ᠰᠢᠨ᠎ᠡ ᠬᠤᠳᠠ ᠳᠤᠭᠤᠷᠢᠭ ᠤ᠋ᠨ ᠰᠢᠨᠡᠭᠡᠨ ᠬᠤᠪᠢᠷᠠᠯᠳᠠ
2026-06-08 10:09:17
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

ᠠᠮᠢ ᠠᠬᠤᠢ ᠎ᠵᠢᠨ ᠰᠡᠷᠬᠦᠭᠡᠯᠳᠠ ᠪᠠ ᠬᠤᠳᠠ ᠬᠦᠳᠡᠭᠡ᠎ᠵᠢ ᠠᠭᠤᠰᠤᠯᠴᠠᠭᠤᠯᠤᠨ ᠬᠦᠭᠵᠢᠬᠦᠯᠬᠦ᠎ᠵᠢ ᠪᠠᠶᠠᠯᠠᠬᠦᠯᠪᠠ


ᠤᠡᠭᠰᠢᠯᠭ᠎ᠠ᠎ᠵᠢᠨ ᠬᠦᠳᠤᠯᠤᠮᠵᠢ

ᠬᠦᠬᠡᠬᠤᠳᠠ ᠵᠢᠨ ᠰᠢᠨ᠎ᠡ ᠬᠤᠳᠠ ᠵᠢᠨ ᠲᠣᠭᠣᠷᠢᠭ᠎ᠤᠨ ᠬᠢᠨ ᠠᠮᠢ ᠠᠬᠤᠢ ᠵᠢᠨ ᠪᠤᠯᠪᠠᠰᠤᠨ ᠤ᠋ ᠪᠠᠢᠭᠤᠯᠤᠯᠳᠠ ᠵᠢ ᠦᠷᠭᠦᠯᠵᠢᠳᠡ ᠴᠢᠩᠭᠠᠳᠬᠠᠵᠤ᠂  ᠬᠤᠳᠠ ᠬᠥᠳᠡᠭᠡ ᠵᠢ ᠠᠭᠤᠰᠤᠯᠴᠠᠭᠤᠯᠤᠨ ᠬᠦᠭᠵᠢᠭᠦᠯᠬᠦ ᠳᠤᠮᠳᠠ ᠠᠮᠢ ᠠᠬᠤᠢ ᠵᠢᠨ ᠰᠠᠢᠵᠢᠷᠠᠯᠳᠠ ᠪᠡᠷ ᠠᠷᠠᠳ ᠤ᠋ᠨ ᠠᠮᠢᠳᠤᠷᠠᠯ ᠤ᠋ᠨ ᠴᠢᠨᠠᠷ ᠴᠢᠨᠰᠠᠭ᠎ᠠ ᠵᠢ ᠳᠡᠭᠡᠭᠰᠢᠯᠡᠭᠦᠯᠵᠦ᠂ ᠠᠵᠤ ᠦᠢᠯᠡᠰ ᠤ᠋ᠨ ᠬᠥᠭᠵᠢᠯᠲᠡ ᠵᠢᠨ ᠥᠷᠨᠢᠭᠦᠨ ᠬᠥᠭᠵᠢᠩᠭᠦᠢ ᠤᠯᠠᠨ ᠡᠰᠢᠵᠢᠬᠦ ᠵᠢ ᠠᠬᠢᠭᠤᠯᠵᠠᠢ ᠃


ᠰᠠᠯᠬᠢ ᠰᠢᠭᠤᠷᠭᠠᠨ ᠳ᠋ᠤ ᠬᠤᠴᠢᠭᠳᠠᠭᠰᠠᠨ ᠠᠮᠢ ᠠᠬᠤᠢ ᠵᠢᠨ ᠬᠡᠪᠡᠷᠡᠭ ᠣᠷᠣᠨ ᠡᠴᠡ ᠵᠢᠭᠤᠯᠴᠢᠯᠠᠭᠰᠠᠳ ᠤ᠋ᠨ ᠪᠠᠬᠠᠷᠬᠠᠯ᠎ᠢ ᠲᠠᠳᠠᠭᠰᠠᠨ ᠬᠤᠳᠠ ᠵᠢᠨ ᠠᠷᠤ ᠵᠢᠨ ᠴᠡᠴᠡᠷᠯᠢᠭ ᠬᠦᠷᠲᠡᠯ᠎ᠡ︔ ᠤᠯᠠᠮᠵᠢᠯᠠᠯᠲᠤ ᠲᠠᠷᠢᠶᠠᠯᠠᠬᠤ ᠲᠣᠰᠬᠣᠨ ᠡᠴᠡ ᠡᠯ᠎ᠡ ᠦᠵᠡᠰᠭᠦᠯᠡᠩᠳᠤ ᠰᠠᠢᠬᠠᠨ ᠰᠣᠶᠣᠯ ᠵᠢᠭᠤᠯᠴᠢᠯᠠᠯ ᠤ᠋ᠨ ᠨᠤᠲᠤᠭ ᠬᠦᠷᠳᠡᠯ᠎ᠡ ᠁ ᠪᠦᠬᠦ ᠤᠯᠤᠰ ᠤ᠋ᠨ ᠲᠦᠷᠦᠭᠦᠦ ᠪᠦᠯᠦᠭ ᠤ᠋ᠨ ᠦᠵᠡᠰᠬᠦᠯᠡᠩᠲᠦ ᠰᠠᠢᠬᠠᠨ ᠬᠥᠳᠡᠭᠡ ᠲᠣᠰᠬᠣᠨ ᠤ᠋ ᠬᠣᠰᠢᠭᠤᠴᠢ ᠳᠤᠭᠤᠷᠢᠭ ᠪᠣᠯᠤᠭᠰᠠᠨ ᠬᠥᠬᠡᠬᠣᠲᠠ ᠵᠢᠨ ᠰᠢᠨ᠎ᠡ ᠬᠣᠲᠠ ᠲᠣᠭᠣᠷᠢᠭ ᠎ᠤᠨ ᠬᠢᠨ 10 ᠭᠠᠷᠤᠶ ᠵᠢᠯ ᠦᠷᠭᠦᠯᠵᠢᠯᠡᠭᠰᠡᠨ ᠠᠮᠢ ᠠᠬᠤᠶ ᠵᠢᠨ ᠰᠡᠷᠭᠦᠭᠡᠯᠳᠡ ᠪᠠ ᠬᠣᠲᠠ ᠬᠥᠳᠡᠭᠡ ᠵᠢ ᠠᠭᠤᠰᠤᠯᠴᠠᠭᠤᠯᠤᠨ ᠬᠦᠭᠵᠢᠭᠦᠯᠦᠭᠰᠡᠨ ᠦᠢᠯᠡᠳᠦᠯᠭᠡ ᠪᠡᠷ 《ᠨᠤᠮᠢᠨ ᠤᠰᠤ ᠬᠥᠬᠡᠮᠳᠦᠭ ᠠᠭᠤᠯᠠ ᠪᠣᠯ ᠠᠯᠳᠠᠨ ᠠᠭᠤᠯᠠ ᠮᠥᠩᠭᠥᠨ ᠬᠠᠢᠷᠬᠠᠨ ᠮᠦᠨ》 ᠭᠡᠭᠦ ᠣᠢᠯᠠᠭᠠᠭᠳᠠᠬᠤᠨ ᠳ᠋ᠤ ᠠᠮᠢᠳᠤᠯᠢᠭ ᠲᠠᠢᠯᠪᠤᠷᠢᠯᠠᠯᠳᠠ ᠬᠢᠵᠦ᠂ 127 ᠲᠡᠭᠰᠢ ᠳᠥᠷᠪᠡᠯᠵᠢᠨ ᠺᠢᠯᠤᠮᠸᠲᠷ ᠦᠷᠭᠦᠯᠵᠢᠯᠡᠭᠰᠡᠨ ᠳᠠᠯᠠᠨ ᠬᠠᠷ᠎ᠠ ᠠᠭᠤᠯᠠ ᠵᠢᠨ ᠡᠮᠦᠨ᠎ᠡ ᠬᠤᠷᠮᠤᠢ ᠳ᠋ᠤ ᠪᠣᠬᠢᠷᠲᠤᠯ ᠦᠭᠡᠢ ᠠᠮᠢ ᠠᠬᠤᠢ ᠵᠢᠨ ᠬᠠᠯᠬᠠᠪᠴᠢ ᠵᠢ ᠴᠤᠭᠴᠠᠯᠠᠭᠰᠠᠨ ᠵᠢᠠᠷ ᠪᠠᠷᠠᠬᠤ ᠦᠭᠡᠢ᠂ ᠨᠡᠩ ᠴᠦ᠍ ᠬᠤᠳᠠ ᠬᠥᠳᠡᠭᠡ ᠵᠢ ᠠᠭᠤᠰᠤᠯᠴᠠᠭᠤᠯᠤᠨ ᠬᠥᠭᠵᠢᠭᠦᠯᠬᠦ ᠰᠢᠨ᠎ᠡ ᠠᠷᠭ᠎ᠠ ᠵᠠᠮ ᠢ᠋ ᠬᠠᠢᠨ ᠰᠦᠪᠡᠭᠴᠢᠯᠡᠵᠦ ᠂ ᠠᠭᠤᠯᠠ ᠲᠠᠢ ᠤᠰᠤ ᠲᠠᠢ ᠣᠷᠣᠰᠢᠨ ᠰᠠᠭᠤᠷᠢᠰᠢᠬᠤ ᠳ᠋ᠤ ᠳᠤᠬᠢᠷᠠᠮᠵᠢᠳᠠᠢ  《ᠬᠠᠮᠲᠤ ᠪᠠᠷ ᠭᠤᠶᠤᠵᠢᠨ ᠬᠠᠮᠲᠤ ᠪᠠᠷ ᠪᠠᠶᠠᠵᠢᠬᠰᠠᠨ》 ᠴᠣ᠋ ᠰᠢᠨ᠎ᠡ ᠪᠠᠢᠳᠠᠯ᠎ᠢ ᠪᠤᠢ ᠪᠤᠯᠭᠠᠪᠠ ᠃


ᠰᠢᠰᠲ᠋ᠧᠮ ᠲᠡᠶ ᠵᠠᠰᠠᠯᠳᠠ ᠬᠢᠵᠤ ᠠᠮᠢ ᠠᠬᠤᠶ ᠎ᠵᠢᠨ ᠨᠤᠭᠤᠭᠠᠨ ᠬᠤᠪᠢᠰᠤᠯᠳᠠ ᠵᠢ ᠪᠡᠶᠡᠯᠡᠭᠦᠯᠪᠡ


ᠰᠢᠨ᠎ᠡ ᠬᠤᠳᠠ ᠲᠣᠭᠣᠷᠢᠭ ᠨᠢ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠲᠥᠪ ᠬᠥᠬᠡᠬᠣᠲᠠ ᠵᠢᠨ ᠴᠢᠬᠤᠯᠠ ᠨᠢᠭᠡ ᠵᠠᠰᠠᠭ ᠵᠠᠬᠢᠷᠭᠠᠨ ᠤ᠋ ᠳᠤᠭᠤᠷᠢᠭ ᠪᠣᠯᠤᠭᠰᠠᠨ ᠤ᠋ ᠬᠤᠪᠢ ᠳ᠋ᠤ ᠂ ᠳᠠᠯᠠᠨ ᠬᠠᠷ᠎ᠠ ᠠᠭᠤᠯᠠ ᠵᠢᠨ ᠡᠮᠦᠨ᠎ᠡ ᠬᠤᠷᠮᠤᠢ ᠳ᠋ᠤ ᠪᠠᠢᠷᠢᠯᠠᠵᠤ ᠂ ᠬᠠᠳᠤᠨ ᠭᠣᠣᠯ ᠤ᠋ᠨ ᠭᠣᠣᠯᠳᠠᠯᠭ᠎ᠠ ᠲᠠᠶ ᠠᠮᠢ ᠠᠬᠤᠢ ᠵᠢᠨ ᠣᠷᠣᠨ ᠳ᠋ᠤ ᠪᠠᠭᠳᠠᠵᠤ ᠂ ᠬᠥᠬᠡᠬᠣᠲᠠ ᠵᠢᠨ ᠴᠢᠬᠤᠯᠠ ᠠᠮᠢ ᠠᠬᠤᠢ ᠵᠢᠨ ᠠᠵᠤ ᠠᠬᠤᠢ ᠵᠢᠨ ᠣᠷᠣᠨ ᠪᠠ ᠠᠮᠢ ᠠᠬᠤᠢ ᠵᠢᠨ ᠨᠦᠭᠡᠴᠡ ᠣᠷᠣᠨ ᠪᠣᠯᠤᠨ᠎ᠠ ᠃ ᠠᠮᠢ ᠠᠬᠤᠢ ᠬᠡᠪᠡᠷᠡᠭ ᠣᠷᠣᠨ ᠳ᠋ᠤ ᠬᠠᠨᠳᠤᠭᠤᠯᠤᠭᠰᠠᠨ 10 ᠭᠠᠷᠤᠢ ᠵᠢᠯ ᠦᠷᠭᠦᠯᠵᠢᠯᠡᠭᠰᠡᠨ ᠶᠡᠷᠦᠩᠬᠡᠢᠯᠡᠭᠰᠡᠨ ᠵᠠᠰᠠᠯᠲᠠ ᠵᠢᠨ ᠪᠣᠭᠣᠮᠲᠠ ᠰᠢᠪᠲᠤᠯᠬᠤ ᠳᠠᠢᠯᠠᠯᠳᠤᠭᠠᠨ ᠨᠢ ᠨᠢᠭᠡᠨ ᠤᠳᠠᠭ᠎ᠠ ᠵᠢᠨ ᠭᠦᠨᠵᠡᠭᠡᠢ ᠨᠣᠭᠣᠭᠠᠨ ᠬᠤᠪᠢᠰᠤᠯᠲᠠ ᠵᠢ ᠪᠡᠶᠡᠯᠡᠭᠦᠯᠵᠡᠢ ᠃

2012 ᠣᠨ ᠡᠴᠡ ᠨᠠᠭᠠᠰᠢ᠂ ᠰᠢᠨ᠎ᠡ ᠬᠤᠲᠠ ᠲᠣᠭᠣᠷᠢᠭ ᠤ᠋ᠨ ᠬᠢᠨ ᠮᠠᠨ ᠤ᠋ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ ᠤ᠋ ᠬᠠᠯᠬᠠᠪᠴᠢ ᠵᠢ ᠴᠤᠭᠴᠠᠯᠠᠬᠤ ᠤᠯᠤᠰ ᠲᠦᠷᠦ ᠵᠢᠨ ᠬᠠᠷᠢᠭᠤᠴᠠᠯᠭ᠎ᠠ ᠵᠢ ᠡᠷᠡᠰ ᠡᠭᠦᠷᠭᠡᠯᠡᠵᠦ᠂ ᠳᠠᠯᠠᠨ ᠬᠠᠷ᠎ᠠ ᠠᠭᠤᠯᠠ ᠵᠢᠨ ᠡᠮᠦᠨ᠎ᠡ ᠬᠤᠷᠮᠤᠢ ᠵᠢᠨ ᠠᠮᠢ ᠠᠬᠤᠢ ᠵᠢ ᠬᠠᠮᠠᠭᠠᠯᠠᠬᠤ ᠶᠡᠷᠦᠩᠬᠡᠢᠯᠡᠨ ᠵᠠᠰᠠᠬᠤ ᠢᠨᠵᠧᠨᠧᠷᠢᠩ ᠢ᠋ ᠪᠦᠬᠦ ᠬᠦᠴᠦᠨ ᠵᠢᠡᠷ ᠠᠬᠢᠭᠤᠯᠵᠤ᠂ 《ᠳᠠᠯᠠᠨ ᠬᠠᠷ᠎ᠠ ᠠᠭᠤᠯᠠ ᠵᠢᠨ ᠡᠮᠦᠨ᠎ᠡ ᠬᠤᠷᠮᠤᠢ ᠵᠢᠨ ᠠᠮᠢ ᠠᠬᠤᠢ ᠵᠢᠨ ᠪᠤᠬᠢᠷᠳᠤᠯ ᠦᠭᠡᠢ ᠪᠦᠰᠡ᠂ ᠴᠡᠯᠡᠭᠡᠷ ᠲᠠᠯ᠎ᠠ ᠵᠢᠨ ᠠᠮᠢ ᠠᠬᠤᠢ ᠵᠢᠨ ᠲᠠᠯ᠎ᠠ ᠨᠤᠲᠤᠭ ᠤ᠋ᠨ ᠦᠵᠡᠮᠵᠢ ᠵᠢᠨ ᠪᠦᠰᠡ᠂ ᠠᠭᠤᠯᠠᠨ ᠭᠠᠵᠠᠷ ᠤ᠋ᠨ ᠲᠠᠯ᠎ᠠ ᠨᠤᠲᠤᠭ ᠤ᠋ᠨ ᠵᠢᠭᠤᠯᠴᠢᠯᠠᠯ ᠤ᠋ᠨ ᠪᠦᠰᠡ ᠪᠣᠯᠤᠨ 〈ᠠᠭᠤᠯᠠ ᠤᠰᠤ ᠤᠢ ᠮᠤᠳᠤ ᠭᠠᠵᠠᠷ ᠲᠠᠷᠢᠶ᠎ᠠ ᠨᠠᠭᠤᠷ ᠪᠦᠷᠢᠳᠤ ᠨᠤᠳᠤᠭ ᠪᠡᠯᠴᠢᠭᠡᠷ ᠡᠯᠡᠰᠦ ᠮᠠᠩᠬ᠎ᠠ〉ᠵᠢᠨ ᠠᠮᠢ ᠨᠠᠰᠤᠨ ᠤ᠋ ᠬᠠᠮᠲᠤ ᠵᠢᠨ ᠴᠣᠭᠴᠠ ᠵᠢᠨ ᠦᠵᠡᠭᠦᠯᠭᠡ ᠵᠢᠨ ᠤᠷᠤᠨ》 ᠤ᠋ ᠶᠡᠷᠦᠩᠬᠡᠢᠯᠡᠭᠰᠡᠨ ᠵᠠᠰᠠᠯᠲᠠ ᠵᠢ ᠬᠡᠷᠡᠭᠵᠢᠭᠦᠯᠵᠠᠢ᠃ ᠰᠢᠰᠲ᠋ᠧᠮ ᠲᠡᠶ ᠵᠠᠰᠠᠨ ᠰᠡᠷᠭᠦᠭᠡᠬᠦ ᠪᠡᠷ ᠳᠠᠮᠵᠢᠨ ᠬᠠᠷᠠᠭᠠᠴᠢᠨ ᠠᠮᠢ ᠠᠬᠤᠶ ᠵᠢᠨ ᠴᠡᠴᠡᠷᠯᠢᠭ᠂ ᠴᠡᠯᠡᠭᠡᠷ ᠲᠠᠯ᠎ᠠ ᠵᠡᠷᠭᠡ ᠠᠮᠢ ᠠᠬᠤᠶ ᠪᠠ ᠦᠵᠡᠮᠵᠢ ᠵᠢᠨ ᠴᠢᠳᠠᠮᠵᠢ ᠵᠢ ᠬᠠᠪᠰᠤᠷᠭᠠᠭᠰᠠᠨ ᠨᠢᠭᠡ ᠪᠦᠯᠦᠭ ᠴᠢᠬᠤᠯᠠ ᠠᠮᠢ ᠠᠬᠤᠶ ᠵᠢᠨ ᠲᠥᠷᠥᠯ ᠵᠦᠢᠯ ᠢ᠋ ᠪᠦᠳᠦᠭᠡᠨ ᠪᠠᠢᠭᠤᠯᠤᠨ ᠳᠠᠭᠤᠰᠬᠠᠵᠤ᠂ ᠠᠮᠢ ᠠᠬᠤᠶ ᠵᠢᠨ ᠪᠤᠬᠢᠷᠳᠤᠯ ᠦᠭᠡᠢ ᠪᠦᠰᠡ ᠵᠢ ᠨᠡᠢᠲᠡ 4.1 ᠲᠦᠮᠡᠨ ᠮᠦ᠍ ᠥᠭᠡᠷᠡᠴᠢᠯᠡᠨ ᠰᠠᠢᠵᠢᠷᠠᠭᠤᠯᠵᠤ ᠂ 14 ᠲᠦᠮᠡᠨ ᠮᠦ᠍ ᠨᠣᠭᠣᠭᠠᠷᠠᠭᠤᠯᠤᠯᠲᠠ ᠵᠢ ᠪᠡᠶᠡᠯᠡᠭᠦᠯᠵᠦ᠂ ᠣᠶ ᠰᠢᠭᠤᠶ ᠵᠢᠨ ᠪᠦᠷᠬᠦᠴᠡ 39.22% ᠪᠣᠯᠲᠠᠯ᠎ᠠ ᠳᠡᠭᠡᠭᠰᠢᠯᠡᠭᠦᠯᠦᠨ᠂ ᠣᠷᠣᠨ ᠪᠦᠰᠡ ᠵᠢᠨ ᠠᠮᠢ ᠠᠬᠤᠶ ᠵᠢᠨ ᠳᠠᠭᠠᠭᠠᠴᠠ ᠵᠢ ᠢᠯᠡᠳᠲᠡ ᠴᠢᠩᠭᠠᠷᠠᠭᠤᠯᠪᠠ᠃

ᠳᠠᠯᠠᠨ ᠬᠠᠷ᠎ᠠ ᠠᠭᠤᠯᠠ ᠵᠢᠨ ᠬᠣᠷᠮᠣᠢ ᠂ ᠴᠡᠯᠡᠭᠡᠷ ᠲᠠᠯ᠎ᠠ ᠎ᠵᠢᠨ ᠬᠥᠪᠡᠭᠡᠨ ᠳ᠋ᠡᠬᠢ《ᠰᠦᠯᠵᠢᠶᠡᠨ ᠬᠠᠯᠠᠮᠰᠢᠯ ᠲᠣᠰᠬᠣᠨ》ᠪᠤᠯᠬᠤ ᠤᠪᠤᠭ᠎ᠠ ᠲᠣᠰᠬᠣᠨ ᠨᠢ ᠥᠩᠭᠡᠷᠡᠭᠰᠡᠨ ᠳ᠋ᠤ ᠭᠠᠵᠠᠷ ᠰᠢᠷᠣᠢ ᠲᠠᠴᠢᠷ ᠨᠢᠮᠭᠡᠨ᠂ ᠨᠤᠳᠤᠭ ᠤᠰᠤᠨ᠎ᠳᠠᠭᠠᠨ ᠠᠯᠳᠠᠷᠰᠢᠭᠰᠠᠨ ᠶᠠᠳᠠᠭᠤ ᠲᠣᠰᠬᠣᠨ ᠪᠠᠢᠵᠠᠢ᠃ 《ᠨᠢᠭᠡᠳᠦᠯᠲᠡᠶ ᠨᠡᠭᠡᠭᠡᠯᠳᠡ ᠬᠢᠭᠦ ᠡᠴᠡ ᠡᠮᠦᠨ᠎ᠡ᠂ ᠲᠣᠰᠬᠣᠨ ᠤ᠋ ᠭᠠᠵᠠᠷ ᠲᠠᠷᠢᠶ᠎ᠠ ᠵᠢᠨ ᠣᠯᠠᠩᠬᠢ ᠨᠢ ᠡᠯᠡᠰᠦᠷᠬᠡᠭ ᠭᠠᠵᠠᠷ ᠪᠠᠢᠭᠰᠠᠨ ᠪᠣᠯᠬᠣᠷ ᠬᠤᠷ᠎ᠠ ᠳᠤᠨᠳᠠᠰᠤ ᠳᠡᠭᠰᠢᠬᠡᠨ ᠵᠢᠯ ᠪᠠᠢᠭᠰᠠᠨ ᠴᠦ᠍ ᠣᠷᠣᠯᠭ᠎ᠠ ᠪᠠᠭᠠᠳᠠᠢ ᠪᠣᠯᠬᠣᠷ ᠴᠥᠭᠡᠨ ᠪᠤᠰᠤ ᠲᠣᠰᠬᠣᠨ ᠤ᠋ ᠠᠷᠠᠳ ᠭᠠᠳᠠᠭᠰᠢ ᠭᠠᠷᠴᠤ ᠬᠥᠯᠥᠰᠥᠨ ᠠᠵᠢᠯ ᠬᠢᠵᠦ ᠠᠮᠢᠳᠤᠷᠠᠯ᠎ᠵᠢᠡᠨ ᠲᠤᠳᠤᠮᠳᠠᠵᠤ ᠪᠠᠢᠵᠠᠶ》 ᠭᠡᠵᠤ ᠲᠣᠰᠬᠣᠨ ᠤ᠋ ᠠᠷᠠᠳ ᠶᠠᠩ ᠬᠠᠶ ᠪᠢᠨ ᠥᠩᠭᠡᠷᠡᠭᠰᠡᠨ ᠵᠢᠡᠨ ᠡᠷᠬᠢᠴᠡᠬᠦᠯᠤᠨ ᠭᠡᠯᠡᠨ᠎ᠠ᠃

ᠦᠷᠭᠦᠯᠵᠢᠯᠡᠨ ᠵᠠᠰᠠᠯᠳᠠ ᠬᠢᠭᠦ ᠪᠠᠷ ᠲᠠᠮᠵᠢᠨ ᠥᠨᠥᠳᠦᠷ ᠤ᠋ᠨ ᠳᠠᠯᠠᠨ ᠬᠠᠷ᠎ᠠ ᠠᠭᠤᠯᠠ ᠵᠢᠨ ᠡᠮᠦᠨ᠎ᠡ ᠬᠤᠷᠮᠤᠢ ᠳ᠋ᠤ ᠲᠦᠮᠡᠨ ᠮᠦ᠍ ᠵᠢᠨ ᠤᠢ ᠰᠢᠭᠤᠢ᠂ ᠨᠣᠮᠢᠨ ᠳᠣᠯᠭᠢᠶᠠᠨ ᠲᠠᠯ᠎ᠠ ᠨᠤᠲᠤᠭ ᠤ᠋ᠨ ᠦᠵᠡᠰᠬᠦᠯᠠᠡᠭᠳᠤ ᠰᠠᠢᠬᠠᠨ ᠦᠵᠡᠮᠵᠢ ᠢᠯᠡᠷᠡᠵᠡᠢ᠃ ᠵᠠᠰᠠᠯᠳᠠ ᠬᠢᠭᠰᠡᠨ ᠤ᠋ ᠳᠠᠷᠠᠭᠠᠬᠢ ᠬᠠᠷᠠᠭᠠᠴᠢᠨ ᠭᠤᠤᠯ ᠤ᠋ᠨ ᠰᠠᠪᠠ ᠭᠠᠵᠠᠷ ᠤ᠋ᠨ ᠤᠰᠤ ᠨᠢ ᠲᠤᠩᠭᠠᠯᠠᠭᠰᠢᠨ ᠡᠷᠭᠢ ᠨᠢ ᠨᠣᠭᠣᠭᠠᠷᠠᠨ ᠬᠦᠬᠡᠷᠡᠵᠤ᠂ 110 ᠺᠢᠯᠤᠮᠸᠲᠷ ᠦᠷᠭᠦᠯᠵᠢᠯᠡᠭᠰᠡᠨ ᠠᠮᠢ ᠠᠬᠤᠢ ᠵᠢᠨ ᠦᠵᠡᠮᠵᠢ ᠵᠢᠨ ᠤᠷᠳᠤ ᠬᠤᠩᠬᠢᠯ ᠠᠭᠤᠯᠠ ᠳᠠᠭᠠᠤ ᠳᠡᠯᠭᠡᠭᠳᠡᠵᠦ᠂ ᠵᠢᠷᠤᠭ ᠴᠦ᠍ ᠬᠡᠮᠡᠷᠭᠡᠨ ᠭᠤᠶᠤᠬᠠᠨ︔ ᠤᠪᠤᠭ᠎ᠠ ᠲᠣᠰᠬᠣᠨ᠂ ᠤᠰᠤᠨ ᠲᠡᠭᠡᠷᠮ᠎ᠡ ᠲᠣᠰᠬᠣᠨ  ᠢᠮᠠᠭᠠᠳᠤ ᠲᠣᠰᠬᠣᠨ ᠵᠡᠷᠭᠡ ᠨᠢ ᠬᠦᠮᠦᠰ ᠤ᠋ᠨ ᠠᠩᠬᠠᠷᠤᠯ ᠢ᠋ ᠲᠠᠲᠠᠭᠰᠠᠨ ᠵᠢᠭᠤᠯᠴᠢᠯᠠᠨ ᠰᠡᠯᠡᠭᠦᠴᠡᠭᠦ ᠭᠠᠵᠠᠷ ᠪᠣᠯᠪᠠ ; ᠳᠠᠯᠠᠨ ᠬᠠᠷ᠎ᠠ ᠠᠭᠤᠯᠠ ᠵᠢ ᠲᠣᠭᠣᠷᠢᠭᠰᠠᠨ 100 ᠺᠢᠯᠦᠮᠸᠲᠷ ᠤ᠋ᠨ ᠳᠤᠭᠤᠢ ᠲᠡᠷᠭᠡ ᠤᠨᠤᠬᠤ ᠵᠠᠮ ᠵᠡᠷᠭᠡ ᠠᠮᠢ ᠠᠬᠤᠢ ᠵᠢᠨ ᠵᠠᠮ ᠤ᠋ᠨ ᠲᠣᠣᠷ ᠢ᠋ ᠬᠣᠯᠪᠣᠵᠤ᠂ ᠵᠠᠮ ᠳᠠᠭᠠᠤ ᠵᠢᠨ ᠬᠥᠳᠡᠭᠡ ᠲᠣᠰᠬᠣᠨ ᠤ᠋ ᠬᠥᠭᠵᠢᠯᠲᠡ ᠵᠢᠨ ᠠᠵᠠ ᠲᠣᠬᠢᠶᠠᠯ ᠪᠣᠯᠤᠨ ᠠᠷᠠᠳ ᠤᠯᠠᠨ ᠤ᠋ ᠣᠷᠣᠯᠭ᠎ᠠ ᠵᠢ ᠨᠡᠮᠡᠭᠳᠡᠭᠦᠯᠬᠦ ᠠᠷᠭ᠎ᠠ ᠵᠠᠮ ᠢ᠋ ᠥᠷᠭᠡᠳᠬᠡᠭᠰᠡᠨ ᠪᠠᠢᠨ᠎ᠠ᠃



ᠬᠣᠲᠠ ᠬᠥᠳᠡᠭᠡ ᠵᠢ ᠠᠭᠤᠰᠤᠯᠴᠠᠭᠤᠯᠵᠤ《 ᠬᠠᠭᠤᠴᠢᠨ ᠲᠣᠰᠬᠣᠨ 》 ᠢ᠋《ᠰᠦᠯᠵᠢᠶᠡᠨ ᠬᠠᠯᠠᠮᠰᠢᠯ ᠲᠣᠰᠬᠣᠨ 》 ᠪᠣᠯᠭᠠᠪᠠ


ᠭᠠᠷᠠᠭ ᠤ᠋ᠨ ᠰᠡᠭᠦᠯᠴᠢ ᠪᠤᠯᠬᠤ ᠪᠦᠷᠢ ᠳᠠᠯᠠᠨ ᠬᠠᠷ᠎ᠠ ᠠᠭᠤᠯᠠ ᠵᠢᠨ ᠤᠯᠤᠰ ᠤ᠋ᠨ ᠠᠭᠤᠯᠠ ᠠᠪᠠᠷᠢᠵᠤ ᠪᠡᠶ᠎ᠡ ᠴᠢᠭᠢᠷᠠᠭᠵᠢᠭᠤᠯᠬᠤ ᠶᠠᠪᠠᠭᠠᠨ ᠵᠠᠮ ᠵᠢᠠᠷ ᠵᠢᠭᠤᠯᠴᠢᠯᠠᠭᠰᠠᠳ ᠲᠠᠰᠤᠷᠠᠯᠳᠡ ᠦᠭᠡᠢ ᠴᠤᠪᠤᠷᠠᠯᠳᠤᠨ᠎ᠠ᠃ ᠠᠭᠤᠯᠠᠨ ᠬᠣᠷᠮᠣᠶ ᠳ᠋ᠠᠬᠢ ᠤᠰᠤᠨ ᠲᠡᠭᠡᠷᠮ᠎ᠡ ᠲᠣᠰᠬᠣᠨ ᠎ᠵᠢᠡᠷ ᠰᠡᠯᠡᠭᠦᠴᠡᠨ ᠵᠤᠭᠠᠯᠠᠬᠤ ᠵᠢᠭᠤᠯᠴᠢᠯᠠᠭᠰᠠᠳ ᠪᠤᠶᠤ ᠭᠣᠤᠯ ᠤ᠋ᠨ ᠤᠰᠤᠨ ᠳ᠋ᠤ ᠨᠠᠭᠠᠳᠤᠨ ᠳᠤᠭᠯᠠᠬᠤ ᠬᠡᠦᠭᠡᠳ᠎ᠤᠨ ᠪᠠᠷ᠎ᠠ ᠲᠠᠭᠠᠯᠠᠮᠵᠢᠳᠠᠢ ᠤᠷᠴᠢᠨ᠎ᠳᠤ ᠦᠵᠡᠮᠵᠢ ᠨᠠᠮᠠᠷᠢᠯᠡᠨ᠎ᠠ᠃

ᠤᠰᠤᠨ ᠳᠡᠭᠡᠷᠮ᠎ᠡ ᠲᠣᠰᠬᠣᠨ ᠪᠤᠯ ᠠᠭᠤᠯᠠ ᠵᠢ ᠲᠦᠰᠢᠵᠦ ᠤᠰᠤ ᠲᠠᠢ ᠬᠠᠪᠢᠳᠠᠭᠰᠠᠨ ᠵᠢᠵᠢᠭ ᠲᠣᠰᠬᠣᠨ ᠶᠤᠮ᠂ ᠳᠠᠯᠠᠨ ᠬᠠᠷ᠎ᠠ ᠠᠭᠤᠯᠠ ᠵᠢᠨ ᠡᠮᠦᠨ᠎ᠡ ᠬᠤᠷᠮᠤᠢ ᠵᠢ ᠶᠡᠷᠦᠩᠬᠡᠢᠯᠡᠨ ᠵᠠᠰᠠᠬᠤ ᠠᠵᠠ ᠲᠣᠬᠢᠶᠠᠯ ᠢ᠋ ᠠᠰᠢᠭᠯᠠᠨ ᠨᠢᠭᠡᠳᠦᠯᠲᠡᠢ ᠲᠥᠯᠥᠪᠵᠢᠭᠦᠯᠦᠨ ᠥᠭᠡᠷᠡᠴᠢᠯᠡᠬᠦ ᠪᠡᠷ ᠳᠠᠮᠵᠢᠨ ᠬᠦᠬᠡ ᠸᠠᠭᠠᠷᠳᠤ ᠴᠠᠭᠠᠨ ᠬᠡᠷᠡᠮ ᠲᠠᠢ ᠵᠢᠵᠢᠭ ᠠᠰᠠᠷᠳᠤ ᠵᠢᠭᠤᠯᠴᠢᠯᠠᠯ ᠤ᠋ᠨ ᠳᠤᠰᠬᠤᠨ ᠪᠤᠯᠵᠤ ᠬᠦᠭᠵᠢᠨ᠂ ᠬᠥᠬᠡᠮᠳᠦᠭ ᠨᠣᠭᠣᠭᠠᠨ ᠠᠭᠤᠯᠠ ᠤᠰᠤ ᠵᠢᠨ ᠳᠤᠮᠳᠠᠬᠢ ᠦᠪᠡᠷᠮᠢᠴᠡ ᠦᠵᠡᠮᠵᠢ ᠪᠣᠯᠵᠤ ᠳᠤᠳᠤᠷᠠᠵᠠᠢ᠃ ᠠᠷᠠᠳ ᠤ᠋ᠨ ᠣᠷᠣᠨ ᠰᠠᠭᠤᠴᠠ ᠵᠢ ᠠᠰᠢᠭᠯᠠᠨ ᠬᠥᠭᠵᠢᠭᠦᠯᠦᠭᠰᠡᠨ ᠬᠣᠨᠣᠵᠤ  ᠬᠡᠪᠲᠡᠬᠦ᠂  ᠬᠣᠭᠣᠯᠠ  ᠤᠮᠳᠠ᠂ ᠰᠣᠶᠣᠯ ᠤ᠋ᠨ ᠰᠢᠨ᠎ᠡ ᠵᠢ ᠡᠭᠦᠳᠬᠦ ᠵᠡᠷᠭᠡ ᠡᠵᠡᠩᠨᠡᠯᠲᠡ ᠵᠢᠨ ᠬᠡᠯᠪᠡᠷᠢ ᠵᠢ ᠠᠰᠢᠭᠯᠠᠨ 《 ᠬᠠᠭᠤᠴᠢᠨ ᠲᠣᠰᠬᠣᠨ 》 ᠢ᠋ 《ᠰᠦᠯᠵᠢᠶᠡᠨ ᠬᠠᠯᠠᠮᠰᠢᠯ ᠲᠣᠰᠬᠣᠨ 》 ᠪᠣᠯᠭᠠᠨ ᠬᠤᠪᠢᠷᠠᠭᠤᠯᠪᠠ ᠃

《ᠥᠩᠭᠡᠷᠡᠭᠰᠡᠨ ᠳ᠋ᠤ ᠠᠭᠤᠯᠠᠨ ᠳᠤᠳᠤᠷ᠎ᠠ ᠳᠠᠷᠢᠶᠠᠨ ᠭᠠᠵᠠᠷ ᠴᠦᠭᠡᠨ ᠪᠠᠢᠭᠰᠠᠨ ᠪᠣᠯᠬᠣᠷ ᠠᠮᠢᠳᠤᠷᠠᠯ ᠶᠡᠭᠡ ᠬᠦᠴᠢᠷᠳᠠᠯ ᠲᠠᠢ ᠪᠠᠢᠵᠠᠢ᠂ ᠤᠳᠤ ᠵᠢᠭᠤᠯᠴᠢᠯᠠᠯ ᠢ᠋ ᠠᠰᠢᠬᠯᠠᠵᠤ ᠤᠷᠤᠯᠭ᠎ᠠ ᠨᠡᠮᠡᠭᠳᠡᠵᠤ᠂ ᠠᠮᠢᠳᠤᠷᠠᠯ ᠰᠠᠢᠵᠢᠷᠠᠵᠠᠢ᠃  ᠰᠤᠯᠠ ᠲᠠᠯᠪᠢᠭᠳᠠᠵᠤ ᠪᠠᠢᠭ᠎ᠠ ᠭᠡᠷ ᠵᠢᠡᠨ ᠵᠢᠭᠤᠯᠴᠢᠯᠠᠭᠰᠠᠳ ᠲᠦ᠍ ᠲᠦᠷᠢᠶᠡᠰᠦᠯᠡᠭᠡᠳ ᠪᠠᠰᠠ ᠣᠷᠣᠯᠭ᠎ᠠ ᠪᠠᠨ ᠨᠡᠮᠡᠭᠳᠡᠭᠦᠯᠵᠤ ᠪᠤᠢ》 ᠭᠡᠵᠦ ᠨᠠᠶᠠ᠎ᠵᠢᠨ ᠲᠠᠪᠠᠭ᠎ᠠ᠎ᠵᠢ ᠲᠠᠪᠠᠭᠰᠠᠨ ᠲᠣᠰᠬᠣᠨ ᠤ᠋ ᠠᠷᠠᠳ ᠯᠢ ᠱᠢ ᠮᠢᠩ  ᠤᠷᠮᠠᠳᠠᠢᠬᠠᠨ ᠲᠠᠨᠢᠯᠴᠠᠭᠤᠯᠤᠨ᠎ᠠ᠃

ᠤᠰᠤᠨ ᠳᠡᠭᠡᠷᠮ᠎ᠡ ᠲᠣᠰᠬᠣᠨ ᠡᠴᠡ ᠪᠤᠰᠤᠳ᠂ ᠬᠤᠳᠠ ᠬᠥᠳᠡᠭᠡ ᠵᠢᠨ ᠠᠭᠤᠰᠤᠯᠴᠠᠯ ᠳ᠋ᠤ ᠲᠦᠰᠢᠭᠯᠡᠨ ᠬᠥᠮᠦᠰ ᠤ᠋ᠨ ᠣᠷᠣᠰᠢᠨ ᠰᠠᠭᠤᠷᠢᠰᠢᠬᠤ ᠣᠷᠴᠢᠨ ᠲᠣᠭᠣᠷᠢᠨ ᠢ᠋ ᠴᠡᠭᠴᠡᠯᠡᠨ ᠵᠠᠰᠠᠬᠤ ᠵᠢ ᠠᠬᠢᠭᠤᠯᠤᠭᠰᠠᠨ ᠪᠤᠷᠤᠬᠤᠰᠢᠭᠤ ᠲᠣᠰᠬᠣᠨ ᠴᠦ᠍ ᠦᠰᠦᠳ ᠬᠤᠪᠢᠷᠠᠯᠲᠠ ᠭᠠᠷᠴᠠᠢ᠃ 1415 ᠡᠷᠦᠬᠡ ᠵᠢᠨ ᠬᠥᠮᠦᠨ ᠮᠠᠯ ᠤ᠋ᠨ ᠤᠤᠭᠤᠬᠤ ᠤᠰᠤᠨ ᠤ᠋ ᠭᠤᠤᠷᠰᠤ ᠬᠣᠭᠣᠯᠠᠶ ᠵᠢ ᠦᠭᠡᠷᠡᠴᠢᠯᠡᠨ ᠰᠠᠢᠵᠢᠷᠠᠭᠤᠯᠵᠤ ᠂ 3200 ᠭᠠᠷᠤᠶ ᠬᠥᠮᠦᠨ ᠤ᠋ ᠤᠤᠭᠤᠬᠤ ᠤᠰᠤᠨ ᠤ᠋ ᠠᠮᠤᠷ ᠲᠦᠪᠰᠢᠨ ᠢ᠋ ᠪᠠᠲᠤᠯᠠᠵᠤ᠂ ᠲᠣᠰᠬᠣᠨ ᠤ᠋ ᠵᠠᠮ ᠢ᠋ ᠵᠠᠰᠠᠵᠦ᠂ ᠠᠮᠢᠳᠤᠷᠠᠯ ᠤ᠋ᠨ ᠪᠣᠬᠢᠷ ᠤᠰᠤ ᠵᠢ ᠬᠣᠲᠠ ᠵᠢᠨ ᠶᠠᠪᠤᠳᠠᠯ ᠤ᠋ᠨ ᠪᠣᠬᠢᠷ ᠤᠰᠤᠨ ᠤ᠋ ᠭᠣᠤᠯ ᠬᠠᠮᠢᠶᠠᠷᠤᠯᠲᠠ ᠵᠢᠨ ᠲᠣᠤᠷ ᠲᠦ᠍ ᠵᠠᠯᠭᠠᠨ ᠣᠷᠣᠭᠤᠯᠵᠤ᠂ ᠬᠣᠲᠠ ᠬᠥᠳᠡᠭᠡ ᠵᠢᠨ ᠣᠷᠴᠢᠨ ᠲᠣᠭᠣᠷᠢᠨ ᠤ᠋ ᠠᠷᠢᠭᠤᠨ ᠴᠡᠪᠡᠷ ᠢ᠋ ᠨᠢᠭᠡ ᠴᠤᠭᠴᠠᠵᠢᠭᠤᠯᠤᠨ ᠬᠣᠭ ᠨᠣᠪᠰᠢ ᠵᠢ ᠡᠳᠦᠷ ᠪᠦᠷᠢ ᠴᠡᠪᠡᠷᠰᠢᠭᠦᠯᠵᠦ᠂ 《ᠠᠰᠠᠭᠤᠳᠠᠯ ᠲᠠᠶ ᠵᠣᠷᠯᠣᠩ 》 ᠢ᠋ ᠪᠦᠬᠦᠨ ᠢ᠋ ᠴᠡᠭᠴᠡᠯᠡᠨ ᠰᠠᠢᠵᠢᠷᠠᠭᠤᠯᠵᠤ᠂ ᠠᠢᠯ ᠲᠣᠰᠬᠣᠨ ᠢ᠋ 《ᠪᠤᠵᠠᠷ ᠰᠠᠮᠠᠭᠤᠨ ᠠᠨᠠᠢ 》 ᠪᠠᠢᠭᠰᠠᠨ ᠡᠴᠡ 《 ᠴᠡᠪᠡᠷ ᠴᠡᠮᠴᠡᠭᠡᠷ ᠰᠠᠢᠬᠠᠨ 》 ᠪᠣᠯᠭᠠᠪᠠ ᠃

ᠤᠰᠤᠨ ᠳᠡᠭᠡᠷᠮ᠎ᠡ ᠲᠣᠰᠬᠣᠨ᠂ ᠪᠤᠷᠤᠬᠤᠰᠢᠭᠤ ᠲᠣᠰᠬᠣᠨ ᠪᠣᠯ ᠰᠢᠨ᠎ᠡ ᠬᠤᠲᠠ ᠲᠣᠭᠣᠷᠢᠭ ᠤ᠋ᠨ ᠬᠥᠳᠡᠭᠡ ᠲᠣᠰᠬᠣᠨ ᠤ᠋ ᠬᠤᠪᠢᠷᠠᠯᠲᠠ ᠵᠢᠨ ᠬᠤᠷᠢᠶᠠᠩᠭᠤᠢ ᠳᠦᠷᠢ ᠪᠠᠢᠵᠤ᠂ ᠬᠥᠭᠵᠢᠯᠲᠡ ᠵᠢᠨ ᠦᠷ᠎ᠡ ᠠᠰᠢᠭ᠎ᠢ ᠤᠯᠠᠨ ᠲᠦᠮᠡᠨ ᠳ᠋ᠤ ᠦᠨᠡᠨ ᠬᠦ᠌ ᠡᠳ᠋ᠯᠡᠭᠦᠯᠵᠤ ᠪᠦᠬᠦᠢ ᠨᠡᠢᠳᠡᠯᠢᠭ ᠵᠢᠱ᠌ᠢᠶ᠎ᠠ ᠪᠤᠯᠤᠭᠰᠠᠨ ᠪᠠᠢᠨ᠎ᠠ᠃


ᠠᠮᠢ ᠠᠬᠤᠶ ᠵᠢᠨ ᠰᠠᠭᠤᠷᠢ ᠵᠢ ᠪᠡᠬᠢᠵᠢᠭᠦᠯᠵᠤ《ᠬᠠᠮᠲᠤ ᠪᠠᠷ ᠭᠤᠶᠤᠵᠢᠨ ᠬᠠᠮᠲᠤ ᠪᠠᠷ ᠪᠠᠶᠠᠵᠢᠬᠤ》 ᠎ᠵᠢ ᠪᠠᠳᠤᠯᠠᠪᠠ


ᠰᠢᠨ᠎ᠡ ᠬᠤᠳᠠ ᠲᠣᠭᠣᠷᠢᠭ ᠤ᠋ᠨ ᠬᠢᠨ ᠠᠮᠢ ᠠᠬᠤᠶ ᠵᠢᠨ ᠳᠠᠪᠠᠭᠤᠯᠢᠭ ᠢ᠋ ᠬᠥᠭᠵᠢᠯᠲᠡ ᠵᠢᠨ ᠳᠠᠪᠠᠭᠤᠯᠢᠭ ᠪᠣᠯᠭᠠᠨ ᠬᠤᠪᠢᠷᠠᠭᠤᠯᠵᠤ ᠂ ᠲᠠᠯᠠᠨ ᠬᠠᠷ᠎ᠠ ᠠᠭᠤᠯᠠ ᠵᠢᠨ ᠠᠭᠤᠯᠠᠨ ᠭᠠᠵᠠᠷ ᠤ᠋ᠨ ᠲᠠᠯ᠎ᠠ ᠨᠤᠲᠤᠭ ᠤ᠋ᠨ ᠵᠢᠭᠤᠯᠴᠢᠯᠠᠯ ᠤ᠋ᠨ ᠪᠦᠰᠡ ᠪᠣᠯᠤᠨ ᠴᠡᠯᠡᠭᠡᠷ ᠲᠠᠯ᠎ᠠ ᠠᠮᠢ ᠠᠬᠤᠢ ᠵᠢᠨ ᠲᠠᠯ᠎ᠠ ᠨᠤᠲᠤᠭ ᠤ᠋ᠨ ᠦᠵᠡᠮᠵᠢ ᠵᠢᠨ ᠪᠦᠰᠡ ᠵᠢ ᠠᠰᠢᠬᠯᠠᠨ ᠂ 《ᠠᠭᠤᠯᠠᠷᠬᠠᠭ ᠭᠠᠵᠠᠷ ᠤ᠋ᠨ ᠠᠮᠢ ᠠᠬᠤᠢ ᠵᠢᠨ ᠬᠦᠷᠢᠢ᠎ᠡ᠂ ᠤᠢᠷ᠎ᠠ ᠲᠡᠭᠦᠷᠭᠡ ᠵᠢᠨ ᠰᠢᠯᠵᠢᠯᠲᠡ ᠵᠢᠨ ᠬᠦᠷᠢᠢ᠎ᠡ ᠂ ᠬᠤᠳᠠ ᠲᠣᠭᠣᠷᠢᠭ ᠤ᠋ᠨ ᠭᠣᠣᠯ ᠬᠦᠷᠢᠢ᠎ᠡ》 ᠭᠡᠬᠦ ᠭᠤᠷᠪᠠᠨ ᠬᠦᠷᠢᠶ᠎ᠡ ᠵᠢᠨ ᠠᠵᠤ ᠦᠢᠯᠡᠰ ᠤ᠋ᠨ ᠰᠢᠰᠲᠸᠮ ᠢ᠋ ᠬᠦᠴᠦᠯᠡᠨ ᠴᠤᠭᠴᠠᠯᠠᠵᠤ ᠂ 《 ᠨᠢᠭᠡ ᠲᠣᠰᠬᠣᠨ ᠳ᠋ᠤ ᠨᠢᠭᠡ ᠠᠵᠤ ᠦᠢᠯᠡᠰ ᠲᠠᠢ᠂ ᠨᠢᠭᠡ ᠲᠣᠰᠬᠣᠨ ᠳ᠋ᠤ ᠨᠢᠭᠡ ᠪᠦᠲᠦᠭᠡᠭᠳᠡᠬᠦᠨ ᠲᠠᠢ ᠪᠠᠢᠬᠤ 》 ᠵᠦᠷᠢᠶᠡᠴᠢᠯᠡᠭᠰᠡᠨ ᠬᠥᠭᠵᠢᠯᠲᠡ ᠵᠢ ᠠᠬᠢᠭᠤᠯᠪᠠ ᠃

— ᠢᠮᠠᠭᠠᠳᠤ ᠲᠣᠰᠬᠣᠨ ᠨᠢ ᠪᠤᠷᠤᠬᠤᠰᠢᠭᠤ ᠪᠠᠯᠭᠠᠰᠤᠨ ᠳ᠋ᠡᠬᠢ ᠬᠠᠮᠤᠭ ᠤ᠋ᠨ ᠲᠡᠷᠢᠭᠦᠨ ᠳ᠋ᠤ ᠢᠩᠲᠣᠣᠷ ᠤ᠋ᠨ ᠲᠦᠷᠦᠯ ᠵᠦᠢᠯ ᠢ᠋ ᠣᠷᠣᠭᠤᠯᠤᠨ ᠠᠪᠴᠢᠷᠠᠵᠤ ᠂ ᠲᠠᠷᠢᠮᠠᠯ ᠤ᠋ᠨ ᠬᠡᠪᠴᠢᠢ᠎ᠡ ᠵᠢ ᠠᠭᠠᠵᠢᠮ ᠵᠢᠡᠷ ᠥᠷᠭᠡᠳᠬᠡᠵᠦ᠂ ᠤᠶᠤᠨᠴᠢ ᠬᠦᠯᠡᠮᠵᠢ᠂ ᠨᠡᠷᠡᠨ ᠭᠡᠷᠡᠯ ᠤ᠋ᠨ ᠬᠦᠯᠡᠮᠵᠢ ᠵᠡᠷᠭᠡ ᠣᠳᠣᠬᠢᠴᠢᠯᠠᠭᠰᠠᠨ ᠪᠠᠷᠢᠮᠵᠢᠶᠠᠵᠢᠭᠰᠠᠨ ᠲᠦᠬᠦᠭᠡᠷᠦᠮᠵᠢᠳᠤ ᠲᠠᠷᠢᠶᠠᠯᠠᠩ ᠤ᠋ᠨ ᠲᠠᠷᠢᠮᠠᠯ ᠤ᠋ᠨ ᠰᠠᠭᠤᠷᠢᠨ ᠢ᠋ ᠴᠤᠭᠴᠠᠯᠠᠵᠤ ᠂ 《ᠲᠠᠷᠢᠬᠤ + ᠲᠣᠭᠣᠷᠢᠨ ᠦᠵᠡᠬᠦ + ᠲᠡᠭᠦᠬᠦ》ᠪᠦᠬᠦ ᠬᠡᠯᠬᠢᠢ᠎ᠡ ᠵᠢᠨ ᠠᠵᠤ ᠦᠢᠯᠡᠰ ᠤ᠋ᠨ ᠡᠵᠡᠩᠨᠡᠯᠳᠡ ᠵᠢᠨ ᠬᠡᠯᠪᠡᠷᠢ ᠵᠢ ᠪᠦᠷᠢᠯᠳᠦᠭᠦᠯᠵᠡᠢ ᠃

— ᠤᠪᠤᠭ᠎ᠠ ᠲᠣᠰᠬᠣᠨ ᠨᠢ ᠵᠢᠶᠠᠩᠨᠠᠨ ᠤ᠋ ᠤᠰᠤᠨ ᠨᠤᠲᠤᠭ ᠤ᠋ᠨ ᠴᠡᠴᠡᠷᠯᠢᠭ ᠤ᠋ᠨ ᠦᠩᠭᠡ ᠦᠵᠡᠮᠵᠢ ᠪᠣᠯᠤᠨ ᠠᠮᠢ ᠠᠬᠤᠢ ᠵᠢᠨ ᠰᠡᠯᠡᠭᠦᠴᠡᠯ ᠢ᠋ ᠨᠢᠭᠡ ᠴᠤᠬᠴᠠᠵᠢᠭᠤᠯᠤᠬᠰᠠᠨ ᠰᠣᠶᠣᠯ ᠵᠢᠭᠤᠯᠴᠢᠯᠠᠯ ᠤ᠋ᠨ ᠵᠢᠵᠢᠭ ᠪᠠᠯᠭᠠᠰᠤ ᠪᠤᠯᠭᠠᠨ ᠴᠣᠭᠴᠠᠯᠠᠵᠤ᠂ ᠤᠰᠤᠨ ᠳᠡᠭᠡᠷᠮ᠎ᠡ ᠲᠣᠰᠬᠣᠨ ᠨᠢ ᠵᠢᠶᠠᠩᠨᠠᠨ ᠤ᠋ ᠦᠨᠦᠷ ᠠᠮᠲᠠ ᠲᠠᠶ ᠬᠥᠳᠡᠭᠡ ᠲᠣᠰᠬᠣᠨ ᠤ᠋ ᠠᠮᠢᠳᠤᠷᠠᠯ ᠢ᠋ ᠴᠣᠭᠴᠠᠯᠠᠵᠤ ᠂ ᠳ᠋ᠠ ᠶᠣᠣ ᠲᠣᠰᠬᠣᠨ ᠨᠢ ᠪᠠᠯᠠᠷ ᠡᠷᠳᠡᠨ ᠤ᠋ ᠰᠣᠶᠣᠯ ᠢ᠋ ᠰᠤᠳᠤᠯᠤᠨ ᠰᠤᠷᠤᠯᠴᠠᠵᠤ ᠪᠡᠶᠡᠴᠢᠯᠡᠨ ᠣᠢᠯᠠᠭᠠᠬᠤ ᠵᠢ ᠨᠡᠭᠡᠭᠡᠨ ᠬᠥᠭᠵᠢᠭᠦᠯᠵᠤ ᠁ ᠰᠢᠨ᠎ᠡ ᠬᠤᠳᠠ ᠳᠤᠭᠤᠷᠢᠭ ᠦᠪᠡᠷᠮᠢᠴᠡ ᠣᠨᠴᠠᠯᠢᠭᠳᠤ ᠰᠣᠶᠣᠯ ᠵᠢᠭᠤᠯᠴᠢᠯᠠᠯ ᠤ᠋ᠨ ᠲᠣᠰᠬᠣᠨ ᠢ᠋ 14 ᠪᠦᠳᠦᠭᠡᠨ ᠪᠠᠢᠭᠤᠯᠵᠠᠢ ᠃

— ᠭᠦᠵᠡᠯᠵᠡᠭᠡᠨ᠎ᠡ ᠲᠠᠷᠢᠬᠤ ᠮᠡᠷᠭᠡᠵᠢᠯ ᠨᠢ ᠪᠦᠬᠦ ᠤᠯᠤᠰ ᠤ᠋ᠨ ᠡᠮᠦᠨ᠎ᠡ ᠡᠩᠨᠡᠭᠡᠨ ᠳ᠋ᠤ ᠵᠢᠭᠰᠠᠵᠤ᠂ ᠳᠠᠪᠤᠨ ᠳᠤᠯᠤᠭᠠᠢ ᠲᠣᠰᠬᠣᠨ ᠨᠢ ᠥᠪᠥᠷ ᠮᠣᠩᠭᠣᠯ ᠤ᠋ᠨ ᠡᠷᠪᠡᠬᠡᠢᠳᠤ ᠴᠠᠬᠢᠷᠮ᠎ᠠ ᠲᠠᠷᠢᠬᠤ ᠬᠠᠮᠤᠭ ᠤ᠋ᠨ ᠲᠤᠮᠤ ᠰᠠᠭᠤᠷᠢᠨ ᠪᠤᠯᠵᠤ ᠂ ᠴᠡᠯᠡᠭᠡᠷ ᠲᠠᠯ᠎ᠠ ᠨᠢ ᠤᠯᠤᠰ ᠤ᠋ᠨ ᠲᠡᠰ ᠤ᠋ᠨ ᠰᠣᠶᠣᠯ ᠤ᠋ᠨ ᠠᠵᠤ ᠦᠢᠯᠡᠰ ᠪᠣᠯᠤᠨ ᠵᠢᠭᠤᠯᠴᠢᠯᠠᠯ ᠤ᠋ᠨ ᠠᠵᠤ ᠦᠢᠯᠡᠰ ᠢ᠋ ᠠᠭᠤᠰᠤᠯᠴᠠᠭᠤᠯᠤᠨ ᠬᠥᠭᠵᠢᠭᠦᠯᠦᠭᠰᠡᠨ ᠵᠢᠱ᠌ᠢᠢ᠎ᠡ ᠦᠵᠡᠭᠦᠯᠬᠦ ᠣᠷᠣᠨ ᠵᠢᠡᠷ ᠰᠣᠩᠭᠣᠭᠳᠠᠪᠠ ᠃

ᠤᠳᠤ᠂ ᠰᠢᠨ᠎ᠠ ᠬᠤᠳᠠ ᠳᠤᠭᠤᠷᠢᠭ ᠤ᠋ᠨ 24 ᠵᠠᠰᠠᠭ ᠵᠠᠬᠢᠷᠭᠠᠨ ᠤ᠋ ᠲᠣᠰᠬᠣᠨ ᠤ᠋ ᠬᠠᠮᠲᠤ ᠵᠢᠨ ᠠᠵᠤ ᠠᠬᠤᠶ ᠵᠢᠨ ᠵᠢᠯ ᠤ᠋ᠨ ᠣᠷᠣᠯᠭ᠎ᠠ ᠪᠦᠬᠦᠨ ᠵᠢᠡᠷ ᠵᠢᠡᠨ 20 ᠲᠦᠮᠡᠨ ᠲᠥᠭᠥᠷᠢᠭ ᠢ᠋ ᠳᠠᠪᠠᠵᠤ᠂ ᠡᠭᠦᠨ ᠤ᠋ ᠳᠤᠳᠤᠷ᠎ᠠ ᠬᠠᠭᠠᠰ ᠨᠢ 100 ᠲᠦᠮᠡᠨ ᠲᠥᠭᠥᠷᠢᠭ ᠢ᠋ ᠳᠠᠪᠠᠵᠤ ᠪᠤᠢ ᠃ ᠡᠢᠨ ᠬᠦ᠌᠂ ᠲᠠᠷᠢᠶᠠᠴᠢᠳ ᠤ᠋ᠨ ᠣᠷᠣᠯᠭ᠎ᠠ ᠦᠷᠭᠦᠯᠵᠢᠯᠡᠨ ᠨᠡᠮᠡᠭᠳᠡᠵᠦ ᠂ ᠬᠤᠳᠠ ᠬᠥᠳᠡᠭᠡ ᠵᠢᠨ ᠣᠷᠣᠯᠭ᠎ᠠ ᠵᠢᠨ ᠵᠥᠷᠢᠶ᠎ᠡ ᠵᠢᠯ ᠳᠠᠷᠠᠭᠠᠯᠠᠨ ᠪᠠᠭᠠᠰᠴᠤ᠂ 《ᠬᠤᠳᠠ ᠬᠥᠳᠡᠭᠡ ᠵᠢᠨ ᠵᠥᠷᠢᠶ᠎ᠡ》 ᠡᠴᠡ 《ᠬᠠᠮᠲᠤ ᠪᠠᠷ ᠭᠤᠶᠤᠵᠢᠨ ᠬᠠᠮᠲᠤ ᠪᠠᠷ ᠪᠠᠶᠠᠵᠢᠬᠤ》 ᠪᠣᠯᠤᠭᠰᠠᠨ ᠭᠦᠨᠵᠡᠭᠡᠶ ᠬᠤᠪᠢᠷᠠᠯᠲᠠ ᠵᠢ ᠪᠡᠶᠡᠯᠡᠭᠦᠯᠪᠡ ᠃

ᠠᠮᠢ ᠠᠬᠤᠢ ᠵᠢᠨ ᠪᠣᠯᠪᠠᠰᠤᠨ ᠤ᠋ ᠪᠠᠢᠭᠤᠯᠤᠯᠲᠠ ᠪᠣᠯᠤᠨ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠵᠢ ᠬᠠᠮᠵᠢᠯᠴᠠᠨ ᠠᠬᠢᠭᠤᠯᠵᠤ᠂ ᠰᠢᠨ᠎ᠡ ᠬᠤᠳᠠ ᠵᠢᠨ ᠲᠣᠭᠣᠷᠢᠭ ᠨᠢ《ᠠᠮᠢ ᠠᠬᠤᠢ ᠦᠵᠡᠰᠭᠦᠯᠡᠩᠳᠤ ᠰᠠᠢᠬᠠᠨ᠂ ᠠᠵᠤ ᠦᠢᠯᠡᠰ ᠬᠥᠭᠵᠢᠨ ᠮᠠᠨᠳᠤᠭᠰᠠᠨ᠂ ᠠᠷᠠᠳ ᠢᠷᠭᠡᠳ ᠪᠠᠶᠠᠵᠢᠨ ᠴᠢᠨᠡᠭᠡᠯᠢᠭᠵᠢᠭᠰᠡᠨ 》 ᠦᠷᠭᠦᠯᠵᠢᠯᠡᠬᠦ ᠬᠥᠭᠵᠢᠯᠲᠡ ᠵᠢᠨ ᠵᠠᠮ ᠵᠢᠠᠷ ᠯᠠᠪᠳᠠᠭᠤᠨ ᠪᠠᠲᠤᠲᠠᠢ ᠵᠠᠮᠨᠠᠨ᠎ᠠ᠃ ᠰᠢᠨ᠎ᠡ ᠭᠠᠷᠤᠭ᠎ᠠ ᠳ᠋ᠤ ᠰᠠᠭᠤᠷᠢᠯᠠᠨ᠂ ᠰᠢᠨ᠎ᠡ ᠬᠤᠲᠠ ᠲᠣᠭᠣᠷᠢᠭ ᠎ᠤᠨ ᠬᠢᠨ《ᠵᠡᠭᠦᠨ ᠬᠡᠰᠡᠭ ᠨᠢ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠳᠠᠷᠢᠶᠠᠯᠠᠩ ᠦᠢᠯᠡᠳᠪᠦᠷᠢᠯᠡᠯ᠂ ᠪᠠᠷᠠᠭᠤᠨ ᠬᠡᠰᠡᠭ ᠨᠢ ᠠᠮᠢ ᠠᠬᠤᠢ ᠵᠢᠨ ᠰᠣᠶᠣᠯ ᠵᠢᠭᠤᠯᠴᠢᠯᠠᠯ᠂ ᠡᠮᠦᠨᠡᠲᠦ ᠬᠡᠰᠡᠭ ᠨᠢ ᠠᠵᠤ ᠦᠢᠯᠡᠰ ᠪᠠ ᠬᠤᠲᠠ ᠵᠢᠨ ᠬᠦᠭᠵᠢᠯᠳᠡ ᠵᠢᠨ ᠠᠭᠤᠰᠤᠯᠴᠠᠯ᠂ ᠤᠮᠠᠷᠠᠲᠤ ᠬᠡᠰᠡᠭ ᠨᠢ ᠪᠣᠬᠢᠷᠲᠤᠯ ᠦᠭᠡᠢ ᠠᠮᠢ ᠠᠬᠤᠢ ᠵᠢᠨ ᠬᠠᠯᠬᠠᠪᠴᠢ 》ᠵᠢᠨ ᠴᠢᠨᠠᠷ ᠰᠠᠢᠲᠠᠢ ᠬᠥᠭᠵᠢᠯᠲᠡ ᠵᠢᠨ ᠰᠢᠨ᠎ᠡ ᠪᠠᠢᠷᠢᠰᠢᠯ ᠢ᠋ ᠪᠦᠬᠦ ᠬᠦᠴᠦᠨ ᠵᠢᠡᠷ ᠵᠢᠡᠨ ᠴᠤᠭᠴᠠᠯᠠᠵᠤ᠂ ᠠᠮᠢ ᠠᠬᠤᠢ ᠬᠡᠪᠡᠷᠡᠭ ᠭᠠᠵᠠᠷ ᠣᠷᠣᠨ ᠤ᠋ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠵᠢ ᠬᠠᠢᠨ ᠰᠦᠪᠡᠭᠴᠢᠯᠡᠬᠦ ᠳ᠋ᠤ ᠳᠠᠭᠤᠷᠢᠶᠠᠵᠤ ᠪᠣᠯᠬᠤᠢᠴᠠ᠂ ᠳᠡᠯᠭᠡᠷᠡᠭᠦᠯᠵᠦ ᠪᠣᠯᠬᠤᠢᠴᠠ《ᠰᠢᠨ᠎ᠡ ᠬᠤᠳᠠ ᠵᠢᠨ ᠵᠠᠭᠪᠤᠷ》 ᠢ᠋ ᠬᠠᠩᠭᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号