ᠥᠪᠦᠷ ᠮᠣᠩᠭᠤᠯ᠎ᠤᠨ ᠬᠥᠯ ᠪᠥᠮᠪᠦᠭᠡ᠎ᠶ᠋ᠢᠨ ᠬᠡᠳᠦ ᠲᠡᠰ᠎ᠤᠨ ᠬᠣᠯᠪᠤᠭᠠᠲᠤ᠌ ᠤᠷᠤᠯᠳᠤᠭᠠᠨ᠎ᠤ ᠲᠠᠪᠤᠳᠤᠭᠠᠷ ᠨᠤᠭᠤᠯᠤᠭ᠎ᠠ ᠤᠷᠤᠯᠳᠤᠭᠠᠨ ᠦᠨᠳᠦᠷᠯᠡᠪᠡ
2026-06-22 11:37:08
ᠵᠣᠬᠢᠶᠠᠭ᠍ᠴᠢ᠄
​ ᠬᠤᠩ ᠰᠢᠶᠠ
ᠣᠩᠱᠢᠭ᠍ᠰᠠᠨ ᠣᠳᠠᠭ᠎ᠠ᠄
★★★☆☆

6 ᠰᠠᠷ᠎ᠠ ᠵᠢᠨ14 ᠎ᠤ᠋ ᠡᠳᠦᠷ᠂ ᠮᠸᠩ ᠨᠢᠦ 2026 ᠤᠨ᠎ᠤ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠬᠦᠯ ᠪᠦᠮᠪᠦᠭᠡ ᠵᠢᠨ ᠬᠡᠳᠦ ᠲᠡᠰ᠎ᠤᠨ ᠬᠤᠯᠪᠤᠭᠠᠲᠤ ᠤᠷᠤᠯᠳᠤᠭᠠᠨ᠎ᠤ ᠲᠠᠪᠤᠳᠤᠭᠠᠷ ᠨᠤᠭᠤᠯᠤᠭ᠎ᠠ ᠤᠷᠤᠯᠳᠤᠭᠠᠨ᠎ᠤ  6 ᠲᠠᠯᠠᠪᠠᠢ ᠤᠷᠤᠯᠳᠤᠭᠠᠨ ᠪᠦᠬᠦᠨ ᠵᠢᠡᠷ ᠵᠢᠡᠨ ᠤᠷᠤᠭᠰᠢᠳᠠᠢ  ᠦᠨᠳᠦᠷᠯᠡᠵᠡᠢ᠃

ᠲᠠᠪᠤᠳᠤᠭᠠᠷ ᠨᠤᠭᠤᠯᠤᠭ᠎ᠠ ᠤᠷᠤᠯᠳᠤᠭᠠᠨ ᠳ᠋ᠦ ᠤᠯᠠᠭᠠᠨᠬᠠᠳᠠ ᠵᠢᠨ ᠠᠩᠬᠢ ᠢᠯᠠᠬᠳᠠᠰᠢ ᠦᠭᠡᠢ ᠪᠠᠢᠷᠢ ᠪᠡᠨ ᠦᠷᠭᠦᠯᠵᠢᠯᠡᠨ ᠪᠠᠲᠤᠯᠠᠵᠤ᠂ 13 ᠬᠤᠪᠢ ᠪᠡᠷ ᠮᠠᠩᠯᠠᠢᠯᠠᠪᠠ᠃ ᠤᠯᠠᠭᠠᠨᠬᠠᠳᠠ ᠬᠤᠳᠠ ᠵᠢᠨ ᠪᠦᠮᠪᠦᠭᠡᠴᠢᠨ ᠸᠠᠩ ᠮᠢᠨ ᠵᠢᠶᠸ᠂ ᠪᠤᠭᠤᠲᠤ ᠬᠤᠳᠠ ᠵᠢᠨ ᠲᠠᠮᠢᠷᠴᠢᠨ ᠮᠠᠢᠷᠳᠡᠨ·ᠮᠠᠢᠮᠠᠢᠲ᠋ᠢ ᠲᠤᠰ ᠪᠦᠷᠢ 4 ᠪᠦᠮᠪᠦᠭᠡ ᠤᠷᠤᠭᠤᠯᠤᠬᠰᠠᠨ ᠲᠤᠭ᠎ᠠ ᠪᠡᠷ ᠬᠤᠪᠢ ᠬᠦᠮᠦᠨ᠎ᠤ ᠪᠦᠮᠪᠦᠭᠡ ᠤᠷᠤᠭᠤᠯᠤᠬᠰᠠᠨ ᠵᠢᠬᠰᠠᠭᠠᠯᠲᠠ ᠳ᠋ᠦ ᠲᠦᠷᠦᠭᠦᠯᠡᠪᠡ᠃

ᠲᠤᠰ ᠨᠤᠭᠤᠯᠤᠭ᠎ᠠ ᠤᠷᠤᠯᠳᠤᠭᠠᠨ᠎ᠤ ᠬᠠᠮᠤᠭ᠎ᠤᠨ ᠶᠡᠬᠡ ᠲᠥᠪᠯᠡᠷᠡᠯ᠎ᠦᠨ ᠴᠡᠭ᠎ᠪᠤᠯ ᠲᠦᠩᠯᠢᠶᠤᠤ᠎ᠶ᠋ᠢᠨ ᠠᠩᠬᠢ ᠬᠢᠭᠡᠳ ᠬᠥᠬᠡᠬᠤᠲᠠ᠎ᠵᠢᠨ ᠠᠩᠬᠢ ᠵᠢᠨ ᠦᠷᠢᠰᠦᠯᠳᠦᠭᠡᠨ ᠪᠤᠯᠤᠨ᠎ᠠ᠃ 14 ᠎ᠤ᠋ ᠤᠷᠤᠢ᠂ ᠲᠦᠩᠯᠢᠶᠤᠣ᠎ᠶ᠋ᠢᠨ ᠣᠯᠢᠮᠫᠢᠺ᠎ᠤᠨ ᠲᠠᠮᠢᠷ᠎ᠤᠨ ᠲᠥᠪ ᠬᠦᠮᠦᠨ᠎ᠤ ᠲᠠᠯᠠᠢ ᠪᠤᠯᠵᠤ᠂  3 ᠲᠦᠮᠡ ᠭᠠᠷᠤᠢ ᠪᠥᠮᠪᠦᠭᠡᠨ ᠬᠣᠷᠤᠬᠠᠢᠲᠠᠨ ᠪᠡᠶ᠎ᠡ ᠵᠢᠨ ᠲᠠᠮᠢᠷ᠎ᠤᠨ ᠲᠠᠯᠠᠪᠠᠢ ᠳ᠋ᠦ ᠬᠦᠷᠴᠤ᠂ ᠦᠪᠡᠷ᠎ᠤᠨ ᠲᠡᠮᠵᠢᠵᠦ ᠪᠠᠢᠭ᠎ᠠ ᠪᠦᠮᠪᠦᠭᠡᠨ ᠠᠩᠬᠢ ᠳ᠋ᠠᠭᠠᠨ ᠬᠦᠴᠦ ᠨᠡᠮᠡᠷᠢᠯᠡᠪᠡ᠃ ᠤᠷᠤᠯᠳᠤᠭᠠᠨ ᠡᠬᠢᠯᠡᠮᠡᠭᠴᠡ ᠬᠤᠶᠠᠷ ᠲᠠᠯ᠎ᠠ ᠪᠡᠷ ᠵᠢᠡᠨ ᠮᠠᠰᠢ ᠲᠦᠷᠭᠡᠨ ᠦᠷᠢᠰᠦᠯᠳᠦᠭᠡᠨ᠎ᠤ ᠪᠠᠢᠳᠠᠯ ᠳ᠋ᠦ ᠤᠷᠤᠵᠤ᠂ ᠬᠠᠷᠢᠯᠴᠠᠨ ᠲᠠᠭᠠᠷᠢᠯᠲᠠ ᠬᠠᠮᠠᠭᠠᠯᠠᠯᠲᠠ ᠪᠡᠨ ᠰᠠᠢᠲᠤᠷ ᠵᠤᠬᠢᠶᠠᠨ ᠪᠠᠢᠭᠤᠯᠵᠤ᠂ ᠡᠴᠦᠰ ᠲᠡᠭᠡᠨ ᠲᠦᠩᠯᠢᠶᠤᠣ᠎ᠶ᠋ᠢᠨ ᠠᠩᠬᠢ  2᠄1 ᠪᠡᠷ ᠬᠦᠬᠡᠬᠤᠳᠠ ᠵᠢᠨ ᠠᠩᠬᠢ  ᠵᠢ  ᠢᠯᠡᠪᠡ᠃

ᠲᠠᠪᠤᠳᠤᠭᠠᠷ ᠨᠤᠭᠤᠯᠤᠭ᠎ᠠ ᠤᠷᠤᠯᠳᠤᠭᠠᠨ᠎ᠤ  ᠪᠤᠰᠤᠳ ᠲᠠᠯᠠᠪᠠᠢ ᠤᠷᠤᠯᠳᠤᠭᠠᠨ ᠠᠳᠠᠯᠢᠬᠠᠨ᠎ᠢᠶᠠᠷ ᠭᠤᠴᠤ ᠰᠠᠢᠬᠠᠨ ᠶᠠᠪᠤᠭᠳᠠᠵᠤ᠂ ᠤᠯᠠᠭᠠᠨᠬᠠᠳᠠ᠎ᠶ᠋ᠢᠨ ᠠᠩᠭᠢ 2᠄ 0 ᠵᠢᠡᠷ ᠦᠬᠠᠢ᠎ᠶ᠋ᠢᠨ ᠠᠩᠬᠢ ᠵᠢ ᠢᠯᠠᠵᠦ᠂ ᠪᠤᠭᠤᠲᠤ᠎ᠶ᠋ᠢᠨ ᠠᠩᠭᠢ 1᠄ 0 ᠵᠢᠡᠷ ᠰᠢᠯᠢ᠎ᠶ᠋ᠢᠨ ᠭᠣᠤᠯ ᠠᠢᠮᠠᠬ᠎ᠤᠨ ᠠᠩᠬᠢ ᠵᠢ ᠢᠯᠠᠪᠠ;ᠤᠯᠠᠭᠠᠨᠴᠠᠪ᠎ᠤᠨ ᠠᠩᠭᠢ 4᠄ 2 ᠎ᠵᠢᠡᠷ ᠪᠠᠶᠠᠨᠨᠠᠭᠤᠷ᠎ᠤᠨ ᠠᠩᠬᠢ ᠵᠢ ᠢᠯᠠᠵᠤ᠂ ᠣᠷᠳᠤᠰ᠎ᠤᠨ ᠠᠩᠭᠢ 1᠄ 1᠎ᠪᠡᠷ ᠬᠥᠯᠦᠨ ᠪᠤᠶ᠋ᠢᠷ ᠲᠠᠢ ᠵᠡᠷᠭᠡᠴᠡᠨ᠂ ᠠᠯᠠᠱᠠ᠎ᠶ᠋ᠢᠨ ᠠᠩᠭᠢ 4 ᠄ 1  ᠪᠡᠷ ᠬᠢᠩᠭᠠᠨ᠎ᠤ ᠠᠩᠭᠢ᠎ᠶ᠋ᠢ ᠶᠡᠬᠡ ᠪᠡᠷ ᠢᠯᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号