ᠲᠤᠮᠤ ᠲᠤᠤᠷ᠎ᠢᠶᠡᠷ 《ᠡᠮᠨᠢᠭ ᠪᠠᠷᠰ》᠎ᠢ᠋ ᠨᠤᠭᠳᠤᠯᠠᠭᠰᠠᠨ ᠲᠡᠮᠳᠡᠭᠯᠡᠯ
2026-06-07 12:07:13
ᠵᠣᠬᠢᠶᠠᠭ᠍ᠴᠢ᠄
​ ᠭᠤᠤ ᠬᠤᠢ
ᠣᠩᠱᠢᠭ᠍ᠰᠠᠨ ᠣᠳᠠᠭ᠎ᠠ᠄
★★★☆☆

5 ᠰᠠᠷ᠎ᠠ᠎ᠶ᠋ᠢᠨ 19 ᠎ᠤ᠋ ᠦᠳᠡ᠎ᠶ᠋ᠢᠨ ᠬᠣᠢᠨ᠎ᠠ᠂ ᠥᠪᠥᠷ ᠮᠣᠩᠭᠣᠯ᠎ᠤᠨ ᠠᠯᠠᠱᠠ ᠵᠡᠭᠦᠨ ᠬᠣᠱᠢᠭᠤᠨ᠎ᠤ ᠭᠣᠪᠢ  ᠴᠦᠯ ᠎ᠢᠶᠡᠷ ᠬᠠᠷ᠎ᠠ ᠡᠭᠦᠯᠡ ᠪᠦᠷᠬᠦᠨ ᠬᠤᠢ ᠰᠠᠯᠬᠢ ᠬᠦᠳᠡᠯᠵᠦ᠂ ᠯᠢᠨᠾᠧ᠎ᠡᠴᠡ ᠴᠡᠭᠡ ᠬᠥᠷᠬᠥ᠌ ᠲᠡᠮᠦᠷ ᠵᠠᠮ᠎ᠤᠨ 414 ᠺᠢᠯᠣᠮᠧᠲ᠋ᠷ᠎ᠦᠨ ᠡᠯᠡᠰᠦ ᠴᠡᠪᠡᠷᠯᠡᠬᠦ᠌ ᠴᠡᠭ᠎ᠲᠦ ᠳᠤᠮᠳᠠᠳᠤ ᠤᠯᠤᠰ᠎ᠤᠨ ᠲᠡᠮᠦᠷ ᠵᠠᠮ᠎ᠤᠨ ᠬᠥᠬᠡᠬᠣᠲᠠ᠎ᠶ᠋ᠢᠨ ᠲᠣᠪᠴᠢᠶ᠎ᠠ᠎ᠶ᠋ᠢᠨ ᠪᠦᠯᠦᠭ᠌ᠯᠡᠯ᠎ᠦᠨ ᠬᠢᠵᠠᠭᠠᠷᠲᠤ ᠺᠣᠮᠫᠠᠨᠢ᠎ᠶ᠋ᠢᠨ ᠯᠢᠨᠾᠧ ᠡᠵᠡᠩᠨᠡᠯᠲᠡ᠎ᠶ᠋ᠢᠨ ᠬᠡᠰᠡᠭ᠎ᠦᠨ ᠡᠯᠡᠰᠦ ᠵᠠᠰᠠᠬᠤ ᠬᠥᠭᠥᠷᠭᠡ ᠪᠠ ᠨᠦᠬᠡᠨ ᠵᠠᠮ ᠤ᠋ᠨ ᠪᠠᠷᠢᠯᠭ᠎ᠠ ᠵᠢᠨ ᠲᠠᠰᠤᠭ ᠤ᠋ᠨ ᠨᠠᠮ᠎ᠤᠨ ᠡᠭᠦᠷ᠎ᠦᠨ ᠱᠦᠵᠢ ᠵᠠᠩ ᠬᠣᠩ ᠵᠢᠶᠧ ᠡᠯᠡᠰᠦ ᠴᠡᠪᠡᠷᠯᠡᠬᠦ᠌ ᠠᠩᠭᠢ᠎ᠪᠠᠨ ᠳᠠᠭᠠᠭᠤᠯᠤᠨ ᠰᠠᠯᠬᠢ ᠰᠥᠷᠥᠨ ᠵᠠᠮ᠎ᠱᠤᠭᠤᠮ ᠤ᠋ᠨ ᠬᠤᠷᠠᠮᠠᠯ ᠡᠯᠡᠰᠦ᠎ᠶ᠋ᠢ ᠱᠠᠯᠠᠪᠳᠠᠨ ᠴᠡᠪᠡᠷᠯᠡᠪᠡ᠃

ᠪᠥᠬᠥ᠌ ᠣᠷᠳᠣ᠎ᠨᠢ 768 ᠺᠢᠯᠣᠮᠧᠲ᠋ᠷ ᠪᠠᠢᠬᠤ ᠯᠢᠨᠾᠧ᠎ᠡᠴᠡ ᠴᠡᠭᠡ ᠬᠥᠷᠬᠥ᠌ ᠲᠡᠮᠦᠷ ᠵᠠᠮ ᠨᠢ ᠵᠡᠭᠦᠨᠰᠢ᠎ᠪᠡᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠶᠠᠨᠨᠠᠭᠤᠷ ᠬᠣᠲᠠ᠎ᠶ᠋ᠢᠨ ᠯᠢᠨᠾᠧ ᠲᠣᠭᠣᠷᠢᠭ ᠡᠴᠡ ᠡᠬᠢᠯᠡᠵᠦ᠍᠂ ᠪᠠᠷᠠᠭᠤᠨᠰᠢ᠎ᠪᠠᠨ ᠠᠯᠠᠱᠠ ᠠᠢᠮᠠᠭ᠎ᠤᠨ ᠳᠤᠮᠳᠠᠳᠤ ᠮᠣᠩᠭᠣᠯ᠎ᠤᠨ ᠬᠢᠯᠢ᠎ᠶ᠋ᠢᠨ ᠴᠡᠭᠡ ᠬᠢᠯᠢ ᠵᠢᠨ ᠪᠣᠭᠣᠮᠲᠠ ᠬᠦᠷᠴᠦ᠂ ᠱᠢᠨᠵᠢᠶᠠᠩ᠎ᠤᠨ ᠨᠡᠭᠦᠷᠡᠰᠦ᠎ᠶ᠋ᠢ ᠳᠣᠲᠣᠷ᠎ᠠ ᠭᠠᠵᠠᠷ ᠲᠤ᠌ ᠲᠡᠭᠡᠭᠡᠪᠦᠷᠢᠯᠡᠬᠦ᠌᠂ ᠭᠠᠳᠠᠭᠠᠳᠤ᠎ᠡᠴᠡ ᠨᠡᠭᠦᠷᠡᠰᠦ ᠣᠷᠣᠭᠤᠯᠬᠤ ᠪᠠ ᠳᠤᠮᠳᠠᠳᠤ ᠧᠦ᠋ᠷᠣᠫᠠ᠎ᠶ᠋ᠢᠨ ᠵᠢᠱᠢᠶᠠᠨ᠎ᠤ ᠭᠠᠯᠲᠤ ᠲᠡᠷᠭᠡ᠎ᠶ᠋ᠢᠨ ᠲᠡᠭᠡᠭᠡᠪᠦᠷᠢ᠎ᠶ᠋ᠢᠨ ᠴᠢᠬᠤᠯᠠ ᠨᠡᠪᠲᠡᠷᠡᠬᠦ ᠵᠠᠮ ᠪᠣᠯᠤᠨ᠎ᠠ᠃ ᠲᠡᠮᠦᠷ ᠵᠠᠮ ᠨᠢ ᠤᠯᠠᠭᠠᠨᠪᠤᠬ᠎ᠠ᠂ ᠶᠠᠮᠠᠯᠸᠢᠢᠺ ᠂ ᠪᠠᠳᠠᠢ᠎ᠶ᠋ᠢᠨ ᠵᠢᠷᠠᠨ ᠵᠡᠷᠭᠡ ᠭᠤᠷᠪᠠᠨ ᠶᠡᠬᠡ ᠡᠯᠡᠰᠦᠨ ᠴᠥᠯ᠎ᠢ ᠳᠤᠭᠤᠯᠵᠤ᠂ ᠶᠡᠬᠡᠩᠬᠢ ᠬᠡᠰᠡᠭ ᠭᠠᠵᠠᠷ᠎ᠤᠨ ᠪᠥᠬᠥ᠌ ᠵᠢᠯ᠎ᠦᠨ ᠪᠣᠷᠣᠭᠠᠨ᠎ᠤ ᠬᠡᠮᠵᠢᠶ᠎ᠡ ᠨᠢ 50 ᠮᠢᠯᠢᠮᠧᠲ᠋ᠷ ᠬᠥᠷᠬᠥ᠌ ᠥᠬᠡᠶ ᠪᠠᠢᠵᠤ᠂ ᠵᠠᠮ ᠳᠠᠭᠠᠤ ᠵᠢᠨ 400 ᠺᠢᠯᠣᠮᠧᠲ᠋ᠷ᠎ᠲᠦ ᠬᠥᠮᠦᠨ ᠥᠬᠡᠶ ᠣᠷᠣᠨ  ᠪᠤᠢ᠃ ᠨᠡᠯᠦ᠍ᠭᠡᠷ ᠡᠯᠡᠰᠦᠨ ᠳ᠋ᠤ ᠡᠯᠡᠰᠤ ᠰᠢᠭᠤᠷᠭᠠᠨ᠎ᠤ ᠤᠷᠤᠰᠤᠯ ᠨᠢ ᠵᠠᠮ᠎ᠤᠨ ᠰᠠᠭᠤᠷᠢ ᠪᠠ ᠲᠡᠮᠦᠷ ᠵᠠᠮ᠎ᠳᠦ ᠬᠠᠰᠢᠬᠳᠠᠵᠦ᠂ ᠦᠷᠭᠦᠯᠵᠢ ᠬᠤᠷᠠᠮᠠᠯ ᠡᠯᠡᠰᠦ ᠪᠤᠯᠵᠤ ᠵᠠᠮ ᠢ᠋ ᠪᠦᠷᠬᠦᠨ᠎ᠡ᠃

《ᠥᠨᠥᠳᠦᠷ᠎ᠦᠨ ᠴᠡᠪᠡᠷᠯᠡᠬᠦ᠌ ᠴᠢᠬᠤᠯᠠᠲᠠᠢ ᠵᠠᠮ ᠤᠷᠲᠤ ᠪᠢᠰᠢ᠂ ᠤᠳᠠᠯ ᠦᠭᠡᠢ ᠨᠡᠪᠲᠡᠷᠡᠨ᠎ᠡ᠃ 2024 ᠣᠨ᠎ᠡᠴᠡ ᠣᠳᠣ ᠪᠣᠯᠲᠠᠯ᠎ᠠ ᠡᠨᠡ ᠬᠦ᠌ ᠵᠠᠮ ᠱᠤᠭᠤᠮ ᠨᠢ ᠡᠯᠡᠰᠦᠨ ᠤ᠋ ᠭᠠᠮᠱᠢᠭ᠎ᠡᠴᠡ ᠪᠣᠯᠵᠤ ᠲᠡᠷᠭᠡ ᠵᠣᠭ᠍ᠰᠣᠵᠤ ᠥᠩᠭᠡᠷᠡᠭ᠌ᠰᠡᠨ ᠦᠭᠡᠢ᠃ ᠪᠢᠳᠡ ᠵᠠᠮ ᠱᠤᠭᠤᠮ ᠳᠡᠭᠡᠷ᠎ᠡ᠎ᠪᠡᠨ ᠰᠠᠯᠬᠢᠨ᠎ᠤ ᠬᠦᠴᠦ᠍᠎ᠶ᠋ᠢ ᠬᠢᠨᠠᠨ ᠬᠡᠮᠵᠢᠬᠦ᠌ ᠬᠡᠮᠵᠢᠭᠦᠷᠯᠢᠭ ᠤᠭ᠍ᠰᠠᠷᠠᠵᠤ᠂ ᠪᠥᠬᠥ᠌ ᠱᠤᠭᠤᠮ᠎ᠤᠨ 12 ᠠᠵᠢᠯ᠎ᠤᠨ ᠲᠣᠭᠣᠷᠢᠭ᠎ᠲᠤ ᠲᠤᠬᠢᠷᠠᠭᠤᠯᠪᠠ᠂ ᠰᠠᠯᠬᠢᠨ᠎ᠤ ᠬᠦᠴᠦ᠍ ᠨᠢ 6 ᠲᠠᠰ᠎ᠡᠴᠡ ᠳᠡᠭᠡᠭ᠌ᠰᠢ ᠪᠠᠢᠳᠠᠭ ᠯᠠ ᠶᠤᠮ ᠪᠣᠯ  ᠡᠯᠡᠰᠦ᠎ᠵᠠᠮ ᠱᠤᠭᠤᠮ᠎ᠢ᠋ ᠠᠮᠠᠷᠬᠠᠨ ᠪᠦᠷᠬᠦᠬᠦ ᠪᠤᠯᠵᠤ᠂ ᠠᠵᠢᠯ᠎ᠤᠨ ᠲᠣᠭᠣᠷᠢᠭ᠎ᠡᠴᠡ ᠬᠥᠮᠦᠨ ᠲᠣᠮᠢᠯᠠᠨ ᠵᠠᠮ ᠱᠤᠭᠤᠮ ᠳᠡᠭᠡᠷ᠎ᠡ ᠲᠣᠭᠣᠷᠢᠨ ᠪᠠᠢᠴᠠᠭᠠᠵᠤ᠂ ᠡᠯᠡᠰᠦ ᠬᠤᠷᠠᠭ᠍ᠰᠠᠨ ᠪᠠᠢᠪᠠᠯ ᠴᠠᠭ ᠲᠤᠬᠠᠶ᠎ᠳᠤᠨᠢ ᠴᠡᠪᠡᠷᠯᠡᠨ ᠠᠷᠢᠯᠭᠠᠨ᠎ᠠ᠃  ᠦᠩᠭᠡᠷᠡᠭᠰᠡᠨ ᠳ᠋ᠤ ᠯᠢᠨᠾᠸ ᠡᠴᠡ ᠴᠡᠭᠡ ᠬᠦᠷᠬᠦ ᠲᠡᠮᠦᠷ ᠵᠠᠮ᠎ᠤᠨ ᠡᠯᠡᠰᠦᠨ ᠤ᠋ ᠭᠠᠮᠰᠢᠭ ᠲᠤ᠌ ᠲᠠᠭᠠᠷᠢᠭᠳᠠᠵᠤ ᠮᠡᠳᠡᠬᠦ ᠬᠡᠰᠡᠭ ᠨᠢ 467 ᠺᠢᠯᠣᠮᠧᠲ᠋ᠷ ᠣᠷᠴᠢᠮ ᠪᠠᠢᠭᠰᠠᠨ᠂ ᠣᠳᠣ ᠨᠢᠭᠡᠨᠲᠡ 19 ᠺᠢᠯᠣᠮᠧᠲ᠋ᠷ᠎ᠦᠨ ᠳᠣᠲᠣᠷ᠎ᠠ ᠪᠤᠯᠳᠠᠯ᠎ᠠ ᠡᠵᠡᠮᠳᠡᠵᠡᠶ᠃ ᠠᠵᠢᠯᠲᠠᠨ ᠠᠵᠢᠯᠴᠢᠨ ᠤᠤᠯ᠎ᠤᠨ ᠡᠳᠦᠷ ᠪᠦᠷᠢ 4 ᠎ᠡᠴᠡ 5 ᠤᠳᠠᠭ᠎ᠠ ᠡᠯᠡᠰᠦ ᠴᠡᠪᠡᠷᠯᠡᠵᠦ᠍ ᠪᠠᠢᠭ᠍ᠰᠠᠨ᠎ᠡᠴᠡ᠎ᠪᠠᠨ ᠪᠠᠭᠠᠰᠤᠭᠠᠳ ᠰᠠᠷ᠎ᠠ ᠪᠦᠷᠢ 4 ᠎ᠡᠴᠡ 5 ᠤᠳᠠᠭ᠎ᠠ ᠴᠡᠪᠡᠷᠯᠡᠬᠦ ᠪᠤᠯᠵᠠᠢ》 ᠭᠡᠵᠦ ᠵᠠᠩ ᠬᠣᠩ ᠵᠢᠶᠧ ᠲᠡᠮᠦᠷ ᠬᠦᠷᠵᠡ᠎ᠪᠡᠷ ᠵᠠᠮ ᠱᠤᠭᠤᠮ ᠲᠡᠭᠡᠷᠡᠬᠢ ᠡᠯᠡᠰᠦ ᠵᠢ ᠴᠡᠪᠡᠷᠯᠡᠬᠦ ᠵᠢᠨ ᠲᠠᠭᠠᠤ ᠲᠠᠨᠢᠯᠴᠠᠭᠤᠯᠪᠠ᠃

2009 ᠣᠨ᠎ᠳᠤ ᠯᠢᠨᠾᠧ᠎ᠡᠴᠡ ᠴᠡᠭᠡ ᠬᠦᠷᠬᠦ᠌ ᠲᠡᠮᠦᠷ ᠵᠠᠮ ᠨᠡᠪᠲᠡᠷᠡᠭ᠌ᠰᠡᠨ ᠡᠬᠢᠨ᠎ᠦ ᠦᠶ᠎ᠡ᠎ᠳᠦ ᠡᠯᠡᠰᠦᠨ ᠭᠠᠮᠱᠢᠭ ᠬᠠᠮᠤᠭ᠎ᠤᠨ ᠬᠦᠨᠳᠦ ᠨᠣᠴᠢᠲᠠᠶ ᠪᠠᠢᠪᠠ᠃ ᠠᠷᠪᠠᠨ ᠬᠡᠳᠦᠨ ᠺᠢᠯᠣᠮᠧᠲ᠋ᠷ᠎ᠦᠨ ᠵᠠᠮ ᠱᠤᠭᠤᠮ᠎ᠳᠤ  ᠵᠠᠮ ᠲᠡᠮᠦᠷ ᠬᠠᠷᠠᠭ᠍ᠳᠠᠬᠤ ᠥᠬᠡᠶ ᠪᠣᠯᠵᠣ᠂  ᠬᠠᠮᠤᠭ᠎ᠤᠨ ᠬᠦᠨᠳᠦ ᠨᠣᠴᠢᠲᠠᠶ ᠡᠯᠡᠰᠦᠷᠭᠡᠭ ᠭᠠᠵᠠᠷ᠎ᠤᠨ ᠰᠢᠭᠤᠷᠤᠬᠰᠠᠨ  ᠡᠯᠡᠰᠦ ᠨᠢ ᠵᠠᠮ ᠲᠠᠮᠦᠷ ᠤ᠋ᠨ ᠭᠠᠳᠠᠷᠭᠤ ᠡᠴᠡ 1.5 ᠮᠧᠲ᠋ᠷ ᠲᠠᠪᠠᠵᠤ᠂ ᠲᠡᠮᠦᠷ ᠵᠠᠮ᠎ᠤᠨ ᠲᠡᠷᠭᠡ ᠨᠡᠪᠳᠡᠷᠡᠬᠦ ᠵᠢ ᠨᠢᠭᠡ ᠦᠶ᠎ᠡ ᠲᠠᠰᠤᠯᠳᠠᠭᠤᠯᠪᠠ᠃ ᠡᠯᠡᠰᠦᠨ ᠭᠠᠮᠱᠢᠭ ᠢ᠋ ᠰᠡᠷᠭᠡᠢᠯᠡᠨ ᠵᠠᠰᠠᠵᠤ᠂ ᠲᠡᠭᠡᠭᠡᠪᠦᠷᠢ᠎ᠶ᠋ᠢᠨ ᠰᠠᠭᠠᠳ ᠦᠭᠡᠢ ᠨᠡᠪᠲᠡᠷᠡᠬᠦ᠌᠎ᠶ᠋ᠢ ᠪᠠᠲᠤᠯᠠᠬᠤ᠎ᠶ᠋ᠢᠨ ᠲᠥᠯᠥᠭᠡ 2010 ᠣᠨ ᠡᠴᠡ ᠵᠠᠩ ᠬᠣᠩ ᠵᠢᠶ᠍ᠸ ᠡᠯᠡᠰᠦ ᠮᠠᠩᠬ᠎ᠠ᠎ᠶ᠋ᠢ ᠴᠡᠪᠡᠷᠯᠡᠬᠦ᠌ ᠲᠤᠰᠭᠠᠢ ᠡᠩᠨᠡᠭᠡ᠎ᠶ᠋ᠢ ᠳᠠᠭᠠᠭᠤᠯᠤᠨ ᠭᠣᠪᠢ ᠨᠤᠲᠤᠭ᠎ᠲᠤ ᠠᠵᠢᠯᠯᠠᠪᠠ᠃

ᠵᠠᠭᠤᠨ ᠭᠠᠵᠠᠷ᠎ᠤᠨ ᠳᠣᠲᠣᠷ᠎ᠠ ᠬᠥᠮᠦᠨ ᠦᠭᠡᠢ ᠭᠣᠪᠢ ᠴᠦᠯ᠎ᠳᠦ ᠡᠳ᠋ ᠪᠣᠳᠠᠰ ᠳᠤᠲᠠᠭ᠍ᠳᠠᠬᠤ ᠪᠣᠯ ᠯᠤᠲᠤ ᠶᠡᠬᠡ ᠥᠷᠢᠰᠥᠯᠳᠦᠭᠡᠨ ᠪᠣᠯᠤᠨ᠎ᠠ᠃ ᠠᠵᠢᠯᠯᠠᠬᠤ ᠲᠣᠭᠣᠷᠢᠭ᠎ᠨᠢ ᠭᠠᠩ ᠬᠠᠭ᠍ᠰᠠᠷᠠᠭᠠᠨ᠎ᠲᠠᠶ ᠭᠠᠵᠠᠷ ᠣᠷᠣᠨ᠎ᠳᠤ ᠪᠠᠢᠷᠢᠯᠠᠵᠤ᠂ ᠢᠳᠡᠱᠢᠨ ᠨᠣᠭᠣᠭ᠎ᠠ ᠪᠣᠯᠤᠨ ᠤᠤᠭᠤᠬᠤ ᠤᠰᠤ᠎ᠶ᠋ᠢ ᠭᠠᠷᠠᠭ ᠪᠦᠷᠢ ᠯᠢᠨᠾᠧ᠎ᠡᠴᠡ ᠢᠷᠡᠬᠦ 《ᠠᠮᠢ ᠨᠠᠰᠤ ᠨᠡᠷᠡᠮᠵᠢᠲᠦ》 ᠭᠠᠯᠲᠤ ᠲᠡᠷᠭᠡ᠎ᠪᠡᠷ ᠬᠠᠩᠭᠠᠵᠤ ᠪᠠᠢᠳᠠᠭ᠃ ᠬᠣᠭᠣᠯᠠᠨ᠎ᠤ ᠬᠠᠩᠭᠠᠯᠭ᠎ᠠ ᠬᠦᠷᠦᠯᠴᠡᠬᠦ᠌ ᠦᠭᠡᠢ ᠦᠶᠡᠰ ᠣᠯᠠᠨ᠎ᠢᠶᠠᠷ᠎ᠢᠶᠠᠨ ᠵᠥᠪᠬᠡᠨ ᠳᠥᠭᠥᠮ ᠭᠤᠯᠢᠷ ᠢᠳᠡᠵᠦ᠍᠂ ᠯᠢᠨᠾᠧ᠎ᠡᠴᠡ ᠠᠪᠴᠢᠷᠠᠭ᠍ᠰᠠᠨ ᠰᠠᠭᠤᠯᠠᠭ᠎ᠠ᠎ᠲᠠᠶ ᠤᠰᠤ ᠪᠡᠨ ᠴᠤ᠌ ᠠᠷᠪᠢᠯᠠᠵᠤ ᠤᠤᠭᠤᠨ᠎ᠠ᠃ ᠡᠪᠦᠯ ᠪᠤᠯᠪᠠᠯ ᠵᠠᠩ ᠬᠣᠩ ᠵᠢᠶ᠍ᠸ  ᠦᠦᠷ ᠴᠠᠢᠬᠤ ᠡᠴᠡ ᠡᠮᠦᠨ᠎ᠡ ᠬᠡᠳᠦᠨ ᠠᠷᠪᠠᠨ ᠬᠥᠮᠦᠨ᠎ᠢ ᠳᠠᠭᠠᠭᠤᠯᠤᠨ ᠮᠥᠷᠯᠡᠨ ᠵᠣᠭ᠍ᠰᠣᠵᠤ᠂ ᠤᠨᠢᠶᠠᠷ ᠪᠤᠳᠠᠩ ᠳᠤᠮᠳᠠ ᠨᠢᠭᠡ ᠡᠳᠦᠷ᠎ᠦᠨ ᠡᠯᠡᠰᠦ ᠴᠡᠪᠡᠷᠯᠡᠬᠦ᠌ ᠡᠭᠦᠷᠭᠡ᠎ᠪᠡᠨ ᠡᠬᠢᠯᠡᠭᠦᠯᠳᠡᠭ᠃ ᠲᠡᠳᠡ ᠤᠬᠤᠭᠤᠷ ᠮᠠᠱᠢᠨ᠎ᠢᠶᠠᠷ ᠮᠠᠯᠲᠠᠵᠤ᠂ ᠲᠡᠮᠦᠷ ᠬᠦᠷᠵᠡ᠎ᠪᠡᠷ ᠬᠤᠰᠤᠵᠤ᠂ ᠭᠠᠷ᠎ᠢᠶᠠᠷ᠎ᠢᠶᠠᠨ ᠮᠠᠯᠲᠠᠵᠤ᠂ ᠶᠡᠷᠦ᠍ ᠨᠢ ᠡᠮᠦᠨ᠎ᠡ ᠲᠠᠯ᠎ᠠ᠎ᠶ᠋ᠢᠨ ᠵᠠᠮ ᠢ᠋ ᠴᠡᠪᠡᠷᠯᠡᠵᠦ᠍ ᠳᠠᠭᠤᠰᠤᠮᠠᠭ᠍ᠴᠠ᠂ ᠤᠳᠠᠯ ᠦᠭᠡᠢ ᠶᠡᠬᠡ ᠰᠠᠯᠬᠢ ᠢᠷᠡᠵᠦ ᠡᠯᠡᠰᠦᠨ ᠳ᠋ᠤ ᠵᠠᠮ ᠱᠤᠭᠤᠮ ᠲᠠᠬᠢᠨ ᠪᠤᠯᠠᠭᠳᠠᠨ᠎ᠠ᠃

《ᠬᠥᠮᠦᠨ ᠨᠢ ᠡᠮᠦᠨ᠎ᠡ᠎ᠲᠠᠯ᠎ᠠ ᠳ᠋ᠤ ᠡᠯᠡᠰᠦ᠎ᠶ᠋ᠢ ᠴᠡᠪᠡᠷᠯᠡᠵᠦ᠍᠂ ᠭᠠᠯᠲᠤ ᠲᠡᠷᠭᠡ ᠠᠷᠤ ᠳ᠋ᠤ ᠨᠢ ᠳᠠᠭᠠᠨ᠎ᠠ᠂ ᠭᠠᠯᠲᠤ ᠲᠡᠷᠭᠡ ᠥᠩᠭᠡᠷᠡᠮᠡᠭ᠌ᠴᠡ ᠵᠠᠮ ᠨᠢ ᠲᠠᠬᠢᠨ ᠡᠯᠡᠰᠦᠨ ᠳ᠋ᠤ ᠪᠤᠯᠠᠭᠳᠠᠨ᠎ᠠ᠃ ᠡᠯᠡᠰᠦ᠎ᠶ᠋ᠢ ᠴᠡᠪᠡᠷᠯᠡᠬᠦ ᠨᠢ ᠦᠨᠳᠦᠰᠦ᠎ᠡᠴᠡ ᠨᠢ ᠵᠠᠰᠠᠵᠤ ᠲᠡᠢᠯᠬᠦ ᠦᠭᠡᠢ᠂ ᠠᠷᠭ᠎ᠠ ᠪᠤᠳᠤᠵᠤ ᠡᠯᠡᠰᠦ᠎ᠶ᠋ᠢ ᠲᠣᠭ᠍ᠲᠠᠪᠤᠷᠢᠵᠢᠭᠤᠯᠵᠤ᠂ ᠡᠯᠡᠰᠦ᠎ᠶ᠋ᠢ ᠵᠠᠰᠠᠵᠤ᠂ ᠡᠯᠡᠰᠦ᠎ᠶ᠋ᠢ ᠤᠬᠤᠷᠢᠭᠤᠯᠬᠤ ᠬᠡᠷᠡᠭ᠌ᠲᠡᠢ》᠃ ᠲᠡᠭᠡᠭᠡᠳ ᠵᠠᠩ ᠬᠣᠩ ᠵᠢᠶᠧ ᠡᠯᠡᠰᠦ᠎ᠶ᠋ᠢ ᠵᠠᠰᠠᠬᠤ ᠰᠡᠳᠭᠢᠮᠵᠢ  ᠪᠠᠨ ᠬᠤᠪᠢᠷᠠᠭᠤᠯᠪᠠ — ᠵᠠᠮ ᠳᠠᠭᠠᠤ ᠤᠰᠤᠨ᠎ᠤ ᠰᠤᠷᠪᠤᠯᠵᠢ ᠴᠥᠭᠡᠨ᠎ᠡᠴᠡ ᠪᠣᠯᠵᠣ᠂ ᠪᠠᠷᠢᠯᠭ᠎ᠠ ᠪᠠᠷ ᠡᠯᠡᠰᠦ᠎ᠶ᠋ᠢ ᠵᠠᠰᠠᠬᠤ᠎ᠨᠢ ᠲᠡᠷᠢᠭᠦᠨ ᠰᠣᠩᠭᠣᠯᠲᠠ ᠪᠣᠯᠵᠠᠶ᠃

ᠵᠠᠩ ᠬᠣᠩ ᠵᠢᠶᠧ ᠲᠠᠰᠤᠭ᠎ᠤᠨ ᠵᠢᠡᠨ ᠮᠡᠷᠭᠡᠵᠢᠯᠲᠡᠨ᠎ᠢᠶᠡᠨ ᠳᠠᠭᠠᠭᠤᠯᠤᠨ ᠵᠠᠮ᠎ᠤᠨ ᠬᠣᠶᠠᠷ ᠲᠠᠯ᠎ᠠ᠎ᠳᠤ ᠳᠠᠬᠢᠨ ᠳᠠᠪᠲᠠᠨ ᠲᠤᠷᠱᠢᠯᠲᠠ ᠬᠢᠪᠠ᠄ ᠰᠠᠯᠬᠢᠨ ᠤ᠋ ᠪᠠᠢᠳᠠᠯ ᠢ᠋ ᠦᠨᠳᠦᠰᠦᠯᠡᠨ ᠡᠯᠡᠰᠦ ᠬᠤᠷᠠᠬᠤ ᠪᠠᠢᠳᠠᠯ ᠢ᠋ ᠠᠵᠢᠭᠯᠠᠵᠤ᠂ ᠬᠡᠳᠦᠢ ᠶᠡᠭᠡ ᠰᠠᠯᠬᠢᠨ ᠳ᠋ᠦ ᠡᠯᠡᠰᠦ ᠨᠢ ᠵᠠᠮ ᠱᠤᠭᠤᠮ ᠢ᠋ ᠪᠤᠯᠠᠬᠤ᠂ ᠬᠡᠳᠦᠶ ᠶᠡᠬᠡ ᠰᠠᠯᠬᠢ ᠨᠢ ᠡᠯᠡᠰᠦ᠎ᠶ᠋ᠢ ᠵᠠᠰᠠᠬᠤ ᠢᠨᠵᠧᠨᠧᠷᠢᠩ᠎ᠢ ᠡᠪᠳᠡᠬᠦ ᠁ᠠᠯᠢ ᠤᠯᠠᠨ ᠲᠤᠷᠱᠢᠯᠲᠠ᠎ᠪᠠᠷ ᠳᠡᠮᠵᠢᠨ ᠵᠠᠩ ᠬᠣᠩ ᠵᠢᠶᠧ ᠡᠴᠦᠰ᠎ᠲᠡᠬᠡᠨ ᠠᠷᠭ᠎ᠠ ᠤᠯᠪᠠ᠃ ᠲᠡᠷᠡ ᠭᠠᠵᠠᠷ ᠤ᠋ᠨ ᠪᠠᠢᠴᠠ᠂ ᠰᠠᠯᠬᠢᠨ᠎ᠤ ᠴᠢᠭ᠌ᠯᠡᠯ᠂ ᠵᠠᠮ ᠱᠤᠭᠤᠮ᠎ᠤᠨ ᠤᠢ᠍ᠢᠷᠠᠯᠴᠠᠭᠠᠬᠢ ᠬᠥᠷᠥᠰᠥ᠍ ᠱᠢᠷᠣᠢ᠎ᠶ᠋ᠢᠨ ᠴᠢᠨᠠᠷ᠎ᠢ ᠦᠨᠳᠦᠰᠦᠯᠡᠵᠦ᠍᠂ ᠪᠣᠰᠣᠭ᠎ᠠ ᠴᠤᠭᠴᠠᠳᠤ ᠲᠤᠤᠷ᠎ᠢ ᠳᠡᠪᠢᠰᠬᠦ ᠲᠠᠯᠠᠪᠠᠢ᠎ᠶ᠋ᠢ ᠲᠣᠭ᠍ᠲᠠᠭᠠᠵᠤ᠂ 《ᠥᠨᠳᠥᠷ᠂ ᠳᠤᠮᠳᠠ᠂ ᠳᠣᠣᠷ᠎ᠠ》ᠨᠢᠯᠦᠨ ᠲᠤᠤᠷ᠎ᠢ ᠢᠵᠢ ᠪᠦᠷᠢᠳᠦᠬᠦᠯᠬᠦ᠌ ᠠᠷᠭ᠎ᠠ᠎ᠶ᠋ᠢ ᠠᠪᠴᠤ᠌᠂ ᠲᠤᠤᠷ᠎ᠤᠨ ᠥᠨᠳᠥᠷ᠎ᠦᠨ ᠬᠡᠮᠵᠢᠶ᠎ᠡ᠎ᠶ᠋ᠢ ᠨᠡᠮᠡᠭ᠌ᠳᠡᠭᠦᠯᠵᠦ᠍᠂ ᠲᠤᠤᠷ᠎ᠤᠨ ᠬᠡᠯᠪᠡᠷᠢ᠎ᠶ᠋ᠢ ᠬᠤᠪᠢᠷᠠᠭᠤᠯᠵᠤ᠂ ᠡᠯᠡᠰᠦ᠎ᠶ᠋ᠢ ᠰᠡᠷᠭᠡᠢᠯᠡᠬᠦ᠌ ᠦᠷ᠎ᠡ ᠪᠦᠲᠦᠮᠵᠢ᠎ᠶ᠋ᠢ ᠬᠠᠮᠤᠭ ᠰᠠᠢ᠌ᠨ ᠬᠡᠮᠵᠢᠶᠡᠨ᠎ᠳᠦ ᠬᠦᠷᠭᠡᠪᠡ᠃

《ᠥᠨᠳᠥᠷ》ᠭᠡᠳᠡᠭ ᠨᠢ ᠳᠠᠷᠤᠶ ᠵᠠᠮ ᠱᠤᠭᠤᠮ᠎ᠤᠨ ᠭᠠᠳᠠᠷ ᠲᠠᠯ᠎ᠠ᠎ᠳᠤ ᠨᠢᠭᠡᠳᠦᠭᠡᠷ ᠲᠠᠪᠬᠤᠷ ᠤ᠋ᠨ ᠡᠯᠡᠰᠦᠨ ᠬᠠᠯᠬᠠᠪᠴᠢ ᠭᠠᠷᠭᠠᠵᠦ᠂ ᠵᠠᠮ ᠱᠤᠭᠤᠮ᠎ᠤᠨ ᠬᠣᠶᠠᠷ ᠲᠠᠯ᠎ᠠ᠎ᠳᠤ 100 ᠮᠧᠲ᠋ᠷ ᠣᠷᠴᠢᠮ ᠡᠯᠡᠰᠦᠨ ᠬᠠᠯᠬᠠᠪᠴᠢ ᠪᠠᠢᠷᠢᠯᠠᠭᠤᠯᠵᠤ᠂  ᠥᠨᠳᠥᠷ ᠨᠢ1.2 ᠮᠧᠲ᠋ᠷ ᠪᠠᠢᠵᠤ᠂ ᠬᠣᠯᠠ᠎ᠶ᠋ᠢᠨ ᠨᠡᠭᠦᠳᠡᠯ ᠡᠯᠡᠰᠦᠨ ᠡᠬᠢ ᠪᠠ ᠬᠣᠶᠠᠷ ᠬᠠᠵᠠᠭᠤ᠎ᠶ᠋ᠢᠨ ᠬᠥᠪᠦᠮᠡᠯ ᠡᠯᠡᠰᠦ᠎ᠶ᠋ᠢ ᠬᠣᠷᠢᠭ᠍ᠯᠠᠬᠤ ᠦᠶ᠋ᠯᠡᠳᠦᠯ᠎ᠢ ᠪᠡᠶᠡᠯᠡᠭᠦᠯᠦᠨ᠎ᠡ᠃《 ᠳᠤᠮᠳᠠ 》 ᠪᠠ 《 ᠳᠤᠤᠷ᠎ᠠ 》 ᠪᠣᠯ ᠨᠠᠩ ᠨᠠᠷᠢᠨ ᠨᠢᠯᠦᠨ ᠲᠤᠤᠷ᠎ᠢ ᠪᠦᠷᠬᠦᠭᠦᠯᠵᠦ᠂ ᠵᠠᠮ᠎ᠤᠨ ᠬᠣᠶᠠᠷ ᠬᠠᠵᠠᠭᠤ᠎ᠶ᠋ᠢᠨ 30 ᠮᠧᠲ᠋ᠷ᠎ᠡᠴᠡ 40 ᠮᠧᠲ᠋ᠷ᠎ᠦᠨ ᠭᠠᠵᠠᠷ᠎ᠲᠤ ᠡᠯᠡᠰᠦᠨ ᠳᠣᠪᠣᠷᠴᠠᠭ᠎ᠤᠨ ᠶᠡᠬᠡ ᠪᠠᠭ᠎ᠠ ᠪᠠ ᠡᠯᠡᠰᠦᠨ ᠬᠠᠢᠷ᠎ᠤᠨ ᠶᠡᠬᠡ ᠪᠠᠭ᠎ᠠ᠎ᠶ᠋ᠢ ᠦᠨᠳᠦᠰᠦᠯᠡᠨ ᠲᠤᠤᠷ ᠪᠠᠢᠭᠤᠯᠤᠨ᠎ᠠ᠂ ᠵᠠᠷᠢᠮ ᠨᠥᠬᠥᠴᠡᠯ᠎ᠲᠡᠶ ᠭᠠᠵᠠᠷ ᠣᠷᠣᠨ᠎ᠳᠤ ᠪᠠᠰᠠ ᠴᠢᠯᠠᠭᠤ᠎ᠶᠢ ᠳᠥᠷᠪᠡᠯᠵᠢᠯᠡᠨ ᠦᠷᠦᠵᠦ᠍᠂ ᠰᠠᠯᠬᠢᠨ᠎ᠤ ᠬᠦᠴᠦ᠍᠎ᠶ᠋ᠢ ᠪᠠᠭᠠᠰᠭᠠᠵᠤ᠂ ᠡᠯᠡᠰᠦᠷᠬᠡᠭ ᠭᠠᠵᠠᠷ᠎ᠤᠨ ᠭᠠᠳᠠᠷᠭᠤ᠎ᠶ᠋ᠢᠨ ᠠᠷᠵᠠᠭᠠᠷ᠎ᠤᠨ ᠬᠡᠮᠵᠢᠶ᠎ᠡ᠎ᠶ᠋ᠢ ᠨᠡᠮᠡᠭ᠌ᠳᠡᠭᠦᠯᠵᠦ᠍᠂ ᠰᠠᠯᠬᠢᠨ᠎ᠤ ᠰᠤᠯᠠ ᠡᠯᠡᠰᠦ ᠬᠠᠢᠷ᠎ᠢ ᠬᠡᠢᠰᠭᠡᠬᠦ ᠬᠦᠴᠦ ᠵᠢ ᠪᠠᠭᠠᠰᠬᠠᠳᠠᠭ᠃ ᠯᠢᠨᠾᠸ ᠡᠴᠡ ᠴᠡᠭᠡ ᠬᠦᠷᠬᠦ ᠲᠡᠮᠦᠷ ᠵᠠᠮ᠎ᠤᠨ ᠬᠣᠶᠠᠷ ᠬᠠᠵᠠᠭᠤ᠎ᠳᠤ᠎ᠡᠢᠮᠦᠷᠬᠦᠦ ᠡᠯᠡᠰᠦ᠎ᠶ᠋ᠢ ᠰᠡᠷᠭᠡᠢᠯᠡᠬᠦ᠌ ᠲᠤᠤᠷ 400 ᠭᠠᠷᠤᠶ ᠺᠢᠯᠣᠮᠧᠲ᠋ᠷ ᠦᠷᠭᠦᠯᠵᠢᠯᠡᠵᠡᠶ᠃ ᠵᠠᠩ ᠬᠣᠩ ᠵᠢᠶᠧ ᠡᠨᠡᠬᠦ᠌ ᠡᠯᠡᠰᠦ᠎ᠶ᠋ᠢ ᠵᠠᠰᠠᠬᠤ ᠠᠷᠭ᠎ᠠ᠎ᠶ᠋ᠢ 《ᠲᠣᠮᠣ ᠲᠤᠤᠷ᠎ᠢᠶᠡᠷ〈ᠡᠯᠡᠰᠦᠨ ᠴᠦᠯ᠎ᠤᠨ ᠡᠮᠨᠢᠭ ᠪᠠᠷᠰ〉 ᠎ᠢ᠋ ᠨᠤᠭᠳᠤᠯᠤᠭᠰᠠᠨ》 ᠭᠡᠵᠦ᠍ ᠳᠦᠷᠰᠦᠯᠢᠭ᠎ᠢᠶᠡᠷ ᠵᠦᠶ᠋ᠷᠯᠡᠪᠡ᠃

《ᠪᠠᠷᠢᠯᠭ᠎ᠠ ᠪᠡᠷ ᠡᠯᠡᠰᠦ᠎ᠶ᠋ᠢ ᠵᠠᠰᠠᠬᠤ ᠪᠣᠯ ᠲᠡᠷᠢᠭᠦᠨ ᠰᠣᠩᠭᠣᠯᠲᠠ ᠮᠥᠨ᠂ ᠭᠡᠪᠡᠴᠦ᠍ ᠠᠮᠢᠳᠤ ᠪᠣᠳᠠᠰ᠎ᠢᠶᠡᠷ ᠡᠯᠡᠰᠦ᠎ᠶ᠋ᠢ ᠵᠠᠰᠠᠬᠤ᠎ᠨᠢ ᠴᠤ᠌ ᠳᠠᠭᠠᠵᠤ ᠠᠮᠵᠢᠬᠤ ᠬᠡᠷᠡᠭ᠌ᠲᠡᠶ᠃ ᠪᠢᠳᠡ ᠳᠠᠷᠢᠵᠤ ᠤᠷᠭᠤᠭᠤᠯᠬᠤ᠎ᠳᠤ ᠲᠣᠬᠢᠷᠠᠮᠵᠢᠲᠠᠶ ᠭᠠᠵᠠᠷ᠎ᠲᠤ ᠬᠥᠮᠦᠨ᠎ᠦ ᠬᠦᠴᠦ᠍᠎ᠪᠡᠷ ᠣᠢᠵᠢᠭᠤᠯᠵᠤ᠂ ᠬᠥᠮᠦᠨ᠎ᠦ ᠬᠦᠴᠦ᠍᠎ᠪᠡᠷ ᠳᠠᠷᠢᠵᠤ᠂ ᠭᠠᠩ ᠬᠠᠭ᠍ᠰᠠᠷᠠᠭᠠᠨ᠎ᠳᠤ ᠲᠡᠰᠪᠦᠷᠢᠲᠡᠶ ᠵᠠᠭ ᠮᠣᠳᠣ᠂ ᠨᠠᠢᠯᠵᠠᠭᠤᠷ ᠬᠠᠷᠭᠠᠨ᠎ᠠ᠂ ᠤᠯᠠᠭᠠᠨ ᠪᠤᠷᠭᠠᠰᠤ ᠵᠡᠷᠭᠡ ᠤᠷᠭᠤᠮᠠᠯ᠎ᠢ ᠳᠠᠷᠢᠵᠤ᠂ ᠤᠰᠤ ᠠᠷᠪᠢᠯᠠᠵᠤ ᠤᠰᠤᠯᠠᠬᠤ ᠵᠡᠷᠭᠡ ᠠᠷᠭ᠎ᠠ ᠬᠡᠮᠵᠢᠶ᠎ᠡ ᠠᠪᠴᠤ᠌᠂ ᠵᠠᠮ ᠱᠤᠭᠤᠮ᠎ᠤᠨ ᠬᠣᠶᠠᠷ ᠬᠠᠵᠠᠭᠤ᠎ᠶ᠋ᠢᠨ ᠠᠮᠢ ᠠᠬᠤᠶ᠎ᠶ᠋ᠢᠨ ᠣᠷᠴᠢᠨ ᠨᠥᠬᠥᠴᠡᠯ᠎ᠢ ᠰᠠᠢᠵᠢᠷᠠᠭᠤᠯᠪᠠ᠃ ᠬᠠᠪᠤᠷ ᠵᠣᠨ᠎ᠤ ᠤᠯᠠᠷᠢᠯ᠎ᠳᠤ ᠯᠢᠨᠾᠸ ᠡᠴᠡ ᠴᠡᠭᠡ ᠬᠦᠷᠬᠦ ᠲᠡᠮᠦᠷ ᠵᠠᠮ ᠳᠡᠭᠡᠷᠡᠬᠢ ᠡᠯᠡᠰᠦ ᠵᠠᠰᠠᠬᠤ ᠴᠡᠭ ᠪᠣᠯᠭᠠᠨ᠎ᠳᠤ ᠴᠥᠮ ᠭᠠᠩ ᠬᠠᠭ᠍ᠰᠠᠷᠠᠭᠠᠨ᠎ᠳᠤ ᠲᠡᠰᠪᠦᠷᠢᠲᠡᠶ ᠤᠷᠭᠤᠮᠠᠯ᠎ᠤᠨ ᠡᠪᠡᠰᠦᠨ ᠦᠷ᠎ᠡ᠎ᠶ᠋ᠢ ᠬᠠᠳᠠᠭᠠᠯᠠᠵᠤ ᠲᠠᠯᠪᠢᠳᠠᠭ᠃ ᠡᠯᠡᠰᠦ ᠵᠠᠰᠠᠬᠤ ᠬᠥᠮᠦᠰ ᠲᠤᠬᠠᠶ᠎ᠶ᠋ᠢᠨ ᠭᠠᠵᠠᠷ᠎ᠤᠨ ᠴᠠᠭ ᠠᠭᠤᠷ᠎ᠤᠨ ᠪᠠᠢᠳᠠᠯ᠎ᠢ ᠨᠢᠭ᠍ᠲᠠ ᠠᠩᠬᠠᠷᠴᠤ᠌᠂ ᠪᠣᠷᠣᠭᠠᠨ ᠣᠷᠣᠭᠰᠠᠭᠠᠷ ᠯᠡ ᠡᠪᠡᠰᠦᠨ ᠦᠷ᠎ᠡ᠎ᠶ᠋ᠢ ᠰᠠᠴᠤᠵᠤ᠂ ᠡᠲᠡᠭᠡᠷ ᠡᠪᠡᠰᠦᠨ ᠦᠷ᠎ᠡ ᠪᠣᠷᠣᠭᠠᠨ᠎ᠤ ᠤᠰᠤ᠎ᠪᠠᠷ ᠳᠡᠮᠵᠢᠨ ᠨᠠᠬᠢᠶᠠᠯᠠᠬᠤ ᠨᠣᠷᠮ᠎ᠠ ᠨᠢ ᠳᠡᠭᠡᠭ᠌ᠰᠢᠯᠡᠳᠡᠭ》 ᠭᠡᠵᠦ ᠵᠠᠩ ᠬᠣᠩ ᠵᠢᠶᠧ ᠲᠠᠨᠢᠯᠴᠠᠭᠤᠯᠪᠠ᠃

16 ᠵᠢᠯ᠎ᠦᠨ ᠲᠤᠷᠰᠢ ᠡᠨᠡ ᠬᠦ᠌ ᠴᠦᠯᠯᠡᠷᠭᠡᠭ ᠭᠣᠪᠢ᠎ᠶ᠋ᠢᠨ ᠡᠯᠡᠰᠦ᠎ᠶ᠋ᠢ ᠵᠠᠰᠠᠬᠤ ᠬᠥᠭᠥᠷᠭᠡ᠎ᠶ᠋ᠢᠨ ᠨᠦᠬᠡᠨ ᠵᠠᠮ᠎ᠤᠨ ᠦᠢᠯᠡᠳᠪᠦᠷᠢᠯᠡᠯ᠎ᠤᠨ ᠲᠠᠰᠤᠭ ᠨᠡᠢ᠌ᠳᠡ 27.23 ᠲᠦᠮᠡᠨ ᠪᠤᠳᠠ ᠮᠣᠳᠣ ᠲᠠᠷᠢᠵᠤ᠂ 151.369 ᠾᠧᠺᠲ᠋ᠠᠷ ᠬᠥᠮᠦᠨ᠎ᠦ ᠬᠦᠴᠦ᠍᠎ᠪᠡᠷ ᠣᠢᠵᠢᠭᠤᠯᠵᠤ᠂ 965 ᠺᠢᠯᠣᠮᠧᠲ᠋ᠷ ᠦᠨᠳᠦᠷ ᠡᠯᠡᠰᠦᠨ ᠬᠠᠯᠬᠠᠪᠴᠢ ᠪᠠᠢᠭᠤᠯᠵᠤ᠂ ᠱᠢᠷᠣᠢ᠎ᠶ᠋ᠢᠨ ᠲᠣᠣᠷ᠎ᠢ ᠪᠠᠷᠤᠭ 2701.35 ᠲᠦᠮᠡᠨ ᠲᠡᠭ᠌ᠰᠢ ᠳᠥᠷᠪᠡᠯᠵᠢᠨ ᠮᠧᠲ᠋ᠷ ᠳᠡᠪᠢᠰᠴᠡᠢ᠃ ᠯᠢᠨᠾᠸ ᠡᠴᠡ ᠴᠡᠭᠡ᠎ᠬᠦᠷᠬᠦ ᠲᠡᠮᠤᠷ ᠵᠠᠮ᠎ᠵᠢᠡᠷ ᠡᠳᠦᠷ ᠪᠦᠷᠢ ᠠᠶᠠᠨᠴᠢᠳ ᠪᠠ ᠪᠠᠷᠠᠭᠠᠨ᠎ᠤ ᠭᠠᠯᠲᠦ ᠲᠡᠷᠭᠡ 30 ᠭᠠᠷᠤᠢ ᠤᠳᠠᠭ᠎ᠠ ᠠᠶᠠᠯᠠᠵᠤ ᠪᠤᠢ᠃

ᠠᠵᠢᠯ ᠳᠠᠭᠤᠰᠤᠭ᠎ᠠ ᠦᠭᠡᠢ ᠪᠠᠢᠬᠤ ᠳ᠋ᠤ᠌ ᠵᠠᠮ ᠱᠤᠭᠤᠮ ᠳᠡᠭᠡᠷ᠎ᠡ ᠤᠳᠠᠯ ᠦᠭᠡᠢ ᠭᠠᠯᠲᠤ ᠲᠡᠷᠭᠡ ᠥᠩᠭᠡᠷᠡᠬᠦ᠌ ᠭᠡᠵᠦ᠍ ᠪᠠᠢᠨ᠎ᠠ᠃ ᠠᠮᠤᠷ ᠲᠦᠪᠱᠢᠨ᠎ᠦ ᠠᠵᠢᠯᠲᠠᠨ ᠵᠠᠷᠯᠢᠭ ᠪᠠᠭᠤᠯᠭᠠᠵᠤ᠂ ᠪᠦᠬᠦ᠌ ᠬᠥᠮᠦᠨ᠂ ᠮᠠᠱᠢᠨ ᠪᠠᠭᠠᠵᠢ᠎ᠶ᠋ᠢ ᠵᠠᠮ ᠱᠤᠭᠤᠮ᠎ᠡᠴᠡ ᠲᠦᠷᠭᠡᠨ ᠵᠠᠢᠯᠠᠬᠤ᠎ᠶ᠋ᠢ ᠱᠠᠭᠠᠷᠳᠠᠪᠠ᠃ ᠪᠦᠭᠦᠳᠡᠭᠡᠷ᠎ᠢᠶᠡᠨ ᠵᠠᠮ ᠱᠤᠭᠤᠮ᠎ᠡᠴᠡ ᠭᠠᠷᠴᠤ᠂ ᠢᠷᠡᠬᠦ᠌ ᠲᠡᠷᠭᠡᠨ᠎ᠦ ᠵᠦᠭ ᠬᠠᠨᠳᠤᠨ ᠨᠢᠭᠡ ᠮᠥᠷ ᠬᠠᠷᠠᠭᠤᠯ ᠵᠣᠭ᠍ᠰᠣᠵᠤ ᠲᠡᠷᠭᠡ ᠲᠤᠰᠤᠨ᠎ᠠ᠃ ᠠᠯᠤᠰ ᠡᠴᠡ ᠴᠢᠩᠭᠡᠯᠢᠭ ᠳᠦᠭᠦᠷᠡᠩ ᠠᠴᠢᠶ᠎ᠠ ᠲᠠᠢ ᠪᠠᠷᠠᠭᠠᠨ᠎ᠤ ᠭᠠᠯᠲᠤ ᠲᠡᠷᠭᠡ ᠪᠦᠷᠢᠢ᠎ᠡ᠎ᠪᠡᠨ ᠳᠤᠤᠭᠠᠷᠭᠠᠨ ᠡᠨᠡ ᠬᠡᠰᠡᠭ ᠭᠣᠪᠢ᠎ᠪᠠᠷ ᠥᠩᠭᠡᠷᠡᠵᠦ᠍᠂ ᠶᠠᠭ ᠯᠡ ᠡᠯᠡᠰᠦ ᠴᠡᠪᠡᠷᠯᠡᠬᠦ᠌ ᠬᠥᠮᠦᠰ᠎ᠲᠦ ᠲᠠᠯᠠᠷᠬᠠᠯ᠎ᠢᠶᠠᠨ ᠳᠡᠪᠱᠢᠭᠦᠯᠵᠦ᠍ ᠪᠠᠢᠭ᠎ᠠ ᠱᠢᠭ᠋ ᠪᠠᠢᠯ᠎ᠠ᠃

6 ᠵᠢᠯ᠎ᠤᠨ ᠳᠠᠷᠠᠭ᠎ᠠ ᠵᠠᠩ ᠬᠣᠩ ᠵᠢᠶᠧ ᠠᠵᠢᠯ᠎ᠡᠴᠡ᠎ᠪᠠᠨ ᠠᠮᠠᠷᠠᠬᠤ ᠪᠣᠯᠤᠨ᠎ᠠ᠂ ᠭᠡᠪᠡᠴᠦ᠍ ᠲᠡᠷᠡ ᠢᠷᠡᠭᠡᠳᠦᠶ᠎ᠶ᠋ᠢᠨ ᠡᠯᠡᠰᠦ᠎ᠶ᠋ᠢ ᠵᠠᠰᠠᠬᠤ ᠵᠠᠮ᠎ᠳᠤ ᠵᠢᠭᠠᠬᠠᠨ ᠴᠤ᠌ ᠰᠠᠨᠠᠭ᠎ᠠ ᠵᠣᠪᠠᠬᠤ ᠥᠬᠡᠶ ᠪᠠᠢᠯ᠎ᠠ᠃ ᠦᠶ᠋ᠯᠡᠳᠪᠦᠷᠢ᠎ᠶ᠋ᠢᠨ ᠳᠠᠰᠤᠭ᠎ᠲᠤ ᠵᠠᠯᠠᠭᠤᠴᠤᠳ᠎ᠢ ᠲᠠᠰᠤᠷᠠᠯᠲᠠ ᠦᠭᠡᠢ ᠡᠯᠰᠡᠵᠦ ᠪᠠᠢᠨ᠎ᠠ᠃ 《ᠮᠠᠨ᠎ᠤ ᠦᠶ᠋ᠯᠡᠳᠪᠦᠷᠢ᠎ᠶ᠋ᠢᠨ ᠲᠠᠰᠤᠭ ᠪᠦᠲᠡ ᠪᠦᠭ᠌ᠯᠡᠭᠦᠦ ᠪᠤᠯᠪᠠᠴᠤ ᠢᠷᠡᠭ᠌ᠰᠡᠨ ᠵᠠᠯᠠᠭᠤᠴᠤᠳ᠎ᠲᠦ ᠦᠨᠳᠦᠰᠦᠨ ᠠᠩᠭᠢ᠎ᠶ᠋ᠢᠨ ᠰᠤᠷᠤᠭ᠍ᠴᠢ ᠪᠤᠢ᠂ ᠪᠠᠰᠠ ᠠᠰᠫᠢᠷᠠᠨᠲ ᠪᠠᠢᠨ᠎ᠠ᠃ ᠲᠠᠳᠠ ᠬᠥᠷᠥᠰᠥ᠍ ᠱᠢᠷᠣᠶ᠎ᠵᠢᠨ ᠢᠳᠡᠭᠳᠡᠯ᠎ᠢ ᠵᠠᠰᠠᠬᠤ ᠪᠠ ᠴᠦᠯᠯᠡᠷᠭᠡᠭ᠌ᠵᠢᠯ᠎ᠢ ᠰᠡᠷᠭᠡᠢᠯᠡᠨ ᠵᠠᠰᠠᠬᠤ᠎ᠮᠡᠳᠡᠯᠭᠡ ᠰᠤᠷᠴᠤ᠌᠂ ᠬᠦᠴᠢᠷ᠎ᠡᠴᠡ ᠠᠶᠤᠬᠤ ᠥᠬᠡᠶ᠂ ᠶᠠᠳᠠᠷᠠᠯ᠎ᠡᠴᠡ ᠠᠶᠤᠬᠤ ᠥᠬᠡᠶ᠂ ᠠᠷᠭ᠎ᠠ ᠪᠣᠳᠣᠯᠭ᠎ᠠ᠎ᠲᠠᠶ ᠮᠥᠷᠲᠡᠭᠡᠨ ᠡᠷᠴᠢ ᠵᠣᠷᠢᠭ᠎ᠲᠠᠶ! 》 ᠭᠡᠵᠦ᠍ ᠵᠠᠩ ᠬᠣᠩ ᠵᠢᠶᠧ ᠣᠮᠣᠭ ᠪᠠᠷᠳᠠᠮ ᠬᠡᠯᠡᠨ᠎ᠡ᠃

《 ᠪᠢᠳᠡ ᠬᠡᠳᠦᠢᠪᠡᠷ ᠡᠯᠡᠰᠦᠨ ᠴᠥᠯ ᠭᠣᠪᠢ ᠨᠤᠲᠤᠭ᠎ᠲᠤ ᠪᠠᠢᠪᠠᠴᠤ᠌ ᠡᠨᠳᠡ ᠪᠠᠰᠠ ᠦᠶᠡᠷ ᠪᠠᠭᠤᠳᠠᠭ᠃ ᠦᠶᠡᠷ᠎ᠦᠨ ᠬᠤᠭᠤᠴᠠᠭᠠᠨ᠎ᠳᠤ ᠭᠠᠵᠠᠷ᠎ᠤᠨ ᠰᠠᠭᠤᠷᠢ ᠪᠠ ᠬᠥᠷᠥᠰᠥ᠍ ᠱᠢᠷᠣᠶ᠎ᠶ᠋ᠢᠨ ᠪᠦᠲᠦᠴᠡ ᠮᠠᠰᠢ ᠠᠮᠠᠷᠬᠠᠨ ᠡᠪᠳᠡᠭ᠌ᠳᠡᠵᠦ᠍᠂ ᠡᠭᠦᠨ᠎ᠦ ᠤᠯᠠᠮ᠎ᠡᠴᠡ ᠰᠠᠯᠬᠢ ᠡᠯᠡᠰᠦᠨ᠎ᠦ ᠬᠥᠨᠥᠭᠡᠯ᠎ᠢ ᠬᠦᠨᠳᠦᠷᠡᠭᠦᠯᠳᠡᠭ᠃ ᠡᠢᠮᠦ᠍᠎ᠡᠴᠡ ᠪᠢ ᠦᠶᠡᠷ ᠵᠠᠯᠠᠬᠤ ᠣᠷᠣᠨ᠎ᠳᠤ ᠤᠷᠤᠰᠭᠠᠯ ᠵᠠᠯᠠᠬᠤ ᠬᠠᠱᠢᠯᠭ᠎ᠠ ᠪᠠ ᠤᠰᠤ ᠬᠠᠱᠢᠬᠤ ᠬᠠᠱᠢᠯᠭ᠎ᠠ ᠪᠠᠢᠭᠤᠯᠬᠤ; ᠡᠯᠡᠰᠦ᠎ᠶ᠋ᠢ ᠬᠣᠷᠢᠭ᠍ᠯᠠᠬᠤ ᠭᠤᠭᠴᠤᠭ᠎ᠠ᠎ᠳᠤ ᠥᠨᠳᠥᠷ ᠪᠣᠰᠣᠭ᠎ᠠ ᠡᠯᠡᠰᠦᠨ ᠬᠠᠯᠬᠠᠪᠴᠢ ᠪᠣᠯᠤᠨ ᠳᠣᠣᠷ᠎ᠠ ᠪᠣᠰᠣᠭ᠎ᠠ ᠱᠢᠷᠣᠶ᠎ᠶ᠋ᠢᠨ ᠲᠣᠣᠷ ᠪᠠᠢᠭᠤᠯᠬᠤ; ᠬᠠᠮᠤᠭ ᠰᠡᠭᠦᠯ᠎ᠳᠦ ᠠᠮᠢ ᠠᠬᠤᠶ᠎ᠶ᠋ᠢᠨ ᠬᠠᠮᠠᠭᠠᠯᠠᠯᠲᠠ᠎ᠶ᠋ᠢᠨ ᠪᠦᠰᠡ᠎ᠶ᠋ᠢ ᠪᠠᠢᠭᠤᠯᠬᠤ᠎ᠶ᠋ᠢ ᠳᠤᠷᠠᠳᠪᠠ᠃ ᠨᠢᠭᠡ ᠢᠵᠢ 〈 ᠢᠨᠵᠧᠨᠧᠷᠢᠩ + ᠠᠮᠢᠳᠤ ᠪᠣᠳᠠᠰ 〉 ᠎ᠤ᠋ᠨ ᠪᠥᠬᠥ᠌ ᠲᠠᠯ᠎ᠠ᠎ᠶ᠋ᠢᠨ ᠬᠠᠮ ᠬᠠᠮᠠᠭᠠᠯᠠᠯᠲᠠ᠎ᠶ᠋ᠢᠨ ᠱᠢᠰᠲ᠋ᠧᠮ᠎ᠢ ᠬᠡᠷᠡᠭ᠌ᠯᠡᠨ᠂ ᠡᠯᠡᠰᠦ ᠰᠢᠷᠤᠢ ᠲᠡᠮᠦᠷ ᠵᠠᠮ᠎ᠤᠨ ᠱᠤᠭᠤᠮ᠎ᠢ ᠲᠠᠬᠢᠨ ᠪᠤᠯᠠᠬᠤ ᠥᠬᠡᠶ ᠪᠣᠯᠭᠠᠨ᠎ᠠ》ᠭᠡᠵᠦ ᠠᠵᠢᠯ᠎ᠤᠨ ᠲᠣᠭᠣᠷᠢᠭ᠎ᠲᠤ ᠢᠷᠡᠭᠡᠳ ᠠᠷᠠᠢ 2 ᠵᠢᠯ ᠪᠤᠯᠵᠤ ᠪᠠᠢᠭ᠎ᠠ ᠵᠠᠯᠠᠭᠤ ᠠᠵᠢᠯᠴᠢᠨ᠂ ᠠᠰᠫᠢᠷᠠᠨᠲ ᠵᠣᠣ ᠴᠢ ᠠᠵᠢᠯ᠎ᠤᠨ ᠲᠣᠭᠣᠷᠢᠭ᠎ᠲᠤ ᠶᠠᠭ ᠲᠤᠷᠱᠢᠵᠤ ᠪᠠᠢᠭ᠎ᠠ ᠡᠯᠡᠰᠦ᠎ᠶ᠋ᠢ ᠰᠡᠷᠭᠡᠢᠯᠡᠵᠦ᠍ ᠵᠠᠮ᠎ᠢ ᠬᠠᠮᠠᠭᠠᠯᠠᠬᠤ ᠱᠢᠨ᠎ᠡ ᠵᠠᠭ᠍ᠪᠤᠷ᠎ᠢ ᠲᠠᠨᠢᠯᠴᠠᠭᠤᠯᠪᠠ᠃

ᠭᠠᠯᠲᠤ ᠲᠡᠷᠭᠡ ᠬᠣᠯᠠ ᠠᠶᠠᠯᠠᠵᠤ᠂ ᠠᠵᠢᠯ ᠮᠦᠨ ᠯᠡ ᠦᠷᠭᠦᠯᠵᠢᠯᠡᠨ᠎ᠡ᠃ 16 ᠵᠢᠯ᠎ᠤᠨ ᠳᠤᠷᠰᠢ ᠬᠥᠮᠦᠨ᠎ᠦ ᠬᠦᠴᠦ᠍᠎ᠪᠡᠷ ᠡᠯᠡᠰᠦ᠎ᠶ᠋ᠢ ᠴᠡᠪᠡᠷᠯᠡᠵᠦ᠍ ᠪᠠᠢᠭ᠍ᠰᠠᠨ᠎ᠡᠴᠡ ᠪᠠᠷᠢᠯᠭ᠎ᠠ ᠪᠡᠷ ᠡᠯᠡᠰᠦ᠎ᠶ᠋ᠢ ᠲᠣᠭ᠍ᠲᠠᠪᠤᠷᠢᠵᠢᠭᠤᠯᠬᠤ ᠬᠦᠷᠲᠡᠯ᠎ᠡ᠂ ᠲᠠᠬᠢᠭᠠᠳ ᠠᠮᠢᠳᠤ ᠪᠣᠳᠠᠰ᠎ᠢᠶᠠᠷ ᠡᠯᠡᠰᠦ᠎ᠶ᠋ᠢ ᠵᠠᠰᠠᠬᠤ ᠬᠦᠷᠲᠡᠯ᠎ᠡ᠂ ᠦᠶ᠎ᠡ ᠦᠶ᠎ᠡ᠎ᠶ᠋ᠢᠨ ᠡᠯᠡᠰᠦ ᠵᠠᠰᠠᠭ᠍ᠴᠢᠳ ᠤᠶᠤᠨ ᠤᠬᠠᠭᠠᠨ ᠪᠣᠯᠤᠨ ᠬᠦᠴᠦ᠍ ᠬᠥᠯᠥᠰᠥ᠎ᠪᠡᠷ᠎ᠢᠶᠡᠨ ᠨᠡᠯᠦᠭᠡᠷ ᠶᠡᠬᠡ ᠴᠦᠯ᠎ᠳᠦ ᠪᠠᠲᠤ ᠪᠡᠬᠢ ᠬᠠᠯᠬᠠᠪᠴᠢ ᠪᠠᠢᠭᠤᠯᠵᠠᠢ᠃ ᠥᠩᠭᠡᠷᠡᠭ᠌ᠰᠡᠨ᠎ᠳᠦ ᠡᠯᠡᠰᠦᠨ᠎ᠤ ᠭᠠᠮᠱᠢᠭ᠎ᠲᠤ ᠱᠢᠬᠠᠭ᠍ᠳᠠᠭᠠᠳ ᠲᠡᠭᠡᠭᠡᠪᠦᠷᠢ ᠵᠣᠭ᠍ᠰᠣᠬᠤ᠎ᠳᠤ ᠭᠦᠷᠦᠭ᠌ᠰᠡᠨ ᠡᠨᠡ ᠬᠦ᠌ ᠲᠡᠮᠦᠷ ᠵᠠᠮ᠎ᠵᠢᠡᠷ ᠣᠲᠣ ᠡᠳᠦᠷ ᠪᠦᠷᠢ ᠲᠡᠷᠭᠡ ᠲᠠᠰᠤᠷᠠᠯᠲᠠ ᠥᠬᠡᠶ ᠦᠨᠭᠭᠡᠷᠡᠵᠦ᠂ ᠡᠯᠡᠰᠦᠨ ᠴᠥᠯ᠎ᠢ ᠳᠤᠭᠤᠯᠤᠭ᠍ᠰᠠᠨ ᠡᠨᠧᠷᠭᠢ᠎ᠶ᠋ᠢᠨ ᠭᠤᠤᠯ ᠰᠤᠳᠠᠰᠤ ᠪᠣᠯᠤᠭ᠍ᠰᠠᠨ ᠪᠠᠢᠨ᠎ᠠ᠃  ᠡᠯᠡᠰᠦ ᠵᠠᠰᠠᠬᠴᠢᠳ ᠪᠠᠢᠬᠤ ᠳ᠋ᠦ ᠯᠡ ᠬᠦᠷᠪᠡᠯ ᠯᠢᠨᠾᠸ ᠡᠴᠡ ᠴᠡᠭᠡ ᠬᠦᠷᠬᠦ ᠲᠡᠮᠦᠷ ᠵᠠᠮ 《ᠡᠯᠡᠰᠦᠨ ᠪᠠᠷᠰ》 ᠎ᠲᠤ᠌ ᠱᠢᠬᠠᠭ᠍ᠳᠠᠭᠠᠳ ᠲᠡᠭᠡᠭᠡᠪᠦᠷᠢ ᠵᠣᠭ᠍ᠰᠣᠬᠤ ᠦᠭᠡᠢ ᠭᠡᠳᠡᠭ ᠲᠸ᠋ ᠵᠠᠩ ᠬᠣᠩ ᠵᠢᠶᠧ ᠪᠠᠳᠦ ᠢᠳᠡᠭᠡᠯ ᠲᠡᠢ ᠪᠠᠢᠯ᠎ᠠ᠃

[ᠰᠤᠷᠪᠤᠯᠵᠢᠯᠠᠭ᠍ᠴᠢ᠎ᠶ᠋ᠢᠨ ᠡᠪᠦᠷ ᠲᠡᠮᠳᠡᠭ᠌ᠯᠡᠯ]

ᠰᠤᠷᠪᠤᠯᠵᠢᠯᠠᠭ᠎ᠠ᠎ᠵᠢᠨ ᠳᠤᠮᠳᠠ ᠨᠠᠳᠠ᠎ᠵᠢ ᠭᠠᠢᠬᠠᠰᠢ ᠠᠯᠳᠠᠭᠤᠯᠤᠭ᠍ᠰᠠᠨ ᠨᠢ 400 ᠭᠠᠷᠤᠶ ᠺᠢᠯᠣᠮᠧᠲ᠋ᠷ ᠦᠷᠭᠦᠯᠵᠢᠯᠡᠭ᠌ᠰᠡᠨ ᠡᠯᠡᠰᠦ᠎ᠶ᠋ᠢ ᠰᠡᠷᠭᠡᠢᠯᠡᠬᠦ᠌ ᠲᠤᠤᠷ ᠪᠢᠰᠢ᠂ ᠬᠠᠷᠢᠨ ᠡᠯᠡᠰᠦ ᠵᠠᠰᠠᠭ᠍ᠴᠢᠳ᠎ᠤᠨ ᠴᠢᠷᠠᠶ ᠳ᠋ᠡᠬᠢ ᠳᠦᠭᠦᠷᠡᠩ ᠢᠲᠡᠭᠡᠯ ᠪᠤᠯᠤᠨ᠎ᠠ᠃ 《 ᠬᠥᠮᠦᠨ ᠡᠮᠦᠨ᠎ᠡ᠎ᠨᠢ ᠡᠯᠡᠰᠦ ᠴᠡᠪᠡᠷᠯᠡᠵᠦ᠍᠂ ᠭᠠᠯᠲᠤ ᠲᠡᠷᠭᠡ ᠠᠷᠤ ᠡᠴᠡ ᠨᠢ ᠳᠠᠭᠠᠵᠤ ᠪᠠᠢᠭᠰᠠᠨ 》 ᠡᠴᠡ 《ᠳᠠᠬᠢᠵᠤ ᠡᠯᠡᠰᠦᠨ ᠭᠠᠮᠱᠢᠭ᠎ᠡᠴᠡ ᠪᠤᠯᠵᠤ ᠲᠡᠷᠭᠡ ᠵᠣᠭ᠍ᠰᠣᠭᠰᠠᠨ ᠦᠭᠡᠢ》 ᠬᠦᠷᠲᠡᠯ᠎ᠡ᠂ ᠡᠨᠡ ᠨᠢ ᠬᠠᠷ᠎ᠠ ᠬᠦᠴᠦ᠎ᠳᠤ ᠲᠦᠰᠢᠭᠯᠡᠭᠰᠡᠨ ᠪᠢᠰᠢ᠂ ᠬᠠᠷᠢᠨ ᠦᠶ᠎ᠡ ᠦᠶ᠎ᠡ᠎ᠶ᠋ᠢᠨ ᠡᠯᠡᠰᠦ ᠵᠠᠰᠠᠭ᠍ᠴᠢᠳ ᠬᠦᠯ᠎ᠢᠶᠡᠷ᠎ᠢᠶᠡᠨ ᠬᠡᠮᠵᠢᠵᠦ᠍᠂ ᠲᠠᠷᠢᠬᠢ᠎ᠪᠠᠷ᠎ᠢᠶᠠᠨ ᠪᠣᠳᠣᠯᠬᠢᠯᠠᠭ᠍ᠰᠠᠨ᠎ᠤ ᠦᠷ᠎ᠠ ᠳ᠋ᠦᠩ ᠶᠤᠮ᠃ ᠨᠡᠩ ᠪᠠᠶᠠᠷᠯᠠᠭᠤᠱᠢᠲᠠᠢ ᠨᠢ ᠠᠵᠢᠯ᠎ᠤᠨ ᠲᠣᠭᠣᠷᠢᠭ᠎ᠲᠤ ᠴᠦᠯᠯᠡᠷᠭᠡᠭᠵᠢᠯ᠎ᠢ ᠰᠡᠷᠭᠡᠢᠯᠡᠨ ᠵᠠᠰᠠᠬᠤ ᠲᠤᠰᠬᠠᠢ ᠮᠡᠷᠭᠡᠵᠢᠯ ᠰᠤᠷᠤᠭᠰᠠᠨ ᠵᠠᠯᠠᠭᠤᠴᠤᠳ ᠬᠣᠢᠨ᠎ᠠ ᠬᠣᠢᠨ᠎ᠠ᠎ᠡᠴᠡ᠎ᠪᠠᠨ ᠢᠷᠡᠵᠡᠭᠡᠪᠡ᠃ ᠡᠨᠡ ᠬᠦ᠌ ᠡᠨᠧᠷᠭᠢ᠎ᠶ᠋ᠢᠨ ᠲᠡᠭᠡᠭᠡᠪᠤᠷᠢᠯᠡᠯᠳᠡ᠎ᠶ᠋ᠢᠨ ᠯᠤᠭ᠍ᠰᠢᠭᠤᠨ ᠰᠤᠳᠠᠯ  ᠶᠠᠪᠤᠬᠤ ᠲᠤᠲᠤᠮ ᠰᠠᠭᠠᠳ ᠦᠭᠡᠢ ᠪᠣᠯᠬᠤ ᠨᠢ ᠯᠠᠪᠲᠠᠢ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号