《ᠵᠤᠬᠢᠶᠠᠮᠠᠯ ᠤᠶᠤᠨ ᠴᠢᠳᠠᠪᠤᠷᠢ +》᠄ ᠮᠠᠯ ᠠᠵᠤ ᠠᠬᠤᠢ ᠲᠠᠷᠢᠶᠠᠯᠠᠡᠭ ᠤ᠋ᠨ ᠤᠳᠤᠬᠢᠴᠢᠯᠠᠯᠳᠠ ᠳ᠋ᠤ ᠬᠦᠴᠦᠳᠤ ᠡᠨ᠋ᠸᠷᠬᠢ ᠤᠯᠭᠤᠪᠠ
2026-06-26 11:01:02
ᠵᠣᠬᠢᠶᠠᠭ᠍ᠴᠢ᠄
ᠼᠠᠢ ᠬᠤᠡᠭ
ᠣᠩᠱᠢᠭ᠍ᠰᠠᠨ ᠣᠳᠠᠭ᠎ᠠ᠄
★★★☆☆

ᠤᠢᠷ᠎ᠠ ᠶ᠋ᠢᠨ ᠵᠢᠯ ᠳ᠋ᠤ 《ᠵᠤᠬᠢᠶᠠᠮᠠᠯ ᠤᠶᠤᠨ ᠴᠢᠳᠠᠪᠤᠷᠢ +》 ᠨᠢ ᠦᠪᠦᠷ ᠮᠤᠩᠭᠤᠯ ᠤ᠋ᠨ ᠮᠠᠯ ᠠᠵᠤ ᠠᠬᠤᠢ ᠲᠠᠷᠢᠶᠠᠯᠠᠩ ᠤ᠋ᠨ ᠬᠠᠮᠢᠶᠠᠷᠤᠯᠳᠠ ᠶ᠋ᠢᠨ ᠠᠷᠭ᠎ᠠ ᠬᠡᠯᠪᠡᠷᠢ᠂ ᠡᠵᠡᠩᠨᠡᠯᠳᠠ ᠶ᠋ᠢᠨ ᠬᠡᠪ ᠵᠠᠭᠪᠤᠷ ᠬᠢᠭᠡᠳ ᠠᠵᠤ ᠦᠢᠯᠡᠰ ᠤ᠋ᠨ ᠪᠦᠲᠦᠴᠡ ᠶ᠋ᠢ ᠲᠠᠰᠤᠷᠠᠯᠳᠠ ᠦᠭᠡᠢ ᠰᠢᠨᠡᠴᠢᠯᠡᠨ᠂ ᠮᠠᠯ ᠠᠵᠤ ᠠᠬᠤᠢ ᠲᠠᠷᠢᠶᠠᠯᠠᠩ ᠤ᠋ᠨ ᠦᠢᠯᠡᠳᠪᠤᠷᠢᠯᠡᠯ ᠢ᠋ ᠨᠡᠩ ᠨᠠᠷᠢᠨ ᠤᠨᠤᠴᠠᠳᠠᠢ᠂ ᠨᠡᠩ ᠤᠶᠤᠨᠴᠢᠯᠠᠭᠰᠠᠨ᠂ ᠨᠡᠩ ᠦᠨᠳᠦᠷ ᠪᠦᠲᠦᠮᠵᠢᠳᠠᠢ ᠪᠤᠯᠭᠠᠨ᠂ ᠤᠯᠤᠰ ᠤ᠋ᠨ ᠴᠢᠬᠤᠯᠠ ᠮᠠᠯ ᠤ᠋ᠨ ᠠᠰᠢᠭ ᠰᠢᠮ᠎ᠠ ᠲᠠᠷᠢᠶᠠᠯᠠᠡᠭ ᠤ᠋ᠨ ᠪᠦᠲᠦᠭᠡᠭᠳᠡᠭᠦᠨ ᠤ᠋ ᠦᠢᠯᠡᠳᠪᠦᠷᠢᠯᠡᠯ ᠤ᠋ᠨ ᠰᠠᠭᠤᠷᠢᠨ ᠢ᠋ ᠪᠦᠲᠦᠭᠡᠨ ᠪᠠᠢᠭᠤᠯᠬᠤ ᠳ᠋ᠦ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠬᠦᠴᠦᠨ ᠨᠡᠮᠡᠷᠢᠯᠡᠵᠤ᠂ ᠮᠠᠯ ᠠᠵᠤ ᠠᠬᠤᠢ ᠲᠠᠷᠢᠶᠠᠯᠠᠡᠭ ᠤ᠋ᠨ ᠤᠳᠤᠬᠢᠴᠢᠯᠠᠯᠳᠠ ᠳ᠋ᠤ ᠬᠦᠴᠦᠳᠤ ᠡᠨ᠋ᠸᠷᠬᠢ ᠤᠯᠭᠤᠪᠠ᠃

  

ᠵᠤᠬᠢᠶᠠᠮᠠᠯ ᠤᠶᠤᠨ ᠴᠢᠳᠠᠪᠤᠷᠢ + ᠡᠭᠦᠯᠳᠡᠷ ᠪᠤᠢᠵᠢᠭᠤᠯᠬᠤ

ᠦᠪᠦᠷ ᠮᠤᠡᠭᠭᠤᠯ ᠤ᠋ᠨ ᠹᠦ ᠴᠤᠸᠠᠨ ᠲᠡᠵᠢᠭᠡᠨ ᠦᠷᠡᠵᠢᠭᠦᠯᠬᠦ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠬᠢᠵᠠᠭᠠᠷᠲᠤ ᠺᠤᠮᠫᠠᠨᠢ ᠶ᠋ᠢᠨ ᠲᠡᠵᠢᠭᠡᠨ ᠦᠷᠡᠵᠢᠭᠦᠯᠬᠦ ᠰᠠᠭᠤᠷᠢᠨ ᠳ᠋ᠤ 3D ᠬᠠᠷᠠᠭᠠᠨ ᠰᠠᠷᠠᠯ ᠤ᠋ᠨ ᠮᠡᠷᠭᠡᠵᠢᠯ ᠬᠢᠭᠡᠳ ᠤᠶᠤᠨᠳᠤ ᠪᠤᠳᠤᠯᠲᠠ ᠶ᠋ᠢᠨ ᠠᠷᠭ᠎ᠠ ᠶ᠋ᠢ ᠨᠡᠢᠳᠭᠡᠭᠰᠡᠨ ᠮᠢᠬᠠᠨ ᠤ᠋ ᠬᠤᠨᠢ ᠵᠢᠨ ᠪᠡᠶ᠎ᠡ ᠪᠢᠯᠳᠡᠷ ᠢ᠋ ᠬᠡᠮᠵᠢᠬᠦ ᠰᠢᠰᠲᠸᠮ ᠨᠢ ᠤᠯᠠᠮᠵᠢᠯᠠᠯᠳᠦ 《ᠨᠢᠳᠦ ᠪᠡᠷ ᠦᠵᠡᠵᠤ ᠭᠠᠷ ᠶ᠋ᠢᠡᠷ ᠪᠠᠷᠢᠵᠤ》 ᠪᠠᠷᠤᠭᠴᠠᠭᠠᠯᠠᠨ ᠳᠤᠭᠳᠠᠭᠠᠬᠤ ᠠᠷᠭ᠎ᠠ ᠲᠠᠢ ᠬᠠᠷᠢᠴᠠᠭᠤᠯᠪᠠᠯ ᠲᠤᠭ᠎ᠠ ᠪᠠᠷᠢᠮᠳᠠ ᠶ᠋ᠢ ᠶᠤᠰᠤᠳᠠᠢ ᠨᠠᠷᠢᠨ ᠤᠨᠤᠴᠠᠳᠠᠢ ᠪᠤᠯᠭᠠᠵᠤ᠂ ᠮᠢᠬᠠᠨ ᠤ᠋ ᠬᠤᠨᠢ ᠵᠢᠨ ᠡᠭᠦᠯᠳᠡᠷ ᠪᠤᠢᠵᠢᠭᠤᠯᠬᠤ ᠠᠵᠢᠯ ᠳ᠋ᠤ ᠰᠢᠨ᠎ᠠ ᠬᠦᠳᠡᠯᠭᠡᠬᠦ ᠡᠨᠧᠷᠬᠢ ᠨᠡᠮᠡᠷᠢᠯᠡᠵᠠᠢ᠃

ᠡᠨᠡ ᠬᠦ᠌ ᠰᠢᠰᠲ᠋ᠧᠮ ᠨᠢ ᠬᠤᠨᠢ ᠶ᠋ᠢ ᠦᠷᠭᠦᠭᠡᠵᠦ ᠪᠠᠷᠢᠬᠤ ᠴᠢᠬᠤᠯᠠ ᠦᠭᠡᠢ ᠪᠡᠷ᠂ 3D ᠬᠡᠷᠡᠯ ᠵᠢᠷᠤᠭ ᠤ᠋ᠨ ᠮᠠᠰᠢᠨ᠂ ᠯᠠᠶ᠋ᠢᠰᠧᠷ ᠮᠡᠷᠭᠡᠵᠢᠯ ᠪᠠ ᠬᠤᠤᠰ ᠳᠤᠷᠠᠨᠳᠤ ᠳᠦᠷᠰᠦ ᠰᠢᠡᠭᠭᠡᠭᠡᠯᠲᠡ ᠪᠡᠷ ᠮᠢᠬᠠᠨ ᠤ᠋ ᠬᠤᠨᠢ ᠵᠢᠨ ᠪᠤᠰᠤᠭ᠎ᠠ ᠴᠤᠭᠴᠠᠲᠤ ᠳᠦᠷᠢ ᠪᠠᠢᠳᠠᠯ ᠢ᠋ ᠳᠠᠬᠢᠨ ᠱᠤᠭᠤᠬᠤ ᠪᠡᠷ ᠳᠠᠮᠵᠢᠨ ᠮᠢᠬᠠᠨ ᠤ᠋ ᠬᠤᠨᠢ ᠵᠢᠨ ᠪᠡᠶ᠎ᠠ ᠪᠢᠯᠳᠡᠷ ᠤ᠋ᠨ ᠲᠤᠭ᠎ᠠ ᠪᠠᠷᠢᠮᠳᠠ ᠶ᠋ᠢ ᠳᠤᠭᠳᠠᠭᠠᠵᠤ᠂ ᠪᠦᠬᠦ ᠲᠤᠭ᠎ᠠ ᠪᠠᠷᠢᠮᠳᠠ ᠨᠢ SheepLink ᠲᠤᠭᠠᠴᠢᠯᠠᠭᠰᠠᠨ ᠡᠭᠦᠯᠳᠡᠷ ᠪᠤᠢᠵᠢᠭᠤᠯᠬᠤ ᠰᠢᠰᠲᠸᠮ ᠲᠠᠢ ᠠᠦ᠋ᠲ᠋ᠣ᠋ ᠪᠠᠷ ᠬᠤᠯᠪᠤᠭᠳᠠᠨ᠂ ᠰᠢᠯᠢᠳᠡᠭ ᠡᠭᠦᠯᠳᠡᠷ ᠤ᠋ᠨ ᠬᠤᠴᠠ ᠵᠢ ᠰᠢᠯᠢᠨ ᠰᠤᠡᠭᠭᠤᠬᠤ ᠳ᠋ᠤ ᠨᠠᠷᠢᠨ ᠤᠨᠤᠴᠠᠳᠠᠢ ᠲᠤᠭ᠎ᠠ ᠪᠠᠷᠢᠮᠳᠠ ᠶ᠋ᠢᠨ ᠲᠤᠯᠭᠠᠭᠤᠷᠢᠯᠠᠯ ᠬᠠᠩᠭᠠᠪᠠ᠃


89613ee8-696c-4ada-9afa-c7a126712357.png


2025 ᠤᠨ ᠤ᠋ 2 ᠰᠠᠷ᠎ᠠ ᠳ᠋ᠦ᠂ ᠮᠠᠨ ᠤ᠋ ᠤᠷᠤᠨ ᠤ᠋ ᠡᠷᠳᠡᠮᠳᠡᠳ ᠤ᠋ᠨ ᠰᠤᠳᠤᠯᠵᠤ ᠭᠠᠷᠭᠠᠭᠰᠠᠨ ᠪᠦᠬᠦ ᠤᠯᠤᠰ ᠤ᠋ᠨ ᠠᠩᠬᠠᠳᠠᠭᠴᠢ ᠪᠡᠶ᠎ᠡ ᠪᠠᠨ ᠳᠠᠭᠠᠭᠠᠭᠰᠠᠨ ᠮᠡᠳᠡᠯᠭᠡ ᠶ᠋ᠢᠨ ᠦᠮᠴᠢᠯᠡᠯ ᠤ᠋ᠨ ᠡᠷᠭᠡ ᠪᠦᠬᠦᠢ ᠮᠤᠩᠭᠤᠯ ᠦᠬᠡᠷ ᠤ᠋ᠨ 10K ᠶ᠋ᠢᠨ ᠰᠢᠡᠭᠭᠡᠨ ᠲᠦᠯᠦᠪᠲᠦ ᠡᠭᠦᠯᠳᠡᠷ ᠪᠤᠢᠵᠢᠭᠤᠯᠬᠤ ᠴᠢᠫ — 《ᠰᠢᠶᠠᠡᠭ ᠨᠢᠦ 1 ᠳ᠋ᠤᠭᠡᠷ ᠨᠤᠮᠸᠷᠲᠦ》 ᠵᠠᠬ᠎ᠠ ᠳᠡᠯᠭᠡᠭᠦᠷ ᠲᠤ᠌ ᠭᠠᠷᠴᠤ᠂ ᠮᠤᠩᠭᠤᠯ ᠦᠭᠡᠷ ᠤ᠋ᠨ ᠤᠳᠤᠮᠯᠠᠯ ᠤ᠋ᠨ ᠡᠬᠢ ᠪᠠᠶᠠᠯᠢᠭ ᠢ᠋ ᠬᠠᠮᠠᠭᠠᠯᠠᠬᠤ ᠪᠠ ᠦᠪᠡᠷᠮᠢᠴᠡ ᠴᠢᠨᠠᠷᠳᠠᠢ ᠪᠡᠷ ᠰᠤᠩᠭᠤᠨ ᠬᠡᠭᠡᠯᠳᠦᠭᠦᠯᠬᠦ ᠶ᠋ᠢ ᠠᠬᠢᠭᠤᠯᠤᠨ᠂ ᠪᠦᠬᠦᠯᠢ ᠴᠤᠭᠴᠠ ᠶ᠋ᠢᠨ ᠴᠢᠳᠠᠮᠵᠢ ᠨᠢ ᠳᠡᠯᠡᠬᠡᠢ ᠶ᠋ᠢᠨ ᠭᠤᠤᠯᠯᠠᠬᠤ ᠲᠦᠪᠰᠢᠨ ᠳ᠋ᠤ ᠬᠦᠷᠴᠠᠢ᠃

2025 ᠤᠨ ᠤ᠋ 3 ᠰᠠᠷ᠎ᠠ ᠳ᠋ᠦ᠂ ᠦᠪᠦᠷ ᠮᠤᠡᠭᠭᠤᠯ ᠤ᠋ᠨ ᠵᠢᠶᠠ ᠢᠦᠢ ᠦᠷ᠎ᠡ ᠶ᠋ᠢᠨ ᠦᠢᠯᠡᠰ ᠤ᠋ᠨ ᠪᠦᠯᠦᠭᠯᠡᠯ 《ᠮᠸᠡᠭ ᠰᠢᠨ》 ᠠᠵᠢᠷᠭᠠᠨ ᠭᠠᠬᠠᠢ ᠶ᠋ᠢᠨ ᠡᠭᠦᠯᠳᠡᠷ ᠪᠤᠢᠵᠢᠭᠤᠯᠬᠤ ᠴᠢᠫ ᠢ᠋ ᠠᠡᠭᠬ᠎ᠠ ᠲᠠᠷᠬᠠᠭᠠᠪᠠ᠃ ᠲᠤᠰ ᠴᠢᠫ ᠨᠢ ᠠᠵᠢᠷᠭᠠᠨ ᠭᠠᠬᠠᠢ ᠵᠢ ᠰᠤᠡᠭᠭᠤᠨ ᠪᠤᠢᠵᠢᠭᠤᠯᠬᠤ ᠦᠶᠡᠯᠡᠯ ᠤ᠋ᠨ ᠬᠤᠭᠤᠴᠠᠭ᠎ᠠ ᠵᠢ ᠪᠤᠭᠤᠨᠢᠰᠬᠠᠨ᠂ ᠦᠪᠡᠷ ᠤ᠋ᠨ ᠦᠷᠳᠡᠭ ᠢ᠋ 50% ᠪᠡᠷ ᠪᠠᠭᠤᠷᠠᠭᠤᠯᠬᠤ ᠶ᠋ᠢᠨ ᠬᠠᠮᠳᠤ ᠭᠠᠬᠠᠢ ᠶ᠋ᠢᠨ ᠳᠤᠷᠤᠢ ᠶ᠋ᠢᠨ ᠦᠰᠦᠯᠳᠡ ᠶ᠋ᠢ AI ᠪᠡᠷ ᠤᠷᠢᠳᠴᠢᠯᠡᠨ ᠲᠦᠰᠦᠭᠡᠯᠡᠵᠦ᠂ ᠭᠤᠤᠯᠯᠠᠬᠤ ᠲᠤᠭ᠎ᠠ ᠪᠠᠷᠢᠮᠳᠠ ᠨᠢ ᠤᠯᠤᠰ ᠤ᠋ᠨ ᠲᠡᠷᠢᠭᠦᠨ ᠤ᠋ ᠲᠦᠪᠰᠢᠨ ᠳ᠋ᠦ ᠬᠦᠷᠴᠦ᠂ ᠪᠦᠬᠦᠢᠯᠠ ᠠᠵᠤ ᠦᠢᠯᠡᠰ ᠤ᠋ᠨ ᠦᠷᠢᠰᠦᠯᠳᠦᠬᠦ ᠬᠦᠴᠦᠨ ᠢ᠋ ᠳᠡᠭᠡᠭᠰᠢᠯᠡᠭᠦᠯᠪᠡ ᠁

ᠡᠬᠦᠯᠳᠡᠷ ᠤ᠋ᠨ ᠡᠬᠢ ᠪᠠᠶᠠᠯᠢᠭ ᠪᠤᠯ ᠮᠠᠯ ᠠᠵᠤ ᠠᠬᠤᠢ ᠲᠠᠷᠢᠶᠠᠯᠠᠡᠭ ᠤ᠋ᠨ 《ᠰᠦᠭ ᠰᠦᠨᠡᠰᠦ》 ᠶᠤᠮ᠃ ᠵᠤᠬᠢᠶᠠᠮᠠᠯ ᠤᠶᠤᠨ ᠴᠢᠳᠠᠪᠤᠷᠢ ᠶ᠋ᠢᠨ ᠮᠡᠷᠭᠡᠵᠢᠯ ᠤ᠋ᠨ ᠡᠭᠦᠯᠳᠡᠷ ᠪᠤᠢᠵᠢᠭᠤᠯᠬᠤ ᠦᠢᠯᠡᠰ ᠲᠡᠬᠢ ᠬᠡᠷᠡᠭᠯᠡᠯᠳᠡ ᠨᠢ ᠡᠳᠦᠭᠡ ᠨᠢᠭᠡᠨᠳᠡ ᠤᠯᠤᠰ ᠤ᠋ᠨ ᠠᠮᠤ ᠪᠤᠳᠠᠭᠠᠨ ᠤ᠋ ᠠᠮᠤᠷ ᠲᠦᠪᠰᠢᠨ ᠢ᠋ ᠪᠠᠲᠤᠯᠠᠬᠤ ᠠᠯᠤᠰ ᠬᠡᠳᠦ ᠶ᠋ᠢᠨ ᠠᠴᠢ ᠬᠤᠯᠪᠤᠭᠳᠠᠯ ᠪᠦᠬᠦᠢ ᠶᠠᠪᠤᠳᠠᠯ ᠪᠤᠯᠵᠠᠢ᠃ ᠮᠠᠨ ᠤ᠋ ᠤᠷᠤᠨ ᠤᠳᠤ ᠶ᠋ᠢᠨ ᠪᠠᠢᠭ᠎ᠠ 8 ᠲᠦᠮᠡᠨ ᠬᠤᠪᠢ ᠲᠠᠷᠢᠮᠠᠯ᠂ 15.7 ᠲᠦᠮᠡᠨ ᠬᠤᠪᠢ ᠮᠠᠯ ᠵᠢᠭᠦᠷᠲᠡᠨ ᠤ᠋ ᠤᠳᠤᠮᠯᠠᠯ ᠤ᠋ᠨ ᠮᠠᠲᠸᠷᠢᠶᠠᠯ ᠤ᠋ᠨ ᠲᠤᠭᠠᠴᠢᠯᠠᠭᠰᠠᠨ ᠳᠠᠡᠭᠰᠠ ᠡᠪᠬᠡᠮᠡᠯ ᠢ᠋ ᠪᠠᠢᠭᠤᠯᠵᠤ᠂ ᠵᠤᠬᠢᠶᠠᠮᠠᠯ ᠤᠶᠤᠨ ᠴᠢᠳᠠᠪᠤᠷᠢ ᠶ᠋ᠢᠨ ᠮᠡᠷᠭᠡᠵᠢᠯ ᠢ᠋ ᠠᠰᠢᠭᠯᠠᠨ ᠰᠢᠯᠢᠳᠡᠭ ᠭᠸᠨ ᠢ᠋ ᠠᠭᠤᠳᠠᠯᠵᠤ ᠢᠯᠡᠷᠡᠭᠦᠯᠦᠨ᠂ ᠰᠢᠯᠢᠳᠡᠭ ᠰᠠᠢᠨ ᠡᠬᠦᠯᠳᠡᠷ ᠢ᠋ ᠰᠤᠩᠭᠤᠨ ᠪᠤᠢᠵᠢᠭᠤᠯᠬᠤ ᠦᠶᠡᠯᠡᠯ ᠤ᠋ᠨ ᠬᠤᠭᠤᠴᠠᠭ᠎ᠠ ᠵᠢ 30% — 50% ᠪᠡᠷ ᠪᠤᠭᠤᠨᠢᠰᠬᠠᠬᠤ ᠪᠡᠷ ᠲᠦᠯᠦᠪᠯᠡᠵᠦ ᠪᠠᠢᠨ᠎ᠠ᠃


ᠵᠤᠬᠢᠶᠠᠮᠠᠯ ᠤᠶᠤᠨ ᠴᠢᠳᠠᠪᠤᠷᠢ + ᠲᠠᠷᠢᠶ᠎ᠠ ᠲᠠᠷᠢᠬᠤ

ᠬᠠᠪᠤᠷ ᠤ᠋ᠨ ᠲᠠᠷᠢᠶᠠᠯᠠᠭ᠎ᠠ ᠶ᠋ᠢᠨ ᠦᠶ᠎ᠡ ᠪᠡᠷ ᠬᠦᠯᠦᠨ ᠪᠤᠢᠷ ᠤ᠋ᠨ ᠠᠲᠠᠷ ᠬᠠᠭᠠᠯᠪᠤᠷᠢᠯᠠᠯᠲᠠ ᠶ᠋ᠢᠨ ᠪᠦᠯᠦᠭᠯᠡᠯ ᠤ᠋ᠨ ᠰᠤ᠌ ᠴᠢᠨ ᠲᠠᠷᠢᠶᠠᠯᠠᠩ ᠮᠠᠯᠵᠢᠯ ᠤ᠋ᠨ ᠲᠠᠯᠠᠪᠠᠢ ᠶ᠋ᠢᠨ ᠲᠠᠷᠢᠶᠠᠨ ᠭᠠᠵᠠᠷ ᠲᠦ᠍ 《ᠲᠤᠬᠢᠭᠤᠷ ᠳᠤᠯᠤᠭᠠᠨ ᠤᠳᠤ》 ᠵᠠᠮᠴᠢᠯᠠᠭᠤᠷ ᠰᠢᠰᠲᠸᠮ ᠢ᠋ ᠤᠭᠰᠠᠷᠠᠭᠰᠠᠨ ᠲᠠᠷᠢᠶᠠᠯᠠᠡᠭ ᠤ᠋ᠨ ᠮᠠᠰᠢᠨ ᠭᠠᠵᠠᠷ ᠲᠠᠷᠢᠶ᠎ᠠ ᠶ᠋ᠢ ᠳᠡᠭᠰᠢᠯᠡᠨ ᠲᠠᠷᠢᠬᠤ ᠠᠵᠢᠯ ᠢ᠋ ᠡᠮᠬᠢ ᠵᠢᠷᠦᠮ ᠲᠠᠢ ᠭᠦᠢᠴᠡᠳᠭᠡᠵᠤ᠂ ᠠᠵᠢᠯᠴᠢᠳ ᠳᠡᠯᠭᠡᠴᠡ ᠶ᠋ᠢ ᠠᠶᠠᠷ ᠳᠤᠶᠢᠬᠤ ᠪᠡᠷ ᠲᠠᠷᠢᠶᠠᠯᠠᠡᠭ ᠤ᠋ᠨ ᠮᠠᠰᠢᠨ ᠤ᠋ ᠤᠷᠤᠭᠰᠢᠯᠠᠬᠤ ᠬᠤᠷᠳᠤᠴᠠ᠂ ᠴᠢᠭᠯᠡᠯ ᠪᠠ ᠬᠠᠭᠠᠯᠪᠤᠷᠢᠯᠠᠬᠤ ᠭᠦᠨᠴᠡ ᠶ᠋ᠢ ᠡᠵᠡᠮᠰᠢᠴᠢᠬᠡᠨ᠎ᠠ᠃

ᠡᠭᠦᠨ ᠤ᠋ ᠵᠡᠷᠭᠡ ᠪᠡᠷ ᠺᠤᠮᠫᠠᠨᠢ ᠶ᠋ᠢᠨ ᠠᠷᠤ ᠲᠠᠯ᠎ᠠ ᠶ᠋ᠢᠨ ᠠᠵᠢᠯᠴᠢᠨ ᠠᠯᠪᠡᠨ ᠭᠡᠷ ᠲᠡᠭᠡᠨ ᠰᠠᠭᠤᠭᠠᠳ ᠤᠶᠤᠨᠴᠢ ᠲᠠᠷᠢᠶᠠᠯᠠᠡᠭ ᠤ᠋ᠨ ᠲᠠᠪᠴᠠᠡᠭ ᠢ᠋ ᠨᠢᠭᠳᠠ ᠠᠩᠬᠠᠷᠴᠤ᠂ ᠲᠠᠷᠢᠶᠠᠨ ᠭᠠᠵᠠᠷ ᠤ᠋ᠨ ᠡᠯ᠎ᠡ ᠵᠦᠢᠯ ᠤ᠋ᠨ ᠲᠤᠭ᠎ᠠ ᠪᠠᠷᠢᠮᠳᠠ ᠶ᠋ᠢ ᠴᠠᠭ ᠲᠤᠬᠠᠢ ᠳ᠋ᠤᠨᠢ ᠰᠢᠨᠡᠴᠢᠯᠡᠨ᠎ᠠ᠃ ᠡᠨᠡ ᠬᠦ᠌ ᠳᠠᠪᠴᠠᠩ ᠨᠢ ᠲᠤᠰ ᠺᠤᠮᠫᠠᠨᠢ ᠶ᠋ᠢᠨ 35 ᠲᠦᠮᠡᠨ ᠮᠤ᠌ ᠲᠠᠷᠢᠶᠠᠨ ᠭᠠᠵᠠᠷ ᠢ᠋ ᠬᠠᠮᠢᠶᠠᠷᠤᠨ ᠡᠵᠡᠮᠳᠡᠵᠦ᠂ ᠤᠯᠠᠮᠵᠢᠯᠠᠯᠳᠦ ᠲᠤᠷᠰᠢᠯᠭ᠎ᠠ ᠪᠠ ᠬᠦᠮᠦᠨ ᠤ᠋ ᠬᠦᠴᠦᠨ ᠳ᠋ᠤ ᠲᠦᠰᠢᠭᠯᠡᠬᠦ ᠲᠠᠷᠢᠶᠠᠯᠠᠬᠤ ᠠᠵᠢᠯ ᠢ᠋ ᠲᠤᠭ᠎ᠠ ᠪᠠᠷᠢᠮᠳᠠ ᠳ᠋ᠤ ᠲᠦᠰᠢᠭᠯᠡᠬᠦ ᠪᠤᠯᠭᠠᠨ ᠬᠤᠪᠢᠷᠠᠭᠤᠯᠵᠠᠢ᠃

ᠬᠦᠬᠡᠬᠤᠳᠠ ᠵᠢᠨ ᠲᠦᠮᠡᠳ ᠵᠡᠭᠦᠨ ᠬᠤᠰᠢᠭᠤᠨ ᠤ᠋ ᠤᠯᠤᠰ ᠤ᠋ᠨ ᠤᠳᠤ ᠦᠶ᠎ᠡ ᠶ᠋ᠢᠨ ᠲᠠᠷᠢᠶᠠᠯᠠᠡᠭ ᠤ᠋ᠨ ᠵᠢᠱ᠌ᠢᠶ᠎ᠡ ᠦᠵᠡᠭᠦᠯᠬᠦ ᠤᠶᠤᠨᠴᠢ ᠬᠦᠯᠡᠮᠵᠢ ᠳ᠋ᠤ ᠢᠡᠭᠲᠤᠤᠷ ᠤ᠋ᠨ ᠮᠤᠳᠤ ᠢᠳᠡ ᠤᠷᠭᠤᠵᠤ᠂ ᠤᠶᠤᠨᠴᠢ ᠲᠤᠨᠤᠭᠯᠠᠯ ᠨᠢ ᠬᠦᠯᠡᠮᠵᠢ ᠶ᠋ᠢᠨ ᠤᠷᠴᠢᠨ ᠨᠦᠭᠦᠴᠡᠯ ᠤ᠋ᠨ ᠲᠤᠭ᠎ᠠ ᠪᠠᠷᠢᠮᠳᠠ ᠵᠢ ᠴᠠᠭ ᠲᠤᠬᠠᠢ ᠳ᠋ᠤᠨᠢ ᠰᠢᠯᠭᠠᠵᠤ ᠬᠡᠮᠵᠢᠨ᠂ ᠤᠰᠤ ᠪᠤᠷᠳᠤᠭᠤᠷ ᠢ᠋ ᠨᠢᠭᠡ ᠴᠤᠭᠴᠠᠵᠢᠭᠤᠯᠤᠭᠰᠠᠨ ᠰᠢᠰᠲᠸᠮ ᠨᠢ ᠨᠠᠷᠢᠨ ᠤᠨᠤᠴᠠᠲᠠᠢ ᠪᠡᠷ ᠠᠵᠢᠯᠯᠠᠵᠤ᠂ ᠠᠵᠢᠯᠴᠢᠳ ᠭᠠᠷ ᠤᠳᠠᠰᠤ ᠪᠡᠷ ᠨᠠᠷᠠ ᠬᠠᠯᠬᠠᠯᠠᠬᠤ ᠬᠠᠪᠳᠠᠰᠤ ᠪᠠ ᠰᠠᠯᠬᠢ ᠨᠡᠪᠲᠡᠷᠡᠭᠦᠯᠬᠦ ᠲᠦᠬᠦᠭᠡᠷᠦᠮᠵᠢ ᠶ᠋ᠢ ᠠᠯᠤᠰ ᠡᠴᠡ ᠳᠤᠬᠢᠷᠠᠭᠤᠯᠤᠨ ᠡᠵᠡᠮᠳᠡᠴᠢᠬᠡᠨ᠎ᠠ᠃


b83a8c1f-b1dc-46c5-87b2-ab8fb3379ff1.png


ᠬᠢᠩᠭᠠᠨ ᠠᠢᠮᠠᠭ ᠤ᠋ᠨ ᠵᠠᠯᠠᠶ᠋ᠢᠳ ᠬᠣᠰᠢᠭᠤᠨ ᠤ᠋ ᠤᠯᠤᠰ ᠤ᠋ᠨ ᠤᠳᠤ ᠦᠶ᠎ᠡ ᠶ᠋ᠢᠨ ᠲᠠᠷᠢᠶᠠᠯᠠᠩ ᠤ᠋ᠨ ᠠᠵᠤ ᠦᠢᠯᠡᠰ ᠦ᠋ᠨ ᠬᠦᠷᠢᠶᠡᠯᠡᠩ ᠳ᠋ᠤ 100 ᠢᠵᠢ ᠤᠶᠤᠨᠴᠢ ᠮᠠᠰᠢᠨ ᠲᠤᠨᠤᠭᠯᠠᠯ ᠵᠢᠴᠢ 1000 ᠭᠠᠷᠤᠢ ᠢᠵᠢ ᠲᠠᠷᠢᠮᠠᠯ ᠤ᠋ᠨ ᠲᠤᠭ᠎ᠠ ᠪᠠᠷᠢᠮᠳᠠ ᠵᠢ ᠴᠤᠭᠯᠠᠭᠤᠯᠬᠤ ᠪᠠ ᠸᠢᠳᠢᠦ᠌ ᠪᠡᠷ ᠬᠢᠨᠠᠨ ᠡᠵᠡᠮᠳᠡᠬᠦ ᠳᠦᠬᠦᠭᠡᠷᠦᠮᠵᠢ ᠵᠡᠷᠭᠡ ᠪᠡᠷ ᠠᠵᠢᠯᠯᠠᠵᠤ᠂ ᠴᠠᠭ ᠠᠭᠤᠷ ᠤ᠋ᠨ ᠪᠠᠢᠳᠠᠯ᠂ ᠬᠦᠷᠦᠰᠦ ᠰᠢᠷᠤᠢ ᠶ᠋ᠢᠨ ᠴᠢᠬᠢᠭ ᠤ᠋ᠨ ᠬᠡᠮᠵᠢᠶ᠎ᠠ ᠵᠡᠷᠭᠡ ᠲᠤᠭ᠎ᠠ ᠪᠠᠷᠢᠮᠳᠠ ᠵᠢ ᠴᠠᠭ ᠲᠤᠬᠠᠢ ᠳ᠋ᠤᠨᠢ ᠤᠶᠤᠨᠴᠢ ᠲᠠᠷᠢᠶᠠᠯᠠᠡᠭ ᠤ᠋ᠨ ᠲᠠᠪᠴᠠᠡᠭ ᠳ᠋ᠦ ᠳᠠᠮᠵᠢᠭᠤᠯᠤᠨ᠎ᠠ᠃ ᠲᠤᠰ ᠬᠦᠷᠢᠶᠡᠯᠡᠩ ᠤᠶᠤᠨᠴᠢᠯᠠᠯᠳᠠ ᠶ᠋ᠢ ᠪᠡᠶᠡᠯᠡᠭᠦᠯᠦᠭᠰᠡᠨ ᠡᠴᠡ ᠨᠠᠭᠠᠰᠢ ᠡᠯ᠎ᠠ ᠵᠦᠢᠯ ᠤ᠋ᠨ ᠲᠤᠭ᠎ᠠ ᠪᠠᠷᠢᠮᠳᠠ ᠶ᠋ᠢ ᠵᠢᠯ ᠳ᠋ᠤ 10 ᠲᠦᠮᠡ ᠭᠠᠷᠤᠢ ᠵᠤᠷᠪᠤᠰ ᠴᠤᠭᠯᠠᠭᠤᠯᠵᠤ ᠪᠠᠢᠨ᠎ᠠ ᠁

ᠡᠢᠨ ᠬᠦ᠌ ᠤᠶᠤᠨᠴᠢᠯᠠᠯᠳᠠ ᠨᠢ ᠲᠠᠷᠢᠶᠠᠨ ᠭᠠᠵᠠᠷ ᠤ᠋ᠨ ᠠᠰᠢᠭᠯᠠᠮᠵᠢ ᠶ᠋ᠢ ᠨᠡᠡᠭ ᠦᠨᠳᠦᠷ ᠪᠦᠲᠦᠮᠵᠢᠲᠡᠢ ᠪᠤᠯᠭᠠᠨ᠂ ᠲᠠᠷᠢᠶ᠎ᠠ ᠲᠠᠷᠢᠬᠤ ᠠᠵᠢᠯ ᠢ᠋ ᠨᠡᠡᠭ ᠨᠠᠷᠢᠨ ᠤᠨᠤᠴᠠᠲᠠᠢ ᠪᠤᠯᠭᠠᠵᠤ᠂ ᠠᠮᠤ ᠪᠤᠳᠠᠭᠠᠨ ᠤ᠋ ᠤᠨᠠᠯᠲᠠ ᠵᠢ ᠨᠡᠡᠭ ᠲᠤᠭᠲᠠᠪᠤᠷᠢᠳᠠᠢ ᠪᠤᠯᠭᠠᠪᠠ᠃ ᠢᠷᠡᠬᠦ ᠭᠤᠷᠪᠠᠨ ᠵᠢᠯ ᠳ᠋ᠦ᠂ ᠮᠠᠨ ᠤ᠋ ᠤᠷᠤᠨ ᠵᠤᠬᠢᠶᠠᠮᠠᠯ ᠤᠶᠤᠨ ᠴᠢᠳᠠᠪᠤᠷᠢ ᠶ᠋ᠢ ᠲᠠᠷᠢᠶᠠᠯᠠᠭ᠎ᠠ ᠵᠢᠨ ᠠᠵᠢᠯ ᠳ᠋ᠤ ᠠᠰᠢᠭᠯᠠᠬᠤ ᠵᠢ ᠦᠷᠭᠦᠯᠵᠢᠯᠡᠨ ᠭᠤᠤᠯᠳᠠᠯᠭ᠎ᠠ ᠲᠠᠢ ᠰᠠᠢᠳᠦᠷ ᠠᠳᠬᠤᠵᠤ᠂ 《ᠳᠣᠬᠢᠭᠤᠷ ᠲᠤᠯᠤᠭᠠᠨ ᠣᠲᠣ》 ᠵᠠᠮᠴᠢᠯᠠᠭᠤᠷ ᠰᠢᠰᠲᠸᠮ ᠢ᠋ ᠤᠭᠰᠠᠷᠠᠭᠰᠠᠨ ᠲᠠᠷᠢᠶᠠᠯᠠᠩ ᠤ᠋ᠨ ᠮᠠᠰᠢᠨ ᠢ᠋ 6 ᠲᠦᠮᠡᠨ ᠰᠠᠭᠤᠷᠢ ᠡᠴᠡ ᠳᠠᠪᠠᠭᠤᠯᠤᠨ᠂ ᠤᠰᠤ ᠪᠣᠷᠲᠣᠭᠣᠷ ᠢ᠋ ᠨᠢᠭᠡ ᠴᠤᠭᠴᠠᠵᠢᠭᠤᠯᠤᠭᠰᠠᠨ ᠮᠡᠷᠭᠡᠵᠢᠯ ᠢ᠋ ᠬᠡᠷᠡᠭᠯᠡᠬᠦ ᠲᠠᠷᠢᠶᠠᠨ ᠭᠠᠵᠠᠷ ᠢ᠋ 4000 ᠲᠦᠮᠡᠨ ᠮᠦ᠍ ᠡᠴᠡ ᠳᠠᠪᠠᠭᠤᠯᠵᠤ᠂ ᠡᠪᠡᠳᠴᠢᠨ ᠬᠣᠷᠣᠬᠠᠶ ᠶ᠋ᠢᠨ ᠬᠦᠨᠦᠭᠡᠯ ᠢ᠋ ᠬᠢᠨᠠᠨ ᠬᠡᠮᠵᠢᠬᠦ᠌ ᠥᠷᠲᠡᠭᠡ ᠶ᠋ᠢᠨ ᠲᠤᠭ᠎ᠠ ᠶ᠋ᠢ 310 ᠡᠴᠡ ᠳᠠᠪᠠᠭᠤᠯᠬᠤ ᠪᠡᠷ ᠲᠦᠯᠦᠪᠯᠡᠵᠦ ᠪᠠᠢᠨ᠎ᠠ᠃


ᠵᠤᠬᠢᠶᠠᠮᠠᠯ ᠤᠶᠤᠨ ᠴᠢᠳᠠᠪᠤᠷᠢ + ᠲᠡᠵᠢᠭᠡᠨ ᠦᠷᠡᠵᠢᠭᠦᠯᠬᠦ

ᠬᠡᠬᠡᠯ ᠲᠠᠢ ᠬᠤᠨᠢ ᠪᠠᠨ ᠲᠤᠰᠠᠭᠠᠷ ᠨᠢ ᠨᠠᠷᠢᠯᠢᠭ ᠠᠷᠠᠴᠢᠯᠠᠵᠤ᠂ ᠢᠬᠡᠷᠡᠯᠡᠭᠰᠡᠨ ᠬᠤᠨᠢ ᠶ᠋ᠢᠨ ᠬᠠᠰᠢᠶᠠᠨ ᠳ᠋ᠤ ᠵᠠᠪᠰᠠᠷ ᠲᠠᠢ ᠮᠤᠳᠤᠨ ᠬᠠᠪᠳᠠᠰᠤ ᠳᠡᠪᠢᠰᠴᠤ ᠦᠭᠭᠦᠨ᠂ 24 ᠴᠠᠭ ᠶ᠋ᠢᠡᠷ 10 ᠭᠷᠠᠳ᠋ᠦ᠋ᠰ ᠤᠷᠴᠢᠮ ᠤ᠋ᠨ ᠪᠦᠯᠢᠶᠡᠨ ᠤᠰᠤ ᠬᠠᠩᠭᠠᠵᠤ ᠳᠡᠢᠯᠬᠦ ᠪᠦᠷᠢᠮᠦᠰᠦᠨ ᠠᠦ᠋ᠲ᠋ᠤᠴᠢᠯᠠᠭᠰᠠᠨ ᠲᠤᠭᠲᠠᠮᠠᠯ ᠳᠤᠯᠠᠭᠠᠨᠳᠤ ᠤᠰᠤᠨ ᠤᠩᠭᠤᠴᠠ ᠲᠠᠢ ᠪᠦᠭᠡᠳ ᠪᠦᠷᠢᠮᠦᠰᠦᠨ ᠠᠦ᠋ᠲ᠋ᠤᠴᠢᠯᠠᠭᠰᠠᠨ ᠮᠠᠯ ᠤ᠋ᠨ ᠬᠤᠭ ᠢᠯᠭᠠᠳᠠᠰᠤ ᠵᠢ ᠴᠡᠪᠡᠷᠯᠡᠬᠦ ᠳᠦᠬᠦᠭᠡᠷᠦᠮᠵᠢ ᠲᠠᠢ ᠁ ᠪᠠᠶᠠᠠᠨᠠᠭᠤᠷ ᠬᠤᠳᠠ ᠵᠢᠨ ᠦᠴᠦᠸᠠᠨ ᠰᠢᠶᠠᠨ ᠤ᠋ ᠤᠳᠤ ᠦᠶ᠎ᠡ ᠶ᠋ᠢᠨ ᠮᠠᠯ ᠠᠵᠤ ᠠᠬᠤᠢ ᠶ᠋ᠢᠨ ᠠᠵᠤ ᠦᠢᠯᠡᠰ ᠤ᠋ᠨ ᠬᠦᠷᠢᠶᠡᠯᠡᠡᠭ ᠳ᠋ᠤ ᠬᠤᠨᠢᠨ ᠬᠠᠰᠢᠶ᠎ᠠ᠂ ᠲᠡᠵᠢᠭᠡᠯ ᠪᠤᠷᠳᠤᠭᠠᠨ ᠤ᠋ ᠲᠠᠰᠤᠭ ᠡᠴᠡ ᠡᠪᠡᠰᠦᠨ ᠬᠦᠮᠦᠷᠭᠡ ᠬᠦᠷᠳᠡᠯ᠎ᠠ ᠭᠠᠵᠠᠷ ᠪᠤᠯᠭᠠᠨ ᠳ᠋ᠤᠨᠢ ᠤᠶᠤᠨᠴᠢᠯᠠᠯᠲᠠ ᠶ᠋ᠢᠨ ᠤᠯᠠ ᠮᠦᠷ ᠬᠠᠷᠠᠭᠳᠠᠨ᠎ᠠ᠃

ᠤᠷᠳᠤᠰ ᠬᠤᠳᠠ ᠵᠢᠨ ᠤᠲᠤᠭ ᠬᠤᠰᠢᠭᠤᠨ ᠤ᠋ ᠠᠷᠪᠠᠰ ᠰᠤᠮᠤ ᠵᠢᠨ ᠬᠦᠭᠡ ᠲᠤᠯᠤᠭᠠᠢ ᠭᠠᠴᠠᠭᠠᠨ ᠳ᠋ᠦ᠂ ᠮᠠᠯᠴᠢᠳ ᠭᠠᠷ ᠤᠳᠠᠰᠤ ᠪᠠᠨ ᠠᠶᠠᠷ ᠳᠤᠶᠢᠪᠡᠯ ᠮᠠᠯ ᠤ᠋ᠨ ᠬᠠᠰᠢᠶᠠᠨ ᠳ᠋ᠡᠬᠢ ᠤᠶᠤᠨᠴᠢ ᠲᠡᠵᠢᠭᠡᠯ ᠪᠤᠷᠳᠤᠭ᠎ᠠ ᠦᠭᠬᠦ ᠰᠢᠰᠲᠸᠮ ᠨᠢ ᠳᠠᠷᠤᠢ ᠠᠦ᠋ᠲ᠋ᠣ᠋ ᠪᠠᠷ ᠠᠵᠢᠯᠯᠠᠵᠤ ᠡᠬᠢᠯᠡᠨ᠂ ᠬᠤᠷᠢᠨ ᠬᠡᠳᠦᠨ ᠮᠢᠨᠦ᠋ᠲ ᠤ᠋ᠨ ᠲᠤᠳᠤᠷ᠎ᠠ ᠦᠡᠭᠭᠡᠷᠡᠭᠰᠡᠨ ᠤ᠋ 3 ᠴᠠᠭ ᠬᠡᠷᠡᠭᠰᠡᠬᠦ ᠠᠵᠢᠯ ᠢ᠋ ᠪᠡᠶᠡᠯᠡᠭᠦᠯᠴᠢᠬᠡᠨ᠎ᠠ᠃

ᠪᠤᠭᠤᠳᠤ ᠬᠤᠳᠠ ᠵᠢᠨ ᠳᠠᠷᠬᠠᠨ ᠮᠤᠤᠮᠢᠡᠭᠭᠠᠨ ᠬᠤᠯᠪᠤᠭᠠᠳᠤ ᠬᠤᠰᠢᠭᠤᠨ ᠤ᠋ ᠪᠠᠶᠠᠨᠬᠤᠸᠠ ᠪᠠᠯᠭᠠᠰᠤ ᠵᠢᠨ ᠪᠠᠶᠠᠨᠴᠠᠭᠠᠨ ᠭᠠᠴᠠᠭᠠᠨ ᠤ᠋ ᠤᠶᠤᠨᠴᠢ ᠮᠠᠯᠵᠢᠯ ᠤ᠋ᠨ ᠲᠠᠯᠠᠪᠠᠢ ᠨᠢ ᠨᠠᠷᠠᠨ ᠤ᠋ ᠡᠨ᠋ᠸᠷᠬᠢ ᠶ᠋ᠢᠨ ᠬᠢᠨᠠᠨ ᠡᠵᠡᠮᠳᠡᠭᠦᠷ ᠪᠠ ᠲᠤᠬᠢᠭᠤᠷ ᠲᠤᠯᠤᠭᠠᠨ ᠤᠳᠤ 《ᠡᠯᠸᠺᠲ᠋ᠷᠤᠨ ᠡᠭᠡᠮᠦᠭ》 ᠲᠦ᠍ ᠲᠦᠰᠢᠭᠯᠡᠨ᠂ 《ᠲᠠᠯ᠎ᠠ ᠨᠤᠳᠤᠭ ᠲᠤ᠌ ᠮᠢᠨᠤ ᠬᠤᠨᠢ ᠪᠤᠢ》 ᠰᠦᠯᠵᠢᠶ᠎ᠠ ᠪᠡᠷ ᠡᠬᠢ ᠢᠷᠡᠯᠳᠡ ᠶ᠋ᠢ ᠨᠢ ᠮᠦᠷᠳᠡᠬᠦ ᠰᠢᠰᠲᠧᠮ ᠢ᠋ ᠪᠠᠢᠭᠤᠯᠵᠤ᠂ ᠬᠤᠨᠢ ᠨᠢᠭᠡᠪᠦᠷᠢ ᠶ᠋ᠢᠨ  ᠲᠡᠵᠢᠭᠡᠨ ᠦᠷᠡᠵᠢᠭᠦᠯᠦᠭᠰᠡᠨ᠂ ᠪᠤᠷᠤᠯᠠᠭᠤᠯᠤᠭᠰᠠᠨ ᠶᠠᠪᠤᠴᠠ ᠶ᠋ᠢ ᠪᠦᠬᠦ ᠬᠡᠯᠬᠢᠶ᠎ᠠ ᠪᠡᠷ ᠮᠦᠷᠳᠡᠵᠦ ᠲᠠᠢᠯᠬᠦ ᠪᠤᠯᠵᠠᠢ᠃

ᠰᠢᠯᠢ ᠵᠢᠨ ᠭᠤᠤᠯ ᠠᠢᠮᠠᠭ ᠤ᠋ᠨ ᠵᠡᠭᠦᠨ ᠦᠵᠦᠮᠦᠴᠢᠨ ᠬᠤᠰᠢᠭᠤᠨ ᠤ᠋ ᠮᠠᠯᠴᠢᠳ ᠤᠶᠤᠨᠴᠢ ᠮᠠᠯᠵᠢᠯ ᠤ᠋ᠨ ᠰᠢᠰᠲ᠋ᠧᠮ᠂ ᠵᠢᠯᠤᠭᠤᠴᠢ ᠦᠭᠡᠢ ᠨᠢᠰᠭᠡᠯ᠂ 《ᠡᠭᠦᠯᠡᠨ ᠳᠠᠪᠴᠠᠩ》 ᠵᠡᠷᠭᠡ ᠶ᠋ᠢ ᠠᠰᠢᠭᠯᠠᠨ ᠮᠠᠯ ᠶ᠋ᠢᠡᠨ ᠮᠠᠯᠵᠢᠨ᠎ᠠ ᠁

ᠨᠠᠷᠢᠯᠢᠭ ᠲᠡᠵᠢᠭᠡᠨ ᠦᠷᠡᠵᠢᠭᠦᠯᠬᠦ ᠵᠠᠭᠪᠤᠷ ᠵᠢᠴᠢ ᠤᠶᠤᠨᠴᠢ ᠮᠠᠯᠵᠢᠯ ᠤ᠋ᠨ ᠲᠠᠯᠠᠪᠠᠢ ᠦᠪᠤᠷ ᠮᠤᠩᠭᠤᠯ ᠳ᠋ᠦ ᠦᠷᠭᠡᠵᠢᠨ ᠳᠡᠯᠭᠡᠷᠡᠬᠦ ᠵᠢ ᠳᠠᠭᠠᠯᠳᠤᠨ᠂ ᠵᠤᠬᠢᠶᠠᠮᠠᠯ ᠤᠶᠤᠨ ᠴᠢᠳᠠᠪᠤᠷᠢ ᠶ᠋ᠢᠨ ᠨᠦᠯᠦᠭᠡ ᠨᠢᠭᠡᠨᠳᠡ ᠲᠠᠯ᠎ᠠ ᠨᠤᠲᠤᠭ ᠤ᠋ᠨ ᠦᠷᠦᠴᠡᠨ ᠳ᠋ᠦ ᠭᠦᠨᠵᠡᠭᠡᠢᠷᠡᠪᠡ᠃ ᠡᠨᠡ ᠵᠢᠯ ᠮᠠᠨ ᠤ᠋ ᠤᠷᠤᠨ ᠮᠢᠬᠠᠨ ᠤ᠋ ᠬᠤᠨᠢ ᠮᠢᠬᠠᠨ ᠤ᠋ ᠦᠭᠡᠷ ᠤ᠋ᠨ ᠤᠶᠤᠨᠴᠢ ᠮᠠᠯᠵᠢᠯ ᠤ᠋ᠨ ᠲᠠᠯᠠᠪᠠᠢ ᠵᠢ 120 ᠭᠠᠷᠤᠢ ᠪᠠᠢᠭᠤᠯᠵᠤ᠂ ᠲᠡᠵᠢᠭᠡᠨ ᠠᠷᠠᠴᠢᠯᠠᠬᠤ ᠬᠢᠨᠠᠯᠲᠠ ᠬᠠᠮᠢᠶᠠᠷᠤᠯᠲᠠ᠂ ᠲᠡᠵᠢᠭᠡᠯ ᠪᠤᠷᠳᠤᠭ᠎ᠠ ᠪᠤᠯᠪᠠᠰᠤᠷᠠᠭᠤᠯᠬᠤ᠂ ᠤᠷᠴᠢᠨ ᠨᠦᠬᠦᠴᠡᠯ ᠢ᠋ ᠬᠢᠨᠠᠨ ᠡᠵᠡᠮᠳᠡᠬᠦ ᠵᠡᠷᠭᠡ ᠭᠤᠭᠴᠤᠭ᠎ᠠ ᠪᠡᠷ ᠭᠤᠤᠯᠳᠠᠯᠭ᠎ᠠ ᠪᠤᠯᠭᠠᠨ᠂ ᠪᠦᠬᠦ ᠤᠷᠤᠨ ᠤ᠋ ᠮᠠᠯ ᠠᠵᠤ ᠠᠬᠤᠢ ᠶ᠋ᠢᠨ ᠠᠵᠤ ᠦᠢᠯᠡᠰ ᠲᠦ᠍ ᠲᠤᠬᠢᠷᠠᠭᠰᠠᠨ ᠤᠶᠤᠨᠴᠢ ᠲᠤᠨᠤᠭᠯᠠᠯ ᠢ᠋ ᠦᠷᠭᠦᠯᠵᠢᠯᠡᠨ ᠳᠡᠯᠭᠡᠷᠡᠭᠦᠯᠬᠦ ᠪᠡᠷ ᠲᠦᠯᠦᠪᠯᠡᠵᠦ ᠪᠠᠢᠨ᠎ᠠ᠃


ᠵᠤᠬᠢᠶᠠᠮᠠᠯ ᠤᠶᠤᠨ ᠴᠢᠳᠠᠪᠤᠷᠢ + ᠬᠢᠨᠠᠯᠲᠠ ᠬᠠᠮᠢᠶᠠᠷᠤᠯᠲᠠ

ᠬᠥᠯᠥᠨ ᠪᠣᠶ᠋ᠢᠷ ᠬᠣᠲᠠ ᠶ᠋ᠢᠨ ᠰᠢᠨ᠎ᠡ ᠪᠠᠷᠭᠤ ᠵᠡᠭᠦᠨ ᠬᠤᠰᠢᠭᠤ 30 ᠲᠦᠮᠡᠨ ᠮᠢᠠᠬᠨ ᠤ᠋ ᠬᠤᠨᠢᠨ ᠳ᠋ᠠᠭᠠᠨ 《ᠡᠯᠧᠺᠲ᠋ᠷᠣᠨ ᠡᠭᠡᠮᠦᠭ》 ᠵᠡᠭᠦᠯᠭᠡᠵᠦ᠂ ᠲᠦᠯᠯᠡᠭᠰᠡᠨ ᠴᠠᠭ᠂ ᠲᠠᠷᠢᠯᠭ᠎ᠠ ᠬᠢᠭᠰᠡᠨ ᠪᠠᠢᠳᠠᠯ ᠡᠴᠡ ᠠᠪᠤᠭᠠᠳ ᠲᠡᠵᠢᠭᠡᠨ ᠠᠷᠠᠴᠢᠯᠠᠵᠤ᠂ ᠨᠢᠲᠤᠯᠵᠤ ᠪᠣᠷᠣᠯᠠᠭᠤᠯᠤᠭᠰᠠᠨ ᠪᠠᠢᠳᠠᠯ ᠬᠦᠷᠳᠡᠯᠡᠬᠢ ᠪᠦᠬᠦ᠌ ᠶᠠᠪᠤᠴᠠ ᠶ᠋ᠢᠨ ᠮᠡᠳᠡᠭᠡ ᠵᠠᠩᠭᠢ ᠶ᠋ᠢ ᠲᠡᠷᠡ ᠳᠠᠷᠤᠢ ᠳ᠋ᠤᠨᠢ ᠥᠪᠡᠷᠲᠡᠭᠡᠨ ᠵᠠᠰᠠᠬᠤ ᠣᠷᠣᠨ ᠤ᠋ ᠮᠠᠯ ᠤ᠋ᠨ ᠠᠰᠢᠭ ᠰᠢᠮ᠎ᠡ ᠲᠠᠷᠢᠶᠠᠯᠠᠩ ᠤ᠋ᠨ ᠪᠦᠲᠦᠭᠡᠭᠳᠡᠬᠦᠨ ᠤ᠋ ᠶᠠᠰᠤ ᠴᠢᠨᠠᠷ ᠤ᠋ᠨ ᠠᠮᠤᠷ ᠲᠦᠪᠰᠢᠨ ᠤ᠋ ᠲᠤᠮᠤ ᠳ᠋ᠠᠶ᠋ᠢᠲ᠋ᠠ ᠶ᠋ᠢᠨ ᠲᠠᠪᠴᠠᠩ ᠳ᠋ᠤ ᠳᠠᠮᠵᠢᠭᠤᠯᠵᠤ ᠲᠠᠢᠯᠬᠦ ᠪᠤᠯᠵᠠᠢ᠃ ᠲᠤᠬᠠᠢ ᠵᠢᠨ ᠭᠠᠵᠠᠷ ᠤ᠋ᠨ ᠮᠠᠯᠴᠢᠳ ᠭᠠᠷ ᠤᠲᠠᠰᠤᠨ ᠳᠡᠭᠡᠷ᠎ᠡ ᠪᠡᠨ ᠲᠡᠵᠢᠭᠡᠨ ᠠᠷᠠᠴᠢᠯᠠᠭᠰᠠᠨ ᠮᠡᠳᠡᠭᠡ ᠵᠠᠩᠭᠢ ᠪᠠᠨ ᠲᠠᠭᠯᠠᠭᠰᠠᠭᠠᠷ ᠬᠢᠨᠠᠨ ᠬᠠᠮᠢᠶᠠᠷᠬᠤ ᠠᠵᠢᠯᠲᠠᠨ ᠡᠴᠡ ᠰᠦᠯᠵᠢᠶᠡᠨ ᠲᠠᠬᠡᠷ᠎ᠠ ᠬᠥᠳᠡᠯᠦᠩᠭᠦᠶ ᠪᠡᠷ ᠬᠢᠨᠠᠨ ᠪᠠᠶ᠋ᠢᠴᠠᠭᠠᠯᠲᠠ ᠬᠢᠴᠢᠬᠡᠨ᠎ᠠ᠃ ᠡᠨᠡ ᠨᠢ ᠥᠩᠭᠡᠷᠡᠭᠰᠡᠨ ᠤ᠋ ᠡᠬᠡ ᠲᠠᠩᠰᠠ ᠵᠢ ᠤᠷᠪᠠᠭᠤᠯᠬᠤ᠂ ᠮᠠᠯᠵᠢᠯ ᠤ᠋ᠨ ᠲᠠᠯᠠᠪᠠᠶ ᠳ᠋ᠤ ᠪᠡᠶ᠎ᠠ ᠪᠡᠷ ᠶ᠋ᠢᠡᠨ ᠤᠴᠢᠬᠤ ᠶᠠᠷᠰᠢᠭ ᠲᠦᠪᠡᠭ ᠢ᠋ ᠦᠭᠡᠢᠰᠭᠡᠵᠠᠢ᠃

ᠪᠤᠭᠤᠲᠤ᠌ ᠬᠣᠲᠠ ᠶ᠋ᠢᠨ ᠸᠠᠨ ᠱᠦᠶ ᠴᠢᠤᠸᠠᠨ ᠥᠨᠳᠥᠷ ᠪᠦᠲᠦᠮᠵᠢᠲᠦ ᠲᠠᠷᠢᠶᠠᠯᠠᠩ ᠤ᠋ᠨ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠦ᠋ᠨ ᠵᠢᠱ᠌ᠢᠶ᠎ᠡ ᠦᠵᠡᠭᠦᠯᠬᠦ᠌ ᠬᠦᠷᠢᠶᠡᠯᠡᠩ ᠳ᠋ᠤ ᠲᠠᠷᠢᠮᠠᠯ ᠤ᠋ᠨ ᠡᠷᠦᠬᠡ 30 ᠰᠧᠺᠦ᠋ᠨ᠋ᠳ᠋ ᠤ᠋ᠨ ᠲᠤᠳᠤᠷ᠎ᠡ ᠬᠣᠶᠠᠷ ᠬᠡᠮᠵᠢᠯᠳᠦ ᠺᠣᠳ᠋ ᠪᠦᠬᠦᠢ ᠡᠯᠧᠺᠲ᠋ᠷᠣᠨ ᠬᠢᠷᠢ ᠲᠡᠩᠴᠡᠭᠰᠡᠨ ᠦᠨᠡᠮᠯᠡᠯ ᠢ᠋ ᠳᠠᠷᠤᠮᠠᠯᠯᠠᠨ ᠭᠠᠷᠭᠠᠴᠢᠬᠠᠨ᠎ᠠ᠃ ᠳᠡᠪᠢᠭᠦᠷᠯᠢᠭ ᠮᠦᠬᠦ ᠵᠡᠷᠭᠡ ᠲᠠᠷᠢᠶᠠᠯᠠᠡᠭ ᠤ᠋ᠨ ᠪᠦᠲᠦᠭᠡᠭᠳᠡᠭᠦᠨ ᠨᠢ ᠡᠨᠡ ᠬᠦ᠌ 《ᠭᠡᠷᠡᠴᠢ》 ᠪᠠᠢᠬᠤ ᠪᠡᠷ ᠬᠤᠳᠠᠯᠳᠤᠭᠠᠨ ᠤ᠋ ᠳᠡᠯᠭᠡᠭᠦᠷ ᠵᠢᠴᠢ ᠪᠤᠰᠤᠳ ᠮᠤᠵᠢ ᠤᠷᠤᠨ ᠳ᠋ᠦ ᠰᠢᠭᠤᠳ ᠪᠤᠷᠤᠯᠠᠭᠤᠯᠤᠭᠳᠠᠵᠤ᠂ ᠦᠨᠳᠦᠷ ᠦᠨ᠎ᠡ ᠳ᠋ᠦ ᠬᠦᠷᠴᠤ ᠪᠠᠢᠨ᠎ᠠ ᠁

ᠡᠢᠨ ᠬᠦ᠌ ᠦᠢᠯᠡᠳᠪᠦᠷᠢᠯᠡᠬᠦ ᠡᠴᠡ ᠪᠤᠷᠤᠯᠠᠭᠤᠯᠬᠤ ᠬᠦᠷᠲᠡᠯᠡᠬᠢ ᠪᠦᠬᠦ ᠬᠡᠯᠬᠢᠶᠡᠨ ᠤ᠋ ᠲᠤᠭᠠᠴᠢᠯᠠᠭᠰᠠᠨ ᠬᠢᠨᠠᠯᠲᠠ ᠬᠠᠮᠢᠶᠠᠷᠤᠯᠲᠠ ᠨᠢ ᠮᠠᠨ ᠤ᠋ ᠤᠷᠤᠨ ᠤ᠋ ᠮᠠᠯ ᠠᠵᠤ ᠠᠬᠤᠢ ᠲᠠᠷᠢᠶᠠᠯᠠᠩ ᠤ᠋ᠨ ᠠᠵᠤ ᠦᠢᠯᠡᠰ ᠢ᠋ 《ᠵᠤᠬᠢᠶᠠᠮᠠᠯ ᠤᠶᠤᠨ ᠴᠢᠳᠠᠪᠤᠷᠢ + ᠬᠢᠨᠠᠯᠲᠠ ᠬᠠᠮᠢᠶᠠᠷᠤᠯᠲᠠ》 ᠶ᠋ᠢᠨ ᠰᠢᠨ᠎ᠠ ᠴᠠᠭ ᠦᠶ᠎ᠠ ᠳ᠋ᠤ ᠤᠷᠤᠭᠤᠯᠵᠠᠢ᠃

ᠤᠳᠤᠬᠠᠨ ᠪᠤᠯᠳᠠᠯ᠎ᠠ ᠥᠪᠡᠷᠲᠡᠭᠡᠨ ᠵᠠᠰᠠᠬᠤ ᠣᠷᠣᠨ ᠤ᠋ ᠮᠠᠯ ᠤ᠋ᠨ ᠠᠰᠢᠭ ᠰᠢᠮ᠎ᠡ ᠲᠠᠷᠢᠶᠠᠯᠠᠩ ᠤ᠋ᠨ ᠪᠦᠲᠦᠭᠡᠭᠳᠡᠬᠦᠨ ᠤ᠋ ᠶᠠᠰᠤ ᠴᠢᠨᠠᠷ ᠤ᠋ᠨ ᠠᠮᠤᠷ ᠲᠦᠪᠰᠢᠨ ᠤ᠋ ᠲᠤᠮᠤ ᠳ᠋ᠠᠶ᠋ᠢᠲ᠋ᠠ ᠶ᠋ᠢᠨ ᠲᠠᠪᠴᠠᠩ ᠳ᠋ᠤ ᠳᠠᠡᠭᠰᠠᠯᠠᠭᠤᠯᠤᠭᠰᠠᠨ ᠭᠤᠤᠯ ᠴᠤᠭᠴᠠ ᠨᠢᠬᠡᠨᠳᠡ 2.1 ᠲᠦᠮᠡᠨ ᠡᠷᠦᠬᠡ ᠳ᠋ᠦ ᠬᠦᠷᠴᠦ᠂ ᠨᠡᠶ᠋ᠢᠲᠡ 44.2 ᠲᠦᠮᠠᠨ ᠬᠤᠪᠢ ᠡᠯᠧᠺᠲ᠋ᠷᠣᠨ ᠬᠢᠷᠢ ᠲᠡᠩᠴᠡᠭᠰᠡᠨ ᠦᠨᠡᠮᠯᠡᠯ ᠭᠠᠷᠭᠠᠪᠠ᠃ ᠲᠤᠰ ᠲᠠᠪᠴᠠᠡᠭ ᠨᠢ ᠢᠳᠡᠭᠡᠨ ᠤ᠋ ᠠᠮᠤᠷ ᠲᠦᠪᠰᠢᠨ ᠤ᠋ ᠮᠦᠷᠳᠡᠯᠲᠡ ᠶ᠋ᠢᠨ ᠲᠠᠪᠴᠠᠩ ᠲᠠᠢ ᠬᠠᠷᠢᠯᠴᠠᠨ ᠨᠡᠪᠳᠡᠷᠡᠵᠦ᠂ ᠤᠤᠯ ᠤ᠋ᠨ 《ᠬᠤᠪᠢ ᠬᠤᠪᠢᠨ ᠤ᠋ ᠬᠢ ᠪᠡᠨ ᠬᠢᠨᠠᠨ ᠬᠠᠮᠢᠶᠠᠷᠬᠤ》 ᠶ᠋ᠢ 《ᠪᠥᠬᠥ᠌ ᠬᠡᠯᠬᠢᠶ᠎ᠡ ᠪᠡᠷ ᠪᠢᠲᠡᠭᠦᠮᠵᠢᠯᠡᠨ ᠬᠠᠮᠢᠶᠠᠷᠬᠤ》 ᠪᠣᠯᠭᠠᠨ ᠬᠤᠪᠢᠷᠠᠭᠤᠯᠪᠠ᠃

ᠵᠤᠬᠢᠶᠠᠮᠠᠯ ᠤᠶᠤᠨ ᠴᠢᠳᠠᠪᠤᠷᠢ ᠦᠪᠦᠷ ᠮᠤᠩᠭᠤᠯ ᠤ᠋ᠨ ᠮᠠᠯ ᠠᠵᠤ ᠠᠬᠤᠢ ᠲᠠᠷᠢᠶᠠᠯᠠᠩ ᠤ᠋ᠨ ᠦᠢᠯᠡᠳᠪᠤᠷᠢᠯᠡᠯ ᠬᠢᠭᠡᠳ ᠮᠠᠯᠴᠢᠨ ᠲᠠᠷᠢᠶᠠᠴᠢᠨ ᠤ᠋ ᠠᠮᠢᠳᠤᠷᠠᠯ ᠢ᠋ ᠭᠦᠨᠵᠡᠭᠡᠢ ᠬᠤᠪᠢᠷᠠᠭᠤᠯᠵᠤ ᠪᠠᠢᠬᠤ ᠪᠦᠭᠡᠳ ᠦᠷᠭᠦᠯᠵᠢᠯᠡᠨ ᠦᠷ᠎ᠠ ᠨᠦᠯᠦᠭᠡ ᠦᠵᠡᠭᠦᠯᠬᠦ ᠨᠢ ᠳᠠᠮᠵᠢᠭ ᠦᠭᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号