭᠦᠨᠵᠡᠭᠡᠢ ᠠᠭᠤᠰᠤᠯᠴᠠᠭᠤᠯᠪᠠ᠃
ᠡᠯᠡᠰᠦ᠎ᠶ᠋ᠢ ᠲᠤᠭᠤᠯᠤᠭ᠍ᠰᠠᠠ ᠵᠠᠰᠠᠮᠠᠯ ᠵᠠᠮ᠎ᠤᠳ ᠰᠦᠯᠵᠢᠯᠳᠦᠨ ᠲᠣᠣᠷᠵᠢᠵᠤ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠶᠠᠪᠤᠵᠤ ᠰᠠᠭᠤᠬᠤ᠎ᠳᠤ ᠲᠦᠭᠦᠮ ᠵᠠᠮ ᠬᠠᠷᠢᠯᠴᠠᠭᠠᠨ᠎ᠤ ᠭᠣᠣᠯ ᠱᠤᠭᠤᠮ ᠪᠣᠯᠤᠭ᠍ᠰᠠᠨ᠎ᠢᠶᠠᠷ ᠪᠠᠷᠠᠬᠤ ᠦᠭᠡᠢ ᠨᠡᠩ ᠴᠤ᠌ ᠬᠥᠭ᠌ᠵᠢᠯᠲᠡ᠎ᠶ᠋ᠢᠨ ᠬᠥᠳᠡᠯᠭᠡᠬᠦ᠌ ᠡᠨ᠋ᠸᠷᠬᠢ᠎ᠶᠢ ᠬᠥᠭ᠌ᠵᠢᠭᠡᠬᠦ᠌ ᠬᠦᠴᠦᠷᠬᠡᠭ ᠶᠡᠬᠡ 《 ᠯᠤᠭ᠍ᠰᠢᠭᠤᠨ ᠰᠤᠳᠠᠯ 》 ᠪᠣᠯᠵᠠᠢ᠃
ᠡᠯᠡᠰᠦ᠎ᠵᠢ ᠳᠤᠭᠤᠯᠤᠭ᠍ᠰᠠᠨ ᠵᠠᠰᠠᠮᠠᠯ ᠵᠠᠮ ᠨᠡᠪᠲᠡᠷᠡᠭ᠌ᠰᠡᠨ ᠡᠬᠢᠨ᠎ᠦ ᠦᠶ᠎ᠡ᠎ᠶ᠋ᠢᠨ ᠬᠢ᠎ᠲᠡᠶ ᠬᠠᠷᠢᠴᠠᠭᠤᠯᠪᠠᠯ ᠬᠠᠩᠭᠢᠨ ᠬᠣᠱᠢᠭᠤᠨ᠎ᠤ ᠠᠵᠤ ᠠᠬᠤᠶ᠎ᠶ᠋ᠢᠨ ᠶᠡᠷᠦᠩᠬᠡᠶ ᠬᠡᠮᠵᠢᠶ᠎ᠡ 10 ᠭᠠᠷᠤᠶ ᠳᠠᠬᠢᠨ ᠨᠡᠮᠡᠭ᠌ᠳᠡᠵᠦ᠍᠂ ᠨᠠᠢᠳᠠᠪᠤᠷᠢᠵᠢᠭᠤᠯᠤᠭᠰᠠᠨ ᠭᠤᠤᠯᠳᠠᠯᠭ᠎ᠠ ᠲᠠᠢ ᠲᠥᠷᠥᠯ ᠵᠦᠶ᠋ᠯ ᠵᠠᠭᠤ᠎ᠶ᠋ᠢ ᠳᠠᠪᠠᠪᠠ᠂ ᠡᠭᠦᠨ᠎ᠳᠦ ᠱᠢᠨ᠎ᠡ ᠡᠨᠧᠷᠭᠢ᠎ᠶ᠋ᠢᠨ ᠲᠥᠷᠥᠯ ᠵᠦᠶ᠋ᠯ 52 ᠪᠠᠢᠵᠤ᠂ ᠮᠠᠱᠢᠨ ᠴᠣᠭ᠍ᠴᠠᠯᠠᠪᠤᠷᠢ᠎ᠶ᠋ᠢᠨ ᠬᠡᠪᠴᠢᠶ᠎ᠡ ᠨᠢ 1077.765 ᠲᠦᠮᠡᠨ ᠺᠢᠯᠦᠸᠠᠲ᠎ᠲᠤ ᠬᠦᠷᠴᠦ᠍᠂ ᠪᠥᠬᠥ᠌ ᠣᠷᠣᠨ᠎ᠤ ᠬᠣᠱᠢᠭᠤ ᠱᠢᠶᠠᠨ᠎ᠳᠤ ᠲᠡᠷᠢᠭᠦᠯᠡᠪᠡ᠃ ᠳᠤᠮᠳᠠᠳᠤ ᠤᠯᠤᠰ᠎ᠤᠨ ᠭᠤᠷᠪᠠᠨ ᠬᠠᠪᠴᠢᠯ ᠪᠦᠯᠦᠭ᠌ᠯᠡᠯ᠂ ᠳᠤᠮᠳᠠᠳᠤ ᠤᠯᠤᠰ᠎ᠤᠨ ᠬᠤᠸᠠ ᠨᠸᠩ ᠪᠦᠯᠦᠭ᠌ᠯᠡᠯ ᠵᠡᠷᠭᠡ ᠲᠣᠮᠣ ᠬᠡᠯᠪᠡᠷᠢ᠎ᠶ᠋ᠢᠨ ᠠᠵᠤ ᠠᠬᠤᠢᠯᠠᠯ ᠬᠣᠢᠨ᠎ᠠ ᠬᠣᠢᠨ᠎ᠠ᠎ᠡᠴᠡ᠎ᠪᠠᠨ ᠬᠠᠨᠭᠭᠢᠨ ᠳ᠋ᠤ ᠨᠤᠲᠤᠭᠰᠢᠵᠤ᠂ ᠰᠠᠯᠬᠢᠨ ᠬᠦᠴᠦᠨ ᠬᠡᠷᠡᠯᠴᠢ ᠴᠡᠨᠡᠭ ᠤᠰᠤᠲᠥ᠋ᠷᠥᠭ᠌ᠴᠢ ᠡᠨ᠋ᠸᠷᠬᠢ ᠬᠠᠳᠠᠭᠠᠯᠠᠬᠤ ᠠᠵᠤ ᠦᠶ᠋ᠯᠡᠰ᠎ᠦᠨ ᠪᠦᠯᠦᠭᠵᠢᠯ ᠲᠦᠷᠭᠡᠨ ᠪᠦᠷᠢᠯᠳᠦᠵᠦ᠍᠂ ᠬᠠᠩᠭᠢᠨ ᠬᠣᠱᠢᠭᠤᠨ᠎ᠤ ᠱᠢᠨ᠎ᠡ ᠡᠨᠧᠷᠭᠢ᠎ᠶ᠋ᠢᠨ ᠬᠥᠭ᠌ᠵᠢᠯᠲᠡ᠎ᠶ᠋ᠢᠨ ᠴᠡᠩᠬᠡᠷ ᠲᠡᠯᠡᠶ᠎ᠶ᠋ᠢ ᠴᠣᠭ᠍ᠴᠠᠯᠠᠨ ᠪᠠᠢᠭᠤᠯᠪᠠ᠃
2025 ᠣᠨ᠎ᠳᠤ᠂ ᠪᠥᠬᠥ᠌ ᠬᠣᠱᠢᠭᠤᠨ᠎ᠤ ᠭᠥᠯᠢᠶᠡᠨ ᠠᠪᠤᠭ᠍ᠰᠠᠨ ᠵᠢᠭᠤᠯᠴᠢᠯᠠᠭᠴᠢ ᠵᠢᠨ ᠲᠣᠭ᠎ᠠ 252.57 ᠲᠦᠮᠡ᠎ᠳᠦ ᠬᠦᠷᠴᠦ᠍᠂ ᠠᠳᠠᠯᠢ ᠬᠤᠭᠤᠴᠠᠭᠠᠨ᠎ᠤ᠎ᠬᠢ᠎ᠡᠴᠡ 63% ᠪᠠᠷ ᠨᠡᠮᠡᠭ᠌ᠳᠡᠵᠦ᠍᠂ ᠵᠢᠭᠤᠯᠴᠢᠯᠠᠭ᠍ᠰᠠᠳ᠎ᠤᠨ ᠶᠡᠷᠦᠩᠬᠡᠶ ᠬᠡᠷᠡᠭ᠌ᠯᠡᠭᠡ 39.8 ᠳ᠋ᠦᠩᠱᠢᠭᠤᠷ ᠲᠥᠭᠥᠷᠢᠭ᠎ᠲᠦ ᠬᠦᠷᠴᠦ᠍᠂ ᠶᠸ ᠮᠢᠩ ᠱᠠ ᠦᠵᠡᠮᠵᠢ᠎ᠶ᠋ᠢᠨ ᠣᠷᠣᠨ ᠵᠡᠷᠭᠡ ᠣᠨᠴᠠᠯᠢᠭ᠍ᠲᠤ ᠦᠵᠡᠮᠵᠢ᠎ᠶ᠋ᠢᠨ ᠣᠷᠣᠨ᠎ᠤ ᠨᠡᠷ᠎ᠡ ᠠᠯᠳᠠᠷ ᠬᠣᠯᠠᠮᠠᠨᠳᠤᠵᠤ᠂ ᠰᠣᠶᠣᠯ ᠵᠢᠭᠤᠯᠴᠢᠯᠠᠯ᠎ᠤᠨ ᠠᠵᠤ ᠦᠶ᠋ᠯᠡᠰ᠎ᠦᠨ 《ᠠᠯᠲᠠᠨ ᠱᠤᠰᠢᠭ᠎ᠠ》 ᠪᠣᠯᠪᠠ᠃ ᠬᠢᠲᠠᠳ ᠡᠮ᠎ᠦᠨ ᠮᠠᠲ᠋ᠧᠷᠢᠶᠠᠯ ᠳᠠᠷᠢᠬᠤ᠂ ᠤᠨᠴᠠᠯᠢᠬ᠍ᠳᠤ ᠲᠡᠵᠢᠭᠡᠨ ᠦᠷᠡᠵᠢᠭᠦᠯᠬᠦ᠌ ᠵᠡᠷᠭᠡ ᠠᠷᠠᠳ᠎ᠢ ᠪᠠᠶᠠᠵᠢᠭᠤᠯᠬᠤ ᠠᠵᠤ ᠦᠶ᠋ᠯᠡᠰ ᠣᠯᠠᠨ ᠴᠡᠭ᠎ᠵᠢᠡᠷ ᠬᠦᠭᠵᠢᠵᠦ᠍᠂ 《ᠠᠮᠢ ᠠᠬᠤᠶ + ᠠᠵᠤ ᠦᠶ᠋ᠯᠡᠰ + ᠠᠷᠠᠳ᠎ᠢ ᠪᠠᠶᠠᠵᠢᠭᠤᠯᠬᠤ 》 ᠬᠥᠭ᠌ᠵᠢᠯᠲᠡ᠎ᠶ᠋ᠢᠨ ᠪᠢᠲᠡᠭᠦᠦ ᠴᠠᠭᠠᠷᠢᠭ᠎ᠢ ᠪᠣᠶ ᠪᠣᠯᠭᠠᠵᠤ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠬᠠᠮᠲᠤ᠎ᠪᠠᠷ ᠪᠠᠶᠠᠵᠢᠬᠤ 《 ᠲᠦᠷᠭᠡᠨ᠎ᠤ ᠵᠠᠮ 》 ᠢ᠋ ᠨᠡᠭᠡᠭᠡᠪᠡ᠃
ᠨᠢᠭᠡᠨ ᠵᠤᠷᠪᠤᠰ ᠡᠯᠡᠰᠤ᠎ᠶᠢ ᠲᠤᠭᠤᠯᠤᠭᠰᠠᠨ ᠵᠠᠰᠠᠮᠠᠯ ᠵᠠᠮ᠂ ᠲᠦᠮᠡᠨ ᠮᠢᠩᠭᠠᠨ ᠬᠦᠮᠦᠨ᠎ᠤ ᠰᠡᠳᠭᠢᠯ᠎ᠢᠶᠡᠨ ᠨᠢᠭᠡᠳᠭᠡᠨ ᠬᠦᠴᠦ ᠪᠠᠨ ᠬᠠᠮᠳᠤᠳᠬᠠᠬᠤ᠎ᠶᠢ ᠠᠬᠢᠭᠤᠯᠤᠨ᠎ᠠ᠃ ᠡᠯᠡᠰᠦ᠎ᠶ᠋ᠢ ᠲᠤᠭᠤᠯᠤᠭ᠍ᠰᠠᠠ ᠵᠠᠰᠠᠮᠠᠯ ᠵᠠᠮ᠎ᠤᠨ ᠠᠯᠬᠤᠮ ᠪᠦᠷᠢ᠎ᠶ᠋ᠢᠨ ᠬᠤᠪᠢᠷᠠᠯᠲᠠ ᠨᠢ ᠴᠥᠮ ᠦᠨᠳᠦᠰᠦᠲᠡᠨ᠎ᠦ ᠪᠦᠯᠬᠦᠮᠳᠡᠯ᠎ᠦᠨ ᠤᠯᠠ ᠮᠥᠷ᠎ᠢ ᠰᠡᠢᠯᠵᠦ᠍᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠦᠳᠦᠭᠡᠨ ᠪᠠᠢᠭᠤᠯᠬᠤ ᠦᠢᠯᠡᠳᠦᠯᠭᠡ᠎ᠶ᠋ᠢᠨ ᠦᠷ᠎ᠡ ᠪᠦᠲᠦᠮᠵᠢ᠎ᠶ᠋ᠢ ᠢᠯᠡᠷᠡᠭᠦᠯᠵᠦ᠍᠂ ᠡᠭᠡ ᠤᠯᠤᠰ᠎ᠤᠨ ᠤᠮᠠᠷᠠᠲᠤ᠎ᠶ᠋ᠢᠨ ᠨᠤᠮᠢᠨ ᠨᠤᠭᠤᠭᠠᠨ ᠠᠮᠤᠷ ᠲᠦᠪᠱᠢᠨ᠎ᠦ ᠬᠠᠯᠬᠠᠪᠴᠢ᠎ᠶ᠋ᠢ ᠪᠠᠲᠤ ᠴᠣᠭ᠍ᠴᠠᠯᠠᠭ᠍ᠰᠠᠨ ᠪᠡᠷᠬᠡ ᠬᠠᠲᠠᠭᠤᠵᠢᠯᠲᠠᠢ ᠥᠩᠭᠡᠷᠡᠯᠲᠡ᠎ᠶ᠋ᠢ ᠭᠡᠷᠡᠴᠢᠯᠡᠵᠦ᠍ ᠪᠠᠢᠨ᠎ᠠ᠃
ᠶᠡᠬᠡ ᠭᠣᠣᠯ ᠤᠨ ᠬᠦᠪᠡᠭᠡᠨ᠎ᠡ᠂ ᠡᠯᠡᠰᠦᠨ ᠲᠠᠯᠠᠢ ᠳᠡᠭᠡᠷ᠎ᠡ᠂ ᠦᠨᠳᠦᠰᠦᠲᠡᠨ᠎ᠨᠦᠭᠦᠳ ᠦᠨ ᠤᠯᠠᠨ ᠲᠦᠮᠡᠨ ᠠᠨᠠᠷ᠎ᠤᠨ ᠦᠷ᠎ᠡ ᠱᠢᠭ ᠨᠢᠭ᠍ᠲᠠᠷᠠᠨ ᠪᠦᠯᠬᠦᠮᠳᠡᠨ᠎ᠡ᠃ ᠠᠮᠢ ᠠᠬᠤᠶ ᠣᠷᠣᠱᠢᠨ ᠰᠠᠭᠤᠷᠢᠱᠢᠬᠤ᠎ᠳᠤ ᠲᠣᠬᠢᠷᠠᠮᠵᠢᠲᠠᠶ᠂ ᠠᠵᠤ ᠦᠶ᠋ᠯᠡᠰ ᠬᠥᠭ᠌ᠵᠢᠨ ᠴᠡᠴᠡᠭᠯᠡᠵᠦ᠂ ᠦᠨᠳᠦᠰᠦᠲᠡᠨ ᠨᠤᠭᠦᠳ ᠪᠦᠯᠬᠦᠮᠳᠡᠵᠦ᠂ ᠠᠷᠠᠳ ᠲᠦᠮᠡᠨ ᠡᠶ᠎ᠠ ᠵᠤᠬᠢᠴᠠᠩᠭᠤᠢ ᠦᠵᠡᠰᠭᠦᠯᠡᠩᠲᠦ ᠰᠠᠢᠬᠠᠨ ᠵᠢᠷᠤᠭ᠎ᠤᠳ ᠬᠠᠩᠭᠢᠨ ᠬᠣᠱᠢᠭᠤᠨ᠎ᠤ ᠡᠯᠡᠰᠦᠨ ᠴᠥᠯ᠎ᠦᠨ ᠳᠤᠮᠳᠠ ᠠᠯᠭᠤᠷᠬᠠᠨ ᠳᠡᠯᠭᠡᠭ᠌ᠳᠡᠨ᠎ᠡ᠃