《ᠴᠠᠬᠢᠯᠭᠠᠨ ᠭᠦᠢᠴᠡᠳ ᠤᠰᠤ ᠬᠦᠷᠦᠯᠴᠡᠭᠦᠢᠴᠡ ᠪᠤᠯᠪᠠ᠂ ᠡᠨᠡ ᠵᠢᠯ ᠣᠷᠣᠯᠭ᠎ᠠ᠎ᠪᠠᠨ ᠨᠡᠮᠡᠭ᠌ᠳᠡᠬᠦᠯᠬᠦ ᠵᠢ ᠬᠦᠰᠡᠵᠦ᠍ ᠪᠠᠢᠨ᠎ᠠ!》
2026-06-03 10:04:00
ᠵᠣᠬᠢᠶᠠᠭ᠍ᠴᠢ᠄
ᠵᠢᠶᠠ ᠱᠢᠤᠸᠠᠢ
ᠣᠩᠱᠢᠭ᠍ᠰᠠᠨ ᠣᠳᠠᠭ᠎ᠠ᠄
★★★☆☆

《ᠤᠤᠯ ᠨᠢ ᠲᠠᠷᠢᠶ᠎ᠠ ᠤᠰᠤᠯᠠᠬᠤ ᠨᠢ ᠶᠠᠭ ᠪᠠᠢᠯᠳᠤᠭᠠᠨ ᠬᠢᠬᠦ᠌ ᠱᠢᠭ᠂ ᠰᠥᠨᠢ ᠳᠦᠯᠢ᠎ᠪᠡᠷ ᠪᠣᠰᠴᠤ᠌ ᠮᠥᠷᠯᠡᠬᠦ᠌ ᠬᠡᠷᠡᠭ᠌ᠲᠡᠶ᠂ ᠤᠷᠤᠢᠳᠠᠪᠠᠯ ᠤᠰᠤ ᠵᠢ ᠪᠤᠰᠤᠳ᠎ᠬᠦᠮᠦᠨ ᠲᠠᠳᠠᠵᠤ ᠠᠪᠤᠭᠠᠳ ᠶᠠᠪᠤᠴᠢᠬᠠᠨ᠎ᠠ》᠃ 5 ᠰᠠᠷ᠎ᠠ᠎ᠶ᠋ᠢᠨ 20 ᠎ᠤ᠋ ᠡᠳᠦᠷ᠂ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ᠎ᠤ ᠱᠸᠪᠡᠷᠳᠤ ᠪᠠᠯᠭᠠᠰᠤ᠎ᠶ᠋ᠢᠨ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ ᠲᠡᠷᠭᠡᠳᠡ᠂ ᠲᠡᠰᠭᠢᠨ ᠠᠢᠯ ᠭᠠᠴᠠᠭ᠎ᠠ ᠵᠢᠨ ᠠᠷᠠᠳ ᠬ᠍ᠤ᠌ ᠪᠦᠦ ᠯᠦᠩ ᠲᠠᠷᠢᠶᠠᠨ ᠦᠵᠦᠬᠦᠷ ᠲᠡᠬᠡᠨ ᠣᠴᠣᠢᠨ ᠰᠠᠭᠤᠵᠤ᠂ ᠡᠮᠦᠨᠡᠭᠡᠨ ᠤ᠋ ᠬᠠᠪᠤᠷ᠎ᠤᠨ ᠤᠰᠤᠯᠠᠯᠲᠠ᠎ᠶ᠋ᠢᠨ ᠲᠤᠬᠠᠢ ᠶᠠᠷᠢᠬᠤ᠎ᠳᠠᠭᠠᠨ᠂ 《ᠲᠤᠬᠠᠢ ᠵᠢᠨ ᠦᠶ᠎ᠡ ᠳ᠋ᠤ ᠴᠠᠬᠢᠯᠭᠠᠨ ᠤᠳᠠᠰᠤ ᠬᠠᠭᠤᠴᠢᠷᠠᠵᠤ᠂ ᠬᠦᠴᠦᠳᠡᠯ ᠥᠭᠡᠷᠡᠴᠢᠯᠡᠭ᠌ᠴᠢ ᠬᠦᠷᠦᠯᠴᠡᠬᠦ᠌ ᠦᠭᠡᠢ ᠪᠠᠢᠵᠤ᠂ ᠲᠠᠷᠢᠶ᠎ᠠ ᠭᠠᠩᠳᠠᠬᠰᠠᠨ ᠴᠤ᠌ ᠭᠠᠷ᠎ᠢᠶᠡᠨ ᠨᠤᠬᠤᠯᠠᠵᠤ ᠭᠠᠴᠢᠬᠳᠠᠳᠠᠭ ᠪᠠᠢᠯ᠎ᠠ》 ᠭᠡᠪᠡ᠃

ᠬᠣᠶᠠᠷ ᠰᠠᠷ᠎ᠠ᠎ᠶ᠋ᠢᠨ ᠡᠮᠦᠨ᠎ᠡ᠂ ᠡᠨᠡ ᠬᠦ᠌ ᠲᠦᠮᠡᠨ ᠮᠦ᠍᠎ᠶ᠋ᠢᠨ ᠰᠠᠢᠨ ᠲᠠᠷᠢᠶ᠎ᠠ ᠪᠠᠰᠠ 《ᠤᠰᠤᠯᠠᠯᠲᠠ᠎ᠶ᠋ᠢᠨ ᠬᠦᠴᠢᠷᠳᠡᠯ》 ᠳ᠋ᠦ ᠤᠴᠠᠷᠠᠪᠠ᠃ ᠲᠠᠷᠢᠶᠠᠨ ᠭᠠᠵᠠᠷ᠎ᠢᠶᠡᠨ ᠰᠠᠢᠬᠠᠨ ᠪᠠᠢᠭᠤᠯᠤᠯ᠎ᠠ᠂ ᠭᠡᠪᠡᠴᠦ ᠤᠰᠤ ᠬᠦᠷᠦᠯᠴᠡᠬᠦ ᠦᠭᠡᠢ ᠪᠤᠯᠪᠠ — ᠬᠥᠳᠡᠭᠡ ᠲᠣᠰᠭᠣᠨ᠎ᠤ ᠴᠠᠬᠢᠯᠭᠠᠨ ᠲᠣᠣᠷ᠎ᠤᠨ ᠪᠠᠢᠷᠢᠱᠢᠭᠤᠯᠤᠯᠲᠠ ᠲᠠᠷᠠᠬᠠᠢ ᠪᠤᠲᠠᠷᠬᠠᠢ᠂ ᠪᠠᠭ᠍ᠲᠠᠭᠠᠮᠵᠢ ᠨᠢ ᠪᠠᠭ᠎ᠠ᠂ ᠴᠠᠬᠢᠯᠭᠠᠨ ᠤᠲᠠᠰᠤ ᠨᠢ ᠬᠠᠭᠤᠴᠢᠷᠠᠵᠤ᠂ ᠤᠳᠤ ᠦᠶ᠎ᠡ᠎ᠶ᠋ᠢᠨ ᠲᠠᠷᠢᠶᠠᠯᠠᠩ᠎ᠤᠨ ᠬᠥᠭ᠌ᠵᠢᠯᠲᠡ᠎ᠶ᠋ᠢᠨ 《ᠪᠣᠭᠣᠮᠢ》 ᠪᠤᠯᠪᠠ᠃ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤ᠎ᠨᠢ ᠥᠪᠡᠷᠲᠡᠭᠡᠨ ᠵᠠᠰᠠᠬᠤ ᠣᠷᠣᠨ᠎ᠤ ᠪᠦᠬᠦᠢᠯᠡ ᠣᠷᠣᠨ ᠪᠦᠰᠡ᠎ᠶ᠋ᠢᠨ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ ᠪᠥᠲᠥᠭᠡᠨ ᠪᠠᠢᠭᠤᠯᠤᠯᠲᠠ᠎ᠶ᠋ᠢ ᠠᠬᠢᠭᠤᠯᠬᠤ ᠲᠤᠷᠱᠢᠯᠲᠠ᠎ᠶ᠋ᠢᠨ ᠴᠡᠭ ᠤ᠋ᠨ ᠬᠣᠱᠢᠭᠤ ᠪᠣᠯᠤᠭ᠍ᠰᠠᠨ᠎ᠤ ᠬᠤᠪᠢ᠎ᠳᠤ᠂ ᠡᠨᠡ ᠵᠢᠯ᠎ᠦᠨ 5 ᠰᠠᠷ᠎ᠠ ᠪᠣᠯᠲᠠᠯ᠎ᠠ᠂ ᠪᠥᠬᠥ᠌ ᠬᠣᠱᠢᠭᠤᠨ᠎ᠳᠤ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠢ ᠨᠡᠢᠲᠡ 415.58 ᠲᠦᠮᠡᠨ ᠮᠥ᠍ ᠪᠠᠢᠭᠤᠯᠪᠠ᠃ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠢᠶᠡᠨ ᠪᠠᠢᠭᠤᠯᠪᠠ᠂ ᠵᠠᠮ ᠨᠡᠪᠲᠡᠷᠡᠯ᠎ᠡ᠂ ᠭᠡᠪᠡᠴᠦ ᠴᠠᠬᠢᠯᠭᠠᠨ ᠬᠦᠷᠦᠯᠴᠡᠬᠦ᠌ ᠦᠭᠡᠢ᠂ ᠤᠰᠤᠯᠠᠵᠤ ᠲᠡᠢᠯᠬᠦ᠌ ᠦᠭᠡᠢ ᠡᠴᠡ ᠪᠤᠯᠵᠤ ᠣᠷᠣᠯᠭ᠎ᠠ᠎ᠪᠡᠨ ᠨᠡᠮᠡᠭ᠌ᠳᠡᠭᠦᠯᠦᠨ᠎ᠡ ᠭᠡᠳᠡᠭ ᠨᠢ ᠬᠣᠭᠣᠰᠣᠨ ᠦᠭᠡ ᠪᠣᠯᠵᠠᠢ᠃

《ᠵᠥᠪᠬᠡᠨ ᠲᠠᠷᠢᠶᠠᠨ ᠭᠠᠵᠠᠷ᠎ᠢᠶᠡᠨ ᠪᠠᠢᠭᠤᠯᠤᠭᠠᠳ ᠴᠠᠬᠢᠯᠭᠠᠨ ᠵᠢᠡᠨ ᠰᠡᠯᠪᠢᠬᠦ᠌ ᠦᠭᠡᠢ ᠪᠠᠢᠵᠤ ᠪᠣᠯᠬᠤ ᠦᠭᠡᠢ》᠃ ᠡᠢᠨ ᠬᠥ᠌ ᠣᠯᠠᠨ ᠲᠦᠮᠡᠨ ᠬᠦᠰᠡᠯ ᠱᠠᠭᠠᠷᠳᠠᠯᠭ᠎ᠠ ᠲᠤᠷᠠᠳᠬᠤ ᠳ᠋ᠤ ᠵᠠᠰᠠᠭ᠎ᠤᠨ ᠣᠷᠳᠣᠨ᠎ᠪᠠᠷᠢᠨ ᠲᠤᠤᠷ᠎ᠠ ᠨᠢ ᠬᠦᠳᠡᠯᠦᠯᠴᠡᠪᠡ᠃ ᠬᠣᠱᠢᠭᠤᠨ᠎ᠤ ᠬᠢᠨ ᠤᠯᠤᠰ᠎ᠤᠨ ᠴᠠᠬᠢᠯᠭᠠᠨ ᠲᠣᠣᠷ᠎ᠤᠨ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ᠎ᠤ ᠴᠠᠬᠢᠯᠭᠠᠨ ᠬᠠᠩᠭᠠᠬᠤ ᠺᠣᠮᠫᠠᠨᠢ᠎ᠲᠠᠶ ᠬᠠᠷᠢᠯᠴᠠᠵᠤ᠂ ᠵᠠᠰᠠᠭ ᠠᠵᠤ ᠠᠬᠤᠢᠯᠠᠯ ᠬᠠᠮᠵᠢᠯᠴᠠᠨ᠂ ᠡᠳᠦᠷ ᠰᠥᠨᠢ ᠦᠭᠡᠢ ᠡᠭᠡᠯᠵᠢᠯᠡᠵᠦ᠍᠂ ᠬᠣᠶᠠᠷ ᠰᠠᠷ᠎ᠠ᠎ᠶ᠋ᠢᠨ ᠴᠠᠭ᠎ᠢ ᠬᠡᠷᠡᠭ᠌ᠰᠡᠵᠦ᠍ 574 ᠴᠣ ᠱᠢᠨ᠎ᠡ ᠬᠦᠴᠦᠳᠡᠯ ᠥᠭᠡᠷᠡᠴᠢᠯᠡᠭ᠌ᠴᠢ᠎ᠶ᠋ᠢ ᠲᠠᠷᠢᠶᠠᠨ ᠭᠠᠵᠠᠷ᠎ᠲᠤ ᠰᠣᠯᠪᠢᠴᠠᠭᠤᠯᠤᠨ ᠲᠠᠭᠠᠷᠠᠭᠤᠯᠪᠠ᠃ ᠴᠠᠬᠢᠯᠭᠠᠨ ᠬᠠᠭᠠᠯᠲᠠ᠎ᠶᠢ ᠳᠠᠷᠤᠮᠠᠭᠴᠠ ᠲᠤᠩᠭᠠᠯᠠᠭ ᠤᠰᠤ ᠤᠷᠤᠰᠤᠨ ᠭᠠᠷᠴᠤ᠂ ᠴᠠᠭ ᠲᠤᠬᠠᠢ ᠳ᠋ᠤᠨᠢ ᠲᠠᠷᠢᠶ᠎ᠠ ᠪᠠᠨ ᠤᠰᠤᠯᠠᠵᠤ ᠲᠡᠢᠯᠬᠦ ᠪᠤᠯᠵᠠᠢ᠃

《ᠥᠩᠭᠡᠷᠡᠭᠰᠡᠨ᠎ᠳᠦ ᠨᠢᠭᠡ ᠮᠦ᠍ ᠲᠠᠷᠢᠶ᠎ᠠ ᠤᠰᠤᠯᠠᠬᠤ᠎ᠳᠤ ᠬᠠᠭᠠᠰ ᠡᠳᠦᠷ ᠶᠠᠭᠠᠷᠠᠨ᠎ᠠ᠂ ᠣᠳᠣ᠌ ᠴᠠᠬᠢᠯᠭᠠᠨ ᠳᠠᠷᠤᠪᠴᠢ᠎ᠵᠢ ᠳᠠᠷᠤᠮᠠᠭᠴᠠ ᠬᠡᠳᠦᠭᠡᠨ ᠴᠠᠭ᠎ᠤᠨ ᠳᠤᠲᠤᠷ᠎ᠠ ᠠᠵᠢᠯ᠎ᠵᠢᠡᠨ ᠳᠠᠭᠤᠰᠬᠠᠴᠢᠬᠠᠨ᠎ᠠ᠃ ᠴᠠᠬᠢᠯᠭᠠᠨ ᠭᠦᠢᠴᠡᠳ ᠤᠰᠤ ᠪᠠᠳᠤᠯᠠᠭ᠎ᠠ ᠲᠠᠢ ᠪᠤᠯᠪᠠ᠂ ᠡᠨᠡ ᠵᠢᠯ ᠣᠷᠣᠯᠭ᠎ᠠ᠎ᠪᠠᠨ ᠨᠡᠮᠡᠭᠳᠡᠭᠦᠯᠬᠦ᠎ᠶᠢ ᠬᠦᠰᠡᠵᠦ ᠪᠠᠢᠨ᠎ᠠ!》 ᠠᠮᠤ ᠪᠤᠳᠠᠭ᠎ᠠ ᠲᠠᠷᠢᠳᠠᠭ ᠲᠣᠮᠣ᠌ ᠡᠷᠦᠭᠡ ᠵᠠᠩ ᠸᠸᠠ ᠵᠢᠶᠦ᠋ᠨ ᠬᠤᠷᠤᠭᠤ ᠳᠠᠷᠤᠨ ᠲᠠᠩᠰᠠ ᠪᠤᠳᠤᠵᠦ ᠭᠠᠷᠤᠯ᠎ᠠ᠄ ᠴᠠᠬᠢᠯᠭᠠᠨ᠎ᠬᠦᠢᠴᠡᠳ ᠪᠤᠯᠵᠤ᠂ ᠤᠰᠤ᠎ᠪᠠᠲᠤᠯᠠᠭ᠎ᠠ ᠲᠠᠢ ᠪᠤᠯᠪᠠ᠂ ᠡᠨᠡ ᠵᠢᠯ ᠡᠷᠳᠡᠨᠢ ᠰᠢᠰᠢ᠎ᠶᠢᠨ ᠮᠦ᠍ ᠨᠢᠬᠡᠴᠢ ᠎ᠶᠢᠨ ᠤᠨᠠᠯᠲᠠ ᠨᠠᠭᠠᠳᠤ ᠵᠠᠬ᠎ᠠ᠎ᠳᠠᠭᠠᠨ ᠠᠷᠪᠠᠨ᠎ᠤ ᠬᠣᠶᠠᠷ ᠬᠤᠪᠢ ᠨᠡᠮᠡᠭᠳᠡᠨ᠎ᠡ ᠭᠡᠪᠡ᠃

ᠠᠮᠤ ᠪᠤᠳᠠᠭᠠᠨ᠎ᠤ ᠤᠨᠠᠯᠲᠠ᠎ᠶᠢ ᠨᠡᠮᠡᠭᠳᠡᠭᠦᠯᠬᠦ᠎ᠶᠢ ᠪᠠᠲᠤᠯᠠᠬᠤ᠎ᠶᠢᠨ ᠲᠥᠯᠥᠭᠡ᠂ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤ ᠴᠠᠬᠢᠯᠭᠠᠨ᠎ᠢ ᠲᠠᠷᠢᠶᠠᠨ ᠭᠠᠵᠠᠷ᠎ᠲᠤ ᠬᠦᠷᠭᠡᠭᠰᠡᠨ᠎ᠢᠶᠡᠷ ᠪᠠᠷᠠᠬᠤ ᠦᠭᠡᠢ᠂ ᠨᠠᠩ ᠴᠤ᠌ ᠦᠢᠯᠡᠴᠢᠯᠡᠬᠡ ᠵᠢ ᠣᠯᠠᠨ ᠲᠦᠮᠡᠨ᠎ᠤ ᠰᠡᠳᠭᠢᠯ ᠳ᠋ᠤ ᠬᠦᠷᠭᠡᠪᠡ᠃ ᠬᠣᠰᠢᠭᠤᠨ᠎ᠡᠴᠡ ᠴᠠᠬᠢᠯᠭᠠᠨ ᠬᠠᠩᠭᠠᠬᠤ ᠺᠣᠮᠫᠠᠨᠢ ᠲᠠᠢ ᠬᠠᠮᠵᠢᠯᠴᠠᠨ 16 ᠬᠥᠳᠡᠭᠡ ᠲᠣᠰᠬᠣᠨ᠎ᠤ ᠴᠠᠬᠢᠯᠭᠠᠨ ᠬᠦᠴᠦᠨ᠎ᠦ ᠠᠷᠠᠳ᠎ᠲᠤ ᠲᠥᠬᠥᠮ ᠦᠵᠡᠭᠦᠯᠬᠦ ᠦᠢᠯᠡᠴᠢᠯᠡᠭᠡᠨ᠎ᠦ ᠠᠩᠭᠢ᠎ᠶᠢ ᠵᠣᠬᠢᠶᠠᠨ ᠪᠠᠢᠭᠤᠯᠵᠤ᠂ ᠦᠢᠯᠡᠴᠢᠯᠡᠬᠡᠨ᠎ᠤ ᠠᠩᠬᠢ ᠵᠢᠨ ᠭᠡᠰᠢᠭᠦᠨ ᠪᠠ ᠲᠠᠷᠢᠶᠠᠯᠠᠩ᠎ᠤᠨ ᠮᠡᠷᠭᠡᠵᠢᠯᠲᠡᠨ 200 ᠭᠠᠷᠤᠢ ᠬᠦᠮᠦᠨ ᠬᠠᠮᠲᠤ᠎ᠪᠠᠷ ᠵᠠᠮ ᠱᠤᠭᠤᠮ᠎ᠢ ᠲᠣᠭᠣᠷᠢᠨ ᠪᠠᠢᠴᠠᠭᠠᠵᠤ᠂ ᠲᠤᠨᠤᠭ ᠲᠥᠬᠦᠭᠡᠷᠦᠮᠵᠢ᠎ᠶᠢ ᠪᠠᠢᠴᠠᠭᠠᠨ ᠵᠠᠰᠠᠵᠤ᠂ ᠬᠡᠮ ᠰᠤᠭᠤᠭ᠎ᠢ ᠠᠷᠢᠯᠭᠠᠪᠠ᠃ ᠬᠠᠪᠤᠷ᠎ᠤᠨ ᠤᠰᠤᠯᠠᠯᠲᠠ᠂ ᠤᠰᠤᠲᠤᠯ᠎ᠢ ᠵᠠᠯᠠᠬᠤ᠂ ᠨᠠᠮᠤᠷ᠎ᠤᠨ ᠬᠤᠷᠢᠶᠠᠯᠲᠠ᠎ᠵᠢᠨ ᠵᠠᠩᠭᠢᠯᠠᠭ᠎ᠠ᠎ᠶᠢᠨ ᠦᠶ᠎ᠡ᠎ᠳᠦ ᠶᠡᠷᠦ ᠨᠢ 《ᠤᠯᠠᠭᠠᠨ ᠡᠯᠢᠭᠡᠪᠴᠢᠳᠡᠨ》 ᠪᠣᠯᠣᠨ 《ᠰᠢᠷ᠎ᠠ ᠡᠪᠡᠰᠦᠨ ᠮᠠᠯᠠᠭᠠᠢᠳᠠᠳ》 ᠮᠥᠷᠥ ᠵᠡᠷᠭᠡᠴᠡᠨ ᠶᠠᠭᠠᠷᠠᠯᠳᠤᠵᠤ ᠪᠠᠢᠬᠤ᠎ᠶᠢ ᠣᠯᠵᠤ ᠬᠠᠷᠠᠳᠠᠭ᠃ ᠡᠨᠡ ᠵᠢᠯ᠎ᠦᠨ ᠬᠠᠪᠤᠷ᠎ᠡᠴᠡ ᠨᠠᠭᠠᠰᠢ᠂ ᠠᠷᠠᠳ᠎ᠲᠤ ᠳᠥᠭᠥᠮ ᠦᠵᠡᠭᠦᠯᠬᠦ ᠦᠢᠯᠡᠴᠢᠯᠡᠭᠡᠨ᠎ᠦ ᠠᠩᠭᠢ ᠨᠢᠭᠡᠨᠲᠡ 98 ᠵᠤᠷᠪᠤᠰ ᠬᠠᠭᠤᠴᠢᠷᠠᠭᠰᠠᠨ ᠵᠠᠮ ᠱᠤᠭᠤᠮ᠂ 124 ᠲᠤᠨᠤᠭ ᠲᠥᠬᠦᠭᠡᠷᠦᠮᠵᠢ᠎ᠶᠢᠨ ᠭᠡᠮᠳᠤᠯ᠂ 257 ᠭᠠᠵᠠᠷ ᠲᠡᠬᠢ ᠴᠠᠬᠢᠯᠭᠠᠨ ᠬᠡᠷᠡᠭᠯᠡᠬᠦ ᠬᠡᠮ ᠰᠣᠭᠣᠭ᠎ᠢ ᠠᠷᠢᠯᠭᠠᠪᠠ᠃

《ᠪᠢᠳᠡᠨ᠎ᠢ ᠬᠠᠪᠰᠤᠷᠴᠤ ᠲᠣᠨᠣᠭ ᠲᠥᠬᠦᠭᠡᠷᠦᠮᠵᠢ᠎ᠶᠢ ᠵᠠᠰᠠᠵᠤ ᠥᠭᠬᠦ᠎ᠪᠡᠷ ᠪᠠᠷᠠᠬᠤ ᠦᠭᠡᠢ᠂ ᠴᠠᠬᠢᠯᠭᠠᠨ ᠬᠡᠷᠡᠭᠯᠡᠬᠦ ᠪᠠᠭᠲᠠᠭᠠᠮᠵᠢ ᠵᠢ ᠨᠡᠮᠡᠭᠳᠡᠭᠦᠯᠬᠦ ᠪᠡᠷ ᠭᠤᠶᠤᠴᠢᠯᠠᠬᠤ᠎ᠳᠤ ᠪᠠᠰᠠ ᠰᠠᠭᠠᠳ ᠦᠭᠡᠢ ᠨᠡᠪᠲᠡᠷᠡᠬᠦ ᠵᠠᠮ᠎ᠢᠶᠠᠷ ᠬᠦᠢᠴᠡᠳᠬᠡᠵᠤ ᠪᠤᠯᠤᠨ᠎ᠠ᠂ ᠨᠢᠭᠡ ᠯᠡ ᠤᠲᠠᠰᠤ ᠠᠪᠤᠮᠠᠭᠴᠠ ᠬᠠᠪᠰᠤᠷᠤᠨ ᠰᠢᠢᠳᠪᠦᠷᠢᠯᠡᠬᠦ ᠬᠥᠮᠥᠨ ᠬᠦᠷᠦᠬᠡᠳ ᠢᠷᠡᠴᠢᠭᠡᠨ᠎ᠡ》᠃ ᠪᠦᠳᠦᠭᠦᠨ ᠮᠣᠳᠣ᠌ ᠭᠠᠴᠠᠭᠠᠨ᠎ᠤ ᠠᠷᠠᠳ ᠦ᠋ ᠰᠢᠶᠠᠩ᠄《ᠵᠠᠰᠠᠭ᠎ᠤᠨ ᠣᠷᠳᠣᠨ ᠪᠢᠳᠡᠨ᠎ᠢ ᠰᠡᠳᠬᠢᠯ ᠳ᠋ᠡᠬᠡᠨ ᠪᠤᠳᠤᠵᠤ ᠬᠠᠪᠰᠤᠷᠴᠤ ᠪᠠᠢᠨ᠎ᠠ᠂ ᠲᠠᠷᠢᠶ᠎ᠠ ᠳᠠᠷᠢᠬᠤ ᠳ᠋ᠤ ᠦᠨᠡᠬᠡᠷ ᠰᠠᠨᠠᠭ᠎ᠠ ᠠᠮᠤᠷ ᠪᠣᠯᠵᠠᠢ》 ᠭᠡᠵᠦ ᠰᠡᠳᠭᠢᠯ ᠳᠤᠭᠳᠤᠯᠤᠨ ᠬᠡᠯᠡᠪᠡ᠃

《ᠴᠠᠬᠢᠯᠭᠠᠨ᠎ᠢ ᠬᠡᠷᠡᠭᠯᠡᠬᠦ》 ᠡᠴᠡ 《ᠴᠠᠬᠢᠯᠭᠠᠨ᠎ᠢ ᠰᠠᠢᠲᠤᠷ ᠬᠡᠷᠡᠭᠯᠡᠬᠦ》 ᠬᠦᠷᠲᠡᠯ᠎ᠡ᠂ 《ᠲᠡᠭᠷᠢ᠎ᠶᠢᠨ ᠴᠢᠷᠠᠢ᠎ᠶᠢ ᠬᠠᠷᠠᠵᠤ ᠠᠮᠢᠳᠤᠷᠠᠬᠤ》 ᠡᠴᠡ 《ᠤᠶᠤᠨᠳᠤ ᠲᠠᠷᠢᠶ᠎ᠠ ᠲᠠᠷᠢᠬᠤ》 ᠬᠦᠷᠲᠡᠯ᠎ᠡ᠂ ᠴᠠᠬᠢᠯᠭᠠᠨ᠂ ᠤᠰᠤ᠂ ᠲᠠᠷᠢᠶ᠎ᠠ᠂ ᠬᠥᠮᠥᠨ ᠬᠦᠴᠤ ᠪᠠᠨ ᠬᠠᠮᠳᠤᠳᠬᠠᠨ ᠬᠦᠴᠦᠯᠡᠪᠡ᠃ ᠴᠠᠬᠢᠯᠭᠠᠨ ᠭᠦᠢᠴᠡᠳ  ᠪᠤᠯᠵᠤ᠂ ᠤᠰᠤ ᠰᠠᠭᠠᠳ ᠦᠭᠡᠢ ᠪᠤᠯᠵᠤ᠂ ᠠᠮᠤ ᠪᠤᠳᠠᠭ᠎ᠠ ᠡᠯᠪᠡᠭ ᠪᠣᠯᠵᠤ᠂ ᠲᠣᠰᠬᠣᠨ᠎ᠤ ᠠᠷᠠᠳ᠎ᠤᠨ ᠬᠠᠷᠮᠠᠨ ᠪᠠᠰᠠ ᠲᠦᠨᠳᠤᠢᠪᠠ᠃

《ᠲᠠᠷᠠᠭᠠᠴᠢ᠎ᠶ᠋ᠢᠨ ᠠᠯᠬᠤᠮ᠎ᠳᠤ᠂ ᠪᠢᠳᠡ ᠪᠠᠰᠠ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ᠎ᠤ ᠨᠠᠮ᠎ᠤᠨ ᠬᠣᠷᠢᠶ᠎ᠠ᠂ ᠬᠣᠱᠢᠭᠤᠨ᠎ᠤ ᠵᠠᠰᠠᠭ᠎ᠤᠨ ᠣᠷᠳᠣᠨ᠎ᠲᠠᠶ ᠦᠷᠭᠦᠯᠵᠢᠯᠡᠨ ᠬᠠᠮᠵᠢᠯᠴᠠᠵᠤ᠂ ᠲᠠᠷᠢᠶᠠᠨ ᠭᠠᠵᠠᠷ᠎ᠤᠨ ᠴᠠᠬᠢᠯᠭᠠᠨ ᠬᠦᠴᠦᠨ᠎ᠦ ᠢᠵᠢ ᠪᠦᠷᠢᠳᠦᠭᠦᠯᠬᠦ᠌ ᠣᠷᠣᠭᠤᠯᠤᠯᠲᠠ᠎ᠶ᠋ᠢ ᠨᠡᠮᠡᠭ᠌ᠳᠡᠭᠦᠯᠵᠦ᠍᠂ ᠲᠠᠷᠢᠶᠠᠯᠠᠩ᠎ᠳᠤ ᠬᠣᠯᠪᠣᠭ᠍ᠳᠠᠬᠤ ᠦᠶ᠋ᠯᠡᠴᠢᠯᠡᠭᠡ᠎ᠶ᠋ᠢ ᠱᠢᠯᠢᠳᠡᠭ᠌ᠵᠢᠭᠦᠯᠵᠦ᠍᠂ ᠭᠷᠠᠳᠦ᠋ᠰ ᠪᠦᠷᠢ ᠴᠠᠬᠢᠯᠭᠠᠨ᠎ᠢ ᠴᠥᠮ ᠨᠤᠲᠤᠭ᠎ᠤᠨ ᠠᠬ᠎ᠠ ᠳᠡᠭᠦᠦ᠍᠎ᠨᠡᠷ᠎ᠦᠨ ᠪᠠᠶᠠᠵᠢᠵᠦ᠍ ᠣᠷᠣᠯᠭ᠎ᠠ᠎ᠪᠠᠨ ᠨᠡᠮᠡᠭ᠌ᠳᠡᠭᠦᠯᠬᠦ᠌ ᠰᠠᠢᠨ ᠬᠠᠪᠰᠤᠷᠤᠭ᠍ᠴᠢ ᠪᠣᠯᠭᠠᠨ᠎ᠠ》᠃ ᠤᠯᠤᠰ᠎ᠤᠨ ᠴᠠᠬᠢᠯᠭᠠᠨ ᠲᠤᠤᠷ᠎ᠤᠨ ᠪᠦᠯᠦᠭᠯᠡᠯ᠎ᠤᠨ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ᠎ᠤ ᠴᠠᠬᠢᠯᠭᠠᠨ ᠬᠠᠩᠭᠠᠬᠤ ᠺᠣᠮᠫᠠᠨᠢ᠎ᠶ᠋ᠢᠨ ᠲᠠᠪᠤᠳᠤᠭᠠᠷ ᠳᠡᠰ᠎ᠤᠨ ᠠᠵᠢᠯᠲᠠᠨ ᠳ᠋ᠦᠩ ᠴᠧᠩ ᠸᠧᠶ᠎ᠶ᠋ᠢᠨ ᠦᠵᠡᠬᠦ᠌᠎ᠪᠡᠷ᠂ ᠴᠠᠬᠢᠯᠭᠠᠨ᠎ᠢ ᠪᠠᠲᠤᠯᠠᠬᠤ ᠪᠣᠯ ᠳᠠᠷᠤᠶ ᠡᠯᠪᠡᠭ ᠬᠤᠷᠢᠶᠠᠯᠲᠠ᠎ᠶ᠋ᠢ ᠪᠠᠲᠤᠯᠠᠵᠤ ᠪᠠᠢᠭ᠎ᠠ ᠶᠠᠪᠤᠳᠠᠯ ᠮᠥᠨ᠂ ᠳᠠᠷᠤᠶ ᠳᠤᠮᠳᠠᠳᠤ ᠤᠯᠤᠰ᠎ᠤᠨ ᠪᠤᠳᠠᠭᠠᠨ ᠠᠶᠠᠭᠠᠨ᠎ᠳᠤ ᠨᠠᠩ ᠣᠯᠠᠨ ᠲᠦᠩᠯᠢᠶᠣᠤ᠎ᠶ᠋ᠢᠨ ᠠᠮᠤ ᠪᠤᠳᠠᠭ᠎ᠠ ᠵᠢ ᠰᠠᠪᠠᠯᠠᠬᠤ᠎ᠳᠤ ᠬᠤᠪᠢ ᠨᠡᠮᠡᠷᠢ ᠦᠵᠡᠭᠦᠯᠵᠤ ᠪᠠᠢᠭ᠎ᠠ ᠶᠠᠪᠤᠳᠠᠯ ᠶᠤᠮ᠃

ᠵᠤᠨ᠎ᠤ ᠡᠬᠢᠨ᠎ᠦ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ᠎ᠤ ᠬᠡᠭᠡᠷ᠎ᠡ ᠲᠠᠯ᠎ᠠ ᠬᠥᠪᠡᠭᠡ ᠬᠢᠵᠠᠭᠠᠷ ᠨᠢ ᠬᠠᠷᠠᠭ᠍ᠳᠠᠬᠤ ᠦᠭᠡᠢ᠂ ᠲᠤᠩᠭᠠᠯᠠᠭ ᠤᠰᠤ ᠳᠤᠰᠤᠯᠠᠭᠠᠨ ᠤᠰᠤᠯᠠᠬᠤ ᠪᠦᠰᠡ᠎ᠶ᠋ᠢ ᠳᠠᠭᠠᠵᠤ ᠠᠯᠭᠤᠷᠬᠠᠨ᠎ᠢᠶᠠᠷ ᠲᠠᠷᠢᠶᠠᠨ᠎ᠳᠤ ᠱᠢᠮᠡᠳᠦᠨ ᠣᠷᠣᠨ᠎ᠠ᠃ ᠲᠠᠷᠢᠶᠠᠴᠢᠨ ᠠᠷᠠᠳ ᠲᠠᠷᠢᠶᠠᠨ ᠭᠠᠵᠠᠷ ᠳᠡᠭᠡᠷ᠎ᠡ ᠪᠠᠨ ᠵᠣᠭ᠍ᠰᠣᠵᠤ᠂ ᠢᠳᠡᠷᠡᠬᠦᠨ ᠤᠷᠭᠤᠬᠤ ᠨᠣᠭᠣᠭᠠᠨ ᠴᠢᠬᠢ᠎ᠶ᠋ᠢ ᠬᠠᠷᠠᠭᠠᠳ ᠨᠢᠭᠤᠷ ᠳᠦᠭᠦᠷᠡᠩ ᠢᠨᠢᠶᠡᠮᠰᠦᠭᠯᠡᠨ᠎ᠠ ᠁


ᠰᠤᠷᠪᠤᠯᠵᠢᠯᠠᠭ᠍ᠴᠢ᠎ᠵᠢᠨ ᠡᠪᠦᠷ ᠲᠡᠮᠲᠡᠭᠯᠡᠯ᠄

ᠰᠠᠢᠨ ᠲᠠᠷᠢᠶ᠎ᠠ ᠦᠩᠬᠡᠷᠡᠭᠰᠡᠨ᠎ᠤ ᠰᠢᠭ 《ᠤᠰᠤ ᠵᠢ ᠬᠦᠯᠢᠶᠡᠬᠦ᠌》᠎ᠪᠡᠨ ᠪᠣᠯᠢᠵᠤ᠂ ᠣᠷᠣᠯᠭ᠎ᠠ᠎ᠪᠠᠨ ᠨᠡᠮᠡᠭ᠌ᠳᠡᠭᠦᠯᠬᠦ᠌᠎ᠳᠤ ᠨᠠᠩ ᠢᠳᠡᠭᠡᠯ ᠵᠤᠷᠢᠭ ᠲᠠᠢ ᠪᠤᠯᠪᠠ᠃

ᠰᠤᠷᠪᠤᠯᠵᠢᠯᠠᠭ᠎ᠠ ᠳᠤᠮᠳᠠ᠂ ᠲᠣᠰᠭᠣᠨ᠎ᠤ ᠠᠷᠠᠳ᠎ᠤᠨ ᠪᠣᠷᠣᠭ᠍ᠵᠢᠭᠤᠨ ᠦᠭᠡ ᠶᠠᠷᠢᠶ᠎ᠠ ᠨᠢ ᠥᠩᠭᠡᠷᠡᠭ᠌ᠰᠡᠨ᠎ᠦ ᠠᠯᠢ ᠤᠯᠠᠨ ᠠᠷᠭ᠎ᠠ ᠪᠤᠰᠤ ᠪᠠᠢᠳᠠᠯ᠎ᠢ ᠬᠡᠯᠡᠵᠦ᠍ ᠭᠠᠷᠭᠠᠪᠠ᠃ ᠥᠩᠭᠡᠷᠡᠭ᠌ᠰᠡᠨ᠎ᠦ ᠬᠠᠪᠤᠷ᠎ᠤᠨ ᠤᠰᠤᠯᠠᠯᠲᠠ ᠪᠣᠯ ᠴᠠᠭ᠎ᠢ ᠭᠠᠷᠤᠵᠠᠳᠠᠭᠤᠯᠵᠤ ᠬᠦᠮᠦᠨ᠎ᠤ ᠬᠦᠴᠦ᠍᠎ᠶ᠋ᠢ ᠰᠦᠢᠳᠭᠡᠳᠡᠭ 《ᠬᠣᠯᠬᠢᠶ᠎ᠠ ᠪᠠᠢᠯᠳᠤᠭᠠᠨ》 ᠪᠠᠢᠵᠠᠢ —  ᠬᠠᠭᠤᠴᠢᠨ ᠴᠠᠬᠢᠯᠭᠠᠨ ᠲᠣᠣᠷ᠂ ᠭᠦᠢᠴᠡᠳ ᠪᠤᠰᠤ ᠪᠠᠭ᠍ᠲᠠᠭᠠᠮᠵᠢ ᠨᠢ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ ᠳᠠᠪᠠᠭᠤᠯᠢᠭ᠎ᠢ ᠪᠠᠳᠠᠷᠠᠭᠤᠯᠬᠤ᠎ᠶ᠋ᠢᠨ ᠠᠷᠭ᠎ᠠ ᠦᠭᠡᠢ ᠪᠣᠯᠭᠠᠵᠤ᠂ ᠰᠠᠢ᠌ᠨ ᠲᠠᠷᠢᠶᠠᠨ ᠭᠠᠵᠠᠷ᠎ᠢ ᠪᠠᠢᠭᠤᠯᠤᠬᠰᠠᠨ ᠴᠦ᠍ 《ᠴᠠᠬᠢᠯᠭᠠᠨ ᠬᠦᠴᠦᠨ᠎ᠦ ᠳᠤᠲᠠᠭᠤᠳᠠᠯ》 ᠡᠴᠡ ᠪᠤᠯᠵᠤ ᠣᠷᠣᠯᠭ᠎ᠠ᠎ᠪᠠᠨ ᠨᠡᠮᠡᠭ᠌ᠳᠡᠭᠦᠯᠬᠦ᠌ ᠬᠡᠰᠡᠨ ᠲᠠᠷᠢᠶᠠᠴᠢᠳ᠎ᠤᠨ ᠬᠦᠰᠡᠯ ᠡᠷᠡᠮᠡᠯᠵᠡᠯ᠎ᠢ ᠤᠳᠠᠭ᠎ᠠ ᠳᠠᠷᠠᠭᠠᠯᠠᠨ ᠬᠣᠭᠣᠰᠣᠨ ᠪᠤᠯᠭᠠᠳᠠᠭ᠃

ᠠᠷᠠᠳ᠎ᠤᠨ ᠠᠮᠢᠳᠤᠷᠠᠯ᠎ᠳᠤ ᠪᠠᠭ᠎ᠠ ᠶᠠᠪᠤᠳᠠᠯ ᠭᠡᠵᠦ᠍ ᠠᠯᠠᠭ᠎ᠠ᠂ ᠶᠠᠪᠤᠳᠠᠯ ᠨᠢᠬᠡ ᠪᠦᠷᠢ ᠵᠢ ᠰᠡᠳᠬᠢᠯ ᠲᠠᠯᠪᠢᠵᠤ ᠬᠢᠬᠦ ᠵᠢ ᠱᠠᠭᠠᠷᠳᠠᠨ᠎ᠠ᠃ ᠣᠯᠠᠨ ᠲᠦᠮᠡᠨ᠎ᠦ ᠪᠠᠴᠢᠮᠳᠡᠵᠦ ᠬᠦᠴᠢᠷᠳᠡᠵᠦ ᠵᠣᠪᠠᠨᠢᠵᠤ ᠬᠦᠰᠡᠵᠦ ᠪᠠᠢᠭ᠎ᠠ ᠵᠦᠢᠯ᠎ᠤᠨ ᠡᠮᠦᠨ᠎ᠡ᠂ ᠲᠤᠬᠠᠶ᠎ᠶ᠋ᠢᠨ ᠭᠠᠵᠠᠷ᠎ᠤᠨ ᠵᠠᠰᠠᠭ ᠠᠵᠤ ᠠᠬᠤᠢᠯᠠᠯ ᠬᠣᠯᠪᠣᠭᠠᠯᠠᠨ ᠬᠥᠳᠡᠯᠦᠯᠴᠡᠵᠦ᠍᠂ ᠬᠦᠴᠢᠷ᠎ᠢ ᠳᠤᠭᠤᠯᠤᠨ ᠪᠡᠷᠬᠡ᠎ᠶ᠋ᠢ ᠳᠠᠪᠠᠵᠤ᠂ ᠬᠣᠶᠠᠷ ᠰᠠᠷ᠎ᠠ᠎ᠡᠳᠦᠷ ᠰᠥᠨᠢ ᠥᠬᠡᠶ ᠪᠣᠭᠣᠮᠲᠠ ᠱᠢᠪᠲᠤᠯᠵᠤ᠂ ᠲᠠᠷᠢᠶᠠᠨ ᠭᠠᠵᠠᠷ᠎ᠤᠨ ᠴᠠᠬᠢᠯᠭᠠᠨ ᠬᠦᠴᠦᠨ᠎ᠢ ᠲᠠᠰ ᠳᠡᠪᠱᠢᠭᠦᠯᠦᠨ ᠥᠭᠡᠷᠡᠴᠢᠯᠡᠬᠦ᠌᠎ᠶ᠋ᠢ ᠪᠡᠶᠡᠯᠡᠭᠦᠯᠵᠦ᠍᠂ ᠬᠡᠳᠦᠨ ᠵᠠᠭᠤᠨ ᠴᠣ ᠱᠢᠨ᠎ᠡ ᠬᠦᠴᠦᠳᠡᠯ ᠥᠭᠡᠷᠡᠴᠢᠯᠡᠭ᠌ᠴᠢ ᠲᠠᠷᠢᠶᠠᠨ ᠭᠠᠵᠠᠷ᠎ᠲᠤ ᠰᠠᠭᠤᠯᠭᠠᠵᠤ᠂ ᠲᠠᠷᠢᠶᠠᠨ ᠭᠠᠵᠠᠷ᠎ᠤᠨ ᠤᠰᠤᠯᠠᠯᠲᠠ᠎ᠶ᠋ᠢᠨ 《ᠲᠦᠭ᠌ᠵᠢᠷᠡᠯ ᠴᠡᠭ》 ᠢ᠋ ᠲᠤᠢᠯᠪᠤᠷᠢᠲᠠᠶ ᠨᠡᠪᠲᠡᠷᠡᠭᠦᠯᠪᠡ᠃

ᠰᠥᠨᠢ ᠳᠦᠯᠢ᠎ᠪᠡᠷ ᠮᠦᠷᠯᠡᠵᠦ ᠲᠠᠷᠢᠶ᠎ᠠ ᠤᠰᠤᠯᠠᠵᠤ ᠪᠠᠢᠬᠰᠠᠨ᠎ᠡᠴᠡ ᠠᠪᠤᠭᠠᠳ ᠨᠢᠭᠡ ᠳᠠᠷᠤᠪᠴᠢ᠎ᠪᠠᠷ ᠤᠰᠤ ᠲᠠᠲᠠᠬᠤ ᠵᠢ ᠪᠡᠶᠡᠯᠡᠬᠦᠯᠦᠭᠰᠡᠨ ᠬᠦᠷᠲᠡᠯ᠎ᠡ᠂ 《ᠲᠩᠷᠢ᠎ᠵᠢᠨ ᠴᠢᠷᠠᠢ᠎ᠵᠢ ᠬᠠᠷᠠᠵᠤ ᠪᠠᠢᠬᠰᠠᠨ》᠎ᠡᠴᠡ ᠠᠪᠤᠭᠠᠳ 《ᠣᠶᠤᠨᠳᠤ ᠲᠠᠷᠢᠶ᠎ᠠ ᠳᠠᠷᠢᠬᠤ ᠪᠤᠯᠤᠬᠰᠠᠨ》 ᠬᠦᠷᠲᠡᠯ᠎ᠡ᠂ ᠡᠨᠡ ᠤᠳᠠᠭᠠᠨ᠎ᠤ ᠲᠠᠷᠢᠶᠠᠨ ᠭᠠᠵᠠᠷ ᠲᠡᠬᠢ ᠲᠤᠢᠯᠪᠤᠷᠢᠳᠠᠢ ᠬᠤᠪᠢᠷᠠᠯᠲᠠ ᠨᠢ ᠲᠤᠨᠤᠭ ᠲᠥᠬᠥᠭᠡᠷᠦᠮᠵᠢ᠎ᠶ᠋ᠢᠨ ᠱᠢᠨᠡᠴᠢᠯᠡᠯᠲᠡ ᠪᠣᠯᠬᠤ᠎ᠪᠠᠷ ᠪᠠᠷᠠᠬᠤ ᠥᠬᠡᠶ ᠨᠠᠩ ᠴᠤ᠌ ᠠᠷᠠᠳ᠎ᠤᠨ ᠠᠮᠢᠳᠤᠷᠠᠯ᠎ᠤᠨ ᠠᠵᠠ ᠵᠢᠷᠭᠠᠯ᠎ᠤᠨ ᠲᠠᠰ ᠳᠠᠪᠱᠢᠯᠲᠠ ᠪᠣᠯᠬᠤ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号