ᠰᠣᠶᠣᠯ᠎ᠤᠨ ᠨᠠᠢᠷᠠᠭᠤᠯᠤᠯ ᠶᠡᠷᠦ᠍᠎ᠨᠢ ᠬᠥᠮᠦᠯᠢᠭ ᠠᠭᠤᠯᠠ ᠤᠰᠤ᠂ ᠦᠦᠬᠡ ᠲᠡᠦᠬᠡ᠂ ᠶᠣᠰᠣ ᠵᠠᠩᠱᠢᠯ᠂ ᠬᠠᠮᠲᠤ ᠴᠣᠭ᠍ᠴᠠ ᠶ᠋ᠢᠨ ᠤᠴᠠᠷᠠᠯ ᠲᠠᠪᠢᠯᠠᠩ ᠵᠡᠷᠭᠡ ᠰᠣᠶᠣᠯ ᠤᠨ ᠠᠬᠤᠭᠤᠯᠤᠮᠵᠢ᠎ᠪᠠᠷ ᠪᠠᠶᠠᠯᠢᠭ 《ᠲᠣᠮᠣ ᠰᠡᠳᠦᠪ 》 ᠢ᠋ ᠬᠦᠨᠳᠡᠵᠦ᠍ ᠪᠢᠴᠢᠳᠡᠭ ᠪᠣᠯᠬᠤᠷ ᠠᠤᠭ᠎ᠠ ᠬᠦᠦᠷᠨᠢᠯ᠎ᠤᠨ ᠱᠢᠨᠵᠢᠲᠡᠢ᠃ ᠪᠣᠳᠣᠯᠭᠠᠱᠢᠷᠠᠯ᠂ ᠰᠡᠳᠭᠢᠯ ᠠᠯᠭᠠᠰᠠᠯ᠎ᠢᠶᠠᠷ ᠡᠷᠴᠢᠮᠯᠡᠭ᠌ᠳᠡᠳᠡᠭ ᠪᠣᠯᠬᠤᠷ ᠭᠦᠨ᠎ᠡ ᠰᠡᠳᠭᠢᠵᠦ᠍᠂ ᠰᠣᠶᠣᠯ᠎ᠤᠨ ᠲᠤᠩᠭᠠᠯᠲᠠ ᠪᠠ ᠴᠢᠬᠢᠮᠡᠢ ᠱᠢᠭᠦᠮᠵᠢᠯᠡᠯ ᠬᠢᠳᠡᠭ ᠤᠨᠴᠠᠯᠢᠭ᠎ᠲᠠᠢ᠃ ᠰᠣᠶᠣᠯ᠎ᠤᠨ ᠨᠠᠢᠷᠠᠭᠤᠯᠤᠯᠢ ᠲᠤᠭᠤᠷᠪᠢᠬᠤ᠎ᠳᠤ ᠲᠡᠦᠬᠡ ᠰᠣᠶᠣᠯ᠎ᠤᠨ ᠪᠠᠶᠠᠯᠢᠭ ᠮᠡᠳᠡᠯᠭᠡ᠂ ᠣᠳᠣᠬᠢᠴᠢ ᠤᠬᠠᠮᠰᠠᠷ ᠪᠠ ᠥᠪᠡᠷᠮᠢᠴᠡ ᠭᠤᠸ᠎ᠠ ᠮᠡᠳᠡᠷᠡᠮᠵᠢ ᠵᠢᠴᠢ ᠪᠣᠳᠣᠯ ᠪᠢᠱᠢᠯᠭᠠᠯᠤᠨ ᠠᠯᠢ ᠠᠯᠢ᠎ᠨᠢ ᠳᠤᠲᠠᠭ᠍ᠳᠠᠵᠤ ᠥᠯᠥ᠍ ᠪᠤᠯᠤᠨ᠎ᠠ᠃ ᠰᠣᠶᠣᠯ᠎ᠤᠨ 《ᠲᠤᠮᠤ ᠨᠠᠢᠷᠠᠭᠤᠯᠤᠯ 》 ᠢ᠋ ᠬᠡᠯᠡᠭᠡᠳ ᠪᠠᠢᠭ᠎ᠠ ᠮᠠᠨᠢ ᠤᠯᠠᠮᠵᠢᠯᠠᠯᠲᠤ ᠦᠵᠡᠮᠵᠢ᠎ᠶ᠋ᠢᠨ ᠨᠠᠢᠷᠠᠭᠤᠯᠤᠯ᠂ ᠬᠤᠪᠢ ᠬᠥᠮᠦᠨ᠎ᠤ ᠰᠤᠯᠠ ᠲᠥᠷᠥᠭ᠌ᠳᠡᠯ᠂ ᠡᠳᠦᠷ ᠲᠤᠲᠤᠮ᠎ᠤᠨ ᠠᠷᠰᠠᠷ ᠬᠡᠷᠡᠭ᠎ᠤᠨ ᠲᠡᠮᠳᠡᠭ᠌ᠯᠡᠯ ᠵᠡᠷᠭᠡ ᠬᠠᠷᠢᠴᠠᠩᠭᠤᠢ 《 ᠵᠢᠵᠢᠭ ᠨᠠᠢᠷᠠᠭᠤᠯᠤᠯ 》 ᠤ᠋ᠨ ᠠᠴᠢ ᠬᠤᠯᠪᠣᠭ᠍ᠳᠠᠯ᠎ᠢ ᠦᠭᠡᠢᠰᠭᠡᠵᠦ᠍ ᠪᠠᠢᠭ᠎ᠠ ᠤᠴᠢᠷ ᠪᠢᠰᠢ᠃ ᠠᠯᠢᠪᠠ ᠨᠠᠢᠷᠠᠭᠤᠯᠤᠯ᠎ᠨᠢ ᠤᠷᠠᠯᠢᠭ᠎ᠤᠨ ᠦᠨ᠎ᠡ ᠦᠷᠲᠡᠭ ᠭᠡᠬᠦ᠌ ᠪᠠᠷᠢᠮᠵᠢᠶᠠᠨ᠎ᠤ ᠡᠮᠦᠨ᠎ᠡ ᠪᠦᠷ ᠴᠤ᠌ ᠡᠷᠬᠡ ᠲᠡᠭ᠌ᠰᠢ ᠪᠠᠢᠳᠠᠭ᠃
ᠨᠠᠢᠷᠠᠭᠤᠯᠤᠯ᠎ᠨᠢ ᠮᠣᠩᠭᠤᠯ ᠪᠢᠴᠢᠭ᠎ᠤᠨ ᠤᠷᠠᠨ ᠵᠣᠬᠢᠶᠠᠯ᠎ᠤᠨ ᠴᠢᠬᠤᠯᠠ ᠵᠠᠨᠠᠷ ᠪᠣᠯᠬᠤ ᠶᠤᠮ᠃ ᠡᠷᠲᠡ ᠣᠢᠷ᠎ᠠ ᠦᠶ᠎ᠡ᠎ᠶ᠋ᠢ ᠥᠯᠥ᠍ ᠥᠭᠦᠯᠡᠨ᠂ ᠣᠷᠴᠢᠨ ᠦᠶ᠎ᠡ᠎ᠶ᠋ᠢᠨ ᠨᠠᠢᠷᠠᠭᠤᠯᠤᠯᠢ ᠠᠪᠴᠤ᠌ ᠬᠡᠯᠡᠯᠴᠡᠬᠦ᠌ᠳᠤ᠂ ᠯᠤᠪᠰᠠᠩᠴᠣᠢᠳᠠᠨᠤ 《ᠮᠣᠩᠭᠤᠯ ᠤᠨ ᠵᠠᠩ ᠠᠭᠠᠯᠢ᠎ᠶ᠋ᠢᠨ ᠤᠢᠯᠠᠪᠤᠷᠢ》᠂ ᠲᠡᠮᠬᠡᠲᠦ᠍ᠶ᠋ᠢᠨ 《ᠮᠣᠩᠭᠤᠯ ᠦᠰᠦᠭ᠎ᠤᠨ ᠬᠡᠪ ᠢ ᠡᠭᠦᠰᠭᠡᠨ ᠭᠡᠢᠭᠦᠯᠦᠭ᠌ᠰᠡᠨ ᠬᠥᠮᠥᠨ᠎ᠤ ᠥᠪᠡᠷ᠎ᠤᠨ ᠪᠡᠶ᠎ᠡ᠎ᠶ᠋ᠢᠨ ᠲᠡᠮᠳᠡᠭ᠌ᠯᠡᠯ 》 ᠂ ᠬᠡᠱᠢᠩᠭᠡᠶ᠋ᠢᠨ 《ᠤᠳᠭ᠎ᠠ ᠰᠣᠶᠣᠯ ᠠᠨ᠎ᠤ ᠠᠷᠠᠳ ᠤᠭ᠍ᠰᠠᠭ᠎ᠠ᠎ᠶ᠋ᠢᠨ ᠮᠠᠨᠳᠤᠬᠤ ᠪᠠᠭᠤᠷᠠᠬᠤᠳᠤᠷ ᠭᠦᠨ᠎ᠡ ᠶᠡᠭᠡ ᠬᠤᠯᠪᠣᠭ᠍ᠳᠠᠯ᠎ᠲᠠᠢ ᠤᠴᠢᠷ 》᠂ ᠪᠥᠬᠡᠬᠡᠱᠢᠭ ᠤᠨ 《〈ᠮᠣᠩᠭᠤᠯ᠎ᠤᠨ ᠢᠵᠠᠭᠤᠷ᠎ᠤᠨ ᠲᠡᠦᠬᠡ 〉 ᠶ᠋ᠢᠨ ᠣᠷᠣᠱᠢᠯ 》᠂ ᠪᠤᠶᠠᠨᠳᠡᠯᠭᠡᠷ ᠤᠨ 《 ᠦᠢᠯᠡ᠎ᠶ᠋ᠢᠨ ᠦᠷ᠎ᠡ 》᠂ ᠡᠷᠳᠡᠨᠢᠲᠣᠭ᠍ᠲᠠᠬᠤ᠎ᠶ᠋ᠢᠨ 《ᠢᠷᠡᠭᠡᠳᠦᠢ᠎ᠶ᠋ᠢᠨ ᠮᠣᠩᠭᠤᠯ 》 ᠵᠡᠷᠭᠡ ᠠᠯᠢ ᠣᠯᠠᠨ ᠨᠡᠷᠡᠲᠦ ᠪᠦᠲᠦᠭᠡᠯ᠎ᠨᠢ ᠪᠦᠷ ᠴᠦ᠍ ᠬᠥᠮᠥᠨ ᠠᠷᠠᠳ᠎ᠢᠶᠠᠨ ᠰᠣᠶᠣᠨ ᠭᠡᠭᠡᠷᠡᠭᠦᠯᠬᠦ᠂ ᠦᠨᠳᠦᠰᠦᠲᠡᠨ ᠤᠭ᠍ᠰᠠᠭᠠᠲᠠᠨ᠎ᠢᠶᠠᠨ ᠮᠦᠷᠦᠯᠳᠦᠨ ᠪᠣᠰᠭᠠᠬᠤ ᠭᠦᠨᠵᠡᠭᠡᠢ ᠦᠵᠡᠯ ᠰᠠᠨᠠᠭ᠎ᠠ᠎ᠪᠠᠷ ᠡᠷᠴᠢᠮᠯᠡᠭ᠌ᠳᠡᠭ᠌ᠰᠡᠨ ᠪᠠᠢᠳᠠᠭ᠃ ᠬᠤᠮᠤᠭ᠎ᠤᠨ 《ᠬᠡᠷᠪᠡᠷ 》᠂ ᠮᠦᠶᠠᠴᠢᠶ᠋ᠢᠨ 《ᠨᠢᠭᠡᠨ ᠵᠡᠭᠦᠳᠦᠨ》᠂ ᠬᠠᠳᠠ᠎ᠶ᠋ᠢᠨ 《ᠣᠢ ᠶ᠋ᠢᠨ ᠳᠣᠲᠣᠷᠠᠬᠢ ᠨᠢᠭᠡᠨ ᠱᠢᠪᠠᠭᠤᠨ᠎ᠤ ᠠᠮᠢᠳᠤᠷᠠᠯ》 ᠵᠡᠷᠭᠡ ᠨᠠᠢᠷᠠᠭᠤᠯᠤᠯ᠎ᠨᠢ ᠥᠪᠡᠷᠮᠢᠴᠡ ᠰᠣᠳᠣᠨ ᠤᠷᠠᠯᠢᠭ᠎ᠤᠨ ᠨᠥᠯᠥᠭᠡᠯᠡᠬᠦ᠌ ᠬᠦᠴᠦᠨ᠎ᠢᠶᠠᠷ᠎ᠢᠶᠠᠨ ᠦᠶ᠎ᠡ ᠦᠶ᠎ᠡ᠎ᠶ᠋ᠢᠨ ᠤᠩᠱᠢᠭ᠍ᠴᠢᠳ᠎ᠤᠨ ᠪᠠᠬ᠎ᠠ᠎ᠶ᠋ᠢ ᠲᠠᠲᠠᠭ᠍ᠰᠠᠭᠠᠷ ᠪᠠᠢᠨ᠎ᠠ᠃ ᠰᠠᠢᠴᠤᠩᠭ᠎ᠠ᠎ᠶ᠋ᠢᠨ 《ᠡᠯᠡᠰᠦ ᠮᠠᠩᠬᠠᠨ᠎ᠤ ᠡᠬᠡ ᠨᠤᠲᠤᠭ 》᠂ 《ᠮᠠᠨ᠎ᠤ ᠮᠣᠩᠭᠤᠯ᠎ᠤᠨ ᠮᠠᠨᠳᠤᠬᠤ ᠳᠠᠭᠤᠨ》 ᠬᠤᠶᠠᠷ ᠲᠡᠭᠦᠪᠦᠷᠢ᠎ᠨᠢ ᠤᠷᠠᠯᠢᠭ ᠦᠵᠡᠯ ᠰᠠᠨᠠᠭ᠎ᠠ ᠬᠤᠶᠠᠷ᠎ᠢ ᠰᠦ ᠴᠠᠢ ᠱᠢᠭ᠋ ᠨᠡᠢᠯᠡᠭᠦᠯᠵᠦ᠍᠂ ᠥᠪᠡᠷ᠎ᠤᠨ ᠶᠢᠷᠲᠢᠨᠴᠦ᠍᠎ᠶ᠋ᠢ ᠴᠣᠭ᠍ᠴᠠᠯᠠᠭ᠍ᠰᠠᠨᠢᠶᠠᠷᠢᠶᠠᠨ ᠰᠣᠩᠭᠤᠳᠠᠭ ᠪᠠᠢᠷᠢᠨ᠎ᠳᠤ ᠰᠠᠭᠠᠲᠠᠵᠠᠢ᠃
ᠬᠠᠷᠢᠨ ᠣᠳᠣ ᠦᠶ᠎ᠡ᠎ᠶ᠋ᠢᠨ ᠤᠳᠭ᠎ᠠ ᠵᠣᠬᠢᠶᠠᠯ᠎ᠤᠨ ᠳᠦᠷᠢᠮᠵᠢᠭᠦᠯᠦᠯ᠎ᠤᠨ ᠲᠣᠭ᠍ᠲᠠᠴᠠ ᠳᠣᠲᠣᠷ᠎ᠠ ᠨᠠᠢᠷᠠᠭᠤᠯᠤᠯ᠎ᠨᠢ ᠤᠯᠠᠮ᠎ᠢᠶᠠᠷ ᠤᠬᠠᠭᠤᠯᠤᠯ ᠰᠤᠷᠲᠠᠯᠴᠢᠯᠠᠯᠢ ᠴᠢᠬᠤᠯᠠᠴᠢᠯᠠᠵᠤ᠂ ᠵᠣᠬᠢᠶᠠᠭ᠍ᠴᠢ᠎ᠶ᠋ᠢᠨ ᠪᠣᠳᠠᠭᠠᠯᠢ ᠱᠢᠨᠵᠢ ᠪᠠ ᠤᠷᠠᠯᠢᠭ᠎ᠤᠨ ᠥᠪᠡᠷᠮᠢᠴᠡ ᠣᠨᠴᠠᠯᠢᠭ᠎ᠨᠢ ᠪᠠᠯᠠᠷᠬᠠᠢᠱᠢᠵᠤ ᠂ ᠨᠡᠢᠲᠡᠯᠢᠭ ᠵᠠᠮᠪᠠᠷᠠᠭ᠎ᠠ᠎ᠳᠤ ᠪᠠᠷᠢᠭ᠍ᠳᠠᠵᠠᠢ᠃ ᠤᠷᠠᠯᠢᠭ᠎ᠤᠨ ᠵᠠᠭ᠍ᠪᠤᠷ ᠨᠢᠭᠡᠨᠲᠡ ᠬᠡᠯᠪᠡᠷᠢᠵᠢᠮᠡᠭ᠌ᠴᠡ ᠢᠯᠡᠳᠭᠡᠬᠦ᠌ ᠪᠡᠯᠡᠨ ᠵᠤᠷᠱᠢᠯ ᠪᠣᠯᠣᠨ ᠲᠣᠭ᠍ᠲᠠᠪᠤᠷᠢᠵᠢᠵᠤ᠂ ᠨᠡᠢᠭᠡᠮ᠎ᠤᠨ ᠬᠡᠪ ᠱᠢᠯᠵᠢᠯᠲᠡ᠂ ᠴᠠᠭ ᠡᠷᠢᠨ᠎ᠤ ᠰᠣᠯᠢᠭ᠍ᠳᠠᠯ᠎ᠢ ᠳᠠᠭᠠᠭᠠᠳ ᠢᠯᠭᠤᠮᠬᠠᠨ ᠬᠤᠪᠢᠰᠴᠢᠬᠠᠬᠤ ᠶᠤᠮ ᠪᠢᠰᠢ᠃ ᠱᠢᠨ᠎ᠡ ᠡᠷᠢᠨ᠎ᠠᠴᠠ ᠨᠠᠭᠠᠰᠢ ᠪᠠᠰᠠ ᠮᠤᠤ ᠳ᠋ᠦᠨᠤ 《ᠴᠠᠭᠠᠨ ᠤᠯᠢᠶᠠᠰᠤᠨ᠎ᠤ ᠮᠠᠭ᠍ᠲᠠᠭᠠᠯ 》 ᠢ᠋ ᠮᠥᠷᠳᠡᠵᠦ᠍ ᠪᠢᠴᠢᠭ᠌ᠰᠡᠨ 《ᠡᠭᠡᠯ ᠵᠢᠷ᠎ᠤᠨ ᠮᠥᠷᠲᠡᠭᠡᠨ ᠠᠭᠤᠤ ᠶᠡᠭᠡ》 ᠬᠠᠷᠭᠠᠨ᠎ᠠ ᠵᠡᠭᠡᠷᠭᠡᠨ᠎ᠡ ᠬᠠᠢᠯᠠᠰᠤ ᠴᠠᠬᠢᠯᠳᠠᠭ ᠬᠡᠴᠢᠨᠡᠭᠡᠨ ᠴᠦ᠍ ᠣᠯᠠᠨ 《 ᠤᠷᠭᠤᠪᠠ 》? ᠶᠠᠩ ᠱᠦᠸᠧ᠂ ᠴᠢᠨ ᠮᠤ᠌᠂ ᠯᠢᠤ ᠪᠠᠢ ᠢᠤᠢ᠎ᠶ᠋ᠢᠨ ᠵᠣᠬᠢᠶᠠᠮᠵᠢᠯᠠᠬᠤ ᠵᠠᠭ᠍ᠪᠤᠷ ᠮᠣᠩᠭᠤᠯ ᠨᠠᠢᠷᠠᠭᠤᠯᠤᠯᠢ ᠪᠠᠰᠠ ᠬᠡᠴᠢᠨᠡᠭᠡᠨ ᠴᠦ᠍ ᠣᠯᠠᠨ ᠵᠢᠯ ᠨᠡᠷᠪᠡᠪᠡ ? ᠲᠣᠳᠣᠷᠠᠭᠤᠯᠪᠠᠯ ᠂ ᠪᠢᠴᠢᠵᠦ᠍ ᠪᠠᠢᠭ᠎ᠠ ᠬᠥᠮᠥᠨ ᠠᠮᠢᠳᠤᠷᠠᠯ᠂ ᠬᠡᠷᠡᠭ ᠪᠣᠳᠠᠰ᠎ᠨᠢ ᠵᠣᠷᠢᠯᠭ᠎ᠠ ᠪᠢᠰᠢ ᠪᠠᠭᠠᠵᠢ ᠲᠡᠳᠦᠢ ᠪᠠᠢᠳᠠᠭ᠂ ᠪᠢᠴᠢᠨ ᠪᠢᠴᠢᠭ᠌ᠰᠡᠭᠡᠷ ᠬᠥᠩᠭᠡᠨ ᠬᠦᠪᠰᠦᠷ ᠳᠣᠭ᠍ᠳᠣᠯᠵᠤ᠂ ᠬᠡᠢ ᠬᠤᠭᠤᠰᠤᠨ ᠤᠶᠠᠩᠭᠠᠯᠠᠵᠤ᠂ ᠰᠤᠷᠳᠠᠯᠴᠢᠯᠠᠯᠢ ᠴᠢᠬᠤᠯᠠᠴᠢᠯᠠᠵᠤ᠂ ᠪᠢᠴᠢᠵᠦ᠍ ᠪᠠᠢᠭ᠎ᠠ ᠵᠦᠢᠯ᠎ᠢᠶᠠᠨ ᠬᠠᠯᠢᠨ ᠳᠠᠪᠠᠭᠠᠳ ᠤᠳᠭ᠎ᠠ ᠰᠠᠨᠠᠭ᠎ᠠ᠎ᠪᠠᠨ ᠠᠯᠪᠠ᠎ᠪᠠᠷ 《ᠦᠨᠳᠦᠷᠵᠢᠭᠦᠯᠦᠨᠠ 》 ᠪᠢᠯᠡ᠃ ᠱᠢᠨ᠎ᠡ ᠡᠷᠢᠨ᠎ᠤ ᠨᠠᠢᠷᠠᠭᠤᠯᠤᠯ ᠤᠨ ᠨᠥᠭᠦᠭᠡ ᠨᠢᠭᠡᠨ ᠲᠦᠭᠡᠮᠡᠯ ᠵᠠᠭ᠍ᠪᠤᠷ᠎ᠨᠢ 《ᠠᠶᠠᠯᠠᠯ᠎ᠤᠨ ᠲᠡᠮᠳᠡᠭ᠌ᠯᠡᠯ᠎ᠤᠨ ᠮᠠᠶᠢᠭ》 ᠤ᠋ᠨ ᠶᠤᠮ᠃ ᠦᠩᠭᠡᠪᠴᠢᠬᠡᠨ ᠰᠠᠭᠤᠭ᠍ᠳᠠᠯ ᠪᠠ ᠡᠩ᠎ᠤᠨ ᠮᠡᠳᠡᠯᠭᠡ᠎ᠶ᠋ᠢᠨ ᠮᠠᠲ᠋ᠧᠷᠢᠶᠠᠯ᠎ᠢ ᠣᠪᠣᠭᠠᠯᠠᠵᠤ᠂ ᠨᠡᠢᠲᠡᠯᠢᠭ ᠵᠠᠭ᠍ᠪᠤᠷ ᠳᠣᠲᠣᠷ᠎ᠠ ᠪᠢᠴᠢᠭ᠌ᠰᠡᠨ 《ᠨᠠᠢᠷᠠᠭᠤᠯᠤᠯ 》 ᠨᠢ ᠭᠤᠸ᠎ᠠ ᠬᠦᠷᠲᠡᠭᠡᠯ ᠥᠭ᠌ᠬᠦ᠎ᠶ᠋ᠢ ᠪᠠᠢᠲᠤᠭᠠᠢ᠂ ᠬᠢᠷᠢ ᠲᠡᠩᠴᠡᠭ᠌ᠰᠡᠨ ᠵᠢᠭᠤᠯᠴᠢᠯᠠᠯ᠎ᠤᠨ ᠭᠠᠷ ᠠᠪᠤᠯᠭ᠎ᠠ ᠴᠦ᠍ ᠪᠣᠯᠵᠤ ᠴᠢᠳᠠᠬᠤ ᠦᠭᠡᠢ᠃ ᠥᠪᠡᠷᠮᠢᠴᠡ ᠣᠶᠣᠨ ᠰᠠᠨᠠᠭᠠᠨ᠎ᠤ ᠶᠢᠷᠲᠢᠨᠴᠦ᠍᠎ᠪᠠᠨ ᠲᠠᠶᠠᠭ᠍ᠳᠠᠭ᠍ᠰᠠᠨ ᠦᠶ᠎ᠡ᠎ᠳᠤ᠂ ᠨᠠᠢᠷᠠᠭᠤᠯᠤᠯ ᠶᠡᠷᠦ᠍᠎ᠨᠢ ᠤᠷᠢᠲᠠᠰᠠ ᠲᠣᠭ᠍ᠲᠠᠭ᠍ᠰᠠᠨ ᠣᠢᠯᠠᠭᠠᠭ᠍ᠳᠠᠬᠤᠨ᠂ ᠪᠡᠯᠡᠨ ᠥᠭ᠌ᠭᠦᠭ᠌ᠳᠡᠭ᠌ᠰᠡᠨ ᠤᠬᠠᠭ᠍ᠳᠠᠬᠤᠨ ᠪᠠ ᠳᠡᠯᠭᠡᠷᠡᠮᠡᠯ ᠰᠡᠳᠭᠢᠯᠭᠡᠨ᠎ᠤ ᠣᠯᠵᠠᠯᠠᠭ᠍ᠳᠠᠭ᠍ᠴᠢ ᠪᠣᠯᠣᠭᠠᠳ ᠯᠡ ᠳᠠᠭᠤᠰᠤᠨ᠎ᠠ᠃ ᠱᠢᠨ᠎ᠡ ᠡᠷᠢᠨ᠎ᠤ ᠨᠠᠢᠷᠠᠭᠤᠯᠤᠯ᠎ᠤᠨ ᠡᠬᠢᠨ᠎ᠤ ᠦᠶ᠎ᠡ᠎ᠳᠤ ᠰ᠊·ᠰᠡᠷᠡᠪ᠂ ᠳᠤᠭᠠᠷᠰᠦ᠋ᠷᠦᠩ᠂ ᠪᠤ·ᠫᠧᠷᠯᠠᠢ ᠂ ᠰᠤᠷᠲᠠᠯᠲᠤ᠌ ᠂ ᠪᠠ᠊·ᠭᠡᠷᠡᠯᠲᠦ᠍ ᠂ ᠴ᠊·ᠵᠢᠷᠭᠠᠯ ᠨᠠᠷ ᠠᠭᠤᠯᠠ ᠤᠰᠤᠨ᠎ᠳᠤ ᠱᠢᠩᠭᠡᠭ᠌ᠰᠡᠨ ᠤᠳᠤᠮ ᠤᠭ᠍ᠰᠠᠭᠠᠨ᠎ᠤ ᠴᠡᠭᠡᠵᠢᠯᠡᠯ᠂ ᠦᠨᠳᠦᠰᠦᠲᠡᠨ᠎ᠤ ᠰᠣᠶᠣᠯ ᠲᠡᠦᠬᠡ᠎ᠶ᠋ᠢᠨ ᠳᠤᠷᠠᠰᠭᠠᠯ᠂ ᠵᠠᠩ ᠦᠢᠯᠡ᠂ ᠱᠠᠱᠢᠨ ᠰᠤᠷᠲᠠᠬᠤᠨ᠎ᠢᠶᠠᠷ ᠰᠡᠳᠦᠪᠯᠡᠨ ᠲᠤᠭᠤᠷᠪᠢᠵᠤ ᠪᠠᠢᠭ᠍ᠰᠠᠨ ᠴᠦ᠍ ᠰᠣᠶᠣᠯ᠎ᠤᠨ ᠤᠬᠠᠮᠰᠠᠷ᠎ᠨᠢ ᠠᠷᠠᠢ ᠭᠦᠨᠵᠡᠭᠡᠢ ᠪᠣᠯᠵᠤ ᠴᠢᠳᠠᠭ᠎ᠠ ᠦᠭᠡᠢ ᠰᠢᠭ᠃
ᠵᠠᠭᠤᠨ᠎ᠤ ᠠᠭᠤᠯᠵᠠᠷ ᠬᠦᠷᠴᠦ᠍ ᠢᠷᠡᠬᠦ᠌ ᠦᠶ᠎ᠡ᠎ᠳᠤ ᠡᠨᠡ ᠬᠦ᠌ ᠪᠠᠢᠳᠠᠯ᠎ᠳᠤ ᠬᠤᠪᠢᠷᠠᠯᠲᠠ ᠭᠠᠷᠴᠤ᠌ ᠡᠬᠢᠯᠡᠪᠡ᠃ ᠲᠤᠬᠠᠢ᠎ᠶ᠋ᠢᠨ ᠦᠶ᠎ᠡ᠎ᠳᠤ ᠨᠠᠢᠷᠠᠭᠤᠯᠤᠯ᠎ᠤᠨ ᠵᠣᠬᠢᠶᠠᠯᠴᠢ ᠬᠡᠮᠡᠨ ᠣᠯᠠᠨ᠎ᠳᠤ ᠲᠠᠨᠢᠭ᠍ᠳᠠᠵᠤ ᠪᠠᠢᠭ᠍ᠰᠠᠨ ᠪ᠊·ᠵᠣᠷᠢᠭ᠍ᠲᠤ ᠪᠣᠯ 《ᠰᠣᠶᠣᠯ ᠤᠨ ᠨᠠᠢᠷᠠᠭᠤᠯᠤᠯ 》 ᠢ᠋ ᠠᠩᠬᠠᠯᠠᠨ ᠣᠷᠣᠯᠳᠣᠭ᠍ᠰᠠᠳᠤᠨ ᠨᠢᠭᠡ ᠪᠠᠢᠯ᠎ᠠ᠃ 1992 ᠣᠨ᠎ᠳᠤ ᠪᠢᠴᠢᠵᠦ᠍ 1993 ᠣᠨ᠎ᠳᠤ ᠨᠡᠢᠲᠡᠯᠡᠭ᠌ᠰᠡᠨ 《ᠪᠣᠷᠣ ᠪᠠᠯᠭᠠᠰᠤ ᠪᠤᠤ ᠯᠦᠩ ᠱᠠᠨ》 ᠢ᠋ᠨᠢ ᠱᠢᠭᠦᠮᠵᠢᠯᠡᠭ᠌ᠴᠢ ᠡᠷᠳᠡᠨᠢᠬᠠᠳᠠ 《〈ᠪᠣᠷᠣ ᠪᠠᠯᠭᠠᠰᠤ ᠪᠤᠤ ᠯᠦᠩ ᠱᠠᠨ〉 ᠰᠣᠶᠣᠯ᠎ᠤᠨ ᠨᠠᠢᠷᠠᠭᠤᠯᠤᠯ》 ᠪᠣᠯᠣᠭ᠍ᠰᠠᠨ ᠭᠡᠵᠦ᠍ ᠦᠨᠡᠯᠡᠵᠦ᠍ ᠪᠠᠢᠭ᠍ᠰᠠᠨ ᠃ ᠬᠠᠷᠢᠨ ᠭᠠ᠊·ᠱᠢᠷᠡᠪᠵᠠᠮᠰᠤᠶ᠋ᠢᠨ 《ᠱᠠᠩᠳᠤ ᠭᠡᠢᠪᠤᠩ ᠬᠦᠷᠳᠦ ᠪᠠᠯᠭᠠᠰᠤ》 ᠭᠡᠬᠦ᠌ ᠲᠡᠦᠬᠡ᠎ᠶ᠋ᠢᠨ ᠮᠡᠳᠡᠯᠭᠡ᠂ ᠰᠣᠶᠣᠯ᠎ᠤᠨ ᠤᠬᠠᠮᠰᠠᠷ᠂ ᠣᠳᠣᠬᠢᠴᠢ ᠪᠣᠳᠣᠯᠭᠠᠱᠢᠷᠠᠯᠢ ᠭᠤᠷᠮᠤᠰᠤᠯᠠᠨ ᠨᠢᠭᠡᠳᠭᠡᠭ᠌ᠰᠡᠨ ᠤᠷᠲᠤ ᠵᠣᠬᠢᠶᠠᠯ ᠤᠨ ᠨᠡᠢᠲᠡᠯᠡᠭ᠌ᠳᠡᠭ᠌ᠰᠡᠨ᠎ᠨᠢ ᠮᠣᠩᠭᠤᠯ ᠨᠠᠢᠷᠠᠭᠤᠯᠤᠯ᠎ᠤᠨ 《ᠰᠣᠶᠣᠯ᠎ᠤᠨ ᠡᠷᠭᠢᠯᠲᠡ》 ᠶ᠋ᠢᠨ ᠵᠢᠩᠬᠢᠨᠢ ᠲᠤᠩᠬᠠᠭ ᠪᠣᠯᠵᠠᠢ᠃ ᠲᠡᠭᠦᠨ᠎ᠤ ᠳᠠᠷᠠᠭᠠᠬᠠᠨ ᠠᠯᠲᠠᠨᠪᠠᠭᠠᠨ᠎ᠠ᠎ᠶ᠋ᠢᠨ 《ᠰᠠᠨᠠᠭ᠎ᠠ ᠰᠠᠭᠠᠳᠠᠭ ᠬᠤᠶᠠᠷ 》᠂ 《 ᠰᠠᠨᠠᠭ᠎ᠠ ᠵᠠᠶᠠᠭ᠎ᠠ ᠬᠤᠶᠠᠷ》᠂ ᠪ᠊·ᠲᠦᠮᠡᠨ᠌ᠥ᠌ᠯᠵᠡᠢ᠎ᠶ᠋ᠢᠨ 《 ᠴᠢᠷᠠᠢ 》 ᠂ 《ᠭᠤᠣᠯ᠎ᠤᠨ ᠳᠠᠭᠤᠨ》᠂ ᠸ᠊·ᠬᠠᠰᠤᠨ 《 ᠢᠮᠠᠭᠠᠴᠢᠨ ᠳᠣᠷᠵᠢ》᠂ ᠪ᠊·ᠪᠤᠶᠠᠨᠬᠡᠱᠢᠭᠤᠨ 《ᠴᠠᠭᠠᠨ ᠭᠥᠷᠥᠭᠡᠰᠦ 》᠂ ᠪᠤᠶᠠᠨᠪᠠᠲᠤ᠎ᠶ᠋ᠢᠨ 《ᠭᠠᠵᠠᠷ᠎ᠤᠨ ᠲᠠᠮᠠᠭ᠎ᠠ》 ᠂ 《ᠬᠥᠮᠥᠨ᠎ᠤ ᠲᠠᠮᠠᠭ᠎ᠠ》 ᠂ ᠲ᠊·ᠭᠤᠮᠪᠣᠵᠠᠪ᠎ᠤᠨ 《ᠮᠣᠩᠭᠤᠯ᠎ᠤᠨ ᠮᠠᠭᠠᠳ ᠲᠣᠪᠴᠢᠶᠠᠨ》᠂ ᠡᠷᠳᠡᠨᠢᠬᠠᠳᠠ᠎ᠶ᠋ᠢᠨ 《ᠡᠷᠬᠢᠮᠰᠦᠭ ᠴᠤᠯᠭᠤᠢ》᠂ ᠰᠠᠷᠠᠨ᠎ᠠ᠎ᠶ᠋ᠢᠨ 《ᠲᠠᠩᠭᠢᠰ ᠭᠡᠲᠦᠯᠬᠦᠢ》 ᠵᠢᠴᠢ ᠸ᠊·ᠰᠠᠢᠨᠴᠣᠭ᠍ᠲᠤ᠂ ᠨᠠᠷᠠᠨᠪᠢᠯᠢᠭ᠌᠂ ᠽᠠᠨᠳᠠᠷ᠎ᠠ᠂ ᠯ᠊·ᠡᠩᠬᠡᠬᠠᠳᠠ ᠨᠠᠷ᠎ᠤᠨ ᠱᠢᠷᠢᠰ ᠨᠠᠢᠷᠠᠭᠤᠯᠤᠯ᠎ᠳᠤ ᠪᠦᠷ ᠥᠪᠡᠷ ᠥᠪᠡᠷ᠎ᠤᠨ ᠣᠨᠴᠠᠯᠢᠭ ᠪᠦᠬᠦᠢ ᠰᠣᠶᠣᠯ ᠲᠡᠦᠬᠡᠨ ᠤᠬᠠᠮᠰᠠᠷ ᠪᠤᠶᠤ ᠦᠵᠡᠯ ᠰᠠᠨᠠᠭᠠᠲᠤ ᠱᠢᠨᠵᠢ ᠪᠦᠷᠢᠯᠳᠦᠭ᠌ᠰᠡᠨ ᠪᠢᠯᠡ᠃
ᠠᠳᠡ ᠵᠥᠪᠬᠡᠨ 2010 ᠣᠨ᠎ᠠᠴᠠ ᠨᠠᠭᠠᠱᠢᠬᠢ 《ᠰᠣᠶᠣᠯ ᠤᠨ ᠨᠠᠢᠷᠠᠭᠤᠯᠤᠯ 》 ᠤ᠋ᠨ ᠲᠥᠯᠥᠭᠡᠯᠡᠭ᠌ᠴᠢ ᠪᠣᠯᠬᠤᠢᠴᠠ ᠲᠤᠷᠱᠢᠴᠠᠶ᠋ᠢᠨ ᠱᠢᠨᠵᠢᠲᠡᠢ ᠣᠷᠣᠯᠳᠣᠯᠭ᠎ᠠ᠎ᠶ᠋ᠢ ᠵᠠᠳᠠᠯᠤᠨ ᠦᠵᠡᠶ᠎ᠡ᠃
ᠨᠢᠭᠡ᠂ ᠬᠦᠨᠳᠦ ᠴᠢᠬᠢᠮᠡᠢ ᠪᠣᠳᠣᠯᠭᠠᠱᠢᠷᠠᠯ
ᠱᠢᠯᠦᠭ ᠤᠨ ᠲᠤᠭᠤᠷᠪᠢᠯ᠎ᠢᠶᠠᠷ ᠤᠷᠠᠨ ᠪᠦᠲᠦᠭᠡᠯ᠎ᠤᠨ ᠭᠠᠷᠤᠭ᠎ᠠ᠎ᠪᠠᠨ ᠠᠪᠤᠭ᠍ᠰᠠᠨ ᠮᠢᠩᠭᠠᠳ ᠡᠷᠳᠡᠮᠲᠦ᠍᠂ ᠠᠯᠳᠠᠭ ᠣᠨᠤᠭ ᠨᠠᠢᠷᠠᠭᠤᠯᠤᠯ ᠨᠡᠢᠲᠡᠯᠡᠵᠦ᠍ ᠪᠠᠢᠭ᠍ᠰᠠᠨ᠎ᠢᠶᠠᠨ 《ᠶᠢᠷᠲᠢᠨᠴᠦ᠍᠎ᠶ᠋ᠢᠨ ᠬᠢᠵᠠᠭᠠᠷ᠎ᠲᠠᠬᠢ ᠰᠠᠷᠠᠨ᠎ᠤ ᠭᠡᠷᠡᠯ 》 ᠭᠡᠬᠦ᠌ ᠤᠷᠲᠤ ᠵᠣᠬᠢᠶᠠᠯ᠎ᠢᠶᠠᠷ᠎ᠢᠶᠠᠨ ᠤᠩᠱᠢᠭ᠍ᠴᠢᠳ᠎ᠤᠨ ᠠᠩᠬᠠᠷᠤᠯ᠎ᠢ ᠲᠠᠲᠠᠯ᠎ᠠ᠃ ᠱᠢᠷᠢᠰ ᠳᠥᠷᠪᠡᠨ ᠨᠠᠢᠷᠠᠭᠤᠯᠤᠯ᠎ᠢᠶᠠᠨ ᠲᠡᠭᠦᠪᠦᠷᠢᠯᠡᠭ᠌ᠰᠡᠨ ᠤ ᠳᠠᠷᠠᠭ᠎ᠠ᠂ ᠨᠡᠢᠭᠡᠮ ᠨᠡᠢᠲᠡ᠎ᠳᠤ ᠥᠷᠭᠡᠨ ᠨᠥᠯᠥᠭᠡ ᠲᠤᠰᠭᠠᠯ ᠭᠠᠷᠴᠤ᠌᠂ 2015 ᠣᠨ ᠤ 5 ᠰᠠᠷ᠎ᠠ᠎ᠶ᠋ᠢᠨ 17 ᠳ᠋ᠤ ᠪᠡᠭᠡᠵᠢᠩ᠎ᠳᠤ ᠲᠤᠰᠭᠠᠢ ᠰᠤᠳᠤᠯᠤᠨ ᠶᠠᠷᠢᠯᠴᠠᠬᠤ ᠬᠤᠷᠠᠯ ᠪᠣᠯᠵᠤ ᠥᠩᠭᠡᠷᠡᠪᠡ᠃ ᠬᠤᠷᠠᠯ᠎ᠳᠤ ᠣᠷᠣᠯᠴᠠᠭ᠍ᠰᠠᠨ ᠡᠷᠳᠡᠮᠲᠡᠳ᠂ ᠮᠢᠩᠭᠠᠳ ᠡᠷᠳᠡᠮᠲᠦ᠍ᠶ᠋ᠢᠨ 《ᠶᠢᠷᠲᠢᠨᠴᠦ᠍᠎ᠶ᠋ᠢᠨ ᠬᠢᠵᠠᠭᠠᠷ᠎ᠲᠠᠬᠢ ᠰᠠᠷᠠᠨ᠎ᠤ ᠭᠡᠷᠡᠯ 》 ᠨᠣᠮ ᠢ 《ᠠᠭᠤᠯᠭ᠎ᠠ᠎ᠶ᠋ᠢᠨ ᠬᠤᠪᠢ᠎ᠳᠤ ᠰᠤᠳᠤᠷ ᠨᠣᠮ᠎ᠤᠨ ᠪᠠᠢᠴᠠᠭᠠᠯᠲᠠ᠂ ᠵᠠᠩ ᠦᠢᠯᠡ᠎ᠶ᠋ᠢᠨ ᠲᠡᠮᠳᠡᠭ᠌ᠯᠡᠯ᠂ ᠲᠡᠦᠬᠡ ᠠᠬᠤᠢ᠎ᠶ᠋ᠢᠨ ᠱᠢᠭᠦᠮᠵᠢᠯᠡᠯ ᠵᠡᠷᠭᠡ ᠬᠦᠦᠷᠨᠢᠯ᠎ᠤᠨ ᠭᠤᠷᠪᠠᠨ ᠱᠤᠭᠤᠮ᠎ᠢᠶᠠᠷ ᠤᠳᠭ᠎ᠠ ᠰᠡᠳᠦᠪ᠎ᠤᠨ ᠭᠤᠷᠪᠠᠨ ᠳᠠᠪᠬᠤᠷᠭ᠎ᠠ᠎ᠶ᠋ᠢ ᠪᠦᠷᠢᠯᠳᠦᠭᠦᠯᠵᠦ᠍᠂ ᠤᠷᠠᠯᠢᠭ᠎ᠤᠨ ᠬᠤᠪᠢ᠎ᠳᠤ ᠨᠠᠢᠷᠠᠭᠤᠯᠤᠯ᠎ᠤᠨ ᠠᠷᠭ᠎ᠠ᠂ ᠺᠢᠨᠣ᠋᠎ᠶ᠋ᠢᠨ ᠠᠷᠭ᠎ᠠ᠂ ᠵᠢᠭᠢᠷᠢᠭ ᠵᠢᠷᠤᠭ᠎ᠤᠨ ᠠᠷᠭ᠎ᠠ ᠵᠡᠷᠭᠡ᠎ᠶ᠋ᠢ ᠪᠦᠲᠦᠮᠵᠢᠲᠡᠢ ᠤᠶᠠᠯᠳᠤᠭᠤᠯᠤᠨ ᠬᠡᠷᠡᠭ᠌ᠯᠡᠭ᠌ᠰᠡᠨ᠂ ᠪᠦᠲᠦᠴᠡ ᠲᠡᠭᠦᠯᠳᠡᠷ᠂ ᠠᠭᠤᠯᠭ᠎ᠠ ᠪᠠᠶᠠᠯᠢᠭ᠂ ᠰᠠᠨᠠᠭ᠎ᠠ ᠭᠦᠨᠵᠡᠭᠡᠢ᠂ ᠠᠷᠭ᠎ᠠ ᠱᠢᠨ᠎ᠡ ᠮᠣᠩᠭᠤᠯ ᠰᠣᠶᠣᠯ᠎ᠤᠨ ᠨᠠᠢᠷᠠᠭᠤᠯᠤᠯ᠎ᠤᠨ ᠰᠣᠳᠣᠨ ᠪᠦᠲᠦᠭᠡᠯ ᠪᠣᠯᠵᠠᠢ》 ᠭᠡᠵᠦ᠍ ᠦᠨᠡᠯᠡᠭ᠌ᠰᠡᠨ ᠪᠥᠭᠡᠳ 《 ᠵᠣᠬᠢᠶᠠᠯ᠎ᠤᠨ ᠬᠢᠨᠢ ᠪᠠᠢᠷᠢ ᠰᠠᠭᠤᠷᠢ᠎ᠶ᠋ᠢᠨ ᠲᠠᠯ᠎ᠠ᠎ᠪᠠᠷ᠂ ᠨᠣᠮ᠎ᠳᠤ ᠲᠡᠭᠦᠪᠦᠷᠢᠯᠡᠭ᠌ᠳᠡᠭ᠌ᠰᠡᠨ ᠳᠥᠷᠪᠡᠨ ᠨᠠᠢᠷᠠᠭᠤᠯᠤᠯ᠎ᠨᠢ ᠮᠣᠩᠭᠤᠯ ᠰᠣᠶᠣᠯ᠎ᠤᠨ ᠨᠠᠢᠷᠠᠭᠤᠯᠤᠯ ᠪᠤᠶᠤ ᠰᠣᠶᠣᠯ᠎ᠤᠨ ᠪᠠᠷᠢᠮᠲᠠᠲᠤ ᠨᠠᠢᠷᠠᠭᠤᠯᠤᠯ᠎ᠤᠨ ᠱᠢᠨ᠎ᠡ ᠲᠢᠭ ᠮᠠᠶᠢᠭ᠎ᠢ ᠡᠭᠦᠳᠴᠡᠢ》 ᠭᠡᠰᠡᠨ᠎ᠨᠢ ᠪᠢᠳᠠᠨ᠎ᠤ ᠮᠣᠩᠭᠤᠯ ᠨᠠᠢᠷᠠᠭᠤᠯᠤᠯ᠎ᠤᠨ 《 ᠰᠣᠶᠣᠯ᠎ᠤᠨ ᠡᠷᠭᠢᠯᠲᠡ》 ᠭᠡᠬᠦ᠌ ᠳᠤᠷᠠᠳᠤᠯᠭᠠᠯᠤᠭᠠ ᠰᠠᠨᠠᠯ ᠨᠡᠢᠯᠡᠵᠦ᠍ ᠪᠠᠢᠨ᠎ᠠ᠃
ᠮᠢᠩᠭᠠᠳ ᠡᠷᠳᠡᠮᠲᠦ᠍ᠶ᠋ᠢᠨ 《 ᠶᠢᠷᠲᠢᠨᠴᠦ᠍᠎ᠶ᠋ᠢᠨ ᠬᠢᠵᠠᠭᠠᠷ᠎ᠲᠠᠬᠢ ᠰᠠᠷᠠᠨ᠎ᠤ ᠭᠡᠷᠡᠯ 》 ᠨᠣᠮ᠎ᠨᠢ ᠮᠣᠩᠭᠤᠯ ᠰᠣᠶᠣᠯ᠎ᠤᠨ ᠨᠠᠢᠷᠠᠭᠤᠯᠤᠯ᠎ᠤᠨ ᠱᠢᠨ᠎ᠡ ᠲᠤᠷᠱᠢᠴᠠ᠂ ᠠᠮᠵᠢᠯᠲᠠ᠎ᠲᠠᠢ ᠣᠷᠣᠯᠳᠣᠯᠭ᠎ᠠ ᠪᠣᠯᠵᠠᠢ᠃
1. ᠬᠡᠯᠪᠡᠷᠢ ᠶ᠋ᠢᠨ ᠱᠢᠨᠡᠴᠢᠯᠡᠯ᠃ 《ᠶᠢᠷᠲᠢᠨᠴᠦ᠍᠎ᠶ᠋ᠢᠨ ᠬᠢᠵᠠᠭᠠᠷ᠎ᠲᠠᠬᠢ ᠰᠠᠷᠠᠨ᠎ᠤ ᠭᠡᠷᠡᠯ》 ᠨᠣᠮ᠎ᠨᠢ ᠲᠣᠳᠣ ᠦᠰᠦᠭ᠎ᠤᠨ ᠰᠤᠳᠤᠷ᠎ᠢ ᠡᠷᠢᠨ ᠴᠤᠭ᠍ᠯᠠᠭᠤᠯᠬᠤ ᠡᠷᠳᠡᠮ ᠱᠢᠨᠵᠢᠯᠡᠭᠡᠨ᠎ᠤ ᠠᠵᠢᠯ᠎ᠤᠨ 《 ᠰᠠᠨᠠᠮᠰᠠᠷ ᠦᠭᠡᠢ》 ᠲᠥᠷᠥᠳᠡᠰᠦ ᠪᠣᠯᠬᠤ ᠠᠵᠢ᠃ ᠲᠣᠳᠣᠷᠠᠭᠤᠯᠵᠤ ᠬᠡᠯᠡᠪᠡᠯ᠂ ᠨᠠᠢᠷᠠᠭᠤᠯᠤᠯ᠎ᠤᠨ ᠬᠡᠯᠪᠡᠷᠢ᠎ᠪᠠᠷ ᠪᠡᠶᠡᠯᠡᠭᠦᠯᠦᠭ᠌ᠰᠡᠨ᠎ᠨᠢ ᠡᠷᠳᠡᠮ ᠱᠢᠨᠵᠢᠯᠡᠭᠡᠨ᠎ᠤ ᠥᠭᠦᠯᠡᠯ ᠨᠣᠮ᠎ᠢᠶᠠᠷ ᠪᠦᠷᠢᠳᠭᠡᠨ ᠲᠤᠭᠤᠷᠪᠢᠵᠤ ᠡᠰᠡ ᠴᠢᠳᠠᠬᠤ ᠵᠦᠢᠯ ᠪᠠᠢᠯ᠎ᠠ᠃ ᠲᠡᠭᠡᠬᠦ᠌᠎ᠳᠡᠭᠡᠨ ᠬᠡᠭᠡᠷ᠎ᠡ᠎ᠶ᠋ᠢᠨ ᠪᠠᠢᠴᠠᠭᠠᠯᠲᠠ (ᠦᠨᠡᠨ ᠪᠤᠳᠠᠳᠤ ᠱᠢᠨᠵᠢ᠂ ᠰᠤᠷᠪᠤᠯᠵᠢᠯᠠᠭ᠎ᠠ᠎ᠶ᠋ᠢᠨ ᠴᠠᠭ ᠣᠷᠣᠨ᠂ ᠲᠤᠭ᠎ᠠ ᠪᠠᠷᠢᠮᠲᠠ)᠂ ᠡᠷᠳᠡᠮ ᠱᠢᠨᠵᠢᠯᠡᠭᠡ (ᠮᠡᠷᠭᠡᠵᠢᠯ᠎ᠤᠨ ᠱᠢᠨᠵᠢ᠂ ᠨᠠᠷᠢᠨ ᠬᠢᠨᠠᠭᠤᠷ ᠣᠪᠣᠷ᠂ ᠥᠭᠦᠯᠡᠨ ᠨᠤᠲᠠᠯᠠᠬᠤ) ᠪᠠ ᠤᠷᠠᠨ ᠵᠣᠬᠢᠶᠠᠯ᠎ᠤᠨ ᠠᠷᠭ᠎ᠠ (ᠤᠷᠠᠨ ᠲᠥᠰᠥᠭᠡᠯᠡᠯ᠂ ᠨᠠᠷᠢᠨ ᠮᠡᠳᠡᠷᠡᠮᠵᠢ᠂ ᠰᠡᠳᠭᠢᠯᠭᠡ᠎ᠶ᠋ᠢᠨ ᠣᠢᠯᠤᠯ) ᠭᠤᠷᠪᠠ ᠶ᠋ᠢ ᠨᠢᠭ᠍ᠲᠠ ᠤᠶᠠᠯᠳᠤᠭᠤᠯᠤᠨ ᠴᠢᠳᠠᠭ᠍ᠰᠠᠨ᠎ᠨᠢ ᠮᠣᠩᠭᠤᠯ ᠨᠠᠢᠷᠠᠭᠤᠯᠤᠯ᠎ᠳᠤ ᠤᠷᠢᠳ ᠪᠠᠢᠭ᠎ᠠ ᠦᠭᠡᠢ ᠲᠤᠷᠱᠢᠴᠠ ᠪᠣᠯᠵᠠᠢ᠃ ᠲᠣᠳᠣ ᠦᠰᠦᠭ᠎ᠤᠨ ᠨᠣᠮ ᠰᠤᠳᠤᠷ ᠪᠣᠯ ᠲᠡᠦᠬᠡ ᠪᠣᠯᠣᠨ ᠠᠬᠤᠢ᠎ᠶ᠋ᠢ ᠬᠤᠯᠪᠣᠵᠤ ᠪᠠᠢᠭ᠎ᠠ ᠰᠣᠶᠣᠯ᠎ᠤᠨ ᠭᠦᠦᠷ ᠮᠥᠨ᠃ ᠣᠢᠷᠠᠳ ᠤᠨ ᠲᠡᠦᠬᠡᠨ᠎ᠳᠠᠬᠢ ᠤᠯᠤᠰ ᠲᠥᠷᠥ᠎ᠶ᠋ᠢᠨ ᠠᠪᠤᠷᠭᠤᠴᠤᠳ ᠪᠠ ᠰᠣᠶᠣᠯ᠎ᠤᠨ ᠵᠢᠳᠬᠦᠯᠲᠡᠳ᠂ ᠢᠯᠢ᠎ᠶ᠋ᠢᠨ ᠭᠤᠣᠯ ᠳᠠᠭᠠᠤ ᠨᠤᠲᠤᠭ᠍ᠰᠢᠭ᠍ᠰᠠᠨ ᠥᠨᠥ᠎ᠶ᠋ᠢᠨ ᠥᠭᠡᠯᠡᠳᠴᠦᠳ ᠵᠢᠴᠢ ᠵᠣᠬᠢᠶᠠᠭ᠍ᠴᠢ ᠡᠨᠡ ᠬᠦ᠌ ᠰᠣᠶᠣᠯ ᠤ᠋ᠨ ᠭᠦᠦᠷ᠎ᠢᠶᠠᠷ ᠳᠠᠮᠵᠢᠨ ᠵᠣᠭᠤᠭ᠍ᠳᠠᠵᠤ ᠪᠠᠢᠨ᠎ᠠ᠃ ᠵᠣᠬᠢᠶᠠᠭ᠍ᠴᠢ᠎ᠶ᠋ᠢᠨ ᠲᠣᠳᠣ ᠦᠰᠦᠭ ᠤᠨ ᠰᠤᠳᠤᠷ᠎ᠤᠨ ᠡᠷᠢᠯ᠎ᠤᠨ ᠠᠶᠠᠨ ᠪᠣᠯ ᠢᠯᠡ ᠱᠢᠵᠢᠮ᠂ ᠣᠢᠷᠠᠳᠴᠤᠳᠤᠨ ᠵᠣᠷᠢᠭ ᠰᠠᠨᠠᠭᠠᠨ ᠤ ᠲᠡᠦᠬᠡᠨ ᠵᠠᠮᠨᠠᠯ ᠪᠣᠯ ᠳᠠᠯᠳᠠ ᠱᠢᠵᠢᠮ᠃
ᠣᠢᠷᠠᠳ ᠤᠨ ᠲᠡᠦᠬᠡ ᠶ᠋ᠢᠨ ᠵᠠᠩᠭᠢᠯᠠᠭ᠎ᠠ᠎ᠶ᠋ᠢᠨ ᠮᠥᠴᠡ ᠶ᠋ᠢ ᠳᠠᠬᠢᠨ ᠢᠯᠡᠷᠡᠭᠦᠯᠬᠦ᠌᠎ᠳᠡᠭᠡᠨ᠂ ᠤᠷᠠᠨ ᠲᠥᠰᠥᠭᠡᠯᠡᠯ᠎ᠢ ᠢᠳᠡᠪᠬᠢᠵᠢᠭᠦᠯᠵᠦ᠍᠂ ᠵᠣᠬᠢᠶᠠᠭ᠍ᠴᠢ ᠲᠡᠷᠡ ᠬᠦ᠌ ᠲᠡᠦᠬᠡᠨ ᠣᠷᠣᠨ ᠵᠠᠢ᠎ᠳᠤ ᠱᠢᠭᠤᠳ ᠣᠷᠣᠯᠴᠠᠭ᠍ᠴᠢ᠎ᠶ᠋ᠢᠨ ᠬᠤᠪᠢ᠎ᠪᠠᠷ ᠢᠯᠡᠷᠡᠵᠦ᠍᠂ ᠠᠮᠤᠷᠰᠠᠨᠠᠭ᠎ᠠ᠂ ᠳᠠᠸᠠᠴᠢ ᠬᠠᠨ ᠨᠠᠷ᠎ᠲᠤ ᠥᠪᠡᠷ ᠤᠨ ᠰᠠᠨᠠᠯ ᠵᠥᠪᠯᠡᠯᠭᠡ᠎ᠪᠠᠨ ᠥᠭ᠌ᠴᠦ ᠪᠠᠢᠳᠠᠭ᠃ ᠪᠠᠷᠠᠭᠤᠨ ᠬᠢᠵᠠᠭᠠᠷ᠎ᠤᠨ ᠠᠳᠠᠯᠢᠬᠠᠨ ᠣᠷᠣᠨ ᠵᠠᠢ᠎ᠳᠤ᠂ ᠲᠡᠦᠬᠡ᠎ᠶ᠋ᠢᠨ ᠡᠭᠡᠳᠡᠷᠡᠭᠡᠨᠲᠦ ᠴᠠᠭ᠂ ᠦᠯᠢᠭᠡᠷ᠎ᠤᠨ ᠬᠦᠦᠷᠨᠢᠯ᠎ᠤᠨ ᠴᠠᠭ ᠪᠠ ᠵᠣᠬᠢᠶᠠᠭ᠍ᠴᠢ᠎ᠶ᠋ᠢᠨ ᠰᠤᠳᠤᠷ᠎ᠤᠨ ᠡᠷᠢᠯ ᠴᠠᠭ ᠴᠢᠯᠦᠭᠡᠲᠡᠢ ᠵᠡᠷᠭᠡᠴᠡᠵᠦ᠍ ᠰᠣᠯᠪᠢᠴᠠᠵᠤ ᠳᠠᠪᠬᠤᠴᠠᠵᠤ ᠪᠠᠢᠨ᠎ᠠ᠃
《 ᠶᠢᠷᠲᠢᠨᠴᠦ᠍᠎ᠶ᠋ᠢᠨ ᠬᠢᠵᠠᠭᠠᠷ᠎ᠲᠠᠬᠢ ᠰᠠᠷᠠᠨ᠎ᠤ ᠭᠡᠷᠡᠯ 》 ᠨᠣᠮ᠎ᠨᠢ ᠨᠠᠢᠷᠠᠭᠤᠯᠤᠯ᠎ᠤᠨ ᠢᠯᠡᠳᠭᠡᠬᠦ᠌ ᠬᠡᠯᠪᠡᠷᠢ ᠶ᠋ᠢ ᠱᠢᠨᠡᠴᠢᠯᠡᠵᠦ᠍᠂ ᠨᠠᠢᠷᠠᠭᠤᠯᠤᠯ ᠤᠨ ᠣᠷᠣᠨ ᠵᠠᠢ᠎ᠶ᠋ᠢ ᠲᠡᠯᠡᠵᠦ᠍᠂ ᠪᠠᠭ᠍ᠲᠠᠭᠠᠮᠵᠢ᠎ᠶ᠋ᠢ ᠨᠡᠮᠡᠭ᠌ᠳᠡᠭᠦᠯᠦᠨ᠂ ᠱᠢᠨ᠎ᠡ ᠪᠣᠯᠣᠮᠵᠢ᠎ᠶ᠋ᠢ ᠨᠡᠭᠡᠭᠡᠭ᠌ᠰᠡᠨ ᠪᠠᠢᠨ᠎ᠠ᠃
2. ᠣᠶᠣᠨ ᠰᠦᠨᠡᠰᠦᠨ᠎ᠤ ᠱᠢᠭᠦᠯᠲᠡ᠃ ᠤᠤᠯ ᠨᠣᠮ᠎ᠳᠤ᠂ ᠵᠣᠬᠢᠶᠠᠭ᠍ᠴᠢ᠎ᠶ᠋ᠢᠨ ᠣᠶᠣᠨ ᠰᠡᠳᠭᠢᠯ᠎ᠤᠨ ᠢᠭ᠌ᠲᠦᠯᠦᠯ ᠪᠠ ᠮᠡᠳᠡᠷᠡᠮᠵᠢ᠂ ᠪᠡᠶᠡᠴᠢ ᠲᠤᠷᠱᠢᠯᠭ᠎ᠠ᠎ᠶ᠋ᠢ ᠴᠢᠬᠤᠯᠠᠴᠢᠯᠠᠭ᠍ᠰᠠᠨ ᠤᠴᠢᠷ᠎ᠠᠴᠠ᠂ ᠣᠶᠣᠨ ᠰᠠᠨᠠᠭᠠᠨ᠎ᠤ ᠬᠦᠨᠳᠦ᠍᠎ᠶ᠋ᠢᠨ ᠵᠢᠩ᠎ᠲᠠᠢ᠂ ᠳᠣᠲᠣᠭᠠᠳᠤ ᠶᠢᠷᠲᠢᠨᠴᠦᠰ᠎ᠲᠠᠢ ᠪᠣᠯᠵᠠᠢ᠃ ᠵᠣᠬᠢᠶᠠᠭ᠍ᠴᠢ᠎ᠶ᠋ᠢᠨ ᠰᠤᠳᠤᠷ ᠪᠢᠴᠢᠭ᠎ᠤᠨ ᠡᠷᠢᠯ᠎ᠤᠨ ᠠᠶᠠᠨ ᠪᠣᠯ ᠵᠣᠷᠢᠭ ᠰᠠᠨᠠᠭᠠᠨ᠎ᠤ ᠲᠡᠩᠰᠡᠯᠲᠡ᠎ᠶ᠋ᠢᠨ ᠣᠬᠤᠷ ᠪᠤᠯᠭ᠎ᠠ᠂ ᠣᠶᠣᠨ ᠰᠦᠨᠡᠰᠦᠨ᠎ᠤ ᠥᠪᠡᠷ᠎ᠤᠨ ᠠᠪᠤᠷᠠᠯᠲᠠ᠎ᠶ᠋ᠢᠨ ᠤᠷᠲᠤ ᠴᠠᠭᠤᠷ ᠪᠠᠢᠭ᠍ᠰᠠᠨ ᠶᠤᠮ᠃
(1) 《 ᠨᠡᠭᠦᠳᠡᠯ ᠰᠣᠶᠣᠯ ᠪᠣᠯ ᠬᠤᠴᠣᠷᠤᠩᠭᠤᠢ ᠂ ᠰᠣᠶᠣᠯ᠎ᠤᠨ ᠬᠤᠷᠠᠮᠳᠤᠭᠤᠯᠭ᠎ᠠ ᠪᠠᠢᠳᠠᠭ ᠦᠭᠡᠢ 》 ᠭᠡᠳᠡᠭ ᠬᠡᠯᠪᠡᠢᠭᠦᠦ ᠦᠵᠡᠯᠲᠡ᠎ᠶ᠋ᠢ ᠬᠡᠭᠡᠷ᠎ᠡ᠎ᠶ᠋ᠢᠨ ᠱᠢᠨᠵᠢᠯᠡᠭᠡᠨ᠎ᠤ ᠳᠡᠯᠭᠡᠷᠡᠩᠭᠦᠢ ᠪᠠᠷᠢᠮᠲᠠ᠎ᠪᠠᠷ ᠨᠢᠴᠤᠭᠠᠵᠤ ᠂ ᠨᠡᠭᠦᠳᠡᠯᠴᠢᠨ ᠮᠣᠩᠭᠤᠯᠴᠤᠳ᠎ᠤᠨ ᠨᠣᠮ ᠰᠤᠳᠤᠷ᠎ᠢ ᠡᠷᠬᠢᠮᠯᠡᠨ ᠬᠦᠨᠳᠦᠳᠭᠡᠳᠡᠭ ᠵᠠᠩ ᠦᠢᠯᠡ᠂ ᠱᠢᠲᠦᠯᠭᠡ ᠪᠢᠱᠢᠷᠡᠯ᠎ᠢ ᠨᠠᠷᠢᠨ ᠳᠦᠷᠰᠦᠯᠡᠵᠡᠢ ᠃ ᠡᠨᠡ᠎ᠨᠢ ᠦᠵᠡᠲᠡᠯ᠎ᠡ ᠳᠡᠭᠡᠷᠡᠩᠭᠦᠢ ᠮᠥᠷᠲᠡᠯ᠎ᠡ᠎ᠪᠠᠨ ᠬᠠᠷᠢᠭᠤᠯᠬᠤ᠎ᠳᠤ ᠪᠡᠷᠬᠡ ᠪᠠᠢᠳᠠᠭ ᠠᠰᠠᠭᠤᠯᠲᠠ᠎ᠶ᠋ᠢᠨ ᠲᠤᠬᠠᠢ ᠵᠣᠬᠢᠶᠠᠭ᠍ᠴᠢ᠎ᠶ᠋ᠢᠨ ᠣᠶᠤᠨᠴᠢ ᠬᠠᠷᠢᠭᠤᠯᠲᠠ ᠪᠠᠢᠯ᠎ᠠ᠃
(2) ᠡᠷᠢᠯ᠎ᠤᠨ ᠠᠶᠠᠨ᠎ᠳᠤᠨᠢ ᠵᠣᠬᠢᠶᠠᠭ᠍ᠴᠢ᠎ᠶ᠋ᠢ 《 ᠶᠡᠬᠡᠳᠡ ᠳᠣᠭ᠍ᠳᠣᠯᠤᠭᠤᠯᠤᠨ ᠲᠡᠦᠬᠡ ᠠᠬᠤᠢ᠎ᠶ᠋ᠢᠨ ᠬᠡᠳᠦᠨ ᠵᠠᠭᠤᠨ᠎ᠤ ᠬᠤᠭᠤᠷᠣᠨᠳᠤ ᠰᠦᠯᠵᠢᠨ ᠭᠤᠨᠢᠭ᠍ᠯᠠᠭᠤᠯᠳᠠᠭ ᠬᠦᠴᠦᠲᠡᠢ ᠠᠰᠠᠭᠤᠯᠲᠠ 》 ᠪᠠᠢᠨ ᠳᠠᠬᠢᠨ ᠲᠤᠯᠭᠠᠷᠠᠨ ᠢᠷᠡᠳᠡᠭ ᠪᠠᠢᠪᠠ᠃ 《ᠲᠡᠷᠡ ᠠᠰᠠᠭᠤᠯᠲᠠ ᠨᠠᠮᠠᠶ᠋ᠢ ᠭᠦᠨ ᠰᠠᠨᠰᠠᠷ᠎ᠲᠤ ᠭᠠᠭ᠍ᠴᠠᠭᠠᠷ ᠲᠡᠨᠦᠭᠦᠴᠢᠯᠡᠨ ᠵᠣᠷᠴᠢᠭᠠ ᠶᠤᠮ ᠱᠢᠭ᠋ ᠬᠡᠵᠢᠶᠡᠳᠡ ᠨᠥᠬᠦᠬᠦ᠌᠎ᠶ᠋ᠢᠨ ᠠᠷᠭ᠎ᠠ ᠦᠭᠡᠢ ᠠᠭᠤᠤ ᠶᠡᠭᠡ ᠬᠤᠭᠤᠰᠤᠨ᠎ᠳᠤ ᠲᠦᠯᠬᠢᠨ ᠣᠷᠣᠭᠤᠯᠳᠠᠭ᠃ ᠳᠠᠭᠤᠳᠠᠬᠤ ᠬᠥᠮᠥᠨ ᠡᠰᠡ ᠣᠯᠳᠠᠬᠤ ᠠᠭᠠᠳ ᠳᠠᠭᠤᠳᠠᠭ᠍ᠰᠠᠨ ᠴᠦ᠍ ᠡᠰᠡ ᠰᠣᠨᠣᠰᠭᠤ ᠮᠡᠲᠦ ᠲᠡᠷᠡ ᠶᠡᠭᠡ ᠬᠤᠭᠤᠰᠤᠨ ᠨᠠᠮᠠᠶ᠋ᠢ ᠡᠵᠡᠯᠡᠨ᠂ ᠦᠵᠦᠭᠦᠷ ᠬᠢᠵᠠᠭᠠᠷ ᠦᠭᠡᠢ᠎ᠶ᠋ᠢᠨ ᠳᠤᠮᠳᠠ ᠨᠠᠮᠠᠶ᠋ᠢ ᠲᠡᠰᠭᠦ ᠠᠷᠭ᠎ᠠ ᠦᠭᠡᠢ ᠪᠣᠯᠲᠠᠯ᠎ᠠ ᠡᠩᠰᠡᠯᠭᠡᠨ ᠭᠠᠰᠠᠯᠤᠭᠤᠯᠳᠠᠭ᠃ ᠮᠥᠨ ᠴᠦ᠍ ᠦᠬᠦᠵᠦ᠍ ᠰᠡᠬᠡᠬᠦ᠌᠎ᠶ᠋ᠢᠨ ᠳᠠᠪᠠᠭᠠᠨ᠎ᠠᠴᠠ ᠠᠪᠤᠷᠠᠨ ᠳᠠᠭᠤᠳᠠᠵᠤ ᠰᠡᠷᠡᠭᠡᠭᠡ ᠮᠡᠲᠦ ᠵᠣᠪᠠᠯᠠᠩ᠎ᠲᠠᠢ ᠰᠠᠨᠠᠭ᠍ᠳᠠᠭᠤᠯᠳᠠᠭ 》 ᠠᠵᠢ᠃
《 ᠲᠣᠳᠣ ᠦᠰᠦᠭ᠎ᠢ ᠰᠡᠷᠭᠦᠭᠡᠳᠡᠭ ᠲᠤᠬᠠᠢ ᠶᠠᠮᠠᠷ ᠨᠢᠭᠡᠨ ᠱᠢᠨ᠎ᠡ ᠮᠡᠳᠡᠭᠡ ᠪᠠᠢᠳᠠᠭ ᠪᠣᠯ ᠦᠦ?》 ᠨᠣᠮ ᠨᠡᠭᠡᠭᠡᠬᠦ᠂ ᠨᠣᠮ ᠪᠣᠰᠭᠠᠬᠤ᠂ ᠴᠠᠭᠠᠰᠤ ᠡᠯᠳᠡᠬᠦ᠂ ᠨᠣᠮ ᠬᠠᠭᠤᠯᠬᠤ ᠂ ᠨᠣᠮ ᠪᠠᠷᠯᠠᠬᠤ ᠠᠵᠢᠯ᠎ᠳᠠᠭᠠᠨ ᠣᠯᠠᠨ ᠵᠢᠯ᠎ᠢᠶᠠᠷ ᠱᠢᠮᠳᠠᠭ᠍ᠰᠠᠭᠠᠷ ᠪᠠᠢᠭ᠎ᠠ ᠨᠠᠮᠵᠢᠯ ᠭᠡᠩᠭᠡᠢᠶ᠋ᠢᠨ ᠠᠰᠠᠭᠤᠯᠲᠠ ᠵᠣᠬᠢᠶᠠᠭ᠍ᠴᠢ᠎ᠶ᠋ᠢᠨ ᠣᠶᠣᠨ ᠰᠦᠨᠡᠰᠦ᠎ᠶ᠋ᠢ ᠪᠠᠢᠨ ᠳᠠᠬᠢᠨ ᠱᠢᠭᠦᠨᠡ᠃
《ᠲᠣᠳᠣ ᠦᠰᠦᠭ ᠵᠢᠭᠠᠬᠤ ᠱᠠᠪᠢ ᠡᠯᠰᠡᠪᠡᠯ ᠶᠠᠮᠠᠷ?》 ᠲᠠᠨᠢᠯ ᠬᠠᠷ᠎ᠠ ᠪᠠᠭ᠍ᠰᠢ᠎ᠶ᠋ᠢᠨ ᠡᠨᠡ ᠠᠰᠠᠭᠤᠯᠲᠠ᠎ᠳᠤ ᠵᠣᠬᠢᠶᠠᠭ᠍ᠴᠢ 《ᠣᠳᠣ ᠪᠣᠯᠲᠠᠯ᠎ᠠ ᠬᠠᠷᠢᠭᠤᠯᠲᠠ ᠥᠭ᠌ᠭᠦᠭᠡ ᠦᠭᠡᠢ ᠪᠠᠢᠭ᠍ᠰᠠᠭᠠᠷ ᠪᠥᠭᠡᠳ ᠥᠭ᠌ᠴᠦ ᠴᠦ᠍ ᠴᠢᠳᠠᠬᠤ ᠦᠭᠡᠢ ᠪᠢᠯᠡ》᠃
《 ᠠᠷᠪᠠᠨ ᠵᠢᠯ᠎ᠤᠨ ᠳᠠᠷᠠᠭ᠎ᠠ ᠨᠣᠮ ᠪᠣᠰᠭᠠᠵᠤ᠂ ᠨᠣᠮ ᠨᠡᠭᠡᠭᠡᠳᠡᠭ ᠬᠥᠮᠥᠨ ᠪᠠᠢᠳᠠᠭ ᠪᠣᠯ ᠦᠦ?》 ᠥᠭᠡᠷ᠎ᠡ ᠨᠢᠭᠡ ᠬᠠᠷ᠎ᠠ ᠪᠠᠭ᠍ᠰᠢ᠎ᠶ᠋ᠢᠨ ᠠᠰᠠᠭᠤᠭ᠍ᠰᠠᠨ ᠡᠨᠡ ᠠᠰᠠᠭᠤᠯᠲᠠ᠎ᠶ᠋ᠢ 《ᠪᠢ ᠨᠡᠩ ᠴᠦ᠍ ᠬᠠᠷᠢᠭᠤᠯᠵᠤ ᠴᠢᠳᠠᠭ᠎ᠠ ᠦᠭᠡᠢ᠃》
ᠽᠠᠶ᠎ᠠ ᠪᠠᠨᠳᠢᠳᠠ᠎ᠶ᠋ᠢᠨ ᠵᠣᠬᠢᠶᠠᠭ᠍ᠰᠠᠨ 《ᠲᠣᠳᠣᠷᠬᠠᠢ ᠦᠰᠦᠭ》 ᠤ᠋ᠨ ᠲᠤᠬᠠᠢ ᠨᠤᠲᠤᠭ᠎ᠤᠨ ᠪᠠᠭ᠍ᠰᠢ ᠨᠠᠷ᠎ᠤᠨ ᠡᠢᠮᠦᠷᠬᠦᠦ ᠠᠰᠠᠭᠤᠯᠲᠠ᠎ᠨᠤᠭᠤᠳ᠎ᠢ ᠵᠣᠬᠢᠶᠠᠭ᠍ᠴᠢ ᠪᠠᠷᠢᠨ ᠬᠠᠷᠢᠭᠤᠯᠵᠤ ᠴᠢᠳᠠᠭ᠍ᠰᠠᠨ ᠦᠭᠡᠢ ᠪᠣᠯᠪᠠᠴᠤ᠌ ᠤᠷᠲᠤ᠎ᠶ᠋ᠢᠨ ᠤᠷᠲᠤ ᠪᠣᠳᠣᠯᠭᠠᠱᠢᠷᠠᠯ ᠂ ᠱᠢᠭᠦᠨ ᠲᠤᠩᠭᠠᠯᠲᠠᠪᠠᠷᠢᠶᠠᠨ ᠰᠣᠶᠣᠯ᠎ᠤᠨ ᠬᠢᠮᠤᠷᠠᠯ᠎ᠳᠤ ᠤᠴᠠᠷᠠᠭ᠍ᠰᠠᠨ ᠠᠬᠤᠢ᠎ᠶ᠋ᠢᠨ ᠲᠤᠬᠠᠢ ᠭᠦᠨᠵᠡᠭᠡᠢ ᠰᠡᠳᠭᠢᠵᠡᠢ᠃ ᠵᠣᠬᠢᠶᠠᠭ᠍ᠴᠢ᠎ᠶ᠋ᠢᠨ ᠬᠤᠪᠢ ᠡᠨᠡ ᠪᠦᠬᠦᠨ᠎ᠨᠢ ᠣᠶᠣᠨ ᠰᠦᠨᠡᠰᠦᠨ᠎ᠤ ᠥᠪᠡᠷ᠎ᠤᠨ ᠠᠪᠤᠷᠠᠯᠲᠠ ᠪᠠᠢᠭ᠍ᠰᠠᠨ ᠶᠤᠮ᠃
ᠬᠤᠶᠠᠷ᠂ ᠭᠦᠨᠵᠡᠭᠡᠢ ᠳᠦᠷᠰᠦᠯᠡᠯ᠎ᠤᠨ ᠠᠶᠠᠨ
ᠱᠢᠨ᠎ᠡ ᠵᠠᠭᠤᠨ᠎ᠠᠴᠠ ᠨᠠᠭᠠᠰᠢ ᠤᠷᠠᠩᠭᠤᠸ᠎ᠠ᠎ᠶ᠋ᠢᠨ ᠵᠣᠬᠢᠶᠠᠨ ᠪᠦᠲᠦᠭᠡᠯᠭᠡ ᠡᠷᠴᠢᠮ ᠠᠪᠤᠨ ᠴᠢᠩᠭᠠᠷᠠᠵᠤ ᠬᠤᠷᠢᠭᠠᠳ ᠨᠣᠮ ᠬᠡᠪᠯᠡᠭᠦᠯᠴᠢᠬᠡᠭ᠌ᠰᠡᠨ᠂ ᠬᠠᠮᠤᠭ᠎ᠠᠴᠠ ᠣᠯᠠᠨ ᠪᠦᠲᠦᠭᠡᠯ᠎ᠲᠠᠢ ᠨᠠᠢᠷᠠᠭᠤᠯᠤᠯ᠎ᠤᠨ ᠵᠣᠬᠢᠶᠠᠯᠴᠢ ᠪᠣᠯᠵᠠᠢ᠃ ᠢᠯᠠᠩᠭᠤᠶ᠎ᠠ 2010 ᠣᠨ᠎ᠠᠴᠠ ᠬᠤᠢᠰᠢ ᠵᠣᠬᠢᠶᠠᠨ ᠲᠤᠭᠤᠷᠪᠢᠯ᠎ᠨᠢ ᠢᠳᠡ ᠠᠪᠤᠨ ᠴᠡᠴᠡᠭ᠌ᠯᠡᠵᠦ᠍᠂ ᠱᠢᠭᠦᠮᠵᠢᠯᠡᠭ᠌ᠴᠢ ᠰᠤᠳᠤᠯᠤᠭ᠍ᠴᠢᠳ ᠤᠩᠱᠢᠬᠤ ᠶᠣᠰᠣᠲᠠᠢ ᠭᠡᠵᠦ᠍ ᠮᠡᠳᠡᠵᠦ᠍ ᠠᠲᠠᠯ᠎ᠠ᠎ᠪᠠᠨ ᠤᠩᠱᠢᠵᠤ ᠠᠮᠵᠢᠮᠠ ᠦᠭᠡᠢ ᠬᠡᠮᠵᠢᠶᠡᠨ᠎ᠳᠤ ᠬᠦᠷᠴᠢᠬᠡᠭ᠌ᠰᠡᠨ ᠪᠢᠯᠡ᠃ 2012 ᠣᠨ᠎ᠠᠴᠠ ᠡᠬᠢᠯᠡᠭᠦᠯᠦᠭ᠌ᠰᠡᠨ 《ᠰᠣᠶᠣᠯ ᠤᠭ᠍ᠰᠠᠭᠠᠲᠠᠨ ᠵᠦᠢ᠎ᠶ᠋ᠢᠨ ᠬᠡᠭᠡᠷ᠎ᠡ᠎ᠶ᠋ᠢᠨ ᠱᠢᠨᠵᠢᠯᠡᠯᠤᠨ ᠪᠠᠷᠢᠮᠲᠠᠲᠤ ᠨᠠᠢᠷᠠᠭᠤᠯᠤᠯ》 ᠤ᠋ᠨ ᠴᠤᠪᠤᠷᠠᠯ᠎ᠨᠢ ᠡᠳᠦᠭᠡ ᠪᠣᠯᠬᠤ᠎ᠳᠤ ᠨᠢᠭᠡᠨᠲᠡ 《ᠮᠣᠩᠭᠤᠯᠴᠤᠳ᠎ᠤᠨ ᠬᠥᠳᠡᠭᠡ ᠤᠬᠠᠭᠠᠨ》 ᠂《ᠮᠣᠩᠭᠤᠯᠴᠤᠳ᠎ᠤᠨ ᠪᠠᠢᠭᠠᠯᠢ ᠤᠬᠠᠭᠠᠨ》᠂ 《ᠴᠠᠭᠠᠨ ᠲᠤᠭ᠎ᠤᠨ ᠴᠠᠬᠠᠷᠴᠤᠳ》 ᠂《ᠲᠡᠭ᠌ᠷᠢ᠎ᠶ᠋ᠢᠨ ᠬᠠᠶᠠᠭᠠᠨ᠎ᠳᠠᠬᠢ ᠴᠠᠬᠠᠷᠴᠤᠳ》 ᠭᠡᠬᠦ᠌ ᠳᠥᠷᠪᠡᠨ ᠲᠣᠮᠣ ᠨᠣᠮ᠎ᠲᠠᠢ ᠪᠣᠯᠵᠠᠢ᠃ ᠠᠳᠡ ᠮᠥᠨ ᠡᠨᠡ ᠳᠥᠷᠪᠡᠨ ᠨᠣᠮ᠎ᠢ ᠰᠣᠩᠭᠤᠵᠤ ᠥᠭᠦᠯᠡᠨ᠎ᠡ᠃
1. 《ᠤᠷᠠᠨ ᠵᠣᠬᠢᠶᠠᠯ ᠮᠡᠳᠡᠬᠦ᠌ ᠦᠭᠡᠢ》᠃ ᠤᠷᠠᠩᠭᠤᠸ᠎ᠠ ᠥᠭᠦᠯᠡᠯᠭᠡ ᠨᠠᠢᠷᠠᠭᠤᠯᠤᠯ᠎ᠤᠨ ᠲᠡᠭᠦᠪᠦᠷᠢ ᠣᠯᠠᠨ ᠬᠡᠪᠯᠡᠭᠦᠯᠦᠭ᠌ᠰᠡᠨ ᠠᠲᠠᠯ᠎ᠠ᠎ᠪᠠᠨ 《ᠪᠢ ᠤᠷᠠᠨ ᠵᠣᠬᠢᠶᠠᠯ ᠮᠡᠳᠡᠬᠦ᠌ ᠦᠭᠡᠢ》 ᠭᠡᠵᠦ᠍ ᠬᠡᠯᠡᠬᠦ᠌᠎ᠳᠡᠭᠡᠨ ᠳᠤᠷᠠᠲᠠᠢ᠃ ᠡᠨᠡ᠎ᠨᠢ ᠵᠦᠭᠡᠷ ᠨᠢᠭᠡ ᠲᠣᠨᠢᠷᠬᠠᠯ ᠪᠢᠰᠢ᠂ ᠬᠠᠷᠢᠨ ᠤᠷᠠᠨ ᠵᠣᠬᠢᠶᠠᠯ᠎ᠢ ᠰᠠᠢᠨ ᠮᠡᠳᠡᠳᠡᠭ ᠪᠠᠢᠭ᠍ᠰᠠᠨ — ᠱᠢᠯᠵᠢᠯᠲᠡ — ᠨᠡᠭᠦᠳᠡᠯ — ᠱᠢᠨ᠎ᠡ ᠪᠠᠭᠤᠴᠠᠨ᠎ᠳᠤ ᠣᠴᠢᠭ᠍ᠰᠠᠨ ᠶᠠᠪᠤᠴᠠ᠎ᠶ᠋ᠢ᠎ᠨᠢ ᠬᠠᠷᠠᠭᠤᠯᠵᠤ ᠪᠠᠢᠨ᠎ᠠ᠃ ᠬᠡᠭᠡᠷ᠎ᠡ᠎ᠶ᠋ᠢᠨ ᠱᠢᠨᠵᠢᠯᠡᠭᠡᠨ᠎ᠳᠡᠭᠡᠨ ᠦᠨᠳᠦᠰᠦᠯᠡᠵᠦ᠍ 《ᠰᠣᠶᠣᠯ ᠤᠭ᠍ᠰᠠᠭᠠᠲᠠᠨ ᠵᠦᠢ᠎ᠶ᠋ᠢᠨ ᠪᠠᠷᠢᠮᠲᠠᠲᠤ ᠨᠠᠢᠷᠠᠭᠤᠯᠤᠯ》 ᠢ᠋ ᠤᠬᠠᠮᠰᠠᠷ᠎ᠲᠠᠢ ᠪᠥᠭᠡᠳ ᠤᠷᠮ᠎ᠠ᠎ᠲᠠᠢ ᠲᠤᠭᠤᠷᠪᠢᠵᠤ ᠡᠬᠢᠯᠡᠭ᠌ᠰᠡᠨ᠎ᠠᠴᠠ᠎ᠪᠠᠨ ᠠᠪᠤᠭᠠᠳ ᠤᠷᠠᠨ ᠵᠣᠬᠢᠶᠠᠯ ᠢ ᠱᠢᠨ᠎ᠡ᠎ᠪᠠᠷ ᠲᠤᠩᠭᠠᠨ ᠲᠠᠨᠢᠵᠤ᠂ ᠤᠳᠠᠭ᠎ᠠ ᠪᠣᠯᠭᠠᠨ᠎ᠤ ᠲᠤᠭᠤᠷᠪᠢᠯᠢᠶᠠᠷᠢᠶᠠᠨ ᠱᠢᠨ᠎ᠡ ᠲᠣᠮᠢᠶᠠᠯᠠᠯ ᠥᠭ᠌ᠴᠦ ᠪᠠᠢᠭ᠎ᠠ᠎ᠨᠢ ᠢᠯᠡᠳᠲᠡ ᠪᠠᠢᠨ᠎ᠠ᠃ ᠨᠠᠢᠷᠠᠭᠤᠯᠤᠯᠢ ᠪᠠᠰᠠ ᠢᠩᠭᠢᠵᠦ᠍ ᠪᠢᠴᠢᠵᠦ᠍ ᠪᠣᠯᠳᠠᠭ ᠰᠠᠨᠵᠠᠢ! ᠬᠡᠢ ᠬᠤᠭᠤᠰᠤᠨ ᠤᠶᠠᠩᠭᠠᠯᠠᠯᠢ ᠲᠡᠪᠴᠢᠵᠦ᠍᠂ ᠡᠬᠡ ᠭᠠᠵᠠᠷ᠎ᠤᠨ ᠠᠮᠢᠰᠭᠤᠭ᠎ᠠ᠎ᠶ᠋ᠢ ᠴᠢᠩᠨᠠᠵᠤ᠂ ᠥᠪᠡᠷ᠎ᠤᠨ ᠰᠡᠳᠭᠢᠯ᠎ᠤᠨ ᠬᠢᠭᠢᠯᠢ᠎ᠶ᠋ᠢᠨ ᠠᠶᠠᠰ᠎ᠢ ᠴᠢᠩᠨᠠᠵᠤ ᠪᠢᠴᠢᠵᠦ᠍ ᠪᠣᠯᠳᠠᠭ ᠶᠤᠮ ᠪᠠᠢᠨ᠎ᠠ᠃ ᠤᠷᠠᠩᠭᠤᠸ᠎ᠠ ᠡᠢᠮᠦᠷᠬᠦᠦ ᠤᠬᠠᠭᠠᠷᠠᠯᠠᠴᠠᠪᠠᠨ ᠪᠣᠯᠵᠤ ᠤᠷᠠᠨ ᠵᠣᠬᠢᠶᠠᠯ᠎ᠤᠨ ᠵᠠᠬ᠎ᠠ ᠬᠥᠪᠡᠭᠡ᠎ᠶ᠋ᠢ ᠪᠠᠯᠠᠷᠬᠠᠢᠱᠢᠭᠤᠯᠵᠤ᠂ ᠨᠠᠢᠷᠠᠭᠤᠯᠤᠯ᠎ᠤᠨ ᠬᠦᠷᠢᠶ᠎ᠡ ᠴᠠᠷᠠᠭ᠎ᠠ᠎ᠶ᠋ᠢ ᠲᠡᠯᠡᠭ᠌ᠰᠡᠨ ᠪᠠᠢᠨ᠎ᠠ ᠃ ᠵᠣᠩᠬᠢᠯᠠᠬᠤ ᠣᠯᠠᠨ ᠬᠥᠮᠥᠰ᠎ᠲᠤ 《ᠤᠷᠠᠨ ᠵᠣᠬᠢᠶᠠᠯ᠎ᠤᠨ ᠪᠤᠰᠤ》 ᠭᠡᠭ᠌ᠳᠡᠳᠡᠭ ᠭᠠᠵᠠᠷ ᠤᠷᠠᠩᠭᠤᠸ᠎ᠠ ᠤᠳᠠᠭ᠎ᠠ ᠳᠠᠷᠠᠭᠠᠯᠠᠨ ᠬᠦᠷᠴᠦ᠍ ᠣᠴᠢᠵᠤ ᠪᠠᠢᠭ᠎ᠠ ᠪᠣᠯᠬᠤᠷ 《 ᠪᠢ ᠤᠷᠠᠨ ᠵᠣᠬᠢᠶᠠᠯ ᠮᠡᠳᠡᠬᠦ᠌ ᠦᠭᠡᠢ 》 ᠭᠡᠵᠦ᠍ ᠬᠡᠯᠡᠯ ᠦᠭᠡᠢ ᠶᠠᠭᠠᠬᠢᠬᠤ ᠪᠤᠢ᠃ ᠡᠨᠡ᠎ᠨᠢ ᠬᠢᠲᠠᠳ ᠵᠣᠬᠢᠶᠠᠯᠴᠢ ᠮᠥᠸᠧ ᠶᠠᠨ᠎ᠤ 《ᠽᠠᠨᠳᠠᠨ ᠮᠣᠳᠣᠨ ᠡᠷᠡᠭᠦᠦ》 ᠭᠡᠬᠦ᠌ ᠷᠣᠮᠠᠨᠤᠪᠠᠨ ᠭᠠᠷᠭᠠᠯᠭ᠎ᠠ᠎ᠳᠤ ᠪᠢᠴᠢᠭ᠌ᠰᠡᠨ 《ᠤᠤᠯ᠎ᠤᠨ ᠤᠳᠭ᠎ᠠ ᠵᠣᠬᠢᠶᠠᠯ᠎ᠤᠨ ᠵᠠᠮ᠎ᠠᠴᠠ᠎ᠪᠠᠨ ᠳᠤᠷᠠᠲᠠᠶ᠎ᠠ ᠶᠡᠬᠡᠬᠡᠨ ᠠᠯᠬᠤᠮ᠎ᠢᠶᠠᠷ ᠤᠬᠤᠷᠢᠯᠲᠠ ᠬᠢᠭ᠌ᠰᠡᠨ》 ᠭᠡᠵᠦ᠍ ᠪᠢᠴᠢᠭ᠌ᠰᠡᠨᠢ ᠶᠠᠭᠠᠬᠢᠬᠤ᠎ᠶ᠋ᠢᠨ ᠠᠷᠭ᠎ᠠ ᠦᠭᠡᠢ ᠰᠠᠨᠠᠭ᠍ᠳᠠᠭᠤᠯᠵᠤ ᠪᠠᠢᠨ᠎ᠠ᠃ ᠠᠷᠠᠳ᠎ᠤᠨ ᠬᠦᠦᠷᠨᠢᠯ᠎ᠳᠤ ᠤᠬᠤᠷᠢᠨ ᠣᠴᠢᠭ᠍ᠰᠠᠨᠢᠶᠠᠷᠢᠶᠠᠨ ᠤᠷᠠᠩᠭᠤᠸ᠎ᠠ᠎ᠶ᠋ᠢᠨ ᠰᠣᠩᠭᠤᠯᠲᠠ᠎ᠨᠢ ᠮᠥᠸᠧ ᠶᠠᠨ᠎ᠤ᠎ᠬᠢ ᠠᠳᠠᠯᠢᠱᠢᠬᠤ ᠲᠠᠯ᠎ᠠ ᠪᠤᠢ᠃ ᠤᠷᠠᠩᠭᠤᠸ᠎ᠠ ᠡᠢᠨ ᠬᠦ᠌ ᠶᠠᠪᠤᠵᠤ ᠳᠠᠳᠤᠭ᠍ᠰᠠᠨ ᠵᠠᠮ ᠳᠠᠭᠤᠯᠠᠵᠤ ᠰᠤᠷᠤᠭ᠍ᠰᠠᠨ ᠳᠠᠭᠤᠤ᠎ᠠᠴᠠ᠎ᠪᠠᠨ ᠰᠠᠯᠵᠤ᠂ ᠠᠷᠠᠳ᠎ᠤᠨ ᠳᠤᠮᠳᠠ ᠪᠤᠴᠠᠭ᠍ᠰᠠᠨ ᠪᠠᠢᠨ᠎ᠠ᠃
2. ᠤᠷᠠᠨ ᠪᠠ ᠭᠤᠸ᠎ᠠ᠎ᠶ᠋ᠢ ᠣᠭᠤᠷᠴᠤ᠌ ᠪᠠᠢᠭ᠎ᠠ᠎ᠨᠢ᠃ ᠤᠷᠠᠩᠭᠤᠸ᠎ᠠ᠎ᠶ᠋ᠢᠨ ᠡᠨᠡ ᠬᠦ᠌ ᠰᠣᠩᠭᠤᠯᠲᠠ᠎ᠨᠢ ᠪᠢᠳᠠᠨ᠎ᠤ ᠤᠩᠱᠢᠵᠤ ᠳᠠᠳᠤᠭ᠍ᠰᠠᠨ ᠨᠠᠢᠷᠠᠭᠤᠯᠤᠯ᠎ᠳᠠᠬᠢ ᠬᠡᠢ ᠬᠥᠪᠰᠥᠭᠡᠷ ᠤᠶᠠᠩᠭᠠᠯᠠᠯᠯᠤᠭᠠ ᠦᠰᠦᠳ ᠣᠨᠳᠣᠣ ᠮᠥᠷᠲᠡᠭᠡᠨ ᠠᠯᠳᠠᠷ ᠴᠤᠤᠲᠤ ᠬᠥᠮᠥᠰ᠎ᠤᠨ ᠮᠠᠭ᠍ᠲᠠᠭᠠᠯ ᠳᠠᠭᠤᠤ ᠪᠣᠯᠣᠭ᠍ᠰᠠᠨ ᠮᠡᠳᠡᠭᠡᠯᠡᠯ᠎ᠤᠨ ᠤᠷᠠᠨ ᠵᠣᠬᠢᠶᠠᠯ᠎ᠲᠠᠢ ᠴᠦ᠍ ᠠᠳᠠᠯᠢ ᠦᠭᠡᠢ — ᠤᠷᠠᠨ ᠪᠠ ᠭᠤᠸ᠎ᠠ᠎ᠶ᠋ᠢ ᠲᠡᠭᠡᠵᠦ᠍ ᠶᠡᠭᠡ ᠬᠥᠭᠡᠭᠡᠴᠡᠯᠳᠦᠬᠦ᠌᠎ᠪᠠᠨ ᠪᠣᠯᠢᠭᠠᠳ ᠵᠣᠷᠢᠭᠤᠳᠠ᠎ᠶ᠋ᠢᠨ ᠴᠢᠮᠡᠭ ᠵᠠᠰᠠᠯ᠎ᠢ ᠲᠠᠶᠠᠭ᠍ᠳᠠᠵᠤ᠂ ᠡᠬᠡ ᠭᠠᠵᠠᠷ ᠱᠢᠭ᠋ ᠪᠣᠷᠣᠭ᠍ᠵᠢᠭᠤᠨ᠂ ᠠᠶᠠᠨᠳᠠᠭᠠᠨ᠎ᠤ ᠪᠣᠯᠵᠠᠢ᠃ ᠥᠪᠡᠷ᠎ᠤᠨ ᠤᠴᠠᠷᠠᠯ ᠲᠣᠬᠢᠶᠠᠯᠳᠤᠯ᠎ᠳᠠᠭᠠᠨ ᠦᠨᠡᠨᠴᠢ ᠪᠠᠢᠵᠤ᠂ ᠠᠯᠪᠠ᠎ᠪᠠᠷ ᠭᠤᠸ᠎ᠠ ᠰᠠᠢᠬᠠᠨᠴᠢᠯᠠᠬᠤᠶ᠋ᠢ ᠣᠭᠤᠷᠪᠠ᠃ 《ᠳᠠᠯᠠᠳ᠎ᠤᠨ ᠳᠠᠯᠳᠠ᠎ᠳᠤ》 ᠭᠡᠬᠦ᠌ ᠵᠣᠬᠢᠶᠠᠯ᠎ᠳᠠᠭᠠᠨ ᠴᠡᠪᠳᠡᠭ ᠬᠦᠢᠲᠡᠨ᠂ ᠬᠠᠬᠢᠷ ᠬᠠᠲᠠᠭᠤ᠂ ᠭᠠᠵᠢ ᠮᠠᠭᠤᠬᠠᠢ ᠠᠬᠤᠢ ᠪᠠᠢᠳᠠᠯ᠎ᠢ ᠲᠡᠷᠡ ᠬᠡᠪ᠎ᠢᠶᠠᠷ᠎ᠨᠢ ᠦᠵᠡᠭᠦᠯᠦᠭ᠌ᠰᠡᠨ ᠪᠢᠯᠡ᠃
3. ᠬᠡᠭᠡᠷ᠎ᠡ᠎ᠶ᠋ᠢᠨ ᠱᠢᠨᠵᠢᠯᠡᠯ᠃
(1) ᠬᠤᠲᠠ᠎ᠶ᠋ᠢᠨ ᠪᠢᠴᠢᠭ᠎ᠤᠨ ᠥᠷᠥᠭᠡᠨ᠎ᠠᠴᠠ ᠬᠤᠯᠠ᠎ᠶ᠋ᠢᠨ ᠨᠤᠲᠤᠭ ᠤᠷᠤᠭᠤ᠄ ᠬᠥᠳᠡᠭᠡ ᠪᠠᠢᠭᠠᠯᠢ᠂ ᠬᠥᠳᠥᠰᠥᠨ ᠳᠡᠪᠡᠯᠲᠡᠳᠤᠨ ᠨᠠᠮᠲᠠᠷ ᠲᠡᠦᠬᠡ ᠵᠦᠭ ᠥᠪᠡᠰᠦᠪᠡᠨ ᠬᠥᠳᠡᠯᠵᠦ᠍ ᠭᠦᠢᠴᠡᠳᠭᠡᠬᠦ᠌ ᠭᠦᠨ ᠤᠬᠠᠭᠠᠨ᠎ᠢ ᠡᠷᠬᠢᠮᠯᠡᠪᠡ᠃ ᠤᠷᠠᠩᠭᠤᠸ᠎ᠠ᠎ᠶ᠋ᠢᠨ ᠡᠳᠡᠭᠡᠷ ᠪᠦᠲᠦᠭᠡᠯ ᠪᠣᠯ ᠬᠥᠯ᠎ᠤᠨ ᠮᠥᠷᠢᠶᠠᠷᠢᠶᠠᠨ ᠪᠢᠴᠢᠭ᠌ᠰᠡᠨ ᠵᠣᠬᠢᠶᠠᠯ᠂ ᠪᠡᠶ᠎ᠡ ᠰᠡᠳᠭᠢᠯ ᠪᠢᠯᠢᠭ ᠤᠬᠠᠭᠠᠨ᠎ᠢᠶᠠᠷ᠎ᠢᠶᠠᠨ ᠬᠡᠯᠬᠢᠭ᠌ᠰᠡᠨ ᠪᠠᠷᠢᠮᠲᠠᠲᠤ ᠲᠡᠮᠳᠡᠭ᠌ᠯᠡᠯ᠃
(2) ᠵᠠᠢ ᠠᠯᠤᠰᠯᠠᠵᠤ ᠪᠢᠴᠢᠬᠦ᠌ ᠪᠢᠰᠢ᠂ ᠬᠠᠷᠢᠨ ᠠᠬᠤᠢ ᠲᠠᠯᠠᠪᠠᠢ᠎ᠶ᠋ᠢᠨ ᠠᠭᠤᠷ ᠠᠮᠢᠰᠭᠤᠭ᠎ᠠ᠎ᠶ᠋ᠢ ᠴᠢᠬᠤᠯᠠᠴᠢᠯᠠᠨ᠂ ᠤᠤᠯ ᠣᠷᠴᠢᠨ᠎ᠤ ᠤᠭ ᠲᠥᠷᠬᠦ᠌᠎ᠶ᠋ᠢ ᠢᠯᠡᠷᠡᠭᠦᠯᠬᠦ᠌᠎ᠳᠤ ᠬᠦᠴᠦᠯᠡᠪᠡ᠃
(3) ᠠᠬᠤᠢᠴᠢ ᠦᠵᠡᠯ᠎ᠤᠨ ᠱᠢᠨ᠎ᠡ ᠰᠣᠩᠭᠤᠯᠲᠠ᠄ ᠤᠷᠠᠩᠭᠤᠸ᠎ᠠ ᠠᠬᠤᠢᠴᠢ ᠦᠵᠡᠯ᠎ᠢ ᠪᠠᠷᠢᠮᠲᠠᠯᠠᠳᠠᠭ — ᠠᠬᠤᠢ᠎ᠶ᠋ᠢ ᠥᠩᠭᠡᠯᠡᠨ ᠵᠠᠰᠠᠬᠤ ᠬᠡᠪ ᠵᠠᠮᠪᠠᠷᠠᠭ᠎ᠠ ᠪᠠ ᠵᠣᠬᠢᠶᠠᠨ ᠲᠤᠭᠤᠷᠪᠢᠬᠤ ᠵᠢᠷᠤᠮ ᠭᠤᠷᠢᠮ᠎ᠠᠴᠠ ᠰᠠᠯᠵᠤ᠂ ᠲᠤᠤᠯᠢᠰᠯᠢᠭ ᠳᠣᠮᠣᠭ᠍ᠯᠢᠭ ᠪᠣᠯᠭᠠᠵᠤ ᠪᠢᠴᠢᠬᠦ᠌᠎ᠠᠴᠠ ᠲᠠᠲᠠᠭᠠᠯᠵᠠᠨ᠂ ᠠᠬᠤᠢ᠎ᠲᠠᠢ ᠠᠰ ᠲᠤᠯᠬᠤ᠂ ᠴᠢᠩᠬ᠎ᠠ ᠨᠢᠭᠤᠷᠯᠠᠬᠤ ᠵᠣᠷᠢᠭ ᠰᠠᠨᠠᠭ᠎ᠠ᠎ᠲᠠᠢ ᠨᠠᠢᠷᠠᠭᠤᠯᠤᠯ ᠲᠤᠭᠤᠷᠪᠢᠵᠠᠢ᠃
(4) ᠬᠡᠢ ᠰᠡᠳᠭᠢᠮᠵᠢᠯᠡᠯᠤᠨ ᠪᠤᠰᠤ᠃ ᠦᠨᠡᠰᠦᠨ ᠰᠠᠭᠠᠷᠠᠯ ᠣᠨᠣᠯ᠎ᠠᠴᠠ ᠥᠨᠢᠳᠡ ᠬᠥᠬᠡᠷᠡᠬᠦ᠌ ᠠᠮᠢᠳᠤᠷᠠᠯ᠎ᠤᠨ ᠮᠣᠳᠣ ᠰᠠᠢᠬᠠᠨ᠃ ᠠᠮᠢᠳᠤᠷᠠᠯ ᠶᠡᠷᠦ᠍᠎ᠨᠢ ᠤᠷᠠᠨ ᠵᠣᠬᠢᠶᠠᠯ᠎ᠠᠴᠠ ᠬᠠᠭᠤᠮᠠᠭᠠᠢ᠃ ᠤᠴᠢᠷ᠎ᠨᠢ ᠠᠮᠢᠳᠤᠷᠠᠯ᠎ᠤᠨ ᠬᠡᠷᠡᠭ ᠤᠴᠢᠷ᠎ᠤᠨ ᠳᠣᠲᠣᠷ᠎ᠠ ᠵᠠᠷᠢᠮ᠎ᠳᠠᠭᠠᠨ ᠯᠣᠭᠢᠭ ᠬᠤᠯᠪᠣᠭ᠎ᠠ ᠪᠠᠢᠬᠤ ᠦᠭᠡᠢ᠃ ᠬᠡᠢ ᠰᠡᠳᠭᠢᠮᠵᠢᠯᠡᠭ᠌ᠰᠡᠨ ᠪᠤᠰᠤ ᠤᠴᠢᠷ᠎ᠠᠴᠠ᠂ ᠰᠡᠳᠭᠢᠭ᠌ᠳᠡᠰᠢ ᠦᠭᠡᠢ ᠳᠡᠮᠡᠢ ᠪᠠᠯᠠᠢ ᠬᠠᠭᠤᠮᠠᠭᠠᠢ ᠵᠦᠢᠯ ᠨᠢᠳᠦ ᠬᠠᠯᠲᠤᠷᠢᠮ᠎ᠠ ᠳᠤᠷᠠᠢᠵᠤ ᠬᠠᠷᠠᠭ᠍ᠳᠠᠬᠤ ᠪᠣᠯᠣᠭ᠍ᠰᠠᠨ ᠪᠠᠢᠨ᠎ᠠ᠃ ᠬᠤᠢᠬ᠎ᠠ᠎ᠶ᠋ᠢᠨ ᠦᠰᠦ ᠪᠣᠰᠭᠠᠮᠠ ᠬᠠᠷᠠᠰᠠᠯᠲᠠᠢ ᠬᠡᠷᠡᠭ ᠤᠴᠢᠷ᠎ᠤᠳ ᠬᠤᠱᠣᠩ ᠵᠦᠴᠦᠭᠡ᠎ᠠᠴᠠ ᠬᠤᠱᠣᠩ᠂ ᠡᠮᠭᠡᠨᠢᠯᠲᠦ ᠵᠦᠴᠦᠭᠡ᠎ᠠᠴᠠ ᠡᠮᠭᠡᠨᠢᠯᠲᠡᠢ ᠢᠯᠡᠷᠡᠵᠡᠢ᠃
4. ᠬᠥᠳᠡᠭᠡ᠎ᠶ᠋ᠢᠨ ᠠᠮᠢᠳᠤᠷᠠᠯ᠎ᠤᠨ ᠶᠢᠷᠲᠢᠨᠴᠦ᠍᠃ ᠤᠷᠠᠩᠭᠤᠸ᠎ᠠ᠎ᠶ᠋ᠢᠨ 《ᠰᠣᠶᠣᠯ ᠤᠭ᠍ᠰᠠᠭᠠᠲᠠᠨ ᠵᠦᠢ᠎ᠶ᠋ᠢᠨ ᠪᠠᠷᠢᠮᠲᠠᠲᠤ ᠨᠠᠢᠷᠠᠭᠤᠯᠤᠯ》 ᠨᠢ ᠬᠥᠳᠡᠭᠡ ᠨᠤᠲᠤᠭ᠎ᠤᠨ ᠠᠮᠢᠵᠢᠷᠠᠯ᠎ᠤᠨ ᠬᠦᠴᠦᠨ ᠪᠢᠯᠬᠠᠭ᠍ᠰᠠᠨ ᠠᠮᠢᠳᠤᠷᠠᠯ᠎ᠤᠨ ᠶᠢᠷᠲᠢᠨᠴᠦ᠍᠎ᠶ᠋ᠢᠨ ᠭᠦᠨ ᠨᠠᠷᠢᠨ ᠭᠠᠵᠠᠷ ᠨᠡᠪᠲᠡᠷᠡᠵᠦ᠍᠂ ᠡᠴᠢᠨ᠎ᠡ ᠳᠠᠯᠳᠠᠯᠠᠭ᠍ᠳᠠᠵᠤ ᠤᠳᠠᠭ᠍ᠰᠠᠨ ᠣᠶᠣᠨ ᠤᠬᠠᠭᠠᠨ᠎ᠤ ᠶᠢᠷᠲᠢᠨᠴᠦ᠍ᠵᠢᠨᠢ ᠰᠣᠶᠣᠯ ᠬᠥᠮᠥᠨ ᠵᠦᠢᠴᠢᠳ᠎ᠤᠨ 《ᠭᠦᠨᠵᠡᠭᠡᠢ ᠳᠦᠷᠰᠦᠯᠡᠬᠦ᠌ 》 ᠠᠷᠭ᠎ᠠ᠎ᠪᠠᠷ ᠠᠭᠤᠳᠠᠯᠤᠨ ᠨᠡᠭᠡᠭᠡᠵᠡᠢ᠃ ᠪᠦᠰᠡᠭᠦᠢ ᠬᠥᠮᠥᠨ᠎ᠤ ᠰᠡᠷᠡᠯ ᠮᠡᠳᠡᠷᠡᠮᠵᠢ᠂ ᠡᠬᠡ ᠬᠥᠮᠥᠨ᠎ᠤ ᠡᠨᠡᠷᠢᠯ ᠬᠠᠢᠷ᠎ᠠ᠂ ᠵᠣᠬᠢᠶᠠᠯᠴᠢ ᠬᠥᠮᠥᠨ᠎ᠤ ᠰᠡᠳᠭᠢᠯ ᠤᠬᠠᠭ᠎ᠠ᠎ᠪᠠᠷ ᠱᠢᠨ᠎ᠡ ᠨᠢᠭᠡᠨ ᠶᠢᠷᠲᠢᠨᠴᠦ᠍᠎ᠶ᠋ᠢ ᠨᠡᠭᠡᠭᠡᠨ ᠦᠵᠡᠭᠦᠯᠵᠡᠢ᠃ ᠳᠡᠭᠡᠷ᠎ᠡ ᠱᠠᠲᠤᠨ᠎ᠠᠴᠠ ᠢᠷᠡᠭ᠌ᠰᠡᠨ ᠰᠤᠷᠪᠤᠯᠵᠢᠯᠠᠭ᠍ᠴᠢ ᠪᠢᠰᠢ ᠂ ᠡᠷᠬᠡ ᠰᠦᠷᠲᠡᠨ ᠪᠢᠰᠢ᠂ ᠶᠠᠷᠢᠯᠴᠠᠭ᠎ᠠ ᠥᠭ᠌ᠴᠦ ᠪᠠᠢᠭ᠎ᠠ ᠨᠠᠰᠤᠲᠠᠨ᠎ᠤ ᠬᠡᠦᠬᠡᠳ᠎ᠨᠢ ᠱᠢᠭ᠂ 《ᠬᠥᠳᠥᠰᠥᠨ ᠳᠡᠪᠡᠯ᠎ᠲᠠᠢ ᠪᠤᠷᠬᠠᠳ》 ᠠ᠋ᠴᠠ ᠰᠤᠷᠤᠯᠴᠠᠵᠤ᠂ ᠠᠮᠢᠳᠤᠷᠠᠯ᠎ᠤᠨ ᠶᠢᠷᠲᠢᠨᠴᠦ᠍᠎ᠳᠤ ᠠᠭᠤᠰᠤᠨ ᠣᠷᠣᠭᠠᠳ᠂ ᠤᠬᠠᠭᠠᠨ᠎ᠤ ᠳᠠᠯᠠᠢ᠎ᠠᠴᠠ ᠰᠤᠪᠤᠳ ᠲᠠᠨ᠎ᠠ ᠲᠡᠭᠦᠭ᠌ᠰᠡᠨ ᠪᠠᠢᠨ᠎ᠠ᠃ ᠲᠡᠢᠮᠦ᠍᠎ᠳᠡᠭᠡᠨ ᠠᠷᠠᠳ᠎ᠤᠨ ᠣᠢ ᠪᠢᠯᠢᠭ᠎ᠤᠨ ᠲᠣᠮᠣ ᠴᠣᠭ᠍ᠴᠠᠯᠠᠪᠤᠷᠢ᠎ᠶ᠋ᠢᠨ ᠱᠢᠨᠵᠢᠲᠡᠢ ᠪᠣᠯᠵᠤ ᠴᠢᠳᠠᠪᠠ᠃
ᠭᠤᠷᠪᠠ᠂ ᠪᠢᠱᠢᠯᠭᠠᠯ ᠮᠠᠷᠭᠤᠯ᠎ᠤᠨ ᠥᠩᠭᠡ ᠠᠶᠠᠰ
ᠪᠣᠷᠣᠭᠠᠨ᠎ᠤ 《ᠬᠤᠨᠢ ᠪᠠ ᠬᠤᠨᠢᠴᠢᠨ》 ᠭᠡᠬᠦ᠌ ᠨᠠᠢᠷᠠᠭᠤᠯᠤᠯ᠎ᠨᠢ 2019 ᠣᠨ᠎ᠳᠤ ᠂ 《ᠠᠯᠲᠠᠨ ᠬᠢᠩᠭᠠᠨ》 ᠬᠤᠨᠳᠠᠭᠠᠲᠤ ᠪᠦᠬᠦ᠌ ᠤᠯᠤᠰ᠎ᠤᠨ ᠮᠣᠩᠭᠤᠯ ᠨᠠᠢᠷᠠᠭᠤᠯᠤᠯ᠎ᠤᠨ ᠤᠷᠤᠯᠳᠤᠭᠠᠨ᠎ᠤ ᠲᠡᠷᠢᠭᠦᠨ ᠪᠠᠢᠷᠢᠨ᠎ᠳᠤ ᠲᠣᠳᠣᠷᠠᠭ᠍ᠰᠠᠨ ᠪᠠᠢᠨ᠎ᠠ᠃
ᠤᠤᠯ ᠨᠠᠢᠷᠠᠭᠤᠯᠤᠯ᠎ᠤᠨ ᠰᠣᠶᠣᠯ᠎ᠤᠨ ᠤᠬᠠᠮᠰᠠᠷ ᠨᠢ ᠪᠦᠷᠢᠮᠦᠰᠦᠨ ᠪᠢᠱᠢᠯᠭᠠᠯ ᠮᠠᠷᠭᠤᠯ᠎ᠢᠶᠠᠷ ᠡᠷᠴᠢᠯᠡᠭ᠌ᠳᠡᠭ᠌ᠰᠡᠨ ᠪᠠᠢᠨ᠎ᠠ᠃ ᠡᠨᠡ᠎ᠨᠢ ᠮᠣᠩᠭᠤᠯ ᠨᠠᠢᠷᠠᠭᠤᠯᠤᠯ᠎ᠳᠤ ᠪᠠᠷᠤᠭ ᠪᠠᠢᠵᠤ ᠥᠩᠭᠡᠷᠡᠭᠡ ᠦᠭᠡᠢ ᠵᠦᠢᠯ ᠪᠣᠯᠣᠯᠲᠠᠢ᠃ ᠵᠣᠬᠢᠶᠠᠯ᠎ᠤᠨ ᠪᠠᠭᠠᠲᠤᠷ 《ᠪᠢ》 ᠲᠠᠰᠤᠷᠠᠯᠲᠠ ᠦᠭᠡᠢ ᠨᠥᠬᠦᠷᠲᠠᠢᠪᠠᠨ ᠶᠠᠷᠢᠯᠴᠠᠬᠤ᠂ ᠥᠪᠡᠷ᠎ᠤᠨ ᠣᠯᠠᠨ ᠰᠠᠯᠠᠭᠠᠯᠠᠭ᠍ᠰᠠᠨ ᠪᠣᠳᠣᠯ᠎ᠲᠠᠢ᠎ᠪᠠᠨ ᠶᠠᠷᠢᠯᠴᠠᠬᠤ᠂ ᠬᠤᠨᠢ᠎ᠲᠠᠢ᠎ᠪᠠᠨ ᠶᠠᠷᠢᠯᠴᠠᠬᠤ᠎ᠪᠠᠷ ᠳᠠᠮᠵᠢᠨ ᠳᠠᠪᠬᠤᠷ ᠬᠦᠭ᠌᠎ᠳᠦ ᠦᠷ᠎ᠡ ᠨᠥᠯᠥᠭᠡᠨ᠎ᠳᠤ ᠬᠦᠷᠴᠡᠢ᠃ ᠬᠥᠮᠥᠨ᠎ᠤ ᠶᠠᠷᠢᠶ᠎ᠠ᠎ᠨᠢ ᠴᠦ᠍ ᠭᠡᠰᠡᠨ᠂ ᠬᠤᠨᠢᠨ᠎ᠤ ᠶᠠᠷᠢᠶ᠎ᠠ᠎ᠨᠢ ᠴᠦ᠍ ᠭᠡᠰᠡᠨ᠂ ᠮᠠᠷᠭᠤᠭᠠᠨ ᠮᠡᠳᠭᠡᠭᠡᠨᠤ ᠳᠤᠮᠳᠠ ᠬᠡᠨ ᠨᠢᠭᠡᠨ᠎ᠤ ᠦᠵᠡᠯ ᠪᠣᠳᠣᠯ᠎ᠨᠢ ᠢᠯᠠᠵᠤ ᠳᠡᠢᠯᠦᠨ ᠭᠠᠷᠴᠤ᠌ ᠪᠠᠢᠭ᠎ᠠ ᠦᠭᠡᠢ᠂ ᠬᠠᠷᠢᠨ ᠬᠠᠷᠢᠴᠠᠩᠭᠤᠢ ᠪᠡᠶ᠎ᠡ᠎ᠪᠠᠨ ᠳᠠᠭᠠᠭᠠᠬᠤ ᠱᠢᠨᠵᠢ᠎ᠪᠠᠨ ᠪᠠᠲᠤᠯᠠᠵᠤ ᠴᠢᠳᠠᠭ᠍ᠰᠠᠨ᠎ᠠᠴᠠ ᠲᠡᠢᠮᠦ᠍ ᠶᠤᠮ ᠃ ᠡᠨᠡ ᠨᠠᠢᠷᠠᠭᠤᠯᠤᠯ᠎ᠠᠴᠠ ᠪᠢᠳᠠ ᠡᠷᠢᠨ ᠴᠠᠭ᠎ᠤᠨ ᠬᠤᠪᠢᠰᠤᠯ᠂ ᠬᠥᠮᠥᠨ᠎ᠤ ᠠᠮᠢᠳᠤᠷᠠᠯ᠎ᠤᠨ ᠨᠤᠭᠤᠴᠢᠭᠠ᠂ ᠰᠣᠶᠣᠯ᠎ᠤᠨ ᠤᠯᠠᠮᠵᠢᠯᠠᠯ᠂ ᠥᠨᠥᠳᠥᠷ᠎ᠤᠨ ᠰᠣᠩᠭᠤᠯᠲᠠ᠂ ᠬᠥᠮᠥᠨ᠎ᠤ ᠶᠢᠷᠲᠢᠨᠴᠦ᠍ ᠪᠠ ᠠᠮᠢᠲᠠᠨ᠎ᠤ ᠶᠢᠷᠲᠢᠨᠴᠦ᠍᠂ ᠪᠤᠶᠠᠨ ᠪᠠ ᠨᠢᠭᠦᠯ᠂ ᠳ᠋ᠧᠪᠡᠵᠡᠨ ᠪᠠ ᠲᠠᠮᠤ᠎ᠤᠨ ᠲᠤᠬᠠᠢ ᠣᠯᠠᠨ ᠵᠦᠢᠯ᠎ᠢ ᠤᠷᠭᠤᠭᠤᠯᠤᠨ ᠰᠡᠳᠭᠢᠵᠦ᠍ ᠪᠣᠯᠬᠤ ᠶᠤᠮ᠃ ᠡᠢᠮᠦᠷᠬᠦᠦ ᠪᠢᠱᠢᠯᠭᠠᠯ ᠮᠠᠷᠭᠤᠯ᠎ᠤᠨ ᠥᠩᠭᠡ ᠠᠶᠠᠰ᠎ᠨᠢ ᠮᠣᠩᠭᠤᠯ ᠨᠠᠢᠷᠠᠭᠤᠯᠤᠯ᠎ᠤ᠋ᠨ ᠱᠢᠨ᠎ᠡ ᠬᠠᠨᠳᠤᠯᠭ᠎ᠠ ᠪᠣᠯᠵᠤ ᠮᠠᠭᠠᠳ ᠦᠭᠡᠢ᠃