ᠲᠠᠮᠤᠴᠢ᠎ᠵᠢᠨ ᠠᠭᠤᠳᠠᠮ ᠲᠠᠯ᠎ᠡ᠎ᠡᠴᠡ ᠥᠵᠥᠮᠥᠴᠢᠨ ᠨᠤᠲᠤᠭ᠎ᠤᠨ ᠳᠤᠯᠠᠭᠠᠨ ᠡᠩᠭᠡᠷ ᠬᠦᠷᠬᠦ 700 ᠭᠠᠷᠤᠢ ᠭᠠᠵᠠᠷ᠎ᠤᠨ ᠠᠶᠠᠨ᠎ᠤ ᠴᠥᠷᠬᠡᠯᠡᠭᠡ ᠡᠬᠡᠰᠢᠭ ᠪᠠ ᠤᠶᠤᠨᠰᠤᠳᠤ᠎ᠵᠢᠨ 9 ᠵᠢᠯ᠎ᠤᠨ ᠬᠠᠢᠷ᠎ᠠ᠎ᠵᠢᠨ ᠠᠷᠢᠭᠤᠨ ᠭᠠᠯ᠎ᠢ ᠬᠥᠭᠵᠢᠭᠡᠵᠤ᠂ ᠠᠮᠠᠷᠠᠭ ᠬᠤᠤᠰ᠎ᠤᠨ ᠡᠷᠢᠨ ᠰᠠᠨᠠᠭᠳᠠᠬᠤ ᠰᠡᠳᠬᠢᠯ᠎ᠤᠨ ᠠᠭᠠᠷ᠎ᠢ ᠲᠡᠭᠡᠭᠡᠭᠰᠡᠭᠡᠷ ᠢᠷᠡᠵᠡᠢ᠃ ᠳᠠᠭᠤᠴᠢᠨ ᠬᠤᠤᠰ᠎ᠤᠨ ᠠᠮᠢᠳᠤᠷᠠᠯ ᠠᠬᠤᠢ᠎ᠳᠦ ᠶᠠᠮᠠᠷᠬᠠᠨ ᠦᠯᠢᠭᠡᠷ ᠬᠥᠭᠯᠡᠭᠳᠡᠭᠡ ᠪᠤᠯ?

ᠳᠠᠭᠤᠤ᠎ᠪᠡᠷ ᠤᠴᠠᠷᠠᠭᠰᠠᠨ ᠬᠤᠤᠰ
ᠳᠤᠷ᠎ᠠ ᠪᠠᠬᠠᠭᠡᠳᠡᠭ ᠬᠦᠰᠡᠯ᠎ᠤᠨ ᠵᠢᠭᠦᠷ ᠨᠢ ᠰᠥᠨᠢᠳ ᠥᠵᠥᠮᠥᠴᠢᠨ ᠬᠤᠶᠠᠷ ᠨᠤᠳᠤᠭ᠎ᠤᠨ ᠵᠠᠯᠠᠭᠤ ᠬᠤᠤᠰ᠎ᠤᠨ ᠠᠩᠬᠠᠨ᠎ᠤ ᠤᠴᠠᠷᠠᠯ᠎ᠡᠴᠡ ᠠᠮᠢᠳᠤᠷᠠᠯ᠎ᠤᠨ ᠵᠢᠯᠤᠭᠤ᠎ᠪᠡᠨ ᠬᠠᠮᠲᠤ᠎ᠳᠠᠭᠠᠨ ᠰᠤᠩᠭᠠᠬᠤ ᠵᠠᠮ᠎ᠢ ᠬᠥᠲᠥᠯᠦᠭᠰᠡᠨ ᠤᠴᠢᠷ᠎ᠲᠠᠢ᠃
ᠶᠡᠬᠡ ᠰᠤᠷᠭᠠᠭᠤᠯᠢ᠎ᠳᠤ ᠰᠢᠯᠭᠠᠬᠤ᠎ᠳᠤ ᠡᠭᠡᠰᠢᠭ ᠤᠶᠤᠨᠰᠤᠳᠤ ᠬᠤᠶᠠᠭᠤᠯᠠ᠎ᠪᠡᠨ ᠬᠠᠷᠠᠬᠠᠨ ᠪᠠᠭ᠎ᠠ ᠡᠴᠡ ᠪᠡᠨ ᠳᠠᠭᠤᠤ ᠬᠥᠭᠵᠢᠮ᠎ᠳᠦ ᠳᠤᠷ᠎ᠠ ᠪᠠᠬ᠎ᠠ ᠲᠠᠢ ᠪᠠᠢᠵᠤ᠂ ᠶᠡᠬᠡ ᠰᠤᠷᠭᠠᠭᠤᠯᠢ᠎ᠳᠦ ᠰᠢᠯᠭᠠᠭᠤᠯᠬᠤ ᠮᠡᠷᠭᠡᠵᠢᠯ᠎ᠤᠨ ᠠᠩᠭᠢ᠎ᠵᠢᠨ ᠰᠤᠷᠤᠯᠴᠠᠯᠭ᠎ᠠ᠎ᠵᠢᠨ ᠬᠤᠭᠤᠴᠠᠭᠠᠨ᠎ᠳᠦ ᠠᠩᠬ᠎ᠠ ᠲᠠᠨᠢᠯᠴᠠᠵᠠᠢ᠃ ᠤᠶᠤᠨᠰᠤᠳᠤ ᠠᠪᠠᠭ᠎ᠠ ᠵᠢᠨ ᠵᠢᠠᠨ ᠨᠥᠯᠥᠭᠡ᠎ᠪᠡᠷ ᠲᠥᠪ᠎ᠤᠨ ᠦᠨᠳᠦᠰᠦᠲᠡᠨ᠎ᠤ ᠶᠡᠬᠡ ᠰᠤᠷᠭᠠᠭᠤᠯᠢ᠎ᠳᠦ ᠰᠢᠯᠭᠠᠭᠤᠯᠬᠤ ᠬᠦᠰᠡᠯ ᠲᠠᠢ ᠪᠠᠢᠭᠰᠠᠨᠵᠢᠠᠷ᠂ ᠳᠤᠬᠠᠢ ᠵᠢᠨ ᠦᠶ᠎ᠠ᠎ᠳᠤ ᠰᠤᠷᠭᠠᠭᠤᠯᠢ ᠰᠤᠩᠭᠤᠬᠤ ᠡᠷᠡᠭᠡᠯᠵᠡᠭᠡ ᠲᠠᠢ ᠪᠠᠢᠭᠰᠠᠨ ᠡᠬᠡᠰᠢᠭᠢ ᠵᠤᠷᠢᠬᠵᠢᠭᠤᠯᠵᠤ᠂ ᠬᠤᠶᠠᠭᠤᠯᠠ ᠠᠷᠤ ᠠᠷᠤ᠎ᠡᠴᠡ᠎ᠪᠡᠨ ᠨᠢᠭᠡ ᠰᠤᠷᠭᠠᠭᠤᠯᠢ᠎ᠳᠦ ᠰᠢᠯᠭᠠᠭᠤᠯᠤᠨ ᠤᠷᠤᠵᠤ᠂ ᠳᠠᠭᠤᠤ ᠬᠥᠭᠵᠢᠮ᠎ᠤᠨ ᠮᠡᠷᠭᠡᠵᠢᠯ᠎ᠤᠨ ᠦᠨᠳᠦᠷ ᠳᠦᠪᠰᠢᠨ᠎ᠳᠦ ᠬᠠᠨᠢᠰᠠᠨ ᠳᠠᠪᠰᠢᠬᠤ ᠰᠠᠢᠬᠠᠨ ᠪᠠᠷᠢᠯᠳᠤᠯᠭ᠎ᠠ ᠲᠠᠢ ᠪᠤᠯᠤᠬᠰᠠᠨ ᠠᠵᠢ᠃
ᠠᠩᠬ᠎ᠠ ᠰᠤᠷᠭᠠᠭᠤᠯᠢ᠎ᠵᠢᠨ ᠲᠠᠢᠰᠠᠨ᠎ᠠ ᠬᠤᠤᠰᠯᠠᠨ ᠲᠤᠭᠯᠠᠭᠰᠠᠨᠵᠢᠡᠷ ᠤᠯᠠᠨ᠎ᠳᠠᠭᠠᠨ ᠲᠠᠨᠢᠭᠳᠠᠵᠤ᠂ 《ᠳᠠᠭᠤᠴᠢᠨ ᠬᠤᠤᠰ》 ᠬᠡᠮᠡᠡ ᠱᠠᠬᠰᠢᠬᠳᠠᠯᠠ᠃ ᠲᠡᠭᠦᠨ᠎ᠤ ᠳᠠᠷᠠᠭᠠᠪᠡᠷ ᠡᠬᠡᠰᠢᠭ᠎ᠤᠨ ᠬᠤᠪᠢ᠎ᠳᠦ 2018 ᠣᠨ᠎ᠳᠤ ᠥᠪᠥᠷ ᠮᠣᠩᠭᠣᠯ᠎ᠤᠨ ᠤᠷᠠᠯᠢᠭ᠋᠎ᠤᠨ ᠳᠡᠭᠡᠳᠦ ᠰᠤᠷᠭᠠᠭᠤᠯᠢ᠎ᠶᠢᠨ ᠵᠢᠵᠢᠭ ᠳᠠᠭᠤᠤ ᠬᠥᠭᠵᠢᠮ᠎ᠦᠨ ᠲᠢᠩᠬᠢᠮ᠎ᠳᠦ ᠬᠤᠪᠢ ᠬᠥᠮᠥᠨ᠎ᠦ ᠭᠣᠴᠣᠯᠠᠯ ᠳᠠᠭᠤᠤ ᠬᠥᠭᠵᠢᠮ᠎ᠦᠨ ᠦᠳᠡᠰᠢᠯᠡᠭᠡ᠎ᠶᠢ ᠡᠷᠭᠢᠯᠡᠵᠤ᠂ 2021 ᠣᠨ᠎ᠳᠦ ᠲᠢᠶᠠᠨ ᠠᠨ ᠮᠧᠨ ᠲᠠᠯᠠᠪᠠᠶ᠎ᠳᠤ ᠶᠠᠪᠤᠭᠳᠠᠭᠰᠠᠨ ᠨᠠᠮ ᠪᠠᠢᠭᠤᠯᠤᠭᠳᠠᠭᠰᠠᠨ ᠵᠠᠭᠤᠨ ᠵᠢᠯ᠎ᠦᠨ ᠣᠶ᠎ᠶᠢ ᠪᠡᠯᠭᠡᠯᠡᠬᠦ ᠨᠠᠢᠷᠠᠯ ᠳᠠᠭᠤᠤ᠎ᠶᠢᠨ ᠪᠦᠯᠬᠦᠮ᠎ᠦᠨ ᠪᠦᠷᠢᠯᠳᠦᠭᠦᠨᠪᠤᠯᠵᠤ᠂ ᠮᠥᠨ ᠵᠢᠯ᠎ᠳᠤ ᠪᠡᠭᠡᠵᠢᠩ᠎ᠤᠨ ᠠᠷᠠᠳ᠎ᠤᠨ ᠶᠡᠬᠡ ᠬᠤᠷᠠᠯ᠎ᠤᠨ ᠲᠠᠩᠬᠢᠮ ᠳ᠋ᠦ᠍ ᠶᠠᠪᠤᠭᠳᠠᠭᠰᠠᠨ ᠵᠢᠷᠭᠤᠳᠤᠭᠠᠷ ᠬᠤᠭᠤᠴᠠᠭᠠᠨ᠎ᠤ ᠪᠦᠭᠦ ᠤᠯᠤᠰ᠎ᠤᠨ ᠴᠥᠭᠡᠨ ᠲᠣᠭᠠᠲᠤ ᠦᠨᠳᠦᠰᠦᠲᠡᠨ᠎ᠤ ᠤᠷᠠᠨ ᠰᠠᠢᠬᠠᠨ᠎ᠤ ᠬᠠᠮᠲᠤᠷᠠᠭᠰᠠᠨ ᠲᠣᠭᠯᠠᠯᠲᠠ᠎ᠵᠢᠨ ᠡᠬᠢᠯᠡᠯᠲᠡ᠎ᠵᠢᠨ ᠶᠣᠰᠣᠯᠠᠯ ᠳ᠋ᠤ᠌ ᠣᠷᠣᠯᠴᠠᠨ ᠠᠮᠵᠢᠯᠲᠠ᠎ᠪᠡᠨ ᠲᠡᠮᠳᠡᠭᠯᠡᠭᠰᠡᠨ ᠪᠤᠯ᠂ ᠤᠶᠤᠨᠰᠤᠳᠤᠴᠤ ᠲᠥᠪ ᠲᠧᠯᠸᠢᠰ᠎ᠦᠨ 2019 ᠣᠨ᠎ᠤ ᠴᠠᠭᠠᠨ ᠰᠠᠷ᠎ᠠ᠎ᠵᠢᠨ ᠦᠳᠡᠰᠢᠯᠡᠭᠡ᠂ ᠵᠢᠷᠭᠤᠳᠤᠭᠠᠷ ᠬᠤᠭᠤᠴᠠᠭᠠᠨ᠎ᠤ ᠪᠦᠬᠦ ᠤᠯᠤᠰ᠎ᠤᠨ ᠴᠥᠭᠡᠨ ᠲᠣᠭᠠᠲᠤ ᠦᠨᠳᠦᠰᠦᠲᠡᠨ᠎ᠦ ᠤᠷᠠᠨ ᠰᠠᠢᠬᠠᠨ᠎ᠤ ᠬᠠᠮᠲᠤᠷᠠᠭᠰᠠᠨ ᠲᠣᠭᠯᠠᠯᠲᠠ᠎ᠶᠢᠨ ᠡᠬᠢᠯᠡᠯᠲᠡ᠎ᠶᠢᠨ ᠶᠣᠰᠣᠯᠠᠯ᠎ᠤᠨ ᠤᠷᠠᠨ ᠰᠠᠢᠬᠠᠨ᠎ᠤ ᠦᠳᠡᠰᠢᠯᠡᠭᠡ᠂ ᠦᠪᠤᠷ ᠮᠤᠩᠭᠤᠯ᠎ᠤᠨ ᠤᠷᠠᠯᠢᠭ᠋᠎ᠤᠨ ᠳᠡᠭᠡᠳᠦ ᠰᠤᠷᠭᠠᠭᠤᠯᠢ᠎ᠶᠢᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠳᠡᠭᠡᠳᠦ ᠰᠤᠷᠭᠠᠭᠤᠯᠢ ᠪᠣᠯᠣᠨ ᠭᠤᠸᠠᠩᠰᠢ᠎ᠶᠢᠨ ᠤᠷᠠᠯᠢᠭ᠋᠎ᠤᠨ ᠳᠡᠭᠡᠳᠦ ᠰᠤᠷᠭᠠᠭᠤᠯᠢ᠎ᠶᠢᠨ ᠳᠠᠭᠤᠤ ᠬᠥᠭᠵᠢᠮ᠎ᠦᠨ ᠳᠡᠭᠡᠳᠦ ᠰᠤᠷᠭᠠᠭᠤᠯᠢ᠎ᠶᠢᠨ ᠰᠣᠯᠢᠯᠴᠠᠭᠠᠨ᠎ᠤ ᠳᠠᠭᠤᠤ ᠬᠥᠭᠵᠢᠮ᠎ᠦᠨ ᠴᠤᠭᠯᠠᠭᠠᠨ ᠵᠡᠷᠭᠡ ᠲᠤᠭᠯᠠᠯᠲᠠ᠎ᠵᠢᠨ ᠲᠠᠢᠰᠠᠨ᠎ᠠ ᠨᠡᠷ᠎ᠡ᠎ᠪᠡᠨ ᠮᠠᠨᠳᠤᠭᠤᠯᠵᠤ ᠶᠠᠪᠤᠯ᠎ᠠ᠃
ᠡᠴᠢᠨᠡᠭᠡᠨ ᠵᠢᠯ᠎ᠤᠨ ᠦᠡᠭᠭᠡᠷᠡᠭᠦᠯᠦᠭᠰᠡᠨ ᠬᠠᠢᠷᠠᠯᠠᠭᠰᠠᠨ ᠰᠢᠪᠡᠨᠡᠭᠰᠡᠨ ᠦᠯᠢᠭᠡᠷ ᠤᠴᠠᠷᠠᠯᠵᠢᠡᠨ 《ᠳᠠᠭᠤᠤ᠎ᠪᠡᠷ ᠤᠴᠠᠷᠠᠭᠰᠠᠨ》 ᠭᠡᠬᠦ ᠳᠠᠭᠤᠤ᠎ᠳᠠᠭᠠᠨ ᠰᠢᠡᠭᠭᠡᠭᠡᠨ 2025 ᠤᠨ᠎ᠳᠦ ᠵᠤᠬᠢᠶᠠᠨ ᠪᠦᠲᠦᠭᠡᠵᠦ᠂ ᠠᠶᠠᠯᠭᠤ ᠵᠤᠬᠢᠶᠠᠭᠴᠢ ᠪᠠᠶᠠᠨᠮᠦ᠋ᠩᠬᠡ ᠲᠠᠢ ᠬᠠᠮᠲᠤᠷᠠᠨ ᠬᠠᠢᠷ᠎ᠠ᠎ᠵᠢᠨ ᠨᠤᠲᠢ ᠭᠦᠭᠯᠡᠭᠦᠯᠦᠭᠰᠡᠨ ᠪᠢᠯᠡ᠃ ᠲᠤᠰ ᠳᠠᠭᠤᠤᠪᠡᠷᠵᠢᠡᠨ ᠲᠡᠳᠡ《ehshig-2022》 ᠣᠨ᠎ᠤ ᠡᠰᠲᠷᠠᠳ᠋ ᠳᠠᠭᠤᠤ ᠵᠢᠨ ᠲᠥᠷᠥᠯ᠎ᠤᠨ ᠭᠤᠷᠪᠠᠳᠤᠭᠠᠷ ᠳᠡᠰ᠎ᠤᠨ ᠱᠠᠩᠨᠠᠯᠵᠢᠡᠷ ᠡᠩᠭᠡᠷᠵᠢᠡᠨ ᠮᠢᠯᠢᠶᠠᠯᠭᠠᠭᠰᠠᠨ ᠪᠢᠯᠠ᠃
ᠬᠠᠢᠷ᠎ᠠ᠎ᠪᠡᠷ ᠬᠡᠯᠬᠢᠭᠰᠡᠨ ᠠᠮᠢᠳᠤᠷᠠᠯ
— ᠪᠢᠳᠡ ᠬᠤᠶᠠᠷ ᠶᠡᠷᠦ᠎ᠡᠴᠡ ᠪᠡᠶ᠎ᠡ ᠪᠡᠶ᠎ᠡ᠎ᠳᠡᠭᠡᠨ ᠳᠤᠰᠠ ᠳᠡᠮᠵᠢᠯᠭᠡ ᠦᠵᠡᠭᠦᠯᠬᠦ᠎ᠶᠢ ᠵᠤᠷᠢᠭᠰᠠᠭᠠᠷ ᠢᠷᠡᠭᠰᠡᠨ᠂ ᠬᠡᠨ ᠬᠡᠨᠵᠢᠡᠨ ᠤᠷᠤᠭᠤ ᠲᠠᠳᠠᠬᠤ᠎ᠡᠴᠡ ᠶᠡᠬᠡ ᠯᠡ ᠪᠤᠯᠭᠤᠮᠵᠢᠯᠠᠳᠠᠭ ᠭᠡᠵᠦ ᠤᠶᠤᠨᠰᠤᠳᠤ᠎ᠵᠢᠨ ᠤᠴᠢᠷᠯᠠᠭᠰᠠᠨ ᠰᠢᠭ᠋ᠵᠢᠡᠷ᠂ ᠲᠡᠳᠡᠨ᠎ᠤ ᠠᠮᠢᠳᠤᠷᠠᠯ᠎ᠤᠨ ᠬᠥᠭ ᠠᠶᠠᠰ ᠨᠢ ᠠᠮᠵᠢᠯᠳᠠ ᠪᠦᠳᠦᠬᠡᠯ᠂ ᠪᠠᠶᠠᠰᠤᠯ ᠵᠢᠷᠭᠠᠯ ᠲᠡᠢᠰᠢ ᠬᠥᠲᠥᠯᠥᠭᠳᠡᠭᠰᠡᠭᠡᠷ᠃
ᠶᠡᠬᠡ ᠰᠤᠷᠭᠠᠭᠤᠯᠢ᠎ᠳᠤ ᠰᠢᠯᠭᠠᠬᠤ᠎ᠳᠤ ᠡᠬᠡᠰᠢᠭ ᠲᠥᠪ᠎ᠤᠨ ᠦᠨᠳᠦᠰᠦᠲᠡᠨ᠎ᠤ ᠶᠡᠬᠡ ᠰᠤᠷᠭᠠᠭᠤᠯᠢ᠎ᠵᠢᠨ ᠲᠤᠬᠠᠢ ᠰᠠᠢᠨ ᠤᠢᠯᠠᠭᠠᠬᠤ ᠦᠬᠡᠢ ᠪᠠᠢᠬᠰᠠᠠ ᠮᠥᠷᠲᠡᠭᠡᠨ ᠰᠢᠯᠭᠠᠭᠤᠯᠬᠤ ᠪᠤᠳᠤᠯ ᠶᠡᠷᠦ᠎ᠡᠴᠡ ᠪᠡᠨ ᠪᠠᠢᠭᠰᠠᠨ ᠦᠭᠡᠢ᠃ ᠤᠶᠤᠨᠰᠤᠳᠤ ᠥᠪᠡᠷ᠎ᠤᠨ ᠬᠦᠰᠡᠵᠦ ᠮᠥᠷᠥᠭᠡᠳᠦᠭᠰᠡᠨ ᠶᠡᠬᠡ ᠰᠤᠷᠭᠠᠭᠤᠯᠢ᠎ᠳᠠᠭᠠᠨ ᠠᠮᠵᠢᠯᠲᠠ ᠲᠠᠢ ᠤᠷᠤᠭᠰᠠᠨ ᠮᠥᠴᠡ ᠡᠴᠡ ᠪᠡᠨ ᠡᠬᠢᠯᠡᠨ ᠬᠠᠨᠢ᠎ᠳᠠᠭᠠᠨ ᠤᠷᠮ᠎ᠠ ᠬᠠᠢᠷᠠᠯᠠᠨ ᠨᠢᠭᠡ ᠰᠤᠷᠭᠠᠭᠤᠯᠢ᠎ᠳᠦ ᠤᠷᠤᠬᠤ᠂ ᠰᠤᠷᠤᠯᠭ᠎ᠠ᠎ᠵᠢᠨ ᠨᠡᠩ ᠥᠨᠳᠥᠷ ᠳᠦᠪᠰᠢᠨ᠎ᠳᠦ ᠬᠦᠷᠬᠦ ᠡᠷᠴᠢ ᠵᠤᠷᠢᠭ᠎ᠢ ᠥᠭᠴᠦ ᠴᠢᠳᠠᠵᠠᠢ᠃ ᠢᠩᠭᠢᠭᠰᠡᠨᠵᠢᠡᠷ ᠥᠨᠳᠥᠷ ᠳᠤᠮᠳᠠᠳᠤ᠎ᠳᠠᠭᠠᠨ ᠬᠤᠶᠠᠷ ᠤᠨᠳᠤᠤ ᠰᠤᠷᠭᠠᠭᠤᠯᠢ᠎ᠳᠦ ᠪᠠᠢᠭᠰᠠᠨ ᠬᠤᠤᠰ ᠶᠡᠬᠡ ᠰᠤᠷᠭᠠᠭᠤᠯᠢ᠎ᠳᠠᠭᠠᠨ ᠬᠠᠮᠲᠤᠷᠠᠨ ᠳᠠᠪᠰᠢᠬᠤ ᠤᠷᠤᠨ ᠵᠠᠢ ᠤᠯᠵᠠᠢ᠃
《ᠠᠩᠬ᠎ᠠ ᠬᠠᠨᠢᠯᠠᠭᠰᠠᠨ ᠮᠥᠴᠡᠡᠴᠡᠪᠡᠨ ᠯᠡ ᠶᠡᠷᠦ ᠨᠢ ᠬᠠᠨᠢ ᠲᠠᠢ᠎ᠪᠡᠨ ᠵᠠᠶᠠᠭ᠎ᠠ ᠵᠠᠶᠠᠭ᠎ᠠ᠎ᠪᠡᠨ ᠬᠤᠯᠪᠤᠬᠤ ᠪᠤᠳᠤᠯ ᠲᠠᠢ ᠪᠠᠢᠭᠰᠠᠨ᠂ ᠡᠴᠢᠨᠡᠭᠡᠨ ᠵᠢᠯ᠎ᠤᠨ ᠲᠤᠷᠰᠢ ᠡᠨᠡᠬᠦ ᠪᠤᠳᠤᠯ ᠮᠨᠨᠢ ᠨᠡᠩ ᠴᠢᠩᠭᠠᠷᠠᠭᠰᠠᠨ》 ᠭᠡᠵᠦ ᠡᠬᠡᠰᠢᠭ᠎ᠤᠨ ᠬᠡᠯᠡᠭᠰᠡᠨ ᠰᠢᠭᠵᠢᠡᠷ ᠪᠡᠶ᠎ᠡ ᠪᠡᠶ᠎ᠡ᠎ᠪᠡᠨ ᠪᠤᠳᠤᠬᠤ ᠰᠡᠳᠬᠢᠯ᠎ᠤᠨ ᠡᠷᠴᠢ ᠨᠢ ᠲᠡᠳᠡᠨ᠎ᠤ ᠠᠮᠢᠳᠤᠷᠠᠯ ᠠᠬᠤᠢ᠎ᠪᠡᠨ ᠴᠤᠭᠴᠠᠯᠠᠬᠤ ᠵᠤᠷᠢᠭ ᠬᠦᠴᠦ᠎ᠵᠢ ᠬᠥᠪᠴᠢᠯᠡᠭᠰᠡᠭᠡᠷ ᠢᠷᠡᠵᠡᠢ᠃ ᠡᠩ᠎ᠤᠨ ᠠᠮᠢᠳᠤᠷᠠᠯ᠎ᠤᠨ ᠠᠷᠰᠠᠷ ᠠᠵᠢᠯ᠎ᠡᠴᠡ ᠡᠬᠢᠯᠡᠨ᠂ ᠬᠥᠳᠡᠭᠡ ᠵᠢᠨ ᠠᠵᠢᠯ ᠠᠮᠢᠳᠤᠷᠠᠯ᠎ᠳᠦ ᠬᠠᠷᠢᠯᠴᠠᠨ ᠲᠤᠰᠠᠯᠠᠵᠤ ᠳᠡᠮᠵᠢᠬᠦ᠂ ᠠᠵᠢᠯ ᠰᠤᠷᠭᠠᠭᠤᠯᠢ᠎ᠵᠢᠨ ᠰᠢᠯᠭᠠᠯᠲᠠ᠎ᠳᠦ ᠪᠡᠶ᠎ᠡ ᠪᠡᠶ᠎ᠡ᠎ᠳᠡᠭᠡᠨ ᠬᠦᠴᠦ ᠵᠤᠷᠢᠭ ᠨᠡᠮᠡᠷᠢᠯᠡᠬᠦ᠂ ᠳᠠᠭᠤᠤ ᠤᠷᠠᠯᠢᠭ᠎ᠤᠨ ᠮᠡᠷᠭᠡᠵᠢᠯ᠎ᠤᠨ ᠬᠤᠪᠢ᠎ᠳᠦ ᠰᠠᠨᠠᠯ ᠳᠡᠮᠵᠢᠯᠭᠡ᠎ᠪᠡᠨ ᠦᠵᠡᠭᠦᠯᠬᠦ᠂ ᠲᠤᠭᠯᠠᠯᠲᠠ᠎ᠵᠢᠨ ᠲᠠᠢᠰᠠᠨ᠎ᠠ ᠬᠠᠮᠲᠤ᠎ᠳᠠᠭᠠᠨ ᠲᠠᠭᠤᠯᠠᠬᠤ ᠵᠡᠷᠭᠡ ᠬᠦᠷᠲᠡᠯ᠎ᠡ ᠲᠡᠳᠡ ᠪᠡᠶ᠎ᠡ ᠪᠡᠶᠡᠵᠢᠨᠵᠢᠡᠨ ᠲᠦᠰᠢᠭ ᠲᠤᠯᠭᠠᠭᠤᠷᠢ ᠪᠤᠯᠤᠭᠰᠠᠭᠠᠷ ᠢᠷᠡᠭᠰᠡᠡ ᠶᠤᠮ᠃
ᠬᠠᠨᠢ ᠢᠵᠢᠯ᠎ᠤᠨ ᠬᠢᠨᠢ ᠳᠡᠮᠵᠢᠯᠭᠡ᠂ ᠳᠠᠭᠤᠤ ᠤᠷᠠᠯᠢᠭ᠎ᠤᠨ ᠮᠡᠷᠬᠡᠵᠢᠯ ᠤᠨ ᠦᠨᠳᠦᠷ ᠳᠦᠪᠰᠢᠨ ᠦᠬᠡᠳᠡ ᠳᠡᠮᠡᠦᠯᠬᠦ ᠬᠦᠰᠡᠯ ᠡᠪᠦᠷᠯᠡᠨ ᠴᠢᠷᠮᠠᠢᠭᠰᠠᠨᠤᠳ᠋ᠦᠩᠳᠦ ᠤᠶᠤᠨᠰᠤᠳᠤ ᠥᠪᠥᠷ ᠮᠤᠩᠭᠤᠯ᠎ᠤᠨ ᠤᠷᠠᠯᠢᠭ᠎ᠤᠨ ᠳᠡᠭᠡᠳᠦ ᠰᠤᠷᠭᠠᠭᠤᠯᠢ ᠳ᠋ᠦ ᠠᠰᠫᠢᠷᠠᠨᠲᠵᠢᠡᠷ ᠪᠠᠲᠤᠯᠠᠭᠳᠠᠨ ᠬᠦᠷᠭᠡᠭᠳᠡᠵᠡᠢ᠃ ᠬᠠᠷᠢᠨ ᠡᠬᠡᠰᠢᠭ᠎ᠤᠨ ᠬᠤᠪᠢ᠎ᠳᠦ ᠰᠤᠷᠭᠠᠭᠤᠯᠢ ᠪᠡᠨ ᠲᠡᠭᠦᠰᠦᠮᠡᠭᠴᠡ ᠠᠵᠢᠯ ᠠᠮᠢᠳᠤᠷᠠᠯ᠎ᠤᠨ ᠭᠠᠷᠤᠭ᠎ᠠ᠎ᠪᠡᠨ ᠡᠬᠢᠯᠡᠭᠦᠯᠬᠦ᠎ᠪᠡᠷ ᠰᠢᠢᠳᠦᠨ᠂ ᠬᠤᠶᠠᠷ ᠵᠢᠯ᠎ᠤᠨ ᠴᠢᠷᠮᠠᠢᠯᠭ᠎ᠠ ᠪᠡᠷ ᠥᠪᠥᠷ ᠮᠣᠩᠭᠣᠯ᠎ᠤᠨ ᠤᠷᠠᠯᠢᠭ ᠵᠦᠴᠦᠭᠡ᠎ᠶᠢᠨ ᠬᠦᠷᠢᠶᠡᠯᠡᠩ᠎ᠦᠨ ᠨᠠᠢᠷᠠᠯ ᠳᠠᠭᠤᠤ᠎ᠶᠢᠨ ᠪᠦᠯᠬᠦᠮ᠎ᠦᠨ ᠲᠣᠭᠯᠠᠭᠴᠢ᠎ᠪᠡᠷ ᠡᠯᠰᠡᠭᠳᠡᠭᠰᠡᠨ ᠪᠠᠶᠠᠷ᠎ᠤᠨ ᠴᠢᠮᠡᠭᠡ ᠲᠤᠰᠴᠠᠢ᠃ ᠬᠠᠨᠢᠵᠢᠨᠵᠢᠡᠨ ᠠᠵᠢᠯ᠎ᠳᠦ ᠤᠷᠤᠭᠰᠠᠨ ᠪᠠᠶᠠᠷ᠎ᠤᠨ ᠴᠢᠮᠡᠭᠡ᠎ᠵᠢ ᠲᠤᠰᠤᠭᠰᠠᠨ ᠲᠡᠷᠡ᠎ᠬᠦ ᠮᠥᠴᠡ᠎ᠳᠦ ᠤᠶᠤᠨᠰᠤᠳᠤ ᠦᠪᠡᠷ᠎ᠤᠨ ᠡᠷᠬᠡ ᠦᠭᠡᠢ ᠨᠢᠯᠪᠤᠰᠤ ᠤᠨᠠᠭᠠᠭᠰᠠᠨ ᠭᠡᠳᠡᠭ᠃
ᠡᠢᠨᠬᠦ ᠮᠦᠷᠦᠭᠡᠳᠦᠯ᠎ᠲᠦ ᠠᠮᠢᠳᠤᠷᠠᠯ ᠵᠢᠡᠨ ᠡᠷᠭᠦᠬᠦ ᠬᠡᠰᠡᠨ ᠵᠠᠯᠠᠭᠤ ᠬᠤᠤᠰ᠎ᠤᠨ ᠭᠦᠰᠡᠯ ᠲᠡᠮᠡᠦᠯᠦᠯᠢ ᠤᠷᠠᠯᠢᠭ᠎ᠤᠨ ᠲᠦᠯᠥᠭᠡᠨᠤ ᠦᠢᠯᠡᠰ᠎ᠤᠨ ᠮᠥᠷ᠎ᠢ ᠨᠢ ᠳᠤᠷᠠᠢᠯᠭᠠᠵᠤ ᠯᠠ ᠪᠠᠢᠨ᠎ᠠ᠃
ᠴᠢᠷᠮᠠᠢᠯᠭ᠎ᠠ᠎ᠪᠡᠷ ᠬᠥᠭᠯᠡᠭᠳᠡᠭᠰᠡᠨ ᠢᠷᠡᠭᠡᠳᠦᠢ
ᠤᠷᠤᠯᠳᠤᠯᠭ᠎ᠠ ᠲᠠᠢ ᠬᠦᠮᠦᠨ᠎ᠳᠦ ᠵᠠᠪᠰᠢᠶᠠᠨ ᠢᠷᠡᠳᠡᠭ ᠭᠡᠳᠡᠭ᠃ ᠠᠮᠢᠳᠤᠷᠠᠯᠤᠨᠵᠢᠡᠨᠵᠠᠷᠤᠳᠠᠯᠵᠢᠠᠨ ᠤᠯᠬᠤ᠎ᠵᠢᠨ ᠡᠷᠬᠡ᠎ᠪᠡᠷ ᠰᠤᠷᠭᠠᠭᠤᠯᠢ᠎ᠳᠦ ᠪᠠᠢᠬᠤ᠎ᠳᠠᠭᠠᠨ ᠤᠶᠤᠨᠰᠤᠳᠤ ᠵᠢᠷᠭᠢᠶ᠎ᠡ᠎ᠪᠡᠷ ᠪᠠᠷᠠᠭ᠎ᠠ ᠲᠠᠸᠠᠷ ᠬᠤᠳᠠᠯᠳᠤᠬᠤ ᠤᠷᠤᠰᠬᠠᠯ ᠰᠠᠶᠢᠬᠠᠨ ᠥᠷᠨᠢᠵᠦ ᠡᠬᠢᠯᠡᠵᠦ ᠪᠠᠢᠭᠰᠠᠨ ᠲᠤᠬᠢᠶᠠᠯ᠎ᠢ ᠠᠰᠢᠭᠯᠠᠨ ᠤᠷᠤᠯᠭ᠎ᠠ ᠡᠭᠦᠳᠬᠦ ᠵᠠᠮ᠎ᠵᠢᠡᠨ ᠨᠡᠭᠡᠭᠡᠭᠰᠡᠨ ᠰᠠᠨᠵᠠᠢ᠃ ᠡᠢᠨᠬᠦ ᠳᠠᠭᠤᠤ ᠤᠷᠠᠯᠢᠭᠵᠢᠡᠷ ᠠᠮᠢᠳᠤᠷᠠᠯ᠎ᠤᠨ ᠭᠤᠤᠯ ᠡᠬᠡᠰᠢᠭᠵᠢᠡᠨ ᠪᠤᠯᠭᠠᠬᠤ᠎ᠵᠢᠨ ᠳᠠᠭᠠᠤ ᠵᠢᠷᠭᠢᠶ᠎ᠠ᠂ ᠲᠢᠺ ᠲᠤᠺ ᠵᠡᠷᠭᠡ ᠳᠠᠪᠴᠠᠩᠵᠢᠡᠷ ᠪᠠᠷᠠᠭ᠎ᠠ ᠲᠠᠸᠠᠷ ᠬᠤᠳᠠᠯᠳᠤᠬᠤ ᠨᠢ ᠲᠡᠭᠦᠨ᠎ᠤ ᠬᠤᠶᠠᠳᠤᠭᠠᠷ ᠠᠵᠢᠯ᠎ᠤᠨ ᠰᠤᠩᠭᠤᠯᠲᠠ ᠪᠤᠯᠤᠭᠰᠠᠨ ᠶᠤᠮ᠃
《ᠴᠠᠭ ᠲᠤᠬᠢᠶᠠᠯ᠎ᠢ ᠠᠰᠢᠭᠯᠠᠨ ᠬᠦᠮᠦᠰ᠎ᠤᠨ ᠳᠤᠷ᠎ᠠ ᠰᠤᠨᠢᠷᠬᠠᠯ ᠲᠠᠢ ᠵᠦᠢᠯ᠎ᠢ ᠠᠵᠢᠭᠯᠠᠵᠤ ᠮᠡᠳᠡᠷᠡᠬᠦ᠂ ᠰᠢᠨᠵᠢᠯᠡᠨ ᠰᠤᠳᠤᠯᠬᠤ ᠨᠢ ᠰᠦᠯᠵᠢᠶᠡᠨ ᠳᠡᠭᠡᠷ᠎ᠡ ᠲᠠᠸᠠᠷ ᠬᠤᠳᠠᠯᠳᠤᠬᠤ᠎ᠳᠦ ᠠᠩᠬᠠᠷᠤᠭᠤᠰᠢᠲᠠᠢ ᠵᠦᠢᠯ ᠶᠤᠮ》 ᠭᠡᠵᠦ ᠲᠡᠷᠡ ᠪᠡᠷ ᠥᠪᠡᠷ᠎ᠤᠨ ᠲᠤᠷᠰᠢᠯᠭ᠎ᠠ᠎ᠪᠡᠨ ᠬᠤᠪᠢᠶᠠᠯᠴᠠᠨ᠎ᠠ᠃ ᠠᠩᠬ᠎ᠠ ᠲᠢᠺ ᠲᠤᠺ ᠲᠠᠪᠴᠠᠩ ᠳᠡᠭᠡᠷ᠎ᠡ ᠬᠡᠷᠬᠢᠨ ᠪᠠᠷᠠᠭ᠎ᠠ᠎ᠪᠡᠨ ᠬᠤᠳᠠᠯᠳᠤᠵᠤ ᠡᠬᠢᠯᠡᠬᠦ ᠤᠬᠠᠭᠠᠨᠵᠢᠡᠨ ᠤᠯᠬᠤ ᠦᠭᠡᠢ ᠪᠠᠢᠭᠰᠠᠨ ᠪᠤᠯ ᠤᠳᠤ ᠲᠡᠷᠡ ᠪᠡᠷ ᠨᠢᠭᠡᠨᠲᠡ ᠬᠡᠷᠡᠭᠯᠡᠭᠴᠢᠳ᠎ᠤᠨ ᠶᠠᠮᠠᠷ ᠪᠠᠷᠠᠭᠠᠨ᠎ᠳᠦ ᠳᠤᠷ᠎ᠠ ᠰᠤᠨᠢᠷᠬᠠᠯ᠎ᠲᠠᠢ᠂ ᠶᠠᠮᠠᠷ ᠪᠠᠷᠠᠭ᠎ᠠ ᠢᠯᠡᠭᠦᠦ ᠪᠤᠷᠤᠯᠠᠭᠤᠯᠤᠭᠳᠠᠳᠠᠭ ᠭᠡᠳᠡᠭ᠎ᠢ ᠨᠠᠷᠢᠨ ᠤᠢᠯᠠᠭᠠᠳᠠᠭ ᠪᠤᠯᠵᠠᠢ᠃ ᠲᠡᠷᠡ ᠪᠡᠷ ᠮᠥᠨ᠎ᠴᠤ ᠳᠠᠭᠤᠤ ᠤᠷᠠᠯᠢᠭ᠎ᠤᠨ ᠵᠢᠡᠨ ᠨᠥᠯᠥᠭᠡ᠎ᠪᠡᠷ ᠨᠡᠯᠢᠶᠡᠳ ᠤᠯᠠᠨ ᠳᠠᠭᠠᠭᠴᠢ ᠲᠠᠢ ᠪᠤᠯᠤᠭᠰᠠᠨ ᠭᠡᠯᠲᠡᠢ᠃
《ᠰᠦᠯᠵᠢᠶᠡᠨ ᠳᠡᠭᠡᠷ᠎ᠡ ᠪᠠᠷᠠᠭ᠎ᠠ ᠲᠠᠸᠠᠷᠵᠢᠡᠨ ᠪᠤᠷᠤᠯᠠᠭᠤᠯᠴᠢᠬᠠᠭᠠᠳ ᠬᠠᠨᠢ᠎ᠳᠠᠭᠠᠨ ᠲᠤᠷᠠᠳᠠᠢ ᠪᠡᠯᠡᠭ᠎ᠢ ᠨᠢ ᠠᠪᠴᠤ ᠥᠭᠬᠥ ᠮᠥᠴᠡ ᠨᠠᠳᠠᠳᠦ ᠮᠠᠰᠢ ᠵᠢᠷᠭᠠᠯ᠎ᠲᠠᠢ ᠰᠠᠨᠠᠭᠳᠠᠳᠠᠭ᠂ ᠥᠪᠡᠷ᠎ᠤᠨ ᠤᠯᠤᠭᠰᠠᠨ ᠮᠥᠩᠭᠥᠪᠡᠷᠵᠢᠡᠨ ᠬᠠᠨᠢ᠎ᠪᠡᠨ ᠪᠠᠶᠠᠷᠯᠠᠭᠤᠯᠬᠤ ᠭᠱᠠᠨ᠎ᠳᠦ ᠠᠯᠢᠪᠠ ᠴᠢᠷᠮᠠᠢᠯᠭ᠎ᠠ ᠮᠢᠨᠢ ᠲᠠᠯᠠᠭᠠᠷ ᠪᠤᠯᠤᠭᠰᠠᠨ ᠦᠭᠡᠢ ᠨᠢ ᠮᠡᠳᠡᠷᠡᠭᠳᠡᠳᠡᠭ》 ᠭᠡᠵᠦ ᠤᠶᠤᠨᠰᠤᠳᠤ ᠪᠢᠳᠡᠨ᠎ᠳᠦ ᠬᠤᠪᠢᠶᠠᠯᠴᠠᠯ᠎ᠠ᠃ ᠨᠡᠢᠭᠡᠮ᠎ᠤᠨ ᠬᠥᠭᠵᠢᠯᠲᠡ᠎ᠵᠢᠨ ᠡᠷᠭᠡ᠎ᠪᠡᠷ ᠰᠦᠯᠵᠢᠶᠡᠨ ᠳᠡᠭᠡᠷ᠎ᠡ ᠪᠠᠷᠠᠭ᠎ᠠ ᠲᠠᠸᠠᠷ ᠬᠤᠳᠠᠯᠳᠤᠬᠤ ᠠᠷᠭ᠎ᠠ ᠳᠡᠮᠴᠤ ᠤᠯᠠᠨ ᠪᠤᠯᠵᠤ ᠪᠠᠢᠭ᠎ᠠ᠎ᠵᠢ ᠠᠵᠢᠵᠤ ᠮᠡᠳᠡᠭᠰᠡᠨ ᠤᠶᠤᠨᠰᠤᠳᠤ ᠡᠨᠡᠬᠦ ᠠᠵᠢᠯ᠎ᠳᠠᠭᠠᠨ ᠨᠡᠩ ᠶᠡᠬᠡ ᠬᠦᠴᠦ ᠬᠥᠳᠡᠯᠮᠦᠷᠢ᠎ᠪᠡᠨ ᠤᠷᠤᠭᠤᠯᠬᠤ ᠪᠤᠳᠤᠯᠴᠤ ᠴᠥᠭᠡᠨ ᠪᠤᠰᠤ ᠤᠳᠠᠭ᠎ᠠ ᠤᠷᠤᠵᠤ ᠥᠨᠭᠭᠡᠷᠡᠵᠡᠢ᠃
ᠪᠠᠬᠠᠲᠠᠢ ᠬᠠᠢᠷᠠᠲᠠᠢ ᠳᠠᠭᠤᠤ ᠤᠷᠠᠯᠢᠭᠵᠢᠡᠷᠵᠢᠡᠨ ᠢᠷᠡᠭᠡᠳᠦᠢ᠎ᠵᠢᠨ ᠠᠮᠢᠳᠤᠷᠠᠯ᠎ᠵᠢᠡᠨ ᠬᠥᠭᠯᠡᠬᠦᠤᠤ᠂ ᠡᠰᠡᠭᠦᠯ᠎ᠡ ᠠᠮᠢᠳᠤᠷᠠᠯ ᠵᠢᠠᠨ ᠳᠡᠭᠡᠭᠰᠢᠯᠡᠭᠦᠯᠬᠦ ᠰᠦᠯᠵᠢᠶᠡᠨ ᠠᠷᠠᠯᠵᠢᠶ᠎ᠠ ᠪᠠᠨ ᠦᠷᠭᠦᠯᠵᠢᠯᠡᠨ ᠬᠢᠬᠦᠤᠤ ?ᠭᠡᠳᠡᠭ ᠬᠠᠳᠠᠭᠤᠬᠠᠨ ᠰᠤᠩᠭᠤᠯᠲᠠ ᠲᠡᠭᠦᠨ᠎ᠳᠦ ᠳᠤᠯᠭᠠᠷᠠᠵᠤ ᠪᠠᠢᠭ᠎ᠠ ᠠᠵᠢ᠃ ᠬᠠᠷᠢᠨ ᠶᠠᠮᠠᠷᠬᠠᠨ ᠰᠤᠩᠭᠤᠯᠲᠠ ᠬᠢᠭᠰᠡᠨᠴᠤ ᠢᠳᠡᠬᠡᠯ ᠰᠡᠳᠬᠢᠯ ᠵᠢᠡᠨ ᠬᠤᠯᠪᠤᠬᠰᠠᠨ ᠬᠠᠨᠢ᠎ᠵᠢᠨ ᠬᠢᠨᠢ ᠬᠠᠯᠠᠭᠤᠨ ᠳᠡᠮᠵᠢᠯᠭᠡ ᠪᠡᠯᠡᠨ ᠪᠠᠢᠭ᠎ᠠ ᠨᠢ ᠳᠠᠮᠵᠢᠭ ᠦᠬᠡᠢ᠃