ᠶᠤᠰᠤ ᠵᠠᠩᠰᠢᠯ ᠠᠯᠲᠠᠭᠲᠠᠬᠤ᠎ᠵᠢᠨ ᠤᠴᠢᠷ
2026-06-05 10:26:18
ᠵᠣᠬᠢᠶᠠᠭ᠍ᠴᠢ᠄
ᠲᠠᠯᠠᠨᠪᠠᠶᠠᠷ
ᠣᠩᠱᠢᠭ᠍ᠰᠠᠨ ᠣᠳᠠᠭ᠎ᠠ᠄
★★★☆☆

ᠶᠤᠰᠤ ᠵᠠᠩᠰᠢᠯ ᠨᠢ ᠠᠯᠢ ᠴᠤ᠌ ᠨᠢᠭᠡ ᠬᠦᠮᠤᠨ᠎ᠳᠤ ᠠᠪᠴᠤ᠌ ᠬᠡᠯᠡᠬᠥ᠌ ᠳ᠋ᠦ᠍ ᠲᠡᠬᠦᠨ᠎ᠤ ᠵᠦᠪ ᠵᠦᠢ ᠲᠠᠢ ᠠᠮᠢᠲᠤᠷᠠᠬᠤ᠂ ᠪᠤᠯᠪᠠᠰᠤᠨ ᠰᠤᠷᠲᠠᠯ᠎ᠢ ᠡᠷᠬᠢᠮᠯᠡᠬᠥ᠌ ᠬᠦᠮᠤᠵᠢᠯ ᠪᠤᠯᠪᠠᠰᠤᠷᠠᠯ  ᠤ᠋ᠨ  ᠠᠭᠤᠯᠬᠤᠨ  ᠲᠠᠢ  ᠪᠠᠶ᠋ᠢᠳᠠᠭ᠃

ᠡᠢᠮᠦ ᠡᠴᠠ ᠪᠢᠳᠠ  ᠪᠦᠬᠥᠨ  ᠡᠪᠤᠬᠡ ᠲᠡᠭᠡᠲᠤᠰ  ᠡᠴᠠ ᠦᠪᠯᠡᠭᠲᠡᠨ ᠤᠯᠠᠮᠵᠢᠯᠠᠭᠲᠠᠭᠰᠠᠨ ᠶᠤᠰᠤ ᠵᠠᠩᠰᠢᠯ᠎ᠳᠤ ᠬᠦᠨᠲᠤᠳᠬᠡᠯ ᠲᠠᠢ ᠬᠠᠨᠲᠤᠵᠤ᠂ ᠠᠵᠢᠯ ᠠᠮᠢᠲᠤᠷᠠᠯ᠎ᠤᠨ ᠶᠠᠪᠤᠴᠠ᠎ᠳᠤ ᠪᠦᠲᠤᠭᠡᠯᠴᠢ᠎ᠪᠠᠷ ᠬᠡᠷᠡᠭᠵᠢᠬᠥᠯᠬᠥ᠎ᠶᠢ ᠠᠩᠬᠠᠷᠴᠤ᠌᠂ ᠠᠮᠢᠲᠤᠷᠠᠯ ᠤᠶ᠋ᠢᠯᠡ᠎ᠶᠢᠨ ᠲᠣᠯᠢ ᠪᠣᠯᠭᠠᠬᠤ ᠴᠢᠬᠤᠯᠠᠲᠠᠢ ᠶᠤᠮ᠃ ᠶᠠᠷᠢᠶᠠᠨ ᠦᠭᠡᠢ 《ᠰᠢᠨ᠎ᠡ ᠶᠠᠭᠤᠮ᠎ᠠ ᠵᠤᠯᠠ ᠪᠤᠯᠵᠤ᠂ ᠬᠠᠭᠤᠴᠢᠨ ᠶᠠᠭᠤᠮ᠎ᠠ ᠤᠯᠠ ᠪᠤᠯᠳᠠᠭ》 ᠤ᠋ᠨ ᠵᠢᠮ᠎ᠡ᠎ᠪᠡᠷ ᠵᠠᠷᠢᠮ ᠨᠢᠭᠡ ᠶᠤᠰᠤ ᠵᠠᠩᠰᠢᠯ ᠨᠢ ᠴᠠᠭ ᠦᠶ᠎ᠡ᠎ᠶᠢᠨ ᠬᠦᠭᠵᠢᠯᠲᠡ᠎ᠶᠢᠨ ᠬᠦᠴᠤᠲᠣ ᠤᠷᠤᠰᠬᠠᠯ᠎ᠳᠤ ᠬᠠᠶᠠᠭᠲᠠᠵᠤ ᠭᠡᠭᠡᠭᠲᠡᠬᠥ᠌ ᠤᠴᠢᠷ ᠪᠤᠢ᠃ ᠡᠨᠡ ᠪᠣᠯ ᠬᠡᠪ᠎ᠦᠨ ᠦᠵᠡᠭᠲᠡᠯ ᠪᠣᠯᠬᠤ ᠶᠤᠮ᠃

ᠶᠠᠭᠤ ᠪᠤᠯᠤᠭᠰᠠᠨ ᠴᠤ᠌ ᠲᠡᠭᠡᠲᠤᠰ ᠡᠴᠠ ᠤᠯᠠᠮᠵᠢᠯᠠᠯ ᠲᠠᠢ᠂ ᠦᠷᠬᠡᠨ ᠲᠡᠯᠭᠡᠷ ᠰᠠᠨᠠᠭ᠎ᠠ ᠠᠬᠤᠢ ᠪᠦᠬᠦᠢ ᠶᠤᠰᠤ ᠵᠠᠩᠰᠢᠯ᠎ᠢ ᠬᠦᠨᠲᠤᠳᠭᠡᠬᠥ᠌ ᠵᠢ ᠤᠮᠲᠤᠭᠠᠶ᠋ᠢᠯᠠᠵᠤ ᠦᠯᠤ ᠪᠣᠯᠬᠤ ᠶᠤᠮ᠃ ᠵᠢᠱ᠌ᠢᠶᠡᠯᠡᠪᠠᠯ᠂ ᠮᠠᠯ ᠨᠢᠲᠤᠯᠬᠤ ᠶᠤᠰᠤ ᠵᠠᠩᠰᠢᠯ ᠡᠴᠠ ᠠᠪᠤᠭᠠᠳ ᠬᠤᠳᠲᠤᠭ᠂ ᠭᠤᠣᠯ ᠭᠤᠷᠤᠬ᠎ᠠ᠂ ᠪᠤᠯᠠᠭ ᠱᠠᠩᠲᠠ᠎ᠶᠢᠨ ᠬᠠᠵᠠᠭᠤ᠎ᠪᠠᠷ ᠦᠳᠭᠡᠨ ᠰᠢᠩᠭᠡᠨ ᠮᠦᠷ ᠭᠠᠷᠭᠠᠬᠤ᠎ᠶᠢ ᠴᠡᠭᠡᠷᠯᠡᠬᠥ᠌᠂ ᠬᠦᠮᠤᠨ᠎ᠤ ᠦᠭᠡᠲᠡ ᠡᠴᠠ ᠬᠤᠭᠤᠰᠤᠨ ᠰᠠᠪᠠ ᠠᠪᠴᠤ᠌ ᠭᠠᠷᠬᠤ᠎ᠶᠢ ᠬᠢᠴᠢᠶᠡᠬᠥ᠌᠂ ᠬᠠᠩᠰᠢᠨ ᠡᠴᠠ ᠡᠮᠤᠨ᠎ᠡ ᠭᠠᠵᠠᠷ ᠬᠦᠨᠲᠡᠲᠡᠭ ᠦᠭᠡᠢ᠂ ᠭᠠᠯ ᠭᠤᠯᠤᠮᠲᠠ᠎ᠪᠠᠨ ᠪᠤᠵᠠᠷᠲᠤᠭᠤᠯᠬᠤ ᠦᠭᠡᠢ᠂ ᠬᠦᠮᠤᠨ᠎ᠤ ᠮᠠᠭᠤ᠎ᠶᠢ ᠦᠵᠡᠵᠤ ᠪᠠᠶ᠋ᠢᠬᠤ ᠰᠢᠭ᠋ ᠪᠤᠰᠤᠳ᠎ᠢ ᠡᠯᠳᠠᠪ ᠮᠠᠭᠤᠬᠠᠢ᠎ᠪᠠᠷ ᠶᠠᠷᠢᠵᠤ ᠬᠡᠯᠡᠬᠥ᠌ ᠪᠠ ᠦᠭᠡ᠎ᠪᠡᠷ ᠰᠦᠪᠡᠯᠡᠬᠥ᠎ᠶᠢ ᠴᠡᠭᠡᠷᠯᠡᠬᠥ᠌᠂ ᠲᠡᠷᠡᠴᠢᠯᠡᠨ ᠬᠠᠭᠤᠷᠴᠤ᠌ ᠮᠡᠬᠡᠯᠡᠬᠥ᠌ ᠮᠡᠲᠣ᠎ᠶᠢᠨ ᠵᠦᠢ ᠪᠤᠰᠤ ᠠᠰᠢᠭ᠎ᠤᠯᠵᠡ ᠵᠢᠨ ᠲᠦᠯᠦᠬᠡ ᠰᠢᠨᠣᠯ᠎ᠤᠷᠭᠤᠬᠤ᠂ ᠬᠦᠮᠤᠨ ᠮᠦᠰᠤ᠎ᠪᠠᠨ ᠠᠯᠲᠠᠬᠤ ᠵᠢᠴᠢ ᠰᠦᠨᠢ ᠤᠷᠣᠢ ᠬᠥᠲᠡᠭᠡ ᠬᠡᠭᠡᠷ᠎ᠡ ᠠᠷᠢᠬᠢ ᠲᠠᠷᠠᠰᠤ ᠤᠤᠭᠤᠵᠤ᠂ ᠤᠨᠴᠠᠭᠠᠶ᠋ᠢᠯᠠᠨ ᠰᠤᠭᠲᠤᠭᠣ ᠬᠦᠯᠴᠤᠬᠦᠤ ᠪᠠᠷ ᠬᠥᠲᠡᠭᠡ ᠭᠠᠳᠠᠭ᠎ᠠ ᠬᠤᠨᠤᠵᠤ ᠬᠡᠪᠲᠡᠬᠥ᠌ ᠶ᠋ᠢ ᠶᠡᠬᠡᠲᠡ ᠴᠡᠭᠡᠷᠯᠡᠭᠦ ᠵᠡᠷᠭᠡ ᠠᠵᠤ ᠠᠮᠢᠲᠤᠷᠠᠯ᠎ᠦᠨ ᠬᠢᠨᠢ ᠶᠠᠭᠤ ᠪᠦᠬᠥᠨ ᠲᠠᠢ ᠬᠤᠯᠪᠤᠭᠲᠠᠭᠰᠠᠨ ᠤᠯᠠᠨ ᠴᠡᠭᠡᠷ ᠶᠤᠰᠤ ᠪᠠᠶ᠋ᠢᠳᠠᠭ᠃ ᠬᠡᠪᠡᠴᠤ᠌ ᠤᠲᠤ᠌ ᠬᠠᠷᠢᠨ ᠡᠬᠥᠨ᠎ᠢᠶᠡᠨ ᠨᠠᠷᠢᠯᠢᠭ ᠠᠩᠬᠠᠷᠴᠤ᠌ ᠬᠢᠴᠢᠶᠡᠩᠬᠥᠶ᠋ᠢᠯᠡᠨ ᠦᠵᠡᠵᠤ᠂ ᠠᠮᠢᠲᠤᠷᠠᠯ ᠲᠤᠮᠳᠡ᠎ᠪᠠᠨ ᠯᠠᠪᠯᠠᠯᠲᠠ ᠪᠤᠯᠭᠠᠨ᠂ ᠬᠡᠤᠬᠡᠳ ᠠᠴᠢᠨᠠᠷ ᠲᠠᠭᠠᠨ ᠪᠦᠳᠤᠬᠡᠯᠴᠢ ᠪᠠᠷ ᠤᠯᠠᠮᠵᠢᠯᠠᠵᠤ ᠤᠬᠠᠭᠠᠷᠠᠭᠤᠯᠬᠤ ᠲᠠᠯ᠎ᠠ᠎ᠪᠠᠷ ᠲᠤᠳᠠᠮᠠᠭ ᠪᠠᠶ᠋ᠢᠬᠤ ᠨᠢ ᠨᠡᠯᠢᠶᠡᠳ ᠭᠡᠴᠡᠬᠥᠤ ᠶᠠᠪᠤᠳᠠᠯ ᠰᠢᠬ ᠰᠠᠨᠠᠭᠳᠠᠬᠤ ᠪᠤᠯᠵᠠᠢ᠃ ᠪᠢᠳᠠ ᠪᠠᠭ᠎ᠠ ᠰᠤᠷᠭᠠᠭᠤᠯᠢ ᠵᠢᠨ ᠬᠡᠤᠬᠡᠳ᠎ᠤᠳ ᠡᠴᠨ ᠴᠡᠬᠡᠷ ᠶᠤᠰᠤ᠂ ᠶᠤᠰᠤ ᠵᠠᠩᠰᠢᠯ᠎ᠢ ᠠᠰᠠᠭᠤᠬᠤ᠎ᠳᠤ ᠠᠮᠠ ᠪᠡᠨ ᠠᠩᠭᠠᠢᠵᠤ ᠮᠡᠯᠡᠷᠡᠨ ᠵᠤᠭᠰᠤᠵᠤ ᠯᠠ ᠪᠠᠢᠳᠠᠭ᠂ ᠬᠡᠳᠤᠢᠪᠡᠷ ᠡᠨᠡ ᠨᠢ ᠲᠠᠳᠠ ᠨᠠᠷ᠎ᠤᠨ ᠪᠤᠷᠤᠭᠤ ᠪᠢᠰᠢ ᠪᠤᠯᠪᠠᠴᠤ ᠲᠡᠳᠡ ᠨᠠᠷ ᠲᠤ᠌ ᠤᠯᠠᠮᠵᠢᠯᠠᠵᠤ ᠵᠠᠯᠭᠠᠮᠵᠢᠯᠠᠬᠤ ᠡᠬᠦᠷᠬᠡ  ᠪᠢᠳᠠᠠ᠎ᠤ ᠮᠦᠷᠤᠨ ᠳ᠋ᠡᠬᠡᠨ ᠲᠡᠯᠪᠢᠭᠠᠰᠤᠳᠠᠢ ᠪᠠᠢᠨ᠎ᠠ᠃ ᠪᠢᠳᠡ ᠬᠤᠢᠴᠢ ᠦᠶ᠎ᠠ ᠵᠢᠨ ᠬᠢᠨ᠎ᠳ᠋ᠤ ᠴᠡᠬᠡᠷ ᠶᠤᠰᠤ᠂ ᠶᠤᠰᠤ ᠵᠠᠩᠰᠢᠯ᠎ᠢ ᠤᠯᠠᠮᠵᠢᠯᠠᠬᠤ  ᠵᠢᠨ ᠴᠢᠬᠤᠯᠠ ᠴᠢᠨᠠᠷ᠂ ᠬᠦᠨ  ᠤᠳᠬ᠎ᠠ ᠰᠠᠨᠠᠭ᠎ᠠ ᠵᠢ ᠨᠢ ᠤᠢᠯᠠᠭᠠᠭᠤᠯᠬᠤ ᠬᠡᠷᠡᠭᠳᠡᠢ᠃

ᠦᠨᠡᠨ᠎ᠳ᠋ᠡᠬᠡᠨ ᠶᠤᠰᠤ ᠵᠠᠩᠰᠢᠯ ᠪᠣᠯ ᠲᠡᠷᠡ ᠴᠢᠭ᠎ᠢᠶᠡᠷ᠎ᠢᠶᠡᠨ ᠨᠢᠭᠡ ᠵᠤᠶ᠋ᠢᠯ᠎ᠤᠨ ᠪᠤᠯᠪᠠᠰᠤᠨ ᠮᠤᠷᠠᠯ ᠤ᠋ᠨ ᠬᠦᠮᠤᠵᠢᠯ ᠰᠤᠷᠭᠠᠯ ᠪᠣᠯᠬᠤ᠎ᠪᠠᠷ ᠦᠯᠤ ᠪᠠᠷᠠᠠ ᠵᠠᠷᠢᠮ ᠲᠠᠯ᠎ᠠ᠎ᠪᠠᠷ ᠲᠡᠬᠥᠨ᠎ᠳᠤ ᠪᠠᠰᠠ ᠰᠢᠨᠵᠢᠯᠡᠬᠥ᠌ ᠤᠬᠠᠭᠠᠨᠴᠢ ᠵᠢᠮ᠎ᠡ ᠶᠤᠰᠤ ᠪᠠᠶ᠋ᠢᠭ᠎ᠠ᠎ᠶᠢ ᠪᠤᠲᠤᠭᠤᠰᠢᠲᠠᠢ ᠪᠠᠶ᠋ᠢᠨ᠎ᠠ᠃ ᠶᠠᠭ ᠢ᠌ᠢᠮᠤ᠎ᠡᠴᠨ 《ᠤᠷᠭᠤᠭ᠎ᠠ ᠮᠤᠲᠣ ᠦᠨᠲᠤᠰᠤ ᠲᠠᠢ᠂ ᠤᠷᠤᠰᠬᠠᠯ ᠤᠰᠤ ᠦᠮᠤᠬᠢᠷᠡᠬᠥ᠌ ᠦᠭᠡᠢ》᠂ 《ᠲᠡᠩᠬᠡᠯᠡᠬᠥᠨ ᠶᠠᠪᠤᠬᠤ᠎ᠳᠤ ᠲᠡᠮᠡᠭᠡ ᠦᠭᠬᠦ ᠪᠡᠷ᠂ ᠶᠠᠳᠠᠷᠠᠵᠤ ᠶᠠᠪᠤᠬᠤ ᠳ᠋ᠤ ᠢᠮᠠᠭ᠎ᠠ ᠦᠭᠬᠥᠭᠰᠡᠨ ᠨᠢ ᠲᠡᠭᠡᠷ᠎ᠡ》᠂ 《ᠦᠷ ᠰᠦᠨᠢ᠎ᠶᠢᠨ ᠬᠡᠷᠡᠬᠥᠯ᠎ᠢ ᠦᠨᠡᠭᠡᠨ ᠰᠢᠮᠨᠣ ᠲᠠᠭᠠᠨ᠎ᠠ》᠂ 《ᠶᠡᠬᠡ ᠰᠠᠨᠠᠭ᠎ᠠ ᠪᠤᠶᠠᠨ ᠪᠠᠷᠠᠨ᠎ᠠ᠂ ᠶᠡᠬᠡ ᠰᠠᠬᠠᠯ ᠪᠤᠳᠠᠭ᠎ᠠ ᠪᠠᠷᠠᠨ᠎ᠠ》᠂ 《ᠠᠭᠲᠠ ᠠᠯᠳᠠᠪᠠᠯ ᠪᠠᠷᠢᠵᠤ ᠪᠤᠯᠤᠨ᠎ᠠ᠂ ᠠᠮᠠ ᠠᠯᠳᠠᠪᠠᠯ ᠪᠠᠷᠢᠵᠤ ᠴᠢᠳᠠᠬᠤ ᠦᠭᠡᠢ》᠂ 《ᠠᠪᠤ᠎ᠶᠢᠨ ᠬᠦᠤ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ》 ᠭᠡᠬᠥ᠌ ᠮᠡᠲᠤ᠎ᠶᠢᠨ ᠵᠤᠢᠷ ᠰᠡᠴᠡᠨ ᠦᠬᠡ ᠠᠷᠠᠳ᠎ᠤᠨ ᠳᠤᠮᠳᠠ ᠤᠯᠠᠮᠵᠢᠯᠠᠭᠳᠠᠵᠤ ᠢᠷᠡᠵᠠᠢ᠃ ᠡᠳᠡᠬᠡᠷ ᠤᠯᠠᠨ ᠵᠤᠶ᠋ᠢᠷ ᠰᠡᠴᠡᠨ ᠦᠭᠡ᠎ᠶᠢᠨ ᠲᠤᠲᠤᠭᠠᠲᠤ᠌ ᠰᠠᠨᠠᠭ᠎ᠠ ᠠᠬᠤᠢ᠎ᠶᠢ ᠬᠦᠨ ᠰᠡᠳᠬᠢᠨ ᠬᠦᠨᠵᠠᠭᠡᠢ ᠰᠤᠲᠤᠯᠵᠤ᠂ ᠠᠵᠢᠯ ᠠᠮᠢᠳᠤᠷᠠᠯ ᠤ᠋ᠨ᠎ᠢᠶᠠᠨ ᠴᠢᠬᠤᠯᠠ ᠤᠴᠢᠷ᠎ᠪᠤᠯᠭᠠᠨ ᠪᠠᠷᠢᠮᠲᠠᠯᠠᠵᠤ ᠶᠠᠪᠤᠪᠠᠯ᠂ ᠪᠢᠳᠡ ᠰᠠᠶᠢ ᠴᠡᠭᠡᠷ ᠶᠤᠰᠤᠨ᠎ᠤ ᠲᠤᠬᠠᠢ ᠦᠪᠡᠷ᠎ᠦᠨ ᠭᠡᠰᠡᠨ ᠵᠦᠪ ᠦᠵᠡᠯ ᠲᠠᠢ ᠪᠤᠯᠵᠤ ᠂ ᠤᠯᠠᠮ᠎ᠢᠶᠠᠷ ᠠᠮᠢᠲᠤᠷᠠᠯ ᠤᠶ᠋ᠢᠯᠡ᠎ᠪᠠᠨ ᠨᠠᠷᠠᠨ ᠰᠠᠷᠠᠨ᠎ᠮᠡᠳᠤ ᠬᠡᠷᠡᠯᠳᠤᠬᠦᠯᠵᠤ ᠴᠢᠲᠠᠨ᠎ᠠ ᠃

ᠶᠡᠷᠤ ᠨᠢ ᠵᠤᠬᠢᠬᠤ ᠨᠢᠭᠡᠨ ᠤᠳᠬ᠎ᠠ ᠡᠴᠠ ᠠᠪᠴᠤ᠌ ᠬᠡᠯᠡᠪᠡᠯ᠂ ᠶᠤᠰᠤ ᠵᠠᠩᠰᠢᠯ ᠠᠯᠳᠠᠭᠲᠠᠬᠤ᠎ᠪᠠᠷ ᠢᠷᠸ᠎ᠡ ᠨᠢᠬᠥᠯ᠎ᠤᠨ ᠤᠶ᠋ᠢᠯᠡ ᠪᠣᠯᠬᠤ ᠤᠴᠢᠷ ᠪᠤᠢ᠃ ᠡᠨᠡ ᠬᠤᠶᠡᠷ ᠨᠢ ᠠᠰ ᠠᠰ᠎ᠲᠠᠭᠠᠨ ᠤᠳᠬ᠎ᠠ ᠠᠭᠤᠯᠭ᠎ᠠ ᠲᠠᠢ ᠪᠤᠯᠪᠠᠴᠤ  ᠶᠤᠰᠤ ᠵᠠᠩᠰᠢᠯ᠎ᠤᠨ ᠳᠤᠬᠠᠢ ᠳᠤᠩᠭᠠᠨ ᠪᠤᠳᠤᠵᠤ᠂ ᠵᠦᠪ ᠵᠢᠡᠷ ᠬᠠᠨᠲᠤᠵᠤ᠂ ᠠᠮᠢᠲᠤᠷᠠᠯ᠎ᠳᠤᠮᠳᠠ ᠵᠦᠪ ᠵᠢᠡᠷ ᠬᠡᠷᠡᠭᠯᠡᠬᠦ᠎ᠶᠢ ᠠᠩᠬᠠᠷᠴᠤ᠌ ᠶᠠᠪᠤᠬᠤ ᠴᠢᠬᠤᠯᠠᠲᠠᠢ ᠶᠤᠮ᠃ ᠢᠯᠠᠩᠭᠤᠶ᠎ᠠ ᠠᠷᠠᠳ᠎ᠤᠨ  ᠬᠤᠯᠪᠤᠭ᠎ᠠ ᠬᠤᠷᠰᠢᠶ᠎ᠡ ᠦᠬᠡ᠂ ᠵᠤᠶ᠋ᠢᠷ ᠰᠡᠴᠡᠨ ᠦᠬᠡ  ᠪᠡᠷ ᠶᠤᠰᠤ ᠵᠠᠩᠰᠢᠯ ᠵᠢᠠᠨ ᠬᠤᠯᠪᠤᠭᠲᠠᠭᠤᠯᠤᠨ ᠦᠯᠢᠬᠡᠷ ᠪᠤᠯᠭᠠᠨ ᠵᠤᠬᠢᠶᠠᠵᠤ ᠦᠷ᠎ᠠ ᠬᠤᠢᠴᠢᠰ ᠲᠠᠭᠠᠨ ᠤᠯᠠᠮᠵᠢᠯᠠᠵᠤ ᠵᠠᠯᠭᠠᠮᠵᠢᠯᠠᠬᠤ ᠨᠢ ᠮᠠᠰᠢ ᠴᠢᠬᠤᠯᠠ ᠲᠠᠢ ᠮᠦᠷᠳᠡᠬᠡᠨ ᠤᠳᠬ᠎ᠠ ᠠᠭᠤᠯᠭ᠎ᠠ ᠲᠠᠢ ᠭᠡᠲᠡᠭ᠎ᠢ ᠮᠡᠲᠡᠬᠥᠰᠢᠲᠠᠢ  ᠪᠠᠶ᠋ᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号