ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ᠎ᠶ᠋ᠢᠨ ᠲᠠᠮᠢᠷ᠎ᠤᠨ ᠲᠤᠪᠴᠢᠶ᠎ᠠ ᠡᠴᠡ ᠤᠢᠯᠠᠭᠠᠭᠰᠠᠨ᠎ᠶ᠋ᠢᠡᠷ᠂ ᠲᠦᠷᠦᠬᠦᠬᠡᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠪᠤᠢᠺᠤ ᠪᠥᠮᠪᠥᠭᠡ᠎ᠶ᠋ᠢᠨ ᠲᠥᠷᠥᠯ ᠵᠦᠶ᠋ᠯ᠎ᠦᠨ ᠤᠷᠤᠯᠳᠤᠭᠠᠨ ᠲᠦᠩᠯᠢᠶᠣᠤ ᠬᠣᠲᠠ᠎ᠶ᠋ᠢᠨ ᠵᠠᠷᠤᠳ ᠬᠣᠱᠢᠭᠤᠨ᠎ᠤ ᠪᠡᠶ᠎ᠡ᠎ᠶ᠋ᠢᠨ ᠲᠠᠮᠢᠷ᠎ᠤᠨ ᠬᠥᠳᠡᠯᠭᠡᠭᠡᠨ᠎ᠦ ᠰᠤᠷᠭᠠᠭᠤᠯᠢ᠎ᠳᠤ ᠥᠨᠳᠥᠷᠯᠡᠪᠡ᠃
ᠲᠣᠰ ᠤᠳᠠᠭᠠᠨ᠎ᠤ ᠤᠷᠤᠯᠳᠤᠭᠠᠨ᠎ᠳᠤ ᠨᠡᠢᠲᠡ 6 ᠤᠷᠤᠯᠳᠤᠭᠠᠨ᠎ᠤ ᠳᠤᠭᠤᠢᠯᠠᠩ ᠭᠠᠷᠭᠠᠵᠤ᠂ ᠪᠥᠬᠥ᠌ ᠣᠷᠣᠨ᠎ᠤ 12 ᠠᠢᠮᠠᠭ ᠬᠣᠲᠠ᠎ᠶ᠋ᠢᠨ 627 ᠲᠠᠮᠢᠷᠴᠢᠨ ᠤᠷᠤᠯᠳᠤᠭᠠᠨ᠎ᠳᠤ ᠣᠷᠣᠯᠴᠠᠵᠠᠶ᠃ 16 ᠡᠳᠦᠷ᠎ᠦᠨ ᠱᠢᠷᠦᠭᠦᠨ ᠥᠷᠢᠰᠥᠯᠳᠦᠭᠡᠨ᠎ᠢᠶᠡᠷ ᠳᠠᠮᠵᠢᠭᠠᠳ ᠬᠥᠯᠥᠨ ᠪᠣᠢᠷ ᠬᠣᠲᠠ᠎ᠶ᠋ᠢᠨ ᠲᠥᠯᠥᠭᠡᠯᠡᠭ᠌ᠴᠢᠳ᠎ᠦᠨ ᠠᠩᠭᠢ ᠵᠢᠨ ᠬᠢᠨ ᠡᠷᠡᠭ᠌ᠲᠡᠶ᠎ᠶᠢᠨ ᠬᠥᠬᠡ᠂ ᠡᠷᠡᠭ᠌ᠲᠡᠶ᠎ᠶᠢᠨ ᠬᠥᠬᠡᠭ᠌ᠴᠢᠨ᠂ ᠡᠷᠡᠭ᠌ᠲᠡᠶ᠎ᠶᠢᠨ ᠤᠯᠠᠭᠠᠨ᠂ ᠡᠮᠡᠭ᠌ᠲᠡᠶ᠎ᠶᠢᠨ ᠬᠥᠬᠡ᠂ ᠡᠮᠡᠭ᠌ᠲᠡᠶ᠎ᠶᠢᠨ ᠬᠥᠬᠡᠭ᠌ᠴᠢᠨ 5 ᠳᠤᠭᠤᠢᠯᠠᠩ᠎ᠳᠦ ᠲᠤᠰ ᠲᠤᠰ ᠮᠠᠩᠯᠠᠢᠯᠠᠪᠠ; ᠲᠦᠩᠯᠢᠶᠣᠤ ᠬᠣᠲᠠ᠎ᠶ᠋ᠢᠨ ᠲᠥᠯᠥᠭᠡᠯᠡᠭ᠌ᠴᠢᠳ᠎ᠦᠨ ᠠᠩᠭᠢ ᠡᠮᠡᠭ᠌ᠲᠡᠶ᠎ᠶ᠋ᠢᠨ ᠤᠯᠠᠭᠠᠨ ᠳᠤᠭᠤᠢᠯᠠᠩ᠎ᠤᠨ ᠮᠠᠩᠯᠠᠶ᠎ᠳᠦ ᠲᠤᠳᠤᠷᠠᠪᠠ᠃ ᠤᠷᠤᠯᠳᠤᠭᠠᠨ᠎ᠳᠤ ᠣᠷᠣᠯᠴᠠᠭ᠍ᠰᠠᠨ ᠡᠯ᠎ᠡ ᠡᠩᠨᠡᠭᠡ ᠵᠢᠨ ᠬᠢᠨ ᠡᠷᠡᠯᠬᠡᠭ᠌ᠯᠡᠨ ᠲᠡᠮᠡᠴᠡᠵᠦ᠍᠂ ᠮᠠᠨ᠎ᠤ ᠣᠷᠣᠨ᠎ᠤ ᠪᠤᠢᠺᠤ ᠪᠥᠮᠪᠥᠭᠡ᠎ᠶ᠋ᠢᠨ ᠲᠥᠷᠥᠯ ᠵᠦᠢᠯ᠎ᠦᠨ ᠯᠠᠪᠳᠠᠭᠤᠨ ᠪᠠᠲᠤᠲᠠᠶ ᠤᠷᠤᠯᠳᠤᠭᠠᠨ᠎ᠤ ᠰᠠᠭᠤᠷᠢ ᠪᠠ ᠥᠷᠨᠢᠩᠭᠦᠶ ᠬᠥᠭ᠌ᠵᠢᠯᠲᠡ᠎ᠵᠢ ᠭᠦᠢᠴᠡᠳ ᠢᠯᠡᠷᠡᠭᠦᠯᠪᠡ᠃ ᠲᠣᠰ ᠤᠷᠤᠯᠳᠤᠭᠠᠨ᠎ᠨᠢ ᠡᠯ᠎ᠡ ᠠᠢᠮᠠᠭ ᠬᠣᠲᠠ᠎ᠳᠤ ᠮᠡᠷᠭᠡᠵᠢᠯ᠎ᠢᠶᠡᠨ ᠰᠤᠯᠢᠯᠴᠠᠬᠤ᠂ ᠬᠠᠮᠲᠤ᠎ᠪᠠᠷ ᠤᠷᠤᠭ᠍ᠰᠢᠯᠠᠬᠤ ᠴᠢᠨᠠᠷ ᠰᠠᠢᠲᠠᠶ ᠤᠷᠤᠯᠳᠤᠭᠠᠨ᠎ᠤ ᠲᠠᠪᠴᠠᠩ᠎ᠢ ᠪᠠᠢᠭᠤᠯᠤᠨ ᠦᠭᠴᠦ᠂ ᠪᠥᠬᠥ᠌ ᠣᠷᠣᠨ᠎ᠤ ᠪᠦᠢᠺᠦ᠌ ᠪᠥᠮᠪᠥᠭᠡ᠎ᠶ᠋ᠢᠨ ᠪᠡᠯᠡᠳᠭᠡᠯ ᠴᠢᠳᠠᠪᠤᠷᠢᠲᠠᠨ᠎ᠢ ᠬᠥᠮᠦᠵᠢᠭᠦᠯᠦᠭ᠌ᠰᠡᠨ ᠦᠷ᠎ᠡ ᠪᠦᠲᠦᠭᠡᠯ᠎ᠢ ᠪᠥᠬᠥ᠌ ᠲᠠᠯ᠎ᠠ᠎ᠪᠠᠷ ᠱᠢᠯᠭᠠᠨ ᠪᠠᠢᠴᠠᠭᠠᠵᠤ᠂ ᠪᠥᠬᠥ᠌ ᠣᠷᠣᠨ᠎ᠤ ᠤᠷᠤᠯᠳᠤᠭᠠᠨ᠎ᠤ ᠪᠡᠶ᠎ᠡ᠎ᠶ᠋ᠢᠨ ᠲᠠᠮᠢᠷ᠎ᠤᠨ ᠶᠠᠰᠤ ᠴᠢᠨᠠᠷ᠎ᠢ ᠳᠡᠭᠡᠭ᠌ᠰᠢᠯᠡᠭᠦᠯᠦᠨ ᠦᠷ᠎ᠡ ᠠᠱᠢᠭ᠎ᠢ ᠨᠡᠮᠡᠭ᠌ᠳᠡᠭᠦᠯᠬᠦ᠌ ᠳ᠋ᠤ ᠬᠥᠳᠡᠯᠭᠡᠬᠦ᠌ ᠡᠨᠧᠷᠭᠢ ᠨᠡᠮᠡᠷᠢᠯᠡᠪᠡ᠃
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号