ᠠᠭᠤᠰᠬᠢᠨ᠎ᠤ ᠰᠦᠷᠢᠶ᠎ᠠ ᠡᠪᠡᠳᠴᠢᠨ᠎ᠤ ᠳᠤᠬᠠᠢ ᠤᠢᠯᠠᠭᠠᠶ᠎ᠠ
2026-06-26 10:22:38
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠠᠨᠢᠶᠠᠬᠤ ᠪᠠ ᠴᠡᠷ ᠲᠠᠢ ᠬᠠᠨᠢᠶᠠᠭᠠᠳ ᠬᠤᠶᠠᠷ ᠭᠠᠷᠠᠭ ᠡᠴᠨ ᠲᠡᠬᠡᠭᠰᠢ ᠪᠤᠯᠵᠤ ᠪᠠᠢᠭ᠎ᠠ ᠪᠤᠶᠤ ᠴᠡᠷ ᠳᠤᠨᠢ ᠴᠢᠰᠤ ᠲᠠᠢ ᠪᠤᠯ ᠲᠠᠷᠤᠢ ᠳ᠋ᠤᠨᠢ ᠠᠭᠤᠰᠬᠢᠨ᠎ᠤ ᠰᠦᠷᠢᠶ᠎ᠠ ᠤᠯᠤᠭᠰᠠᠠ ᠡᠰᠡᠬᠦ ᠵᠢᠨ ᠪᠠᠢᠴᠠᠭᠠᠯᠳᠠ ᠬᠢᠪᠡᠯ ᠵᠤᠬᠢᠰᠳᠠᠢ ᠶᠤᠮ᠃

ᠠᠭᠤᠰᠬᠢᠨ᠎ᠤ ᠰᠦᠷᠢᠶ᠎ᠠ ᠡᠪᠡᠳᠴᠢᠨ ᠎ᠢ ᠡᠷᠳᠡ ᠤᠨᠤᠰᠢᠯᠠᠬᠤ ᠨᠢ ᠡᠪᠡᠳᠴᠢᠳᠠᠨ᠎ᠤ ᠡᠳᠡᠬᠡᠷᠡᠬᠦ ᠨᠤᠷᠮ᠎ᠠ ᠵᠢ ᠲᠡᠬᠡᠭᠰᠢᠯᠡᠬᠦᠯᠵᠤ᠂ ᠪᠤᠰᠤᠳ ᠲᠤ᠌ ᠬᠠᠯᠳᠠᠪᠤᠷᠢᠯᠠᠬᠤ ᠪᠤᠯᠤᠯᠴᠠᠭᠠᠳᠤ ᠴᠢᠨᠠᠷ᠎ᠢ ᠪᠠᠭᠠᠰᠬᠠᠵᠤ ᠴᠢᠳᠠᠨ᠎ᠠ᠃ ᠦᠷᠬᠦᠯᠵᠢᠯᠠᠨ ᠬᠤᠶᠠᠷ ᠭᠠᠷᠠᠭ ᠡᠴᠨ ᠲᠡᠬᠡᠭᠰᠢ ᠬᠠᠨᠢᠶᠠᠬᠤ᠂ ᠴᠡᠷ ᠲᠠᠢ ᠬᠠᠨᠢᠶᠠᠬᠤ᠂ ᠦᠳᠠ ᠵᠢᠨ ᠬᠤᠢᠨ᠎ᠠ ᠪᠤᠯᠤᠭᠰᠠᠭᠠᠷ ᠬᠠᠯᠠᠭᠤᠷᠠᠬᠤ᠂ ᠴᠢᠷᠠᠢ ᠨᠢᠯᠴᠢᠬᠢᠨᠡᠵᠤ ᠤᠯᠠᠢᠬᠤ᠂ ᠬᠤᠯᠠᠭᠠᠢ ᠬᠦᠯᠤᠰᠤ ᠭᠠᠷᠬᠤ (ᠤᠨᠳᠠᠬᠤ ᠶᠠᠪᠤᠴᠠ᠎ᠳᠤ ᠭᠠᠷᠬᠤ ᠬᠦᠯᠤᠰᠤ ᠵᠢ ᠬᠤᠯᠠᠭᠠᠢ ᠬᠦᠯᠤᠰᠤ ᠭᠠᠷᠬᠤ ᠬᠡᠵᠤ ᠬᠡᠯᠡᠳᠡᠭ) ᠵᠡᠷᠬᠡ ᠦᠵᠡᠭᠳᠡᠯ ᠪᠠᠢᠪᠠᠯ ᠶᠠᠷᠤ᠎ᠳ᠋ᠡᠬᠡᠨ ᠠᠭᠤᠰᠬᠢᠨ᠎ᠤ ᠰᠦᠷᠢᠶ᠎ᠠ ᠵᠢᠨ ᠰᠡᠵᠢᠭᠯᠡᠯᠳᠡᠢ ᠢᠯᠡᠷᠡᠯ ᠪᠤᠯᠤᠨ᠎ᠠ᠂ ᠬᠡᠷᠪᠡ ᠪᠠᠰᠠ ᠴᠢᠰᠤ ᠪᠡᠷ ᠬᠠᠨᠢᠶᠠᠬᠤ ᠪᠤᠶᠤ ᠴᠡᠷ ᠳᠤᠨᠢ ᠴᠢᠰᠤ ᠲᠠᠭᠠᠯᠳᠤᠵᠤ ᠪᠠᠢᠪᠠᠯ ᠠᠭᠤᠰᠬᠢᠨ ᠎ᠤ ᠰᠦᠷᠢᠶ᠎ᠠ ᠡᠪᠡᠳᠴᠢᠨ᠎ᠳᠤ ᠨᠡᠷᠪᠡᠭᠳᠡᠭᠰᠡᠡ ᠪᠤᠯᠤᠯᠴᠠᠭᠠᠳᠤ ᠴᠢᠨᠠᠷ ᠳᠤᠩ ᠶᠡᠬᠡ ᠪᠠᠢᠳᠠᠭ᠃

ᠵᠠᠷᠢᠮ ᠠᠭᠤᠰᠬᠢᠨ᠎ᠤ ᠰᠦᠷᠢᠶ᠎ᠠ ᠡᠪᠡᠳᠴᠢᠳᠠᠨ ᠴᠡᠬᠡᠵᠢ ᠡᠪᠡᠳᠴᠤ᠂ ᠪᠠᠶ᠎ᠠ ᠤᠨᠳᠠᠷᠠᠨ ᠲᠠᠮᠢᠷᠳᠡᠵᠤ᠂ ᠬᠤᠭᠤᠯᠠᠨ᠎ᠤ ᠳᠤᠷᠠᠰᠢᠯ ᠮᠠᠭᠤ᠂ ᠪᠠᠶ᠎ᠠ ᠵᠢᠨ ᠬᠦᠨᠳᠤ ᠪᠠᠭᠤᠷᠠᠬᠤ ᠵᠡᠷᠬᠡ ᠢᠯᠡᠷᠡᠯ ᠭᠠᠷᠳᠠᠭ᠃

ᠮᠢᠺᠷᠤᠰᠺᠦᠪ ᠵᠢᠡᠷ ᠴᠡᠷ ᠳᠤᠳᠤᠷ᠎ᠠ ᠡᠴᠨ ᠰᠦᠷᠢᠶ᠎ᠠ ᠵᠢᠨ ᠪᠠᠺᠲᠸᠷᠢ ᠵᠢ ᠪᠠᠢᠴᠠᠭᠠᠨ ᠡᠷᠢᠬᠦ ᠪᠤᠯ ᠠᠭᠤᠰᠬᠢᠨ᠎ᠤ ᠰᠦᠷᠢᠶ᠎ᠠ ᠡᠪᠡᠳᠴᠢᠨ᠎ᠢ ᠤᠨᠤᠰᠢᠯᠠᠬᠤ ᠬᠠᠮᠤᠭ᠎ᠤᠨ ᠢᠳᠡᠬᠡᠮᠵᠢᠳᠡᠢ ᠤᠨᠤᠰᠢᠯᠠᠬᠤ ᠠᠷᠭ᠎ᠠ ᠪᠤᠯᠤᠨ᠎ᠠ᠃ ᠴᠡᠷ ᠲᠦᠷᠬᠢᠭᠰᠡᠡ ᠹᠢᠯᠢᠮ᠎ᠳ᠋ᠤᠨᠢ ᠠᠷᠭ᠎ᠠ ᠴᠢᠨᠠᠷ ᠢᠯᠡᠷᠡᠵᠤ ᠪᠠᠢᠪᠠᠯ ᠡᠪᠡᠳᠴᠢᠳᠠᠨ᠎ᠤ ᠪᠠᠺᠲᠸᠷᠢ ᠭᠠᠳᠠᠭᠰᠢᠯᠠᠭᠤᠯᠵᠤ ᠪᠠᠢᠭ᠎ᠠ ᠬᠡᠳᠡᠭ᠎ᠢ ᠢᠯᠡᠳᠬᠡᠨ᠎ᠠ᠂ ᠡᠨᠡ ᠨᠢ ᠬᠠᠯᠳᠠᠪᠤᠷᠢᠯᠠᠯ᠎ᠤᠨ ᠡᠬᠢ ᠪᠤᠯᠬᠤ ᠤᠴᠢᠷ ᠡᠴᠨ ᠡᠷᠬᠡᠪᠰᠢ ᠢᠳᠡᠪᠬᠢᠳᠡᠢ ᠡᠮᠨᠡᠨ ᠵᠠᠰᠠᠬᠤ ᠬᠡᠷᠡᠭᠳᠡᠢ᠃

ᠮᠠᠠ᠎ᠤ ᠤᠯᠤᠰ᠎ᠤᠨ ᠰᠢᠶᠠᠨ᠎ᠤ ᠱᠠᠳᠤ ᠪᠠ ᠰᠢᠶᠠᠨ᠎ᠤ ᠱᠠᠳᠤᠨ᠎ᠡᠴᠨ ᠲᠡᠬᠡᠭᠰᠢᠬᠢ ᠡᠮᠨᠡᠯᠬᠡ ᠵᠢᠨ ᠪᠠᠢᠭᠤᠯᠤᠮᠵᠢ᠂ ᠬᠤᠳᠠ ᠪᠠᠯᠭᠠᠰᠤ ᠪᠦᠷ ᠰᠦᠷᠢᠶ᠎ᠠ ᠡᠪᠡᠳᠴᠢᠨ᠎ᠢ ᠪᠠᠢᠴᠠᠭᠠᠬᠤ ᠪᠠ ᠡᠮᠨᠡᠨ ᠵᠠᠰᠠᠬᠤ ᠳᠤᠰᠬᠠᠢ ᠪᠠᠢᠭᠤᠯᠤᠮᠵᠢ ᠲᠠᠢ᠃ ᠤᠯᠠᠩᠬᠢ ᠰᠦᠷᠢᠶ᠎ᠠ ᠡᠪᠡᠳᠴᠢᠨ᠎ᠢ ᠰᠡᠷᠬᠡᠢᠯᠡᠨ ᠵᠠᠰᠠᠬᠤ ᠬᠡᠯᠳᠡᠰ᠎ᠢ ᠪᠦᠷ ᠡᠪᠡᠳᠴᠢᠨ᠎ᠢ ᠰᠡᠷᠬᠡᠢᠯᠡᠨ ᠬᠢᠵᠠᠭᠠᠷᠯᠠᠬᠤ ᠲᠦᠪ (ᠤᠤᠯ᠎ᠤᠨ ᠡᠷᠡᠬᠦᠯ᠎ᠢ ᠬᠠᠮᠠᠭᠠᠯᠠᠵᠤ ᠬᠢᠵᠢᠭ᠎ᠢ ᠰᠡᠷᠬᠡᠢᠯᠡᠬᠦ ᠦᠷᠳᠡᠬᠡ) ᠲᠤ᠌ ᠳᠤᠬᠢᠷᠠᠭᠤᠯᠵᠠᠢ᠃ ᠰᠢᠶᠠᠨ ᠪᠠ ᠪᠤᠰᠤᠳ ᠳᠤᠮᠳᠠ ᠵᠡᠷᠬᠡ ᠵᠢᠨ ᠬᠤᠳᠠ᠂ ᠳᠤᠮᠤ ᠬᠤᠳᠠ᠎ᠳᠤ ᠪᠦᠷ ᠰᠦᠷᠢᠶ᠎ᠠ ᠡᠪᠡᠳᠴᠢᠨ᠎ᠢ ᠰᠡᠷᠬᠡᠢᠯᠡᠨ ᠵᠠᠰᠠᠬᠤ ᠭᠠᠵᠡᠷ (ᠦᠷᠳᠡᠬᠡ) ᠪᠤᠢ᠂ ᠡᠳᠡᠬᠡᠷ ᠪᠠᠢᠭᠤᠯᠤᠮᠵᠢ ᠪᠤᠯ ᠳᠤᠰᠬᠠᠢ ᠰᠦᠷᠢᠶ᠎ᠠ ᠡᠪᠡᠳᠴᠢᠨ᠎ᠢ ᠪᠠᠢᠴᠠᠭᠠᠬᠤ ᠪᠡ ᠡᠮᠨᠡᠨ ᠵᠠᠰᠠᠬᠤ ᠪᠠᠢᠭᠤᠯᠤᠮᠵᠢ ᠪᠤᠯᠤᠨ᠎ᠠ᠃ ᠳᠤᠰᠬᠠᠢ ᠪᠠᠢᠴᠠᠭᠠᠯᠳᠠ ᠵᠢᠨ ᠬᠡᠮᠵᠢᠬᠦᠷᠯᠢᠭ ᠪᠠ ᠳᠤᠨᠤᠭ ᠲᠦᠬᠦᠬᠡᠷᠤᠮᠵᠢ ᠲᠠᠢ ᠮᠦᠷᠳᠡᠬᠡᠨ ᠳᠤᠰᠬᠠᠢ ᠰᠠᠯᠠᠭᠠᠨ᠎ᠤ ᠡᠮᠴᠢ ᠳᠤᠬᠢᠷᠠᠭᠤᠯᠤᠭᠰᠠᠠ ᠪᠠᠢᠳᠠᠭ᠃ ᠠᠭᠤᠰᠬᠢᠨ᠎ᠤ ᠰᠦᠷᠢᠶ᠎ᠠ ᠵᠢᠨ ᠢᠯᠡᠷᠡᠯ ᠲᠠᠢ ᠬᠦᠮᠤᠰ ᠢᠢᠮᠤᠷᠬᠦᠤ ᠳᠤᠰᠬᠠᠢ ᠰᠠᠯᠠᠭᠠᠨ᠎ᠳᠤ ᠤᠴᠢᠵᠤ ᠪᠠᠢᠴᠠᠭᠠᠯᠳᠠ ᠬᠢᠪᠡᠯ ᠵᠤᠬᠢᠯᠳᠠᠢ᠃

              (《ᠡᠷᠡᠬᠦᠯ ᠮᠠᠨᠳᠤ ᠵᠢᠨ 66 ᠵᠤᠷᠪᠤᠰ》  ᠨᠤᠮ ᠡᠴᠨ ᠨᠠᠢᠷᠠᠭᠤᠯᠤᠨ ᠠᠪᠤᠪᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号