《ᠭᠤᠷᠪᠠᠨ ᠤᠮᠠᠷᠠᠲᠤᠶᠢᠨ ᠵᠣᠷᠢᠭ᠋ ᠰᠠᠨᠠᠭᠠ》 ᠨᠢ ᠤᠩᠨᠢᠭᠤᠳᠴᠤᠳ ᠤ᠋ᠨ ᠡᠯᠡᠰᠦᠶᠢ ᠵᠠᠰᠠᠬᠤ ᠪᠡᠷᠬᠡ ᠬᠠᠲᠠᠭᠤᠵᠢᠯᠲᠠᠢ ᠬᠦᠳᠡᠯᠮᠥᠷᠢ ᠨᠢᠭᠡᠪᠦᠷᠢᠳᠤ ᠭᠦᠨᠵᠡᠭᠡᠢ ᠠᠭᠤᠰᠤᠨ᠂ ᠡᠯᠡ ᠲᠠᠯᠠ ᠶᠢᠨ ᠬᠦᠴᠦᠨᠢ ᠨᠢᠭ᠍ᠲᠠᠷᠠᠭᠤᠯᠬᠤ᠂ ᠬᠦᠴᠢᠷᠢ ᠲᠤᠭᠤᠯᠤᠨ ᠪᠡᠷᠬᠡᠶᠢ ᠳᠠᠪᠠᠭᠤ ᠵᠣᠷᠢᠭ᠋ ᠰᠠᠨᠠᠭᠠᠨᠤ ᠲᠤᠭ ᠲᠡᠮᠳᠡᠭ ᠪᠤᠯᠤᠨ ᠨᠠᠮᠢᠷᠠᠵᠤ᠂ ᠡᠯᠡᠰᠦᠷᠬᠡᠭ ᠣᠷᠣᠨᠤ ᠤᠨᠴᠠᠯᠢᠬ᠍ᠳᠤ ᠲᠠᠷᠢᠵᠤ ᠲᠡᠵᠢᠭᠡᠬᠦ ᠦᠢᠯᠡᠰ᠂ ᠠᠮᠢ ᠠᠬᠤᠢᠶᠢᠨ ᠵᠢᠭᠤᠯᠴᠢᠯᠠᠯ ᠪᠣᠯᠤᠨ ᠰᠢᠨᠡ ᠡᠨᠧᠷᠭᠢ ᠵᠡᠷᠭᠡ ᠠᠵᠤ ᠦᠢᠯᠡᠰ ᠢ᠋ ᠳᠠᠯᠠᠯᠤᠨ᠂ ᠬᠦᠭᠵᠢᠯᠳᠡ ᠶ᠋ᠢᠨ ᠳᠤᠮᠳᠠᠬᠢ ᠬᠥᠳᠡᠭᠡ ᠨᠤᠲᠤᠭᠤᠨ ᠰᠢᠨᠡ ᠦᠩᠭᠡ ᠦᠵᠡᠮᠵᠢ ᠶ᠋ᠢ ᠵᠢᠷᠤᠭᠯᠠᠵᠤ᠂ ᠯᠣᠣ ᠭᠠᠷᠤᠳᠢ ᠶ᠋ᠢᠨ ᠦᠯᠵᠡᠢᠳᠥ ᠨᠤᠲᠤᠭ ᠤ᠋ᠨ ᠠᠮᠢ ᠠᠬᠤᠢᠶᠢᠨ ᠪᠣᠯᠪᠠᠰᠤᠨ ᠤ᠋ ᠴᠡᠴᠡᠭ ᠢ᠋ ᠳᠡᠯᠭᠡᠷᠡᠭᠥᠯᠥᠨᠡᠮ᠃

ᠠᠮᠢ ᠠᠬᠤᠢ ᠶ᠋ᠢ ᠲᠡᠷᠢᠭᠥᠨ ᠳ᠋ᠤ᠌ ᠲᠠᠯᠪᠢᠨ᠂ ᠡᠯᠡᠰᠥᠷᠬᠡᠭ ᠤᠷᠤᠨ ᠤ᠋ ᠲᠠᠷᠢᠶᠠᠯᠠᠩ ᠮᠠᠯᠵᠢᠯ ᠤ᠋ᠨ ᠦᠷᠡ ᠠᠰᠢᠭ᠋ ᠢ᠋ ᠳᠡᠭᠡᠭᠰᠢᠯᠡᠭᠥᠯᠬᠥ ᠶ᠋ᠢᠨ ᠲᠦᠯᠥᠭᠡ᠂ ᠬᠤᠰᠢᠭᠤᠨ ᠤ᠋ ᠨᠠᠮ ᠵᠠᠰᠠᠭ ᠠ᠋ᠴᠠ ᠤᠢ ᠰᠢᠭᠤᠢ᠂ ᠭᠤᠤᠯ ᠮᠦᠷᠡᠨ᠂ ᠨᠠᠭᠤᠷ ᠴᠦᠬᠥᠷᠥᠮ᠂ ᠨᠤᠲᠤᠭ ᠪᠡᠯᠴᠢᠭᠡᠷᠤᠨ ᠳᠠᠷᠣᠭᠠ ᠶ᠋ᠢᠨ ᠲᠦᠷᠢᠮ ᠢ᠋ ᠲᠡᠭᠥᠯᠳᠡᠷᠵᠢᠭᠥᠯᠥᠨ ᠴᠢᠩᠭᠠᠳᠬᠠᠵᠤ᠂ ᠠᠯᠢ ᠡᠷᠲᠡ ᠠᠰᠢᠭ᠍ᠯᠠᠯᠳᠠ ᠳ᠋ᠤ᠌ ᠤᠷᠤᠭᠰᠠᠨ ᠮᠠᠩᠬᠠᠨ ᠲᠠᠷᠢᠶᠠᠯᠠᠩ ᠤ᠋ᠨ ᠬᠦᠭᠵᠢᠯᠳᠡ ᠶ᠋ᠢ ᠠᠩᠬᠠᠷᠤᠨ᠂ ᠦᠷᠭᠡᠳᠭᠡᠬᠥ ᠶ᠋ᠢ ᠬᠤᠷᠢᠭ᠍ᠯᠠᠨ ᠨᠤᠭᠤᠭᠠᠷᠠᠭᠤᠯᠬᠤ ᠶ᠋ᠢ ᠠᠳᠬᠤᠵᠤ᠂ ᠪᠠᠶᠠᠠᠲᠤᠬᠤᠢ᠂ ᠭᠡᠷᠰᠡᠩ᠂ ᠰᠢᠨᠡᠰᠦ᠋ᠮᠡ ᠰᠤᠮᠤᠨ ᠤ᠋ ᠨᠢᠭᠡ ᠪᠦᠯᠥᠭ ᠤᠨᠴᠠᠯᠢᠭ᠍ᠳᠤ ᠡᠯᠡᠰᠥᠨ ᠲᠤᠳᠤᠷᠭᠠ ᠶ᠋ᠢᠨ ᠬᠦᠭᠵᠢᠯᠳᠡ ᠶ᠋ᠢ ᠳᠡᠮᠵᠢᠵᠥ᠂ 《ᠡᠯᠡᠰᠥᠨ ᠪᠠᠭᠤᠴᠠ》 ᠳᠡᠮᠳᠡᠭᠳᠥ ᠵᠡᠷᠭᠡ ᠲᠤᠳᠤᠷᠭᠠ ᠶ᠋ᠢ ᠳᠡᠰ ᠳᠡᠪᠰᠢᠭᠥᠯᠥᠨ᠂ ᠬᠤᠩ ᠱᠠᠨ ᠲᠤᠳᠤᠷᠭᠠ ᠲᠠᠢ ᠮᠦᠷ ᠵᠡᠷᠭᠡᠴᠡᠭᠥᠯᠥᠨ ᠤᠬᠠᠭᠤᠯᠤᠨ ᠳᠡᠯᠭᠡᠷᠡᠭᠥᠯᠵᠥ᠂ ᠪᠦᠬᠥ ᠤᠷᠤᠨ ᠴᠢᠨᠠᠭᠰᠢᠯᠠᠪᠠᠯ ᠪᠦᠬᠥ ᠤᠯᠤᠰ ᠤ᠋ᠨ ᠬᠡᠪᠴᠢᠶᠡᠨ ᠳ᠋ᠤ᠌ ᠬᠡᠷᠡᠭᠯᠡᠭᠴᠢᠳ ᠲᠤ᠌ ᠬᠦᠷᠭᠡᠭᠰᠡᠨ ᠪᠠᠢᠨᠠ᠃

ᠮᠠᠩᠬᠠᠨ ᠨᠤᠲᠤᠭ ᠤ᠋ᠨ ᠮᠠᠯᠵᠢᠯ ᠤ᠋ᠨ ᠬᠤᠪᠢ ᠳ᠋ᠤ᠌ ᠠᠪᠴᠤ ᠬᠡᠯᠡᠪᠡᠯ᠂ ᠪᠡᠯᠴᠢᠭᠡᠷᠯᠡᠭᠥᠯᠬᠥ ᠶ᠋ᠢ ᠴᠠᠭᠠᠵᠠᠯᠠᠨ ᠡᠯᠡᠰᠥᠷᠬᠡᠭᠵᠢᠬᠥ ᠶ᠋ᠢ ᠰᠡᠷᠭᠡᠢᠯᠡᠬᠥ᠂ ᠰᠡᠯᠬᠥᠨ ᠮᠠᠯᠵᠢᠬᠤ᠂ ᠬᠠᠰᠢᠶᠠᠯᠠᠬᠤ᠂ ᠪᠤᠷᠳᠤᠬᠤ᠂ ᠡᠭᠥᠯᠳᠡᠷ ᠰᠠᠢᠵᠢᠷᠠᠭᠤᠯᠬᠤ ᠵᠡᠷᠭᠡ ᠤᠯᠠᠨ ᠠᠷᠭᠠ ᠵᠠᠮ ᠢ᠋ ᠬᠡᠷᠡᠭᠵᠢᠭᠥᠯᠵᠥ᠂ ᠵᠠᠬᠠ ᠳᠡᠯᠭᠡᠭᠥᠷ ᠤ᠋ᠨ ᠬᠠᠨᠳᠤᠰᠢ ᠶ᠋ᠢ ᠠᠩᠬᠠᠷᠤᠨ᠂ ᠠᠷᠠᠴᠢᠯᠠᠵᠤ ᠲᠡᠵᠢᠭᠡᠬᠥ ᠲᠤᠭᠠ ᠨᠤᠷᠮᠠ᠂ ᠲᠦᠷᠥᠯ ᠵᠦᠢᠯ ᠵᠡᠷᠭᠡ ᠶ᠋ᠢ ᠪᠤᠳᠠᠳᠠᠢᠵᠢᠭᠤᠯᠵᠤ᠂ ᠱᠠᠩᠨᠠᠨ ᠲᠤᠷᠭᠠᠬᠤ᠂ ᠳᠡᠮᠵᠢᠨ ᠬᠠᠷᠠᠭᠠᠯᠵᠠᠬᠤ ᠲᠦᠷᠥ ᠶ᠋ᠢᠨ ᠪᠤᠳᠤᠯᠭᠠ ᠠᠪᠴᠤ᠂ ᠠᠯᠠᠰᠢᠨ ᠤ᠋᠂ ᠰᠠᠭᠠᠯᠢ ᠶ᠋ᠢᠨ᠂ ᠨᠤᠤᠯᠤᠭᠤᠷ ᠤ᠋ᠨ ᠭᠡᠵᠥ ᠲᠦᠷᠥᠯ ᠢᠯᠭᠠᠨ ᠴᠠᠭ ᠤ᠋ᠨ ᠦᠩᠭᠡ ᠶ᠋ᠢ ᠦᠵᠡᠨ ᠲᠡᠵᠢᠭᠡᠬᠥ ᠬᠦᠳᠡᠯᠥᠩᠭᠥᠢ ᠠᠷᠭᠠ ᠠᠪᠴᠠᠯ ᠬᠡᠷᠡᠭᠵᠢᠭᠥᠯᠥᠭᠰᠡᠨ ᠠ᠋ᠴᠠ ᠵᠠᠬᠠ ᠳᠡᠯᠭᠡᠭᠥᠷ ᠤ᠋ᠨ ᠦᠨᠡ ᠬᠠᠩᠰᠢ ᠶ᠋ᠢᠨ ᠨᠦᠯᠥᠭᠡ ᠠ᠋ᠴᠠ ᠴᠢᠳᠠᠬᠤ ᠶ᠋ᠢᠨ ᠬᠢᠷᠢ ᠪᠡᠷ ᠵᠠᠢᠯᠠᠭᠤᠯᠵᠤ᠂ ᠵᠠᠷᠤᠯᠭᠠ ᠶ᠋ᠢ ᠪᠠᠭᠠᠰᠬᠠᠨ ᠤᠷᠤᠯᠭᠠ ᠶ᠋ᠢ ᠨᠡᠮᠡᠭᠳᠡᠭᠥᠯᠥᠭᠰᠡᠨ ᠪᠠᠢᠨᠠ᠃
ᠶᠡᠭᠡ ᠬᠡᠪᠴᠢᠶᠡᠪᠠᠷ ᠡᠯᠡᠰᠥ ᠶ᠋ᠢ ᠵᠠᠰᠠᠭᠰᠠᠨ ᠰᠠᠭᠤᠷᠢᠨ ᠳᠡᠭᠡᠷᠡ᠂ ᠤᠩᠨᠢᠭᠤᠳ ᠬᠤᠰᠢᠭᠤ ᠨᠢ ᠠᠮᠢ ᠠᠬᠤᠢᠶᠢ ᠪᠠᠬᠢᠵᠢᠭᠦᠯᠬᠦᠳᠤ ᠠᠩᠬᠠᠷᠤᠯᠢᠶᠠᠨ ᠲᠥᠪᠯᠡᠷᠡᠭᠦᠯᠵᠦ᠂ ᠲᠦᠷᠦᠯ ᠵᠦᠢᠯᠤᠨ ᠲᠣᠭᠤᠷᠢᠭ᠋ ᠤ᠋ᠨ ᠨᠠᠷᠢᠯᠢᠬ᠍ᠵᠢᠭᠤᠯᠤᠭᠰᠠᠨ ᠬᠠᠮᠢᠶᠠᠷᠤᠯᠲᠠ ᠬᠠᠮᠠᠭᠠᠯᠠᠯᠲᠠᠶᠢ ᠪᠦᠬᠦ ᠲᠠᠯᠠᠪᠠᠷ ᠠᠬᠢᠭᠤᠯᠵᠤ᠂ ᠪᠡᠯᠴᠢᠭᠡᠷᠯᠡᠬᠦᠯᠬᠦ ᠶ᠋ᠢ ᠴᠠᠭᠠᠵᠠᠯᠠᠬᠤ᠂ ᠦᠷᠳᠡᠭ ᠢ᠋ ᠨᠢ ᠨᠡᠮᠡᠭᠳᠡᠭᠦᠯᠦᠨ ᠨᠤᠭᠤᠭᠠᠷᠠᠭᠤᠯᠤᠯᠳᠠ ᠶ᠋ᠢ ᠬᠠᠮᠠᠭᠠᠯᠠᠬᠤ ᠵᠡᠷᠭᠡ ᠠᠷᠭᠠ ᠬᠡᠮᠵᠢᠶᠡ ᠪᠠᠷ ᠤᠢ ᠰᠢᠭᠤᠢ ᠡᠪᠡᠰᠦ ᠪᠡᠯᠴᠢᠭᠡᠷᠤᠨ ᠪᠦᠲᠦᠴᠡᠶᠢ ᠦᠷᠭᠦᠯᠵᠢᠯᠡᠨ ᠰᠢᠯᠢᠳᠡᠭᠵᠢᠭᠦᠯᠵᠦ᠂ ᠤᠷᠭᠤᠮᠠᠯᠤᠨ ᠬᠤᠴᠢᠯᠭᠠ ᠪᠣᠯᠤᠨ ᠠᠮᠢᠵᠢᠷᠠᠯᠤᠨ ᠬᠦᠴᠦᠨᠢ ᠨᠢ ᠳᠡᠭᠡᠭᠰᠢᠯᠡᠭᠥᠯᠥᠭᠰᠡᠨ ᠪᠠᠢᠨᠠ᠃