ᠬᠠᠯᠠᠭᠤᠨ ᠤᠰᠤ ᠪᠡᠷ ᠬᠦᠯ ᠵᠢᠠᠨ ᠲᠡᠪᠳᠤᠬᠡᠵᠤ ᠤᠬᠢᠶᠠᠬᠤ᠎ᠳᠤ ᠠᠩᠬᠠᠷᠬᠤ ᠵᠤᠢᠯ
2026-06-26 10:17:07
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠦᠷᠭᠦᠯᠵᠢ ᠬᠠᠯᠠᠭᠤᠨ ᠤᠰᠤ᠎ᠪᠠᠷ ᠬᠥᠯ᠎ᠢᠶᠠᠨ ᠳᠡᠪᠲᠦᠭᠡᠨ ᠤᠬᠢᠶᠠᠪᠠᠯ ᠪᠡᠶ᠎ᠡ ᠳ᠋ᠤ ᠶᠠᠮᠠᠷ ᠬᠤᠪᠢᠷᠠᠯᠲᠠ ᠭᠠᠷᠳᠠᠭ ᠪᠤᠢ? ᠬᠠᠯᠠᠭᠤᠨ ᠤᠰᠤ᠎ᠪᠠᠷ ᠬᠥᠯ᠎ᠢᠶᠠᠨ ᠳᠡᠪᠲᠦᠭᠡᠨ ᠤᠬᠢᠶᠠᠪᠠᠯ ᠰᠠᠶ᠋ᠢᠨ ᠤᠨᠳᠠᠵᠤ ᠴᠢᠳᠠᠨ᠎ᠠ᠂ ᠡᠷᠡᠭᠦᠯ ᠴᠢᠭᠢᠷᠠᠭ ᠬᠥᠮᠦᠰ᠎ᠲᠤ᠌ ᠠᠪᠴᠤ᠌ ᠬᠡᠯᠡᠪᠡᠯ ᠬᠥᠯ᠎ᠢᠶᠠᠨ ᠳᠡᠪᠲᠦᠭᠡᠨ ᠤᠬᠢᠶᠠᠬᠤ ᠨᠢ ᠦᠨᠡᠬᠡᠷ ᠤᠨᠲᠠᠯᠭ᠎ᠠ᠎ᠳᠤ ᠳᠤᠰᠠᠳᠠᠢ᠃ ᠭᠡᠪᠡᠴᠦ᠍ ᠨᠣᠶ᠋ᠢᠷ ᠬᠤᠯᠵᠢᠳᠠᠭ ᠬᠥᠮᠦᠰ᠎ᠲᠤ᠌ ᠠᠪᠴᠤ᠌ ᠬᠡᠯᠡᠪᠡᠯ ᠬᠥᠯ᠎ᠢᠶᠠᠨ ᠳᠡᠪᠲᠦᠭᠡᠵᠤ ᠤᠬᠢᠶᠠᠬᠤ ᠨᠢ ᠨᠢᠭᠡ ᠯᠡ ᠲᠡᠭᠡᠷ᠎ᠡ ᠰᠠᠶ᠋ᠢᠨ ᠤᠨᠳᠠᠭᠤᠯᠬᠤ ᠲᠤᠰᠠᠳᠠᠢ ᠠᠷᠭ᠎ᠠ ᠪᠢᠰᠢ᠂ ᠨᠣᠶ᠋ᠢᠷ ᠬᠤᠯᠵᠢᠬᠤ ᠨᠢ ᠮᠠᠰᠢ ᠣᠯᠠᠨ ᠡᠯᠧᠮᠧᠨ᠋ᠲ᠎ᠡᠴᠠ ᠪᠣᠯᠤᠭᠰᠠᠨ ᠶᠤᠮ᠃

ᠬᠥᠯ᠎ᠢᠶᠠᠨ ᠳᠡᠪᠲᠦᠭᠡᠨ ᠤᠬᠢᠶᠠᠬᠤ ᠎ᠳᠤ ᠶᠠᠭᠤ ᠶᠠᠭᠤ ᠵᠢ ᠠᠩᠬᠠᠷᠬᠤ ᠴᠢᠬᠤᠯᠠᠳᠠᠢ ᠪᠤᠢ?

ᠡᠩ ᠲᠡᠷᠢᠭᠦᠨ᠎ᠳᠤ᠂ ᠬᠠᠯᠠᠭᠤᠨ ᠤᠰᠤᠨ᠎ᠤ ᠬᠠᠯᠠᠭᠤᠨ ᠤ᠋ ᠭᠡᠮᠵᠢᠶ᠎ᠡ ᠵᠢ ᠠᠩᠬᠠᠷᠬᠤ ᠬᠡᠷᠡᠭᠲᠡᠶ᠃ 40 ᠭᠷᠠᠳᠦ᠋ᠰ᠎ᠤᠨ ᠣᠷᠴᠢᠮ ᠪᠠᠶ᠋ᠢᠪᠠᠯ ᠪᠣᠯᠴᠢᠬᠠᠨ᠎ᠠ᠂ ᠬᠥᠯ ᠵᠢᠨᠨ ᠳᠡᠪᠲᠦᠭᠡᠨ ᠤᠬᠢᠶᠠᠬᠤ ᠴᠠᠭ ᠢ᠋ 30 ᠮᠢᠨᠦ᠋ᠲ᠎ᠠᠴᠠ ᠬᠡᠳᠦᠷᠡᠬᠦᠯᠵᠦ᠍ ᠪᠣᠯᠬᠤ ᠥᠬᠡᠶ᠂ ᠡᠰᠡ ᠲᠡᠭᠡᠪᠡᠯ ᠬᠡᠰᠡᠭ ᠭᠠᠵᠠᠷ᠎ᠤᠨ ᠴᠢᠰᠦᠨ ᠤ᠋ ᠡᠷᠭᠢᠯᠲᠡ ᠬᠡᠲᠦ᠍ ᠲᠦᠷᠭᠡᠨ ᠪᠣᠯᠵᠣ᠂ ᠵᠢᠷᠦᠬᠡᠨ᠎ᠤ ᠳᠠᠷᠤᠭᠠᠰᠤ᠎ᠶᠢ ᠬᠦ᠋ᠨᠳᠦᠷᠡᠭᠦᠯᠵᠦ᠍ ᠮᠡᠳᠡᠨ᠎ᠡ᠃ ᠡᠭᠦᠨ ᠳ᠋ᠤ ᠠᠡᠭᠬᠠᠷᠬᠤ ᠴᠢᠬᠤᠯᠠᠳᠠᠢ ᠵᠦᠢᠯ ᠬᠡᠪᠡᠯ᠂ ᠶᠠᠭᠠᠬᠢᠭᠰᠠᠨ ᠴᠤ᠌ ᠬᠥᠯ᠎ᠢᠶᠠᠷ᠎ᠢᠶᠠᠨ ᠤᠰᠤᠨ ᠤ᠋ ᠬᠠᠯᠠᠭᠤᠨ ᠢ᠋ ᠲᠤᠷᠰᠢᠨ ᠦᠵᠡᠵᠦ᠍ ᠪᠣᠯᠬᠤ ᠦᠭᠡᠢ᠃

ᠲᠠᠷᠠᠭᠠᠯᠠᠪᠠᠯ᠂ ᠬᠥᠯ᠎ᠢᠶᠠᠨ ᠤᠰᠤᠨ ᠳ᠋ᠤ ᠳᠡᠪᠲᠦᠭᠡᠨ ᠤᠬᠢᠶᠠᠬᠤ ᠨᠢ ᠬᠥᠮᠦᠨ ᠪᠣᠯᠭᠠᠨ ᠳ᠋ᠤ ᠲᠣᠬᠢᠷᠠᠬᠤ ᠪᠢᠰᠢ᠃

1. 6 ᠨᠠᠰᠤᠨ᠎ᠠᠴᠠ ᠡᠮᠦᠨᠡᠬᠢ ᠬᠡᠦᠬᠡᠳ᠎ᠤᠨ᠎ᠬᠥᠯ᠎ᠤᠨ ᠤᠯᠠ᠎ᠶᠢᠨ ᠶᠠᠰᠤ ᠰᠢᠷᠪᠤᠰᠤ ᠪᠦᠷᠢᠮᠦᠰᠦᠨ ᠪᠦᠷᠢᠯᠳᠦᠭᠡᠳᠦᠢ ᠪᠠᠶ᠋ᠢᠬᠰᠠᠭᠠᠷ ᠲᠤᠯᠠ ᠤᠷᠲᠤ᠌ ᠬᠤᠭᠤᠴᠠᠭ᠎ᠠ᠎ᠪᠠᠷ ᠬᠠᠯᠠᠭᠤᠨ ᠤᠰᠤ᠎ᠪᠠᠷ ᠬᠥᠯ᠎ᠢᠶᠠᠨ ᠳᠡᠪᠲᠦᠭᠡᠨ ᠤᠬᠢᠶᠨᠪᠡᠯ᠂ ᠬᠥᠯ ᠎ᠤᠨ ᠤᠯᠠ᠎ᠶᠢᠨ ᠰᠤᠳᠠᠯ ᠰᠢᠷᠪᠤᠰᠤ ᠵᠢ ᠰᠤᠯᠠᠷᠠᠭᠤᠯᠵᠤ᠂ ᠬᠠᠷᠢᠮᠠᠬᠠᠶ ᠴᠢᠨᠠᠷ᠎ᠢᠶᠠᠷ ᠳᠤᠲᠠᠮᠠᠭ ᠪᠤᠯᠭᠠᠵᠤ᠂ ᠬᠥᠯ᠎ᠤᠨ ᠤᠯᠠ ᠵᠢ ᠬᠠᠪᠲᠠᠭᠠᠶ ᠪᠤᠯᠭᠠᠵᠤ ᠮᠡᠳᠡᠨ᠎ᠡ᠃

2. ᠨᠠᠮᠵᠢᠭᠤᠨ ᠰᠤᠳᠠᠯ ᠭᠦᠷᠪᠡᠶ᠋ᠢᠭᠰᠡᠨ ᠪᠤᠶᠤ ᠯᠤᠭᠰᠢᠭᠤᠨ ᠰᠤᠳᠠᠯ ᠪᠥᠭᠯᠡᠷᠡᠭᠰᠡᠨ ᠡᠪᠡᠳᠴᠢᠲᠡᠨ ᠬᠠᠯᠠᠭᠤᠨ ᠤᠰᠤ᠎ᠪᠠᠷ ᠬᠥᠯ᠎ᠢᠶᠠᠨ ᠳᠡᠪᠲᠦᠭᠡᠨ ᠤᠬᠢᠶᠡᠪᠡᠯ ᠬᠥᠯ ᠪᠠ ᠬᠥᠯ᠎ᠤᠨ ᠬᠡᠰᠡᠭ᠎ᠤᠨ ᠬᠡᠰᠡᠭ ᠭᠠᠵᠠᠷ᠎ᠤᠨ ᠴᠢᠰᠤᠨ ᠤ᠋ ᠬᠦᠶᠦᠯᠳᠡ ᠵᠢᠨ ᠬᠡᠮᠵᠢᠶ᠎ᠡ᠎ᠶᠢ ᠨᠡᠮᠡᠭᠳᠡᠭᠦᠯᠳᠡᠭ᠃ ᠡᠶ᠋ᠢᠮᠦ᠎ᠡᠴᠠ ᠨᠠᠮᠵᠢᠭᠤᠨ ᠰᠤᠳᠠᠯ ᠭᠦᠷᠪᠡᠶ᠋ᠢᠬᠦ᠌ ᠡᠪᠡᠳᠴᠢᠨ ᠤᠯᠤᠬᠰᠠᠨ ᠡᠪᠡᠳᠴᠢᠲᠡᠨ ᠬᠦᠯ ᠵᠢᠨᠨ ᠳᠡᠪᠲᠦᠭᠡᠨ ᠤᠬᠢᠶᠡᠪᠡᠯ ᠢᠯᠡᠬᠦᠴᠠ ᠶᠠᠪᠤᠳᠠᠯ ᠬᠢᠵᠤ ᠪᠠᠢᠬᠤ ᠲᠠᠢ ᠠᠳᠠᠯᠢ ᠶᠤᠮ᠃ ᠶᠡᠷᠦ᠎ᠨᠢ ᠭᠦᠷᠪᠡᠶ᠋ᠢᠨ ᠰᠢᠬᠠᠯᠳᠤᠵᠤ ᠪᠠᠶ᠋ᠢᠬᠰᠠᠨ ᠰᠤᠳᠠᠯ ᠬᠠᠯᠠᠭᠤᠨ ᠤᠰᠤᠨ᠎ᠳᠤ ᠤᠳᠠᠭᠠᠨ ᠲᠡᠪᠳᠦᠬᠡᠭᠳᠡᠬᠦ ᠳ᠋ᠤ ᠬᠦᠷᠪᠡᠯ ᠨᠠᠮᠵᠢᠭᠤᠨ ᠰᠤᠳᠠᠯ ᠎ᠤᠨ ᠪᠤᠴᠠᠯᠲᠠ᠎ᠶᠢᠨ ᠳᠠᠷᠤᠭᠠᠰᠤ᠎ᠶᠢ ᠨᠠᠩ ᠬᠦᠨᠳᠦᠷᠡᠭᠦᠯᠬᠦ᠌ ᠪᠤᠯᠦᠨ᠎ᠡ᠃ ᠯᠤᠭᠰᠢᠭᠤᠨ ᠰᠤᠳᠠᠯ ᠪᠥᠭᠯᠡᠷᠡᠭᠰᠡᠨ ᠡᠪᠡᠳᠴᠢᠲᠡᠨ ᠴᠦ᠍ ᠮᠦᠨ ᠠᠳᠠᠯᠢᠬᠠᠨ ᠶᠤᠮ᠃

3. ᠰᠢᠬᠢᠷ ᠰᠢᠵᠢᠩ ᠡᠪᠡᠳᠴᠢᠨ ᠤᠯᠤᠬᠰᠠᠨ ᠡᠪᠡᠳᠴᠢᠲᠡᠨ᠎ᠤ ᠣᠯᠠᠩᠬᠢ᠎ᠨᠢ ᠳᠣᠣᠷ᠎ᠠ ᠮᠥᠴᠢ᠎ᠶᠢᠨ ᠬᠡᠰᠡᠭ᠎ᠤᠨ ᠮᠡᠳᠡᠷᠡᠯ ᠨᠢ ᠡᠷᠡᠭᠦᠯ ᠪᠤᠰᠤ ᠪᠤᠯᠤᠬᠰᠠᠨ ᠪᠥᠭᠡᠳ ᠠᠳᠠᠯᠢ ᠪᠤᠰᠤ ᠬᠡᠮᠵᠢᠶᠡᠨ᠎ᠤ ᠴᠢᠰᠤᠨ ᠰᠤᠳᠠᠯ ᠎ᠤᠨ ᠡᠪᠡᠳᠴᠢᠨ ᠎ᠤ ᠬᠤᠪᠢᠷᠠᠯᠲᠠ᠎ᠭᠠᠷᠤᠭᠰᠠᠠ ᠶᠤᠮ᠃ ᠲᠥᠬᠥᠮ᠎ᠢᠶᠠᠷ ᠬᠡᠯᠡᠪᠡᠯ ᠲᠡᠳᠡᠨ ᠎ᠤ ᠴᠢᠰᠤᠨ ᠰᠤᠳᠠᠯ ᠎ᠨᠢ ᠤᠰᠤᠨ ᠤ᠋ ᠬᠠᠯᠠᠭᠤᠨ᠎ᠤ ᠬᠡᠮᠵᠢᠶ᠎ᠠ ᠡᠴᠠ ᠪᠣᠯᠵᠣ ᠠᠪᠴᠢᠬᠤ ᠪᠤᠶᠤ ᠲᠡᠯᠡᠳᠡᠭ ᠦᠭᠡᠢ ᠪᠤᠯᠬᠤᠷ ᠬᠥᠯ᠎ᠢᠶᠠᠨ ᠳᠡᠪᠲᠦᠭᠡᠨ ᠤᠬᠢᠶᠡᠬᠤ ᠨᠢ ᠴᠢᠰᠤᠨ᠎ᠤ ᠬᠦᠶᠦᠯᠳᠡ ᠳ᠋ᠤ ᠲᠠᠮᠠᠢ ᠲᠤᠰᠠ ᠪᠣᠯᠳᠠᠭ ᠥᠬᠡᠶ᠃ ᠡᠭᠦᠨ᠎ᠤ ᠡᠰᠡᠷᠭᠦ᠎ᠪᠠᠷ ᠲᠡᠳᠡᠨ᠎ᠤ ᠤᠰᠤᠨ ᠤ᠋ ᠬᠠᠯᠠᠭᠤᠨ᠎ᠤ ᠬᠡᠮᠵᠢᠶ᠎ᠠ ᠵᠢᠨ ᠲᠤᠬᠠᠶ ᠮᠡᠳᠡᠷᠡᠮᠵᠢ᠎ᠨᠢ ᠡᠩ᠎ᠤᠨ ᠬᠥᠮᠦᠨ᠎ᠤ᠎ᠬᠢ ᠰᠢᠭ ᠰᠡᠷᠭᠡᠭ ᠪᠢᠰᠢ ᠪᠠᠶ᠋ᠢᠳᠠᠭ᠂ ᠬᠦᠮᠦᠰ ᠮᠠᠰᠢ ᠬᠠᠯᠠᠭᠤᠨ ᠤᠰᠤ ᠭᠡᠵᠦ᠍ ᠦᠵᠡᠬᠦ᠌ ᠳ᠋ᠤ ᠲᠡᠳ᠋ᠨ ᠬᠠᠷᠢᠨ ᠬᠡᠪ᠎ᠤᠨ ᠬᠠᠯᠠᠭᠤᠨ ᠭᠡᠵᠦ᠍ ᠦᠵᠡᠭᠡᠳ ᠠᠮᠠᠷᠬᠠᠨ ᠬᠠᠯᠠᠭᠠᠭᠳᠠᠨ ᠰᠢᠷᠬᠠᠲᠤᠳᠠᠭ᠃

4. ᠬᠥᠯ᠎ᠤᠨ ᠢᠯᠢᠳᠦ ᠡᠪᠡᠳᠴᠢᠨ ᠤᠯᠤᠬᠰᠠᠨ ᠡᠪᠡᠳᠴᠢᠲᠡᠨ ᠬᠥᠯ᠎ᠤᠨ ᠢᠯᠢᠳᠦ᠎ᠶᠢ ᠪᠠᠰᠠ ᠬᠥᠯ᠎ᠤᠨ ᠪᠠᠮ ᠭᠡᠳᠡᠭ᠂ ᠡᠨᠡ ᠪᠣᠯ ᠨᠢᠭᠡ ᠵᠦᠢᠯ᠎ᠤᠨ ᠮᠥᠭᠥᠨᠴᠢᠷ᠎ᠤᠨ ᠬᠠᠯᠳᠠᠪᠤᠷᠢᠯᠠᠯ ᠪᠣᠯᠤᠨ᠎ᠠ᠃ ᠬᠥᠯ᠎ᠤᠨ ᠢᠯᠢᠳᠦ ᠡᠪᠡᠳᠴᠢᠨ ᠤᠯᠤᠬᠰᠠᠨ ᠮᠠᠰᠢ ᠣᠯᠠᠨ ᠡᠪᠡᠳᠴᠢᠲᠡᠨ ᠬᠥᠯ᠎ᠢᠶᠠᠨ ᠳᠡᠪᠲᠦᠭᠡᠨ ᠤᠬᠢᠶᠡᠬᠤ ᠳ᠋ᠤ ᠲᠦ᠋ᠷ ᠵᠠᠭᠤᠷ᠎ᠠ ᠮᠠᠰᠢ ᠲᠠᠭᠠᠲᠠᠶ ᠰᠠᠨᠠᠭᠳᠠᠵᠦ᠍᠂ ᠬᠠᠯᠠᠭᠤᠨ ᠤᠰᠤ ᠨᠢ ᠮᠥᠭᠥᠨᠴᠢᠷ᠎ᠪᠠᠺᠲᠧᠷᠢ ᠵᠢ ᠠᠯᠠᠴᠢᠬᠠᠨ᠎ᠠ ᠭᠡᠵᠦ᠍ ᠢᠲᠡᠭᠡᠳᠡᠭ ᠪᠤᠯᠪᠠᠴᠤ᠌ ᠦᠨᠡᠨ᠎ᠳᠡᠭᠡᠨ ᠲᠡᠶ᠋ᠢᠮᠦ᠍ ᠪᠢᠰᠢ ᠶᠤᠮ᠃


                  (《ᠠᠷᠠᠳ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ





ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号