ᠡᠯᠪᠡᠭ ᠬᠤᠷᠢᠶᠠᠯᠳᠠ ᠵᠢᠨ ᠡᠭᠡᠰᠢᠭ ᠬᠠᠩᠬᠢᠨᠠᠭᠤᠯᠤᠭᠰᠠᠨ 《ᠤᠶᠤᠨᠳᠤ》 ᠳᠠᠷᠢᠶᠠᠯᠠᠩ
2026-06-17 10:28:16
ᠵᠣᠬᠢᠶᠠᠭ᠍ᠴᠢ᠄
​ ᠬᠠᠨ ᠰᠢᠦᠸᠠᠢ ᠷᠦ
ᠣᠩᠱᠢᠭ᠍ᠰᠠᠨ ᠣᠳᠠᠭ᠎ᠠ᠄
★★★☆☆

ᠴᠠᠷᠭᠠᠰᠤ ᠬᠠᠲᠤᠵᠦ ᠡᠬᠢᠯᠡᠯ᠎ᠡ!

ᠵᠤᠨ᠎ᠤ ᠡᠬᠢᠨ᠎ᠦ ᠥᠷᠯᠥᠭᠡᠬᠦᠷ᠂ ᠠᠭᠤᠷ ᠠᠮᠢᠰᠬᠤᠯ ᠵᠢᠭᠠᠬᠠᠨ ᠰᠡᠷᠢᠭᠦᠭᠡᠨ᠃  ᠤᠯᠠᠭᠠᠨᠬᠠᠳᠠ ᠬᠤᠳᠠ᠎ᠶᠢᠨ ᠠᠷᠤ ᠬᠣᠷᠴᠢᠨ ᠬᠣᠰᠢᠭᠤᠨ᠎ᠤ ᠱᠤᠤ  ᠪᠠᠯᠭᠠᠰᠤᠨ᠎ᠤ ᠢ ᠾᠧ ᠯᠢᠤᠢ ᠵᠢᠨ ᠴᠠᠷᠭᠠᠰᠤ᠎ᠶᠢᠨ ᠰᠠᠭᠤᠷᠢᠨ᠎ᠳᠤ  ᠬᠦᠷ ᠬᠥᠭᠵᠢᠶᠡᠨ᠎ᠲᠠᠢ ᠶᠠᠭᠠᠷᠠᠯᠲᠠᠢ ᠪᠠᠢᠳᠠᠯ ᠢᠯᠡᠷᠡᠵᠡᠢ᠃ ᠬᠡᠳᠦᠨ ᠰᠠᠭᠤᠷᠢ ᠠᠦ᠋ᠲ᠋ᠣ᠋ ᠬᠠᠳᠤᠵᠤ ᠬᠤᠷᠢᠶᠠᠬᠤ ᠲᠣᠮᠣ᠌ ᠬᠡᠯᠪᠡᠷᠢ ᠶ᠋ᠢᠨ ᠮᠠᠰᠢᠨ ᠰᠦᠯᠵᠢᠯᠳᠦᠨ ᠠᠵᠢᠯᠯᠠᠵᠤ᠂ ᠠᠶᠠᠯᠠᠵᠤ ᠥᠩᠭᠡᠷᠡᠭᠰᠡᠨ ᠭᠠᠵᠠᠷ ᠢ᠋ᠢᠡᠷ ᠨᠢ ᠰᠢᠷᠭᠡᠭ ᠰᠢᠷᠭᠡᠭ ᠴᠠᠷᠭᠠᠰᠤ ᠮᠤᠷᠤᠯᠵᠠᠬᠰᠠᠨ ᠨᠤᠭᠤᠭᠠᠨ ᠲᠤᠷᠭᠠᠨ ᠪᠦᠰᠡ ᠰᠢᠭ ᠲᠠᠷᠢᠶᠠᠨ ᠲᠤᠮᠲᠠᠭᠤᠷ ᠲᠡᠭᠰᠢᠬᠡᠨ ᠲᠡᠪᠢᠰᠦᠭᠲᠡᠨ᠎ᠡ᠃

ᠬᠣᠶᠠᠷᠬᠠᠨ ᠰᠠᠷ᠎ᠠ᠎ᠶᠢᠨ ᠬᠤᠭᠤᠴᠠᠭ᠎ᠠ ᠪᠡᠷ ᠲᠠᠮᠵᠢᠨ᠂  ᠬᠠᠪᠤᠷ ᠲᠠᠷᠢᠬᠰᠠᠨ  ᠴᠠᠷᠭᠠᠰᠤ ᠲᠦᠷᠦᠭᠦᠦ ᠡᠬᠡᠯᠵᠢ ᠢ᠋ᠢᠨ ᠬᠠᠲᠤᠨ ᠬᠤᠷᠢᠶᠠᠬᠤ ᠬᠤᠭᠤᠴᠠᠭ᠎ᠠ᠎ᠪᠠᠨ ᠤᠭᠲᠤᠨ ᠠᠪᠴᠢᠷᠠᠵᠠᠢ᠃ ᠡᠪᠦᠳᠦᠭ ᠴᠢᠨᠡᠭᠡ ᠥᠨᠳᠥᠷ ᠴᠠᠷᠭᠠᠰᠤ᠎ᠶᠢᠨ ᠨᠠᠪᠴᠢ ᠨᠠᠮᠠᠭ᠎ᠠ ᠨᠢ ᠢᠭ᠍ᠴᠤ ᠰᠠᠬᠤᠯᠢᠭ᠋᠂ ᠥᠩᠭᠡ ᠪᠤᠳᠤᠭ ᠨᠢ ᠨᠤᠮᠢᠨ ᠨᠣᠭᠣᠭᠠᠨ ᠪᠠᠢᠵᠦ᠂ ᠰᠣᠷᠭᠣᠭ ᠵᠥᠭᠡᠯᠡᠨ ᠡᠰᠢ ᠨᠠᠪᠴᠢ᠎ᠳᠤᠨᠢ ᠰᠢᠮ᠎ᠡ ᠲᠡᠵᠢᠭᠡᠯ ᠡᠯᠪᠡᠭ ᠠᠭᠤᠯᠤᠬᠲᠠᠬᠰᠠᠨ  ᠨᠢ ᠢᠯᠡᠬᠡᠨ ᠬᠠᠷᠠᠬᠳᠠᠨ᠎ᠠ᠃

《ᠴᠠᠷᠭᠠᠰᠤ ᠵᠢ ᠵᠢᠯ ᠪᠦᠷᠢ᠎ᠶᠢᠨ 5 ᠰᠠᠷ᠎ᠠ᠎ᠠᠴᠠ 8 ᠰᠠᠷ᠎ᠠ᠎ᠶᠢᠨ ᠬᠣᠭᠣᠷᠣᠨᠳᠤ 4 ᠡᠬᠡᠯᠵᠢ ᠬᠤᠷᠢᠶᠠᠵᠦ ᠪᠤᠯᠲᠠᠭ᠃ ᠰᠡᠭᠦᠯᠴᠢ᠎ᠶᠢᠨ ᠬᠡᠳᠦᠨ ᠡᠬᠡᠯᠵᠢ ᠢ᠋ᠢᠨ ᠴᠠᠷᠭᠠᠰᠤ᠎ᠲᠠᠢ ᠬᠠᠷᠢᠴᠠᠭᠤᠯᠪᠠᠯ᠂ ᠲᠦᠷᠦᠭᠦᠦ ᠡᠭᠡᠯᠵᠢ ᠢ᠋ᠢᠨ ᠴᠠᠷᠭᠠᠰᠤ᠎ᠶᠢᠨ ᠤᠷᠭᠤᠯᠲᠠ᠎ᠶᠢᠨ ᠦᠶᠡᠯᠡᠯ᠎ᠤᠨ ᠬᠤᠭᠤᠴᠠᠭ᠎ᠠ ᠨᠢ ᠤᠷᠲᠤ᠂ ᠰᠢᠮ᠎ᠡ ᠲᠡᠵᠢᠭᠡᠯ᠎ᠦᠨ ᠬᠤᠷᠠᠮᠳᠤᠯ ᠨᠢ ᠭᠦᠢᠴᠡᠳ᠂ ᠪᠦᠳᠦᠭᠦᠯᠢᠭ ᠤᠭᠤᠷᠠᠭ᠎ᠤᠨ ᠠᠭᠤᠯᠤᠭᠳᠠᠴᠠ ᠥᠨᠳᠥᠷ᠂ ᠮᠣᠳᠣᠯᠢᠭ᠋ ᠡᠳ᠋᠎ᠦᠨ ᠠᠭᠤᠯᠤᠭᠳᠠᠴᠠ ᠨᠢ ᠳᠣᠣᠷ᠎ᠠ᠂ ᠪᠦᠬᠦ ᠵᠢᠯ᠎ᠦᠨ ᠭᠠᠷᠤᠯᠲᠠ ᠪᠠ ᠶᠠᠰᠤ ᠴᠢᠨᠠᠷ ᠨᠢ ᠬᠠᠮᠤᠭ᠎ᠤᠨ ᠰᠠᠢᠨ ᠡᠭᠡᠯᠵᠢ ᠪᠣᠯᠣᠨ᠎ᠠ》᠃ ᠲᠠᠷᠢᠶᠠᠨ᠎ᠳᠠᠭᠠᠨ ᠬᠠᠳᠤᠵᠤ ᠬᠤᠷᠢᠶᠠᠬᠤ ᠠᠬᠢᠴᠠ᠎ᠶᠢ ᠪᠠᠢᠴᠠᠭᠠᠨ ᠦᠵᠡᠵᠦ ᠪᠠᠢᠭᠰᠠᠨ ᠶᠢᠦ ᠷᠠᠨ ᠮᠠᠯ ᠠᠵᠤ ᠠᠬᠤᠢ᠎ᠶᠢᠨ ᠡᠪᠡᠰᠦᠨ᠎ᠦ ᠦᠢᠯᠡᠰ᠎ᠦᠨ ᠮᠡᠷᠭᠡᠵᠢᠯ᠎ᠦᠨ ᠶᠡᠷᠦᠩᠬᠡᠢ ᠬᠢᠨᠠᠭ᠍ᠴᠢ ᠰᠦᠨ ᠵᠢᠶᠠᠨ ᠮᠢᠩ ᠴᠠᠷᠭᠠᠰᠤ ᠪᠠᠨ ᠵᠢᠭᠠᠵᠤ᠄ 《ᠴᠠᠷᠭᠠᠰᠤ᠎ᠶᠢ ᠬᠠᠳᠤᠵᠤ ᠬᠤᠷᠢᠶᠠᠬᠤ᠎ᠳᠤ ᠴᠠᠭ ᠲᠣᠬᠢᠶᠠᠯ᠎ᠢ ᠵᠠᠪᠳᠤᠬᠤ᠎ᠶᠢ ᠬᠠᠮᠤᠭ ᠡᠴᠡ ᠡᠷᠬᠢᠮᠯᠡᠳᠡᠭ᠂ ᠳᠤᠬᠢᠷᠠᠮᠵᠢᠳᠠᠢ ᠴᠠᠭ᠎ᠲᠦ ᠬᠠᠳᠤᠵᠤ ᠬᠤᠷᠢᠶᠠᠪᠠᠯ ᠰᠢᠨ᠎ᠡ ᠰᠣᠷᠭᠣᠭ ᠰᠢᠭᠦᠰᠦᠯᠢᠭ ᠪᠠᠢᠵᠤ᠂ ᠣᠷᠣᠢ ᠨᠢᠭᠡ ᠡᠳᠦᠷ ᠬᠠᠳᠤᠵᠤ ᠬᠤᠷᠢᠶᠠᠬᠤ᠎ᠳᠤ ᠬᠠᠲᠠᠭᠤᠷᠠᠨ᠂ ᠮᠠᠯ ᠤᠨᠤᠭ᠎ᠠ ᠢᠳᠡᠬᠦ᠎ᠳᠦ ᠰᠢᠩᠭᠡᠭᠡᠬᠦ᠎ᠳᠦ ᠬᠦᠴᠢᠷᠳᠠᠢ ᠪᠠᠢᠳᠠᠭ᠃ ᠡᠨᠡ ᠬᠡᠳᠦᠨ ᠡᠳᠦᠷ᠎ᠦᠨ ᠠᠭᠤᠷ ᠠᠮᠢᠰᠬᠤᠯ ᠲᠤᠩᠭᠠᠯᠠᠭ ᠰᠠᠢᠬᠠᠨ᠂ ᠰᠠᠯᠬᠢᠨ᠎ᠤ ᠬᠦᠴᠦ ᠲᠣᠬᠢᠷᠠᠮᠵᠢᠲᠠᠢ᠂ ᠶᠠᠭ ᠰᠠᠢᠬᠠᠨ ᠬᠠᠳᠤᠵᠤ ᠬᠤᠷᠢᠶᠠᠬᠤ ᠪᠠ ᠬᠠᠲᠠᠭᠠᠬᠤ ᠰᠢᠵᠢᠷ ᠠᠯᠲᠠᠨ ᠴᠠᠭ ᠦᠶ᠎ᠡ ᠮᠥᠨ᠂ ᠪᠢᠳᠡ ᠪᠦᠭᠦᠳᠡᠭᠡᠷ ᠢ᠋ᠢᠡᠨ ᠣᠷᠣᠯᠴᠠᠵᠤ᠂ ᠮᠠᠰᠢᠨ ᠮᠧᠬᠠᠨᠢᠭ᠋ ᠢ᠋ᠢᠡᠷ ᠬᠠᠲᠤᠵᠦ ᠬᠤᠷᠢᠶᠠᠵᠦ ᠪᠠᠢᠬᠤ ᠨᠢ ᠲᠠᠷᠤᠢ ᠰᠠᠢᠨ ᠬᠤᠷᠢᠶᠠᠯᠲᠠ᠂ ᠰᠠᠢᠨ ᠶᠠᠰᠤ ᠴᠢᠨᠠᠷ  ᠢ᠋ ᠴᠢᠩᠭ᠎ᠠ ᠠᠳᠬᠤᠬᠤ  ᠶ᠋ᠢᠨ ᠲᠥᠯᠥᠭᠡ ᠶᠤᠮ》 ᠭᠡᠵᠦ ᠲᠠᠨᠢᠯᠴᠠᠭᠤᠯᠪᠠ᠃

ᠲᠠᠷᠢᠶᠠᠨ ᠭᠠᠵᠠᠷ᠎ᠤᠨ ᠬᠤᠷᠢᠶᠠᠯᠲᠠ ᠨᠢ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠦᠨ ᠦᠢᠯᠡᠳᠦᠯ᠎ᠢ ᠭᠦᠢᠴᠡᠳ ᠢᠯᠡᠷᠡᠭᠦᠯᠲᠡᠭ᠃ ᠲᠤᠰ ᠰᠠᠭᠤᠷᠢᠨ᠎ᠤ ᠬᠢᠨ᠎ᠦ ᠡᠨᠡ ᠵᠢᠯ᠎ᠦᠨ 《ᠰᠢᠨ᠎ᠡ ᠪᠡᠷ ᠬᠡᠷᠡᠭᠯᠡᠭᠰᠡᠨ》 ᠳᠥᠷᠪᠡᠳᠦᠭᠡᠷ ᠦᠶ᠎ᠡ᠎ᠶᠢᠨ 《ᠦᠬᠡᠷ᠎ᠦᠨ ᠬᠡᠯᠡ》 ᠵᠢ ᠲᠠᠭᠤᠷᠢᠶᠠᠬᠰᠠᠨ ᠡᠪᠡᠰᠦ ᠬᠠᠲᠤᠬᠤ  ᠲᠥᠬᠦᠭᠡᠷᠦᠮᠵᠢ ᠨᠢ ᠡᠪᠡᠰᠦ ᠬᠠᠲᠤᠬᠤ ᠠᠷᠭ᠎ᠠ ᠮᠠᠶᠢᠭ᠋᠎ᠢ ᠨᠠᠩ 《ᠤᠶᠠᠨ ᠵᠥᠭᠡᠯᠡᠨ 》 ᠪᠣᠯᠭᠠᠵᠤ᠂ ᠮᠠᠰᠢᠨ᠎ᠢᠶᠠᠷ ᠠᠵᠢᠯᠯᠠᠭᠰᠠᠨ ᠡᠴᠡ ᠪᠣᠯᠤᠭᠰᠠᠨ  ᠵᠤᠯᠭᠠᠷᠠᠬᠤ ᠪᠠᠢᠲᠠᠯ ᠢ᠋ ᠪᠦᠲᠦᠮᠵᠢᠲᠡᠶ ᠪᠠᠭᠠᠰᠬᠠᠨ᠂ ᠡᠪᠡᠰᠦ ᠵᠢᠨ ᠦᠨᠡᠰᠦᠨ᠎ᠦ ᠠᠭᠤᠯᠤᠭᠳᠠᠴᠠ᠎ᠶᠢ ᠶᠡᠬᠡ᠎ᠪᠡᠷ ᠪᠠᠭᠤᠷᠠᠭᠤᠯᠵᠤ᠂ ᠬᠤᠷᠢᠶᠠᠬᠰᠠᠨ ᠡᠪᠡᠰᠦ ᠎ᠶᠢ ᠴᠡᠪᠡᠷ ᠪᠥᠭᠡᠳ ᠴᠢᠨᠠᠷ ᠰᠠᠢᠲᠠᠢ ᠪᠣᠯᠭᠠᠵᠤ᠂ ᠬᠤᠷᠢᠶᠠᠯᠲᠠ᠎ᠶᠢᠨ ᠭᠣᠭᠴᠣᠭ᠎ᠠ ᠡᠴᠡ ᠲᠡᠵᠢᠭᠡᠯ ᠡᠪᠡᠰᠦᠨ᠎ᠤ ᠴᠢᠨᠠᠷ ᠴᠢᠨᠰᠠᠭ᠎ᠠ᠎ᠶᠢ ᠳᠡᠭᠡᠭᠰᠢᠯᠡᠭᠦᠯᠪᠡ᠃ ᠢᠵᠢ ᠪᠦᠷᠢᠨ ᠲᠣᠮᠣ᠌ ᠬᠡᠯᠪᠡᠷᠢ᠎ᠶᠢᠨ ᠣᠶᠤᠨᠴᠢᠯᠠᠭᠰᠠᠨ ᠮᠠᠰᠢᠨ ᠲᠥᠬᠦᠭᠡᠷᠦᠮᠵᠢ᠎ᠳᠦ ᠲᠦᠰᠢᠭᠯᠡᠨ᠂ ᠰᠠᠭᠤᠷᠢᠨ ᠎ᠤ ᠬᠢᠨ ᠨᠢᠭᠡ ᠡᠳᠦᠷ᠎ᠦᠨ ᠡᠳ᠋ᠰᠢᠭᠦᠯᠬᠦ ᠴᠢᠳᠠᠪᠤᠷᠢ᠎ᠶᠢ 9000 ᠮᠦ᠍᠎ᠳᠦ ᠬᠦᠷᠦᠭᠦᠯᠵᠦ᠂ ᠬᠡᠪᠴᠢᠶᠡᠵᠢᠭᠦᠯᠦᠨ ᠳᠠᠷᠢᠵᠤ ᠦᠢᠯᠡᠳᠪᠦᠷᠢᠯᠡᠬᠦ ᠬᠡᠷᠡᠭᠴᠡᠭᠡ ᠱᠠᠭᠠᠷᠳᠠᠯᠭ᠎ᠠ᠎ᠳᠤ ᠥᠨᠳᠥᠷ ᠪᠦᠲᠦᠮᠵᠢᠲᠡᠶ ᠲᠣᠬᠢᠷᠠᠭᠤᠯᠤᠯᠲᠠ ᠬᠢᠪᠠ᠃

ᠬᠠᠳᠤᠵᠦ ᠬᠤᠷᠢᠶᠠᠬᠰᠠᠨ ᠤ᠋ ᠳᠠᠷᠠᠭᠠᠬᠢ ᠴᠢᠨᠠᠷ ᠰᠠᠢᠲᠠᠢ ᠴᠠᠷᠭᠠᠰᠤ᠎ᠶᠢ ᠬᠠᠲᠠᠭᠠᠬᠤ᠂ ᠲᠡᠭᠦᠬᠦ᠂ ᠪᠣᠭᠣᠬᠤ ᠪᠥᠬᠥ ᠶᠠᠪᠤᠴᠠ᠎ᠶᠢᠨ ᠠᠵᠢᠯ᠎ᠢ ᠤᠷᠢᠳ ᠬᠣᠵᠢᠳ ᠬᠢᠵᠦ᠂ ᠲᠡᠷᠢᠭᠦᠨ᠎ᠦ ᠤᠷ᠎ᠠ ᠮᠡᠷᠭᠡᠵᠢᠯ ᠵᠢᠠᠷ ᠴᠠᠷᠭᠠᠰᠤ᠎ᠶᠢᠨ ᠨᠣᠭᠣᠭᠠᠨ ᠳᠠᠷᠤᠰᠢ᠎ᠶᠢ 《ᠯᠠᠰᠠᠳᠤ ᠢᠳᠡᠭᠡᠨ》 ᠪᠤᠯᠭᠠᠵᠦ᠂ ᠲᠡᠵᠢᠭᠡᠯ ᠡᠪᠡᠰᠦᠨ᠎ᠦ ᠰᠢᠮ᠎ᠡ ᠲᠡᠵᠢᠭᠡᠯ᠎ᠦᠨ ᠪᠦᠷᠢᠯᠳᠦᠭᠦᠨ᠎ᠢ ᠬᠠᠲᠠᠭᠠᠯᠠᠬᠤ᠎ᠶᠢᠨ ᠬᠠᠮᠲᠤ᠂ ᠰᠣᠷᠭᠣᠭ ᠵᠥᠭᠡᠯᠡᠨ ᠠᠮᠳᠠ ᠵᠢᠨ ᠮᠡᠳᠡᠷᠡᠮᠵᠢ ᠪᠠ ᠥᠨᠳᠥᠷ ᠰᠢᠩᠭᠡᠭᠡᠯᠲᠡ᠎ᠶᠢᠨ ᠨᠣᠷᠮ᠎ᠠ᠎ᠶᠢ ᠬᠠᠳᠠᠭᠠᠯᠠᠳᠠᠭ᠃

ᠲᠠᠷᠢᠶᠠᠨ ᠳᠤᠮᠳᠠ 《ᠣᠶᠤᠨᠲᠤ ᠶᠡᠬᠡ ᠲᠠᠷᠢᠬᠢ》 ᠤᠭᠰᠠᠷᠠᠵᠤ᠂  ᠤᠰᠤᠯᠠᠯᠲᠠ᠎ᠶᠢ ᠣᠶᠤᠨᠴᠢᠯᠠᠬᠤ᠂ ᠠᠯᠤᠰ ᠡᠵᠡᠮᠲᠡᠯ᠂ ᠠᠦ᠋ᠲ᠋ᠣᠴᠢᠯᠠᠨ ᠬᠠᠮᠢᠶᠠᠷᠤᠨ ᠡᠵᠡᠮᠳᠡᠬᠦ᠎ᠶᠢ ᠪᠡᠶᠡᠯᠡᠭᠦᠯᠪᠡ᠃ ᠲᠤᠰ ᠰᠠᠭᠤᠷᠢᠨ ᠤ᠋  ᠬᠢᠨ ᠢᠵᠢ ᠪᠦᠷᠢᠨ ᠰᠦᠷᠴᠢᠨ ᠤᠰᠤᠯᠠᠬᠤ ᠮᠠᠰᠢᠨ ᠵᠢᠨᠨ ᠪᠦᠬᠦᠨ᠎ᠢ  ᠠᠵᠢᠯᠯᠠᠭᠤᠯᠵᠤ᠂ ᠲᠠᠩ ᠲᠣᠨᠣᠭᠯᠠᠯ᠎ᠤᠨ ᠲᠥᠬᠦᠭᠡᠷᠦᠮᠵᠢ ᠪᠡᠷ ᠷᠠᠳᠢᠤᠰ ᠨᠢ  460 ᠮᠧᠲᠷ᠎ᠦᠨ ᠡᠪᠡᠰᠤ ᠲᠠᠷᠢᠬᠤ ᠰᠠᠭᠤᠷᠢᠨ ᠎ᠢ ᠨᠠᠷᠢᠯᠢᠭ᠋ ᠣᠨᠣᠴᠠᠲᠠᠢ᠎ᠪᠠᠷ ᠤᠰᠤᠯᠠᠬᠤ᠎ᠶᠢ ᠪᠡᠶᠡᠯᠡᠭᠦᠯᠵᠦ᠂ ᠰᠠᠭᠤᠷᠢᠨ ᠤ᠋ 957 ᠮᠦ᠍ ᠳᠠᠷᠢᠮᠠᠯ᠎ᠤᠨ ᠣᠷᠣᠨ ᠪᠦᠰᠡ᠎ᠶᠢ ᠬᠠᠮᠤᠷᠤᠨ᠂ 24 ᠴᠠᠭ᠎ᠲᠤ ᠪᠥᠬᠥ ᠣᠷᠣᠨ ᠪᠦᠰᠡ᠎ᠳᠤ ᠨᠢᠭᠡ ᠡᠭᠡᠯᠵᠢ᠎ᠶᠢᠨ ᠤᠰᠤᠯᠠᠯᠲᠠ᠎ᠶᠢᠨ ᠠᠵᠢᠯ᠎ᠢ ᠪᠡᠶᠡᠯᠡᠭᠦᠯᠵᠦ ᠪᠣᠯᠣᠨ᠎ᠠ᠃

ᠰᠠᠭᠠᠯᠢ᠎ᠶᠢᠨ ᠦᠨᠢᠶ᠎ᠡ᠎ᠳᠦ ᠠᠪᠴᠤ ᠬᠡᠯᠡᠪᠡᠯ᠂ ᠴᠠᠷᠭᠠᠰᠤ ᠨᠢ ᠬᠡᠴᠢᠨᠡᠨ ᠴᠢᠬᠤᠯᠠ ᠪᠠᠢᠳᠠᠭ ᠪᠣᠯ ?           

ᠴᠢᠨᠠᠷ ᠰᠠᠢᠲᠠᠢ ᠲᠡᠵᠢᠭᠡᠯ ᠡᠪᠡᠰᠦ ᠪᠣᠯ ᠰᠠᠭᠠᠯᠢ᠎ᠶᠢᠨ ᠦᠨᠢᠶᠡᠨ᠎ᠦ ᠰᠠᠢᠨ ᠰᠦ ᠭᠠᠷᠬᠤ᠎ᠶᠢᠨ ᠲᠡᠷᠢᠭᠦᠨ ᠴᠢᠬᠤᠯᠠ ᠪᠠᠲᠤᠯᠠᠭ᠎ᠠ ᠮᠥᠨ᠃ ᠰᠠᠢᠨ ᠰᠠᠭᠠᠯᠢ᠎ᠶᠢᠨ ᠦᠨᠢᠶ᠎ᠡ ᠲᠡᠵᠢᠭᠡᠬᠦ᠎ᠳᠦ ᠰᠢᠯᠢᠳᠡᠭ᠎ᠦᠨ ᠳᠣᠲᠣᠷ᠎ᠠ ᠡᠴᠡ ᠰᠢᠯᠢᠳᠡᠭ᠎ᠢ ᠨᠢ ᠰᠣᠩᠭᠣᠬᠰᠠᠨ 《ᠬᠦᠨᠡᠰᠦᠨ ᠠᠮᠤ》 ᠡᠴᠡ ᠡᠬᠢᠯᠡᠬᠦ ᠬᠡᠷᠡᠭᠲᠡᠢ᠃ ᠪᠦᠳᠦᠭᠦᠯᠢᠭ ᠪᠣᠷᠳᠣᠭᠠᠨ᠎ᠤ ᠳᠣᠲᠣᠷ᠎ᠠ ᠴᠠᠷᠭᠠᠰᠤ ᠨᠢ  《ᠲᠡᠵᠢᠭᠡᠯ ᠡᠪᠡᠰᠦᠨ᠎ᠦ ᠸᠠᠩ》 ᠬᠡᠮᠡᠭᠳᠡᠵᠦ᠂ ᠬᠡᠪᠢᠭᠴᠢ ᠠᠮᠢᠲᠠᠨ᠎ᠤ ᠴᠢᠬᠤᠯᠠ ᠤᠭᠤᠷᠠᠭᠲᠤ ᠪᠣᠷᠳᠣᠭ᠎ᠠ ᠪᠣᠯᠣᠨ᠎ᠠ᠂ ᠡᠰᠢ ᠰᠦᠷᠡᠯ ᠵᠡᠷᠭᠡ ᠪᠤᠰᠤᠳ ᠪᠦᠳᠦᠭᠦᠯᠢᠭ ᠪᠣᠷᠳᠣᠭ᠎ᠠ ᠲᠠᠢ ᠬᠠᠷᠢᠴᠠᠭᠤᠯᠪᠠᠯ᠂ ᠤᠭᠤᠷᠠᠭ᠎ᠤᠨ ᠠᠭᠤᠯᠤᠭᠳᠠᠴᠠ᠎ᠪᠠᠷ ᠥᠨᠳᠥᠷ᠂ ᠰᠢᠷᠬᠡᠭᠯᠢᠭ᠎ᠦᠨ ᠴᠢᠨᠠᠷ᠎ᠢᠶᠠᠷ ᠰᠠᠢᠨ᠂ ᠢᠳᠡᠬᠦ᠎ᠳᠦ ᠲᠣᠬᠢᠷᠠᠮᠵᠢᠲᠠᠢ ᠵᠡᠷᠭᠡ ᠣᠨᠴᠠᠯᠢᠭ᠋᠎ᠲᠠᠢ ᠪᠠᠢᠵᠤ᠂ ᠰᠠᠭᠠᠯᠢ᠎ᠶᠢᠨ ᠦᠨᠢᠶᠡᠨ᠎ᠦ ᠰᠦ ᠢ᠋ᠢᠨ ᠭᠠᠷᠤᠯᠲᠠ᠎ᠶᠢ ᠳᠡᠭᠡᠭᠰᠢᠯᠡᠭᠦᠯᠵᠦ ᠂ ᠰᠦ ᠢ᠋ᠢᠨ ᠴᠢᠨᠠᠷ᠎ᠢ ᠳᠡᠭᠡᠭᠰᠢᠯᠡᠭᠦᠯᠬᠦ᠎ᠳᠦ ᠴᠢᠬᠤᠯᠠ ᠦᠢᠯᠡᠳᠦᠯ᠎ᠲᠠᠢ ᠪᠠᠢᠳᠠᠭ ᠃

ᠣᠯᠠᠨ ᠨᠠᠰᠤᠲᠤ ᠪᠤᠷᠴᠠᠭ᠎ᠤᠨ ᠢᠵᠠᠭᠤᠷ᠎ᠤᠨ ᠡᠪᠡᠰᠦᠯᠢᠭ ᠤᠷᠭᠤᠮᠠᠯ ᠪᠣᠯᠤᠭ᠍ᠰᠠᠨ᠎ᠤ ᠬᠤᠪᠢ᠎ᠳᠤ ᠴᠠᠷᠭᠠᠰᠤ᠎ᠶ᠋ᠢ ᠲᠠᠷᠢᠶᠠᠨ ᠭᠠᠵᠠᠷ᠎ᠤᠨ 《ᠳᠠᠬᠢᠨ ᠤᠷᠭᠤᠬᠤ ᠴᠢᠳᠠᠪᠤᠷᠢᠲᠠᠨ》 ᠭᠡᠵᠦ ᠬᠡᠯᠡᠵᠦ ᠪᠤᠯᠤᠨ᠎ᠠ᠃ ᠤᠳᠠᠭ᠎ᠠ ᠪᠦᠷᠢ ᠭᠠᠵᠠᠷ ᠳᠡᠭᠡᠷᠡᠬᠢ ᠬᠡᠰᠡᠭ᠎ᠢ ᠬᠠᠳᠤᠭ᠍ᠰᠠᠨ᠎ᠤ ᠳᠠᠷᠠᠭ᠎ᠠ᠂ ᠦᠨᠳᠦᠰᠦᠨ᠎ᠦ ᠬᠦᠵᠦᠭᠦᠦ ᠨᠠᠬᠢᠶ᠎ᠠ ᠨᠢ ᠱᠢᠨ᠎ᠡ ᠰᠠᠯᠠᠭ᠎ᠠ ᠭᠠᠷᠴᠤ᠌ ᠤᠷᠭᠤᠳᠠᠭ᠃ ᠵᠣᠬᠢᠰᠲᠠᠶ ᠡᠭᠡᠯᠵᠢᠯᠡᠨ ᠬᠠᠳᠤᠬᠤ ᠵᠠᠭ᠍ᠪᠤᠷ᠎ᠢ ᠬᠡᠷᠡᠭ᠌ᠯᠡᠪᠡᠯ ᠂ ᠲᠡᠷᠡ ᠨᠢ 5 ᠵᠢᠯ᠎ᠦᠨ ᠲᠣᠭ᠍ᠲᠠᠭᠤᠨ ᠡᠯᠪᠡᠭ ᠬᠤᠷᠢᠶᠠᠯᠲᠠ᠎ᠶ᠋ᠢ ᠪᠠᠲᠤᠯᠠᠵᠤ ᠴᠢᠳᠠᠨ᠎ᠠ᠃ ᠡᠢᠮᠦ᠍᠎ᠡᠴᠡ᠂ ᠡᠪᠦᠯᠵᠢᠬᠦ ᠨᠣᠷᠮ᠎ᠠ ᠨᠢ ᠴᠠᠷᠭᠠᠰᠤ᠎ᠶ᠋ᠢᠨ ᠣᠷᠳᠣ ᠬᠤᠭᠤᠴᠠᠭᠠᠨ᠎ᠤ ᠤᠷᠭᠤᠴᠠ ᠪᠠ ᠤᠨᠠᠯᠲᠠ᠎ᠶ᠋ᠢ ᠱᠢᠭᠤᠳ ᠲᠣᠭ᠍ᠲᠠᠭᠠᠳᠠᠭ᠃

ᠢᠯᠢ ᠪᠦᠯᠦᠭ᠌ᠯᠡᠯ᠎ᠦᠨ ᠰᠦ ᠵᠢᠨ ᠬᠠᠩᠭᠠᠯᠭ᠎ᠠ᠎ᠶ᠋ᠢᠨ ᠬᠠᠮᠤᠭ᠎ᠤᠨ ᠶᠡᠬᠡ ᠬᠤᠳᠠᠯᠳᠤᠭᠠᠴᠢᠨ ᠪᠣᠯᠤᠭ᠍ᠰᠠᠨ᠎ᠤ ᠬᠤᠪᠢ᠎ᠳᠤ᠂ ᠶᠢᠦ ᠷᠠᠨ ᠮᠠᠯᠵᠢᠯ᠎ᠤᠨ ᠢ ᠾᠧ ᠯᠢᠤᠢ ᠵᠢᠨ ᠡᠪᠡᠰᠦᠨ᠎ᠦ ᠦᠢᠯᠡᠰ᠎ᠦᠨ ᠰᠠᠭᠤᠷᠢᠨ᠎ᠤ ᠲᠠᠯᠠᠪᠠᠢ ᠨᠢ 5.5 ᠲᠦᠮᠡᠨ ᠮᠦ᠍᠎ᠳᠦ ᠬᠦᠷᠴᠡᠢ᠃ ᠳᠤᠰ ᠰᠠᠭᠤᠷᠢᠨ᠎ᠤ ᠬᠢᠨ ᠪᠡᠶ᠎ᠡ᠎ᠪᠡᠨ ᠳᠠᠭᠠᠭᠠᠵᠤ ᠰᠤᠳᠤᠯᠤᠨ ᠨᠡᠭᠡᠭᠡᠭᠰᠡᠨ 《ᠬᠤᠢ ᠼᠤᠤ ᠶᠦᠨ》 ᠤᠶᠤᠨᠲᠤ ᠬᠠᠮᠢᠶᠠᠷᠤᠯᠲᠠ᠎ᠶ᠋ᠢᠨ ᠱᠢᠰᠲ᠋ᠧᠮ᠎ᠢ ᠬᠡᠷᠡᠭ᠌ᠯᠡᠵᠦ᠂ 《ᠡᠷᠲᠡ — ᠣᠷᠣᠶ — ᠠᠯᠭᠤᠷ + ᠲᠣᠭ᠎ᠠ》 ᠡᠪᠦᠯᠵᠢᠬᠦ᠌ ᠬᠠᠮᠢᠶᠠᠷᠤᠯᠲᠠ᠎ᠶ᠋ᠢᠨ ᠵᠠᠭ᠍ᠪᠤᠷ᠎ᠢ ᠬᠡᠷᠡᠭᠵᠢᠬᠦᠯᠵᠦ᠂ ᠡᠪᠡᠰᠦᠨ᠎ᠦ ᠦᠶ᠋ᠯᠡᠰ᠎ᠦᠨ ᠰᠠᠭᠤᠷᠢᠨ᠎ᠨᠢ 5 ᠵᠢᠯ᠎ᠳᠦ ᠵᠠᠯᠭᠠᠭ᠎ᠠ᠎ᠪᠠᠷ 85% ᠡᠴᠠ ᠳᠡᠭᠡᠭ᠌ᠰᠢᠬᠢ ᠨᠣᠭᠣᠭᠠᠷᠠᠭᠤᠯᠤᠯᠳᠠ ᠵᠢᠨ ᠨᠣᠷᠮ᠎ᠠ᠎ᠶ᠋ᠢ ᠪᠡᠶᠡᠯᠡᠭᠦᠯᠦᠭ᠌ᠰᠡᠨ ᠪᠥᠭᠡᠳ 3 ᠵᠢᠯ ᠳᠠᠷᠠᠭᠠᠯᠠᠨ 90% ᠪᠠᠷ ᠨᠣᠭᠣᠭᠠᠷᠠᠭᠤᠯᠵᠤ᠂ ᠲᠦᠷᠦᠭᠦᠦ ᠴᠠᠷᠭᠠᠰᠤ᠎ᠶ᠋ᠢ ᠳᠠᠷᠤᠱᠢᠭᠤᠯᠬᠤ ᠳᠤᠮᠳᠠᠴᠢ ᠮᠥ᠍ ᠪᠦᠷᠢ᠎ᠶ᠋ᠢᠨ ᠤᠨᠠᠯᠲᠠ᠎ᠨᠢ 500 — 600 ᠺᠢᠯᠣᠭ᠌ᠷᠠᠮ᠎ᠳᠤ ᠬᠥᠷᠪᠡ᠃ ᠪᠥᠬᠥ᠌ ᠵᠢᠯ᠎ᠦᠨ ᠥᠪᠡᠷ ᠵᠢᠡᠨ ᠦᠢᠯᠡᠳᠪᠤᠷᠢᠯᠡᠭᠰᠡᠨ ᠣᠨᠴᠠ ᠱᠢᠯᠢᠳᠡᠭ ᠲᠠᠰ᠎ᠤᠨ ᠴᠠᠷᠭᠠᠰᠤ᠎ᠶ᠋ᠢᠨ ᠡᠵᠡᠯᠡᠬᠦ᠌ ᠬᠠᠷᠢᠴᠠᠯ ᠦᠷᠭᠦᠯᠵᠢᠯᠡᠨ 60% ᠵᠢ ᠳᠠᠪᠠᠪᠠ᠃ ᠤᠯᠤᠰ᠎ᠲᠠᠭᠠᠨ ᠦᠶ᠋ᠯᠡᠳᠪᠦᠷᠢᠯᠡᠭ᠌ᠰᠡᠨ ᠣᠨᠴᠠ ᠱᠢᠯᠢᠳᠡᠭ ᠲᠠᠰ᠎ᠤᠨ ᠴᠠᠷᠭᠠᠰᠤ᠎ᠶ᠋ᠢ ᠣᠯᠠᠨ ᠤᠯᠤᠰ᠎ᠤᠨ ᠲᠡᠷᠢᠭᠦᠨ ᠲᠠᠰ᠎ᠤᠨ ᠬᠢᠷᠢ ᠲᠦᠪᠱᠢᠨ᠎ᠳᠦ ᠬᠦᠷᠭᠡᠬᠦ᠌᠎ᠶ᠋ᠢᠨ ᠬᠠᠮᠲᠤ᠂ ᠤᠯᠤᠰ᠎ᠲᠠᠭᠠᠨ ᠦᠶ᠋ᠯᠡᠳᠪᠦᠷᠢᠯᠡᠭ᠌ᠰᠡᠨ ᠴᠠᠷᠭᠠᠰᠤ᠎ᠶ᠋ᠢ ᠭᠠᠳᠠᠭᠠᠳᠤ᠎ᠠᠴᠠ ᠣᠷᠣᠭᠤᠯᠤᠭ᠍ᠰᠠᠨ ᠴᠠᠷᠭᠠᠰᠤ᠎ᠪᠠᠷ ᠣᠷᠣᠯᠠᠭᠤᠯᠬᠤ᠎ᠶ᠋ᠢ ᠠᠬᠢᠭᠤᠯᠵᠤ᠂ ᠭᠠᠳᠠᠭᠠᠳᠤ᠎ᠠᠴᠠ ᠣᠷᠣᠭᠤᠯᠤᠭ᠍ᠰᠠᠨ ᠴᠠᠷᠭᠠᠰᠤ᠎ᠶ᠋ᠢ ᠲᠦᠱᠢᠭ᠌ᠯᠡᠬᠦ᠌ ᠬᠡᠮᠵᠢᠶ᠎ᠡ᠎ᠶ᠋ᠢ ᠢᠯᠡᠳᠲᠡ ᠪᠠᠭᠤᠷᠠᠭᠤᠯᠪᠠ᠃ ᠡᠬᠦᠨ᠎ᠦ ᠬᠠᠮᠳᠤ 《ᠡᠷᠲᠡ — ᠣᠷᠣᠶ — ᠠᠯᠭᠤᠷ + ᠲᠣᠭ᠎ᠠ》 ᠡᠪᠦᠯᠵᠢᠬᠦ᠌ ᠱᠢᠨ᠎ᠡ ᠬᠠᠮᠢᠶᠠᠷᠤᠯᠲᠠ᠎ᠶ᠋ᠢᠨ ᠵᠠᠭ᠍ᠪᠤᠷ᠎ᠨᠢ ᠳᠤᠮᠳᠠᠳᠤ ᠤᠯᠤᠰ᠎ᠤᠨ ᠮᠠᠯ ᠠᠵᠤ ᠠᠬᠤᠶ᠎ᠶ᠋ᠢᠨ ᠨᠡᠢᠭᠡᠮᠯᠢᠭ᠎ᠦᠨ ᠡᠪᠡᠰᠦᠨ᠎ᠦ ᠦᠶ᠋ᠯᠡᠰ᠎ᠦᠨ ᠬᠤᠪᠢᠶᠠᠷᠢ ᠨᠡᠢᠭᠡᠮᠯᠢᠭ᠎ᠡᠴᠡ ᠨᠠᠢᠷᠠᠭᠤᠯᠤᠨ ᠵᠣᠬᠢᠶᠠᠭ᠍ᠰᠠᠨ 《2025 ᠣᠨ᠎ᠤ ᠡᠪᠡᠰᠦᠨ᠎ᠦ ᠠᠵᠤ ᠦᠶ᠋ᠯᠡᠰ᠎ᠦᠨ ᠱᠢᠨ᠎ᠡ ᠦᠶ᠋ᠯᠡᠳᠬᠦᠨ᠂ ᠱᠢᠨ᠎ᠡ ᠮᠡᠷᠭᠡᠵᠢᠯ᠂ ᠱᠢᠨ᠎ᠡ ᠵᠠᠭ᠍ᠪᠤᠷ᠎ᠤᠨ ᠲᠠᠨᠢᠯᠴᠠᠭᠤᠯᠭ᠎ᠠ᠎ᠶ᠋ᠢᠨ ᠲᠡᠭᠦᠪᠦᠷᠢ》 ᠳ᠋ᠤ ᠰᠤᠩᠭᠤᠭᠳᠠᠵᠠᠢ᠃


[ᠰᠤᠷᠪᠤᠯᠵᠢᠯᠠᠭ᠍ᠴᠢ᠎ᠶ᠋ᠢᠨ ᠡᠪᠤᠷ ᠲᠡᠮᠳᠡᠭ᠌ᠯᠡᠯ]

ᠵᠤᠨ᠎ᠤ ᠡᠬᠢᠨ᠎ᠦ ᠠᠷᠤ ᠬᠣᠷᠴᠢᠨ ᠬᠣᠱᠢᠭᠤᠨ᠎ᠤ ᠴᠠᠷᠭᠠᠰᠤ ᠲᠠᠷᠢᠬᠤ ᠰᠠᠭᠤᠷᠢᠨ᠎ᠳᠦ ᠨᠣᠮᠢᠨ ᠲᠠᠪᠠᠯᠭᠠᠨ ᠬᠠᠶᠠᠯᠠᠵᠤ ᠦᠵᠡᠭᠰᠡᠨ ᠪᠦᠬᠦᠨ ᠤ᠋ ᠬᠠᠷᠠᠭ᠎ᠠ ᠵᠢ ᠪᠠᠶᠠᠰᠬᠠᠨ᠎ᠠ᠃ ᠲᠡᠷᠳᠡᠭᠡ ᠬᠦᠩᠭᠢᠨᠡᠬᠦ  ᠲᠠᠷᠢᠶᠠᠯᠠᠩ᠎ᠤᠨ ᠮᠠᠱᠢᠨ ᠪᠣᠯᠤᠨ ᠶᠠᠭᠠᠷᠠᠯᠲᠠᠢ ᠪᠡᠷ᠎ᠠ ᠰᠡᠭᠦᠳᠡᠷ ᠨᠢ ᠡᠯᠪᠡᠭ ᠬᠤᠷᠢᠶᠠᠯᠲᠠ᠎ᠶ᠋ᠢ ᠵᠢᠷᠤᠭ᠍ᠯᠠᠨ᠎ᠠ᠃ ᠲᠦᠷᠦᠬᠦᠦ ᠴᠠᠷᠭᠠᠰᠤ᠎ᠶ᠋ᠢ ᠬᠠᠳᠤᠵᠤ ᠬᠤᠷᠢᠶᠠᠬᠤ ᠬᠥᠷ ᠬᠥᠭ᠌ᠵᠢᠶᠡᠨᠳᠤ ᠪᠠᠢᠳᠠᠯ᠎ᠨᠢ ᠰᠤᠷᠪᠤᠯᠵᠢᠯᠠᠭ᠍ᠴᠢ᠎ᠳᠤ ᠥᠪᠥᠷ ᠮᠣᠩᠭᠣᠯ᠎ᠤᠨ ᠡᠪᠡᠰᠦᠨ᠎ᠦ ᠠᠵᠤ ᠦᠶ᠋ᠯᠡᠰ᠎ᠦᠨ ᠥᠷᠨᠢᠭᠦᠨ ᠪᠠᠳᠠᠷᠠᠩᠭᠤᠶ ᠠᠮᠢᠵᠢᠷᠠᠯ᠎ᠤᠨ ᠬᠦᠴᠦᠨ᠎ᠢ ᠦᠨᠡᠨ ᠬᠦ᠌ ᠮᠡᠳᠡᠷᠡᠭᠦᠯᠵᠦ᠍᠂ 《ᠠᠶᠠᠭ᠎ᠠ ᠰᠦ》 ᠵᠢᠨ 《ᠰᠢᠷᠭᠡᠭ ᠡᠪᠡᠰᠦ》 ᠡᠴᠠ ᠡᠬᠢᠯᠡᠭ᠌ᠰᠡᠨ ᠤᠷᠠᠨ ᠳᠠᠷᠬᠠᠨ᠎ᠤ ᠵᠣᠷᠢᠭ ᠰᠠᠨᠠᠭ᠎ᠠ ᠪᠠ ᠪᠠᠲᠤ ᠪᠠᠷᠢᠮᠳᠠᠯᠠᠯ ᠢ᠋ ᠣᠢᠯᠠᠭᠠᠭᠤᠯᠪᠠ᠃

ᠲᠠᠷᠢᠶᠠᠨ ᠭᠠᠵᠠᠷ ᠤ᠋ᠨ ᠬᠠᠳᠤᠵᠤ ᠬᠤᠷᠢᠶᠠᠬᠤ᠎ᠠᠴᠠ ᠡᠳ᠋ᠱᠢᠭᠦᠯᠦᠨ ᠬᠠᠳᠠᠭᠠᠯᠠᠬᠤ ᠬᠦᠷᠲᠡᠯ᠎ᠡ᠂ ᠣᠶᠤᠨᠳᠤ ᠤᠰᠤᠯᠠᠯᠳᠠ᠎ᠠᠴᠠ ᠡᠪᠦᠯᠵᠢᠬᠦ᠌ ᠬᠠᠮᠢᠶᠠᠷᠤᠯᠲᠠ ᠬᠦᠷᠲᠡᠯ᠎ᠡ᠂ ᠡᠨᠡ ᠬᠡᠰᠡᠭ ᠲᠠᠷᠢᠶᠠᠨ ᠭᠠᠵᠠᠷ ᠠᠯᠢ ᠡᠷᠲᠡ ᠤᠯᠠᠮᠵᠢᠯᠠᠯᠲᠤ ᠲᠠᠷᠢᠶᠠᠯᠠᠡᠭ ᠤ᠋ᠨ ᠬᠠᠭᠤᠴᠢᠨ ᠳᠦᠷᠰᠦ ᠪᠠᠢᠳᠠᠯ᠎ᠠᠴᠠ᠎ᠪᠠᠨ ᠠᠡᠭᠵᠢᠷᠠᠪᠠ᠃ ᠤᠶᠤᠨᠲᠤ ᠲᠠᠷᠢᠶᠠᠯᠠᠩ᠎ᠤᠨ ᠮᠠᠱᠢᠨ ᠵᠢᠷᠤᠮᠵᠢᠯ ᠳᠠᠢ ᠠᠵᠢᠯᠯᠠᠵᠤ᠂ ᠲᠡᠵᠢᠭᠡᠯ ᠪᠤᠷᠳᠤᠭ᠎ᠠ ᠵᠢᠨ ᠴᠢᠨᠠᠷ ᠴᠢᠨᠰᠠᠭ᠎ᠠ᠎ᠶ᠋ᠢ ᠪᠠᠳᠤᠯᠠᠨ᠎ᠠ;《ᠬᠤᠢ ᠼᠤᠤ ᠶᠦᠨ》 ᠱᠢᠰᠲ᠋ᠧᠮ ᠨᠢ ᠠᠯᠤᠰ ᠡᠵᠡᠮᠳᠡᠯ ᠵᠢᠡᠷ ᠤᠰᠤ ᠪᠣᠷᠲᠣᠭᠣᠷ᠎ᠤᠨ ᠬᠠᠮᠢᠶᠠᠷᠤᠯᠲᠠ᠎ᠶ᠋ᠢ ᠨᠠᠷᠢᠯᠢᠭ ᠣᠨᠣᠪᠴᠢᠲᠠᠶ ᠥᠨᠳᠥᠷ ᠪᠦᠲᠦᠮᠵᠢᠲᠡᠶ ᠪᠣᠯᠭᠠᠪᠠ; ᠥᠪᠡᠷᠮᠢᠴᠡ ᠣᠨᠴᠠᠯᠢᠭ᠎ᠲᠠᠶ ᠡᠪᠦᠯᠵᠢᠬᠦ᠌ ᠬᠠᠮᠢᠶᠠᠷᠤᠯᠲᠠ᠎ᠶ᠋ᠢᠨ ᠵᠠᠭ᠍ᠪᠤᠷ ᠪᠣᠯᠤᠨ ᠪᠠᠷᠢᠮᠵᠢᠶᠠᠵᠢᠭ᠍ᠰᠠᠨ ᠲᠠᠷᠢᠮᠠᠯ᠎ᠤᠨ ᠱᠢᠰᠲᠸᠮ ᠨᠢ ᠴᠠᠷᠭᠠᠰᠤ᠎ᠶ᠋ᠢᠨ ᠡᠪᠦᠯᠵᠢᠬᠦ᠌᠂ ᠲᠣᠭ᠍ᠲᠠᠭᠤᠨ᠎ᠢᠶᠠᠷ ᠤᠨᠠᠯᠳᠠ ᠪᠠᠨ ᠨᠡᠮᠡᠬᠳᠡᠬᠦᠯᠬᠦ ᠠᠵᠢᠯ ᠲᠦᠷᠦᠯ᠎ᠦᠨ ᠬᠦᠴᠢᠷ ᠠᠰᠠᠭᠤᠳᠠᠯ᠎ᠢ ᠱᠢᠢᠳᠪᠦᠷᠢᠯᠡᠪᠡ᠃ ᠨᠠᠷᠢᠨ ᠵᠦᠶ᠋ᠯᠡᠰ ᠨᠢᠭᠡᠪᠦᠷᠢ ᠨᠢ ᠴᠥᠮ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠡᠴᠡ ᠲᠠᠷᠢᠶᠠᠯᠠᠩ ᠮᠠᠯ ᠠᠵᠤ ᠠᠬᠤᠶ᠎ᠳᠤ ᠬᠦᠴᠦᠨ ᠣᠯᠭᠣᠭ᠍ᠰᠠᠨ ᠠᠮᠢᠳᠤᠯᠢᠭ ᠦᠶ᠋ᠯᠡᠳᠦᠯᠭᠡ ᠮᠥᠨ᠃

ᠵᠢᠵᠢᠭ ᠴᠠᠷᠭᠠᠰᠤ᠎ᠨᠢ ᠳᠠᠷᠢᠵᠤ ᠤᠷᠭᠤᠭᠤᠯᠬᠤ᠂ ᠲᠡᠵᠢᠭᠡᠨ ᠦᠷᠡᠵᠢᠭᠦᠯᠬᠦ᠌᠂ ᠦᠢᠯᠡᠳᠪᠤᠷᠢᠯᠡᠨ ᠡᠳ᠋ᠱᠢᠭᠦᠯᠬᠦ᠌ ᠪᠥᠬᠥ᠌ ᠠᠵᠤ ᠦᠶ᠋ᠯᠡᠰ᠎ᠦᠨ ᠬᠡᠯᠬᠢᠶ᠎ᠡ᠎ᠶ᠋ᠢ ᠬᠣᠯᠪᠣᠵᠤ᠂ ᠮᠠᠯᠴᠢᠨ ᠲᠠᠷᠢᠶᠠᠴᠢᠨ ᠡᠷᠦᠬᠡ ᠳ᠋ᠤ ᠡᠯᠪᠡᠭ ᠬᠤᠷᠢᠶᠠᠯᠲᠠ᠎ᠶ᠋ᠢᠨ ᠪᠠᠶᠠᠷ ᠪᠠᠶᠠᠰᠤᠯ᠎ᠢ ᠤᠯᠭᠤᠬᠰᠠᠨ᠎ᠢᠶᠠᠷ ᠪᠠᠷᠠᠬᠤ ᠥᠬᠡᠶ᠂ ᠰᠦ ᠵᠢᠨ ᠦᠶ᠋ᠯᠡᠰ᠎ᠦᠨ ᠥᠪᠡᠷ᠎ᠦᠨ ᠥᠷᠲᠡᠭ᠎ᠢ ᠪᠠᠭᠤᠷᠠᠭᠤᠯᠤᠨ ᠦᠷ᠎ᠡ ᠠᠱᠢᠭ᠎ᠢ ᠨᠡᠮᠡᠭ᠌ᠳᠡᠭᠦᠯᠬᠦ᠌᠎ᠳᠦ ᠰᠢᠮ᠎ᠡ ᠰᠠᠢᠳᠠᠢ ᠲᠡᠵᠢᠬᠡᠯ ᠪᠣᠷᠳᠣᠭᠠᠨ᠎ᠤ ᠰᠠᠭᠤᠷᠢ᠎ᠶ᠋ᠢ ᠪᠡᠬᠢᠵᠢᠭᠦᠯᠵᠡᠢ᠃ ᠡᠳᠦᠭᠡ ᠪᠠᠷᠢᠮᠵᠢᠶᠠᠵᠢᠭ᠍ᠰᠠᠨ᠂ ᠤᠶᠤᠨᠴᠢᠯᠠᠬ᠍ᠰᠠᠨ᠂ ᠨᠠᠷᠢᠯᠢᠭ᠍ᠵᠢᠭᠤᠯᠤᠭ᠍ᠰᠠᠨ ᠲᠠᠷᠢᠮᠠᠯ᠎ᠤᠨ ᠣᠢᠯᠠᠭᠠᠭ᠍ᠳᠠᠬᠤᠨ ᠢ᠋ ᠪᠣᠳᠠᠲᠠᠢ᠎ᠳᠤ ᠨᠠᠢᠳᠠᠪᠤᠷᠢᠵᠢᠭᠤᠯᠵᠦ᠂ ᠤᠯᠠᠮᠵᠢᠯᠠᠯᠲᠤ ᠡᠪᠡᠰᠦᠨ᠎ᠦ ᠠᠵᠤ ᠦᠢᠯᠡᠰ ᠲᠠᠰᠤᠷᠠᠯᠲᠠ ᠦᠭᠡᠢ ᠬᠡᠯᠪᠡᠷᠢ᠎ᠪᠡᠨ ᠬᠤᠪᠢᠷᠠᠭᠤᠯᠤᠨ ᠲᠡᠰ ᠳᠡᠪᠱᠢᠪᠡ᠃ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠭᠦᠬᠵᠢᠯᠳᠠ ᠪᠠ ᠵᠠᠭ᠍ᠪᠤᠷ᠎ᠤᠨ ᠱᠢᠨᠡᠴᠢᠯᠡᠯᠳᠠ ᠵᠢ ᠲᠠᠭᠠᠯᠳᠤᠨ᠂ ᠡᠨᠡ ᠬᠦ᠌ ᠨᠤᠮᠢᠨ ᠨᠣᠭᠣᠭᠠᠨ ᠡᠪᠡᠰᠦ ᠪᠡᠯᠴᠢᠭᠡᠷ ᠨᠢ ᠦᠷᠭᠦᠯᠵᠢᠯᠡᠨ ᠳᠠᠯᠳᠠ ᠬᠦᠴᠦᠨ᠎ᠵᠢᠡᠨ ᠪᠠᠳᠠᠷᠠᠭᠤᠯᠵᠤ᠂ ᠡᠪᠡᠰᠦᠨ᠎ᠦ ᠦᠶ᠋ᠯᠡᠰ᠎ᠢᠶᠡᠷ ᠰᠦ ᠵᠢᠨ ᠦᠶ᠋ᠯᠡᠰ᠎ᠢ ᠬᠥᠭ᠌ᠵᠢᠭᠦᠯᠦᠨ ᠮᠠᠨᠳᠤᠭᠤᠯᠬᠤ᠎ᠳᠤ ᠬᠦᠴᠦᠨ ᠨᠡᠮᠡᠷᠢᠯᠡᠵᠦ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号