20 ᠳ᠋ᠤᠭᠠᠷ ᠵᠠᠭᠤᠨ᠎ᠤ ᠬᠣᠷᠢᠭᠠᠳ ᠣᠨ᠎ᠳᠤ᠂ ᠥᠪᠥᠷ ᠮᠣᠩᠭᠣᠯ ᠣᠷᠣᠨ ᠪᠣᠯ ᠳᠡᠯᠡᠬᠡᠶ ᠳᠡᠭᠡᠷᠡᠬᠢ ᠠᠩᠬᠠᠳᠠᠭ᠍ᠴᠢ ᠨᠡᠢᠭᠡᠮ ᠵᠢᠷᠤᠮᠲᠤ ᠤᠯᠤᠰ — ᠵᠥᠪᠯᠡᠯᠲᠦ ᠬᠣᠯᠪᠣᠭᠠᠲᠤ ᠤᠯᠤᠰ᠎ᠲᠤ ᠨᠡᠪᠲᠡᠷᠡᠬᠦ᠌ ᠳᠤᠮᠳᠠᠳᠤ ᠤᠯᠤᠰ᠎ᠤᠨ ᠴᠢᠬᠤᠯᠠ ᠬᠠᠭᠤᠷᠠᠶ ᠵᠠᠮ᠎ᠤᠨ ᠱᠤᠭᠤᠮ ᠪᠠᠢᠵᠤ᠂ ᠡᠪ ᠬᠠᠮᠲᠤ᠎ᠶ᠋ᠢᠨ ᠢᠨᠲ᠋ᠧᠷᠨᠠᠼᠢᠣᠨᠠᠯ ᠪᠠ ᠳᠤᠮᠳᠠᠳᠤ ᠤᠯᠤᠰ᠎ᠤᠨ ᠡᠪ ᠬᠠᠮᠲᠤ ᠨᠠᠮ ᠤᠷᠢᠳ ᠬᠣᠵᠢᠳ ᠡᠨᠳᠡ ᠣᠯᠠᠨ ᠵᠤᠷᠪᠤᠰ ᠨᠢᠭᠤᠴᠠ ᠵᠠᠮ ᠬᠠᠷᠢᠯᠴᠠᠭᠠᠨ᠎ᠤ ᠱᠤᠭᠤᠮ᠎ᠢ ᠨᠡᠭᠡᠭᠡᠪᠡ᠂ ᠡᠭᠦᠨᠳ᠋ᠤ ᠮᠠᠨᠵᠤᠤᠷ᠎ᠢᠶᠠᠷ ᠳᠠᠮᠵᠢᠨ ᠵᠥᠪᠯᠡᠯᠲᠦ ᠬᠣᠯᠪᠣᠭᠠᠲᠤ ᠤᠯᠤᠰ᠎ᠲᠤ ᠨᠡᠪᠲᠡᠷᠡᠬᠦ᠌ ᠵᠠᠮ ᠬᠠᠷᠢᠯᠴᠠᠭᠠᠨ᠎ᠤ ᠱᠤᠭᠤᠮ ᠨᠢ ᠨᠡᠯᠢᠶᠡᠳ ᠡᠷᠲᠡ ᠪᠦᠷᠢᠯᠳᠦᠵᠦ᠂ ᠦᠷᠭᠦᠯᠵᠢᠯᠡᠭ᠌ᠰᠡᠨ ᠴᠠᠭ ᠨᠢ ᠨᠡᠯᠢᠶᠡᠳ ᠤᠷᠲᠤ᠂ ᠦᠢᠯᠡᠳᠦᠯ ᠨᠢ ᠨᠡᠯᠢᠶᠡᠳ ᠶᠡᠬᠡ ᠪᠠᠢᠪᠠ᠃
ᠠᠯᠢ ᠡᠷᠲᠡ 1920 ᠣᠨ᠎ᠳᠤ᠂ ᠠᠯᠤᠰ ᠳᠣᠷᠣᠨᠠᠲᠤ ᠣᠷᠣᠨ᠎ᠳᠤ ᠰᠣᠪᠢᠶᠠᠳ ᠵᠠᠰᠠᠭ᠎ᠤᠨ ᠡᠷᠬᠡ᠎ᠶ᠋ᠢ ᠪᠠᠢᠭᠤᠯᠤᠭ᠍ᠰᠠᠨ᠎ᠤ ᠲᠠᠷᠠᠭ᠎ᠠ᠂ ᠳᠤᠮᠳᠠᠳᠤ ᠤᠷᠤᠰ ᠬᠣᠶᠠᠷ ᠤᠯᠤᠰ᠎ᠤᠨ ᠬᠤᠭᠤᠷᠤᠨᠳᠤ ᠢᠷᠡᠵᠦ ᠶᠠᠪᠤᠬᠤ ᠬᠤᠪᠢᠰᠭᠠᠯᠴᠢᠳ᠎ᠤᠨ ᠠᠮᠤᠷ ᠲᠦᠪᠱᠢᠨ᠎ᠢ ᠪᠠᠲᠤᠯᠠᠬᠤ᠎ᠶ᠋ᠢᠨ ᠲᠥᠯᠥᠭᠡ᠂ ᠤᠷᠤᠰ᠎ᠤᠨ ᠡᠪ ᠬᠠᠮᠲᠤ ᠨᠠᠮ (ᠪᠤᠯᠱᠸᠸᠢᠢᠡ᠋)᠎ᠤ᠋ᠨ ᠲᠥᠪ ᠬᠣᠷᠢᠢ᠎ᠠ ᠪᠣᠯᠤᠨ ᠡᠪ ᠬᠠᠮᠲᠤ᠎ᠶ᠋ᠢᠨ ᠢᠨᠲ᠋ᠧᠷᠨᠠᠼᠢᠣᠨᠠᠯ᠎ᠤᠨ ᠬᠣᠯᠪᠣᠭ᠍ᠳᠠᠯ ᠪᠦᠬᠦᠢ ᠰᠠᠯᠠᠭ᠎ᠠ ᠮᠥᠴᠢᠷ ᠴᠢᠲ᠋ᠠ᠂ 86 ᠳ᠋ᠤᠭᠠᠷ ᠵᠢᠵᠢᠭ ᠦᠷᠳᠡᠬᠡ ᠪᠣᠯᠤᠨ ᠳᠤᠮᠳᠠᠳᠤ ᠤᠯᠤᠰ᠎ᠤᠨ ᠮᠠᠨᠵᠤᠤᠷ ᠵᠡᠷᠭᠡ ᠭᠠᠵᠠᠷ᠎ᠲᠤ ᠨᠢᠭᠤᠴᠠ ᠬᠣᠯᠪᠣᠭ᠎ᠠ ᠠᠪᠬᠤ ᠦᠷᠳᠡᠬᠡ ᠪᠠᠢᠭᠤᠯᠵᠤ᠂ ᠠᠯᠭᠤᠷ᠎ᠢᠶᠠᠷ ᠤᠯᠤᠰ ᠠᠯᠤᠰᠯᠠᠭ᠍ᠰᠠᠨ ᠨᠢᠭᠤᠴᠠ ᠵᠠᠮ ᠬᠠᠷᠢᠯᠴᠠᠭᠠᠨ᠎ᠤ ᠱᠤᠭᠤᠮ᠎ᠢ ᠪᠦᠷᠢᠯᠳᠦᠭᠦᠯᠵᠦ᠍᠂ ᠳᠤᠮᠳᠠᠳᠤ ᠤᠷᠤᠰ (ᠳᠤᠮᠳᠠᠳᠤ ᠵᠦᠪᠯᠡᠯ᠎ᠳᠤ)᠎ᠤ᠋ᠨ ᠬᠣᠭᠣᠷᠣᠨᠳᠣ ᠢᠷᠡᠵᠤ ᠶᠠᠪᠤᠬᠤ ᠬᠤᠪᠢᠰᠭᠠᠯᠴᠢᠳᠢ ᠬᠠᠮᠠᠭᠠᠯᠠᠨ ᠬᠦᠷᠭᠡᠪᠡ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠡᠷᠲᠡ ᠦᠶ᠎ᠡ᠎ᠶ᠋ᠢᠨ ᠮᠠᠰᠢ ᠤᠯᠠᠨ ᠤᠳᠤᠷᠢᠳᠭᠤ ᠬᠥᠮᠦᠰ᠂ ᠴᠢᠬᠤᠯᠠ ᠺᠠᠳ᠋ᠷᠴᠤᠳ ᠡᠪ ᠬᠠᠮᠲᠤ᠎ᠶ᠋ᠢᠨ ᠢᠨᠲ᠋ᠧᠷᠨᠠᠼᠢᠣᠨᠠᠯ᠎ᠤᠨ ᠴᠢᠬᠤᠯᠠ ᠬᠤᠷᠠᠯ᠎ᠳᠤ ᠣᠷᠣᠯᠴᠠᠭ᠍ᠤ ᠪᠤᠶᠤ ᠵᠦᠪᠯᠡᠯᠳᠦ ᠤᠷᠤᠰ (ᠵᠦᠪᠯᠡᠯᠳᠦ ᠬᠣᠯᠪᠣᠭᠠᠲᠤ ᠤᠯᠤᠰ)ᠲᠸ᠋ ᠬᠦᠷᠴᠦ᠍ ᠱᠢᠨᠵᠢᠯᠡᠨ ᠪᠠᠢᠴᠠᠭᠠᠵᠤ ᠰᠤᠷᠤᠯᠴᠠᠬᠤ᠎ᠳᠠᠭᠠᠨ ᠪᠦᠷ ᠮᠠᠨᠵᠤᠤᠷ᠎ᠢᠶᠠᠷ ᠲᠠᠮᠵᠢᠨ ᠬᠢᠯᠢ᠎ᠪᠡᠷ ᠣᠷᠣᠵᠤ ᠭᠠᠷᠤᠭ᠍ᠰᠠᠨ ᠪᠥᠭᠡᠳ ᠡᠪ ᠬᠠᠮᠲᠤ᠎ᠶ᠋ᠢᠨ ᠢᠨᠲ᠋ᠧᠷᠨᠠᠼᠢᠣᠨᠠᠯ ᠪᠣᠯᠤᠨ ᠵᠦᠪᠯᠡᠯᠳᠦ ᠤᠷᠤᠰ (ᠵᠦᠪᠯᠡᠯᠳᠦ ᠬᠣᠯᠪᠣᠭᠠᠲᠤ ᠤᠯᠤᠰ) ᠪᠠᠰᠠ ᠸᠸᠢ᠌ᠺᠢᠨᠭ᠌ᠰᠺᠢ᠂ ᠮᠠᠯᠢᠨ᠂ ᠪᠤᠤᠷᠤᠲ᠋ᠢᠨ᠂ ᠶᠤᠸᠠᠢ ᠹᠸᠢ᠂ ᠭᠠᠯ᠎ᠤᠨ ᠵᠡᠷᠭᠡ ᠬᠥᠮᠦᠰ᠎ᠢ ᠲᠣᠮᠢᠯᠠᠨ ᠡᠨᠡ ᠬᠦ᠌ ᠵᠠᠮ ᠬᠠᠷᠢᠯᠴᠠᠭᠠᠨ᠎ᠤ ᠱᠤᠭᠤᠮ᠎ᠢᠶᠠᠷ ᠳᠤᠮᠳᠠᠳᠤ ᠤᠯᠤᠰ᠎ᠲᠤ ᠣᠷᠣᠭᠤᠯᠤᠭ᠍ᠰᠠᠨ ᠪᠠᠢᠨ᠎ᠠ᠃
ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ᠎ᠤ ᠳᠠᠷᠠᠭ᠎ᠠ᠂ ᠮᠠᠨᠵᠤᠤᠷᠡᠴᠨ ᠬᠢᠯᠢ᠎ᠪᠡᠷ ᠣᠷᠣᠵᠤ ᠭᠠᠷᠬᠤ ᠬᠤᠪᠢᠰᠭᠠᠯᠴᠢᠳ ᠨᠡᠮᠡᠭ᠌ᠳᠡᠵᠦ᠍ ᠡᠬᠢᠯᠡᠪᠡ᠃ 1922 ᠣᠨ᠎ᠤ 1 ᠰᠠᠷ᠎ᠠ᠎ᠳᠤ ᠵᠠᠩ ᠭᠦᠸᠧ ᠲᠤᠤ᠂ ᠸᠠᠩ ᠵᠢᠨ ᠮᠧᠢ᠂ ᠳ᠋ᠧᠩ ᠡᠸᠨ ᠮᠢᠩ᠂ ᠭᠤᠤ ᠵᠢᠶᠦ᠋ᠨ ᠢᠦᠢ᠂ ᠺᠸ ᠴᠢᠩ ᠱ᠌ᠢ ᠠᠯᠤᠰ ᠳᠣᠷᠣᠨᠠᠲᠤ᠎ᠶ᠋ᠢᠨ ᠡᠯ᠎ᠡ ᠤᠯᠤᠰ᠎ᠤᠨ ᠡᠪ ᠬᠠᠮᠲᠤ ᠨᠠᠮ ᠵᠢᠴᠢ ᠦᠨᠳᠦᠰᠦᠲᠡᠨ᠎ᠦ ᠬᠤᠪᠢᠰᠭᠠᠯᠲᠤ ᠪᠦᠯᠬᠦᠮ᠎ᠦᠨ ᠠᠩᠬᠠᠳᠤᠭᠠᠷ ᠤᠳᠠᠭ᠎ᠠ᠎ᠶ᠋ᠢᠨ ᠲᠥᠯᠥᠭᠡᠯᠡᠭ᠌ᠴᠢᠳ᠎ᠦᠨ ᠶᠡᠬᠡ ᠬᠤᠷᠠᠯ᠎ᠳᠤ ᠣᠷᠣᠯᠴᠠᠬᠤ᠂ ᠲᠤᠰ ᠵᠢᠯ᠎ᠦᠨ 11 ᠰᠠᠷ᠎ᠠ᠎ᠳᠤ ᠴᠧᠨ ᠳ᠋ᠦ᠋ ᠱᠢᠤ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠯᠥᠭᠡᠯᠡᠭ᠌ᠴᠢᠳ᠎ᠦᠨ ᠪᠦᠯᠬᠦᠮ᠎ᠢ ᠳᠠᠭᠠᠭᠤᠯᠤᠨ ᠡᠪ ᠬᠠᠮᠲᠤ᠎ᠶ᠋ᠢᠨ ᠢᠨᠲ᠋ᠧᠷᠨᠠᠼᠢᠣᠨᠠᠯ᠎ᠤᠨ ᠳᠥᠷᠪᠡᠳᠦᠭᠡᠷ ᠤᠳᠠᠭ᠎ᠠ᠎ᠶ᠋ᠢᠨ ᠲᠥᠯᠥᠭᠡᠯᠡᠭ᠌ᠴᠢᠳ᠎ᠦᠨ ᠶᠡᠬᠡ ᠬᠤᠷᠠᠯ᠎ᠳᠤ ᠣᠷᠣᠯᠴᠠᠬᠤ᠂ 1923 ᠣᠨ᠎ᠤ 8 ᠰᠠᠷ᠎ᠠ᠎ᠳᠤ ᠭᠣᠮᠢᠨᠳᠠᠩ ᠨᠠᠮ ᠡᠪ ᠬᠠᠮᠲᠤ ᠨᠠᠮ 《ᠰᠦᠨ ᠢ ᠱᠢᠶᠠᠨ ᠳ᠋ᠣᠺᠲ᠋ᠣᠷ᠎ᠤᠨ ᠲᠥᠯᠥᠭᠡᠯᠡᠭ᠌ᠴᠢᠳ᠎ᠦᠨ ᠪᠦᠯᠬᠦᠮ》 ᠢ᠋ ᠵᠣᠬᠢᠶᠠᠨ ᠪᠠᠢᠭᠤᠯᠵᠤ ᠵᠦᠪᠯᠡᠯ᠎ᠳᠤ ᠬᠣᠯᠪᠣᠭᠠᠲᠤ ᠤᠯᠤᠰ᠎ᠲᠤ 3 ᠰᠠᠷ᠎ᠠ᠎ᠶ᠋ᠢᠨ ᠬᠤᠭᠤᠴᠠᠭ᠎ᠠ᠎ᠲᠠᠶ᠎ᠪᠠᠷ ᠱᠢᠨᠵᠢᠯᠡᠨ ᠪᠠᠢᠴᠠᠭᠠᠯᠲᠠ ᠬᠢᠭᠦ᠂ 1924 ᠣᠨ᠎ᠤ 6 ᠰᠠᠷ᠎ᠠ᠎ᠳᠤ ᠯᠢ ᠳ᠋ᠡ ᠵᠤᠤ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠯᠥᠭᠡᠯᠡᠭ᠌ᠴᠢᠳ᠎ᠦᠨ ᠪᠦᠯᠬᠦᠮ᠎ᠢ ᠳᠠᠭᠠᠭᠤᠯᠤᠨ ᠡᠪ ᠬᠠᠮᠲᠤ ᠵᠢᠨ ᠢᠨᠲ᠋ᠧᠷᠨᠠᠼᠢᠣᠨᠠᠯ᠎ᠤᠨ ᠲᠠᠪᠤᠳᠤᠭᠠᠷ ᠤᠳᠠᠭ᠎ᠠ᠎ᠶ᠋ᠢᠨ ᠲᠥᠯᠥᠭᠡᠯᠡᠭ᠌ᠴᠢᠳ᠎ᠦᠨ ᠶᠡᠬᠡ ᠬᠤᠷᠠᠯ᠎ᠳᠤ ᠣᠷᠣᠯᠴᠠᠬᠤ ᠳ᠋ᠦ ᠪᠦᠷ ᠮᠠᠨᠵᠤᠤᠷ᠎ᠢᠶᠠᠷ ᠲᠠᠮᠵᠢᠨ ᠮᠣᠰᠺᠸᠠ᠎ᠳᠤ ᠬᠦᠷᠦᠭᠰᠡᠨ ᠪᠦᠭᠡᠳ ᠡᠨᠡ ᠬᠦ ᠵᠠᠮ ᠬᠠᠷᠢᠯᠴᠠᠭᠠᠨ ᠤ᠋ ᠱᠤᠭᠤᠮ ᠵᠢᠡᠷ ᠤᠯᠤᠰ ᠲᠠᠭᠠᠨ ᠪᠤᠴᠠᠵᠠᠢ᠃
1927 ᠣᠨ᠎ᠳᠤ ᠶᠡᠬᠡ ᠬᠤᠪᠢᠰᠭᠠᠯ ᠢᠯᠠᠭ᠍ᠳᠠᠵᠤ᠂ ᠵᠢᠶᠠᠩ ᠵᠢᠶᠧ ᠱ᠌ᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠬᠡᠰᠢᠭᠦᠳ ᠢ ᠪᠠᠷᠢᠪᠴᠢᠯᠠᠨ ᠠᠯᠠᠵᠤ᠂ ᠤᠯᠤᠰ᠎ᠤᠨ ᠳᠣᠲᠣᠭᠠᠳᠤ᠎ᠳᠤ ᠠᠮᠤᠷ ᠲᠦᠪᠱᠢᠨ᠂ ᠲᠣᠬᠢᠷᠠᠮᠵᠢᠲᠠᠶ ᠭᠠᠵᠠᠷ᠎ᠲᠤ ᠨᠠᠮ᠎ᠤᠨ ᠵᠢᠷᠭᠤᠳᠤᠭᠠᠷ ᠤᠳᠠᠭ᠎ᠠ᠎ᠶ᠋ᠢᠨ ᠪᠦᠬᠦ᠌ ᠤᠯᠤᠰ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠢ ᠬᠤᠷᠠᠯᠳᠤᠭᠤᠯᠵᠤ ᠲᠡᠢᠯᠬᠦ ᠦᠭᠡᠢ ᠪᠤᠯᠬᠤᠷ ᠬᠠᠮᠤᠭ᠎ᠤᠨ ᠡᠴᠦᠰ᠎ᠲᠦ ᠬᠤᠷᠠᠯ᠎ᠤᠨ ᠭᠠᠵᠠᠷ᠎ᠢ ᠮᠣᠰᠺᠸᠠ᠎ᠳᠤ ᠲᠣᠭ᠍ᠲᠠᠭᠠᠪᠠ᠃ ᠲᠤᠬᠠᠢ᠎ᠶ᠋ᠢᠨ ᠦᠶ᠎ᠡ᠎ᠳᠦ ᠳᠤᠮᠳᠠᠳᠤ ᠤᠯᠤᠰ᠎ᠠᠴᠠ ᠮᠣᠰᠺᠸᠠ᠎ᠳᠤ ᠬᠦᠷᠬᠦ᠌ ᠬᠠᠭᠤᠷᠠᠢ ᠵᠠᠮ ᠤ᠋ᠨ ᠱᠤᠭᠤᠮ 4 ᠵᠤᠷᠪᠤᠰ ᠪᠠᠢᠪᠠ᠂ ᠡᠭᠦᠨ᠎ᠳᠦ ᠬᠠᠷᠪᠢᠨ᠎ᠠᠴᠠ ᠭᠠᠯᠲᠤ ᠲᠡᠷᠭᠡᠨ᠎ᠳᠦ ᠰᠠᠭᠤᠵᠤ ᠮᠠᠨᠵᠤᠤᠷ ᠵᠢᠡᠷ ᠬᠢᠯᠢ᠎ᠡᠴᠡ ᠭᠠᠷᠬᠤ ᠵᠠᠮ ᠨᠢ ᠨᠡᠯᠢᠶᠡᠳ ᠤᠢ᠍ᠢᠷ᠎ᠠ᠂ ᠵᠠᠮ ᠳᠠᠭᠠᠤ᠎ᠶ᠋ᠢᠨ ᠲᠡᠷᠰᠯᠡᠭᠦᠦ ᠬᠦᠴᠦᠨ ᠬᠠᠷᠢᠴᠠᠩᠭᠤᠢ ᠪᠠᠷ ᠪᠠᠭᠤᠷᠠᠢ ᠮᠥᠷᠲᠡᠭᠡᠨ ᠡᠪ ᠬᠠᠮᠲᠤ᠎ᠶ᠋ᠢᠨ ᠢᠨᠲ᠋ᠧᠷᠨᠠᠼᠢᠣᠨᠠᠯ ᠪᠣᠯᠤᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠡᠭᠦᠨ ᠬᠣᠢᠲᠤ᠎ᠶ᠋ᠢᠨ ᠨᠠᠮ᠎ᠤᠨ ᠵᠣᠬᠢᠶᠠᠨ ᠪᠠᠢᠭᠤᠯᠤᠯᠲᠠ ᠨᠢᠭᠡᠨᠲᠡ ᠮᠠᠨᠵᠤᠤᠷ᠎ᠲᠤ ᠤᠯᠠᠨ ᠤᠯᠤᠰ᠎ᠤᠨ ᠨᠢᠭᠤᠴᠠ ᠵᠣᠬᠢᠶᠠᠨ ᠪᠠᠢᠭᠤᠯᠤᠯᠲᠠ᠎ᠶ᠋ᠢ ᠤᠷᠢᠳᠴᠢᠯᠠᠨ ᠪᠠᠢᠭᠤᠯᠵᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠢᠷᠭᠤᠳᠤᠭᠠᠷ ᠶᠡᠬᠡ ᠬᠤᠷᠠᠯ᠎ᠤᠨ ᠲᠥᠯᠥᠭᠡᠯᠡᠭ᠌ᠴᠢᠳ᠎ᠢ ᠮᠠᠨᠵᠤᠤᠷ᠎ᠠᠴᠠ ᠵᠦᠪᠯᠡᠯᠲᠦ ᠬᠣᠯᠪᠣᠭᠠᠲᠤ ᠤᠯᠤᠰ᠎ᠲᠤ ᠠᠮᠤᠷ ᠲᠦᠪᠱᠢᠨ᠎ᠢᠶᠡᠷ ᠲᠤᠰᠴᠤ᠌ ᠬᠦᠷᠭᠡᠬᠦ᠌ ᠨᠡᠯᠢᠶᠡᠳ ᠲᠣᠬᠢᠷᠠᠮᠵᠢᠲᠠᠢ ᠱᠤᠭᠤᠮ ᠪᠤᠯᠵᠠᠢ᠃
ᠮᠠᠨᠵᠤᠤᠷ᠎ᠤᠨ ᠵᠠᠮ ᠬᠠᠷᠢᠯᠴᠠᠭᠠᠨ᠎ᠤ ᠥᠷᠲᠡᠭᠡ᠎ᠪᠡᠷ ᠳᠡᠮᠵᠢᠨ ᠵᠥᠪᠯᠡᠯᠲᠦ ᠬᠤᠯᠪᠤᠭᠠᠳᠤ ᠤᠯᠤᠰ ᠲᠸ᠋ ᠬᠦᠷᠭᠡᠭ᠌ᠰᠡᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠢᠷᠭᠤᠳᠤᠭᠠᠷ ᠶᠡᠬᠡ ᠬᠤᠷᠠᠯ᠎ᠤᠨ ᠲᠥᠯᠥᠭᠡᠯᠡᠭ᠌ᠴᠢ᠎ᠳᠦ ᠴᠢᠦᠶ ᠴᠢᠦ ᠪᠠᠶ᠂ ᠵᠧᠸ᠋ ᠧᠨ ᠯᠠᠶ᠂ ᠯᠢ ᠯᠢ ᠰᠠᠨ᠂ ᠼᠠᠢ ᠾᠧ ᠰᠸᠨ᠂ ᠳ᠋ᠧᠩ ᠢᠩ ᠴᠤᠤ᠂ ᠼᠠᠢ ᠴᠠᠩ᠂ ᠱᠢᠶᠠᠩ ᠶᠢᠩ᠂ ᠶᠠᠩ ᡁᠢ ᠬᠤᠸᠠ ᠵᠡᠷᠭᠡ 70 ᠭᠠᠷᠤᠶ ᠬᠥᠮᠦᠨ ᠪᠣᠶ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠮᠠᠨᠵᠤ ᠮᠤᠵᠢ᠎ᠶ᠋ᠢᠨ ᠬᠣᠷᠢᠶᠠᠨ᠎ᠤ ᠪᠠᠢᠩᠭᠤ᠎ᠶ᠋ᠢᠨ ᠭᠡᠱᠢᠭᠦᠨ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠢᠷᠭᠤᠳᠤᠭᠠᠷ ᠶᠡᠬᠡ ᠬᠤᠷᠠᠯ᠎ᠳᠤ ᠣᠷᠣᠯᠴᠠᠭ᠍ᠰᠠᠨ ᠮᠠᠨᠵᠤ ᠮᠤᠵᠢ᠎ᠶ᠋ᠢᠨ ᠬᠣᠷᠢᠶᠠᠨ᠎ᠤ ᠲᠥᠯᠥᠭᠡᠯᠡᠭ᠌ᠴᠢᠳ᠎ᠦᠨ ᠪᠦᠯᠬᠦᠮ᠎ᠦᠨ ᠳᠠᠷᠤᠭ᠎ᠠ ᠲᠠᠩ ᠬᠣᠩ ᠵᠢᠩ ᠭᠤᠷᠪᠠᠨ ᠪᠦᠯᠦᠭ ᠡᠮᠦᠨᠡᠲᠦ ᠣᠷᠣᠨ᠎ᠤ ᠲᠥᠯᠥᠭᠡᠯᠡᠭ᠌ᠴᠢ᠎ᠶ᠋ᠢ ᠬᠠᠷᠪᠢᠨ᠎ᠠᠴᠠ ᠮᠠᠨᠵᠤᠤᠷ᠎ᠲᠤ ᠬᠠᠮᠠᠭᠠᠯᠠᠨ ᠬᠥᠷᠭᠡᠵᠦ ᠬᠢᠯᠢ᠎ᠡᠴᠡ ᠭᠠᠷᠭᠠᠬᠤ ᠡᠭᠦᠷᠭᠡ᠎ᠶ᠋ᠢ ᠡᠭᠦᠷᠭᠡᠯᠡᠪᠡ᠃ ᠨᠢᠭᠡᠳᠦᠭᠡᠷ ᠪᠦᠯᠦᠭ᠎ᠲᠤ ᠭᠤᠸᠠᠩᠰᠢ ᠪᠠ ᠶᠦᠨᠨᠠᠨ᠎ᠤ ᠲᠥᠯᠥᠭᠡᠯᠡᠭ᠌ᠴᠢ᠎ᠵᠢ ᠬᠠᠮᠠᠭᠠᠯᠠᠨ ᠬᠦᠷᠭᠡᠵᠦ᠂ ᠬᠣᠶᠠᠳᠤᠭᠠᠷ ᠪᠦᠯᠦᠭ᠎ᠲᠦ ᠭᠠᠨ ᠵᠦᠸᠸ ᠳᠠᠩ ᠵᠡᠷᠭᠡ 5 ᠭᠤᠸᠠᠩᠳᠦ᠋ᠩ᠎ᠦᠨ ᠲᠥᠯᠥᠭᠡᠯᠡᠭ᠌ᠴᠢ᠎ᠵᠢ ᠬᠠᠮᠠᠭᠠᠯᠠᠨ ᠬᠦᠷᠭᠡᠵᠦ᠂ ᠭᠤᠷᠪᠠᠳᠤᠭᠠᠷ ᠪᠦᠯᠦᠭ ᠲᠦ᠍ ᠵᠠᠩ ᠭᠦᠸᠧ ᠲᠤᠤ᠂ ᠯᠦᠸᠧ ᠵᠠᠩ ᠯᠦᠩ᠂ ᠱᠢᠶᠠ ᠰᠢ᠂ ᠵᠠᠩ ᠺᠦᠨ ᠳ᠋ᠢ ᠨᠠᠷ᠎ᠢ ᠬᠠᠮᠠᠭᠠᠯᠠᠨ ᠬᠦᠷᠭᠡᠪᠡ᠃
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠢᠷᠭᠤᠳᠤᠭᠠᠷ ᠶᠡᠬᠡ ᠬᠤᠷᠠᠯ ᠲᠡᠭᠦᠰᠦᠭ᠌ᠰᠡᠨ᠎ᠦ ᠲᠠᠷᠠᠭ᠎ᠠ᠂ ᠬᠤᠷᠠᠯ᠎ᠳᠤ ᠣᠷᠣᠯᠴᠠᠭ᠍ᠰᠠᠨ ᠲᠥᠯᠥᠭᠡᠯᠡᠭ᠌ᠴᠢᠳ ᠪᠠ ᠦᠯᠡᠮᠵᠢ ᠤᠯᠠᠨ ᠬᠤᠪᠢᠰᠭᠠᠯᠴᠢᠳ ᠵᠦᠪᠯᠡᠯᠳᠦ ᠬᠣᠯᠪᠣᠭᠠᠲᠤ ᠤᠯᠤᠰ᠎ᠠᠴᠠ ᠤᠯᠤᠰ᠎ᠲᠠᠭᠠᠨ ᠪᠤᠴᠠᠵᠤ ᠢᠷᠡᠬᠦ᠌ ᠪᠡᠷ ᠪᠣᠯᠪᠠ᠃ 1928 ᠣᠨ᠎ᠤ ᠳᠣᠣᠷ᠎ᠠ ᠬᠠᠭᠠᠰ ᠵᠢᠯ᠎ᠳᠦ᠂ ᠮᠣᠰᠺᠸᠠ᠎ᠶ᠋ᠢᠨ ᠳᠣᠷᠣᠨᠠᠳᠠᠬᠢᠨ᠎ᠤ ᠶᠡᠬᠡ ᠰᠤᠷᠭᠠᠭᠤᠯᠢ᠎ᠳᠤ ᠰᠤᠷᠤᠯᠴᠠᠵᠤ ᠪᠠᠢᠭ᠍ᠰᠠᠨ ᠵᠤᠤ ᠢ ᠮᠢᠨ ᠬᠠᠷᠪᠢᠨ᠎ᠤ ᠵᠦᠪᠯᠡᠯᠲᠤ ᠬᠣᠯᠪᠣᠭᠠᠲᠤ ᠤᠯᠤᠰ᠎ᠤᠨ ᠬᠦᠯᠢᠶᠡᠨ ᠠᠪᠬᠤ ᠦᠷᠲᠡᠭᠡ᠎ᠳᠦ ᠪᠤᠴᠠᠨ ᠢᠷᠡᠵᠤ᠂ ᠨᠢᠭᠤᠴᠠ ᠵᠠᠮ ᠬᠠᠷᠢᠯᠴᠠᠭᠠᠨ᠎ᠤ ᠠᠵᠢᠯ ᠬᠢᠵᠦ᠍᠂ ᠮᠠᠨᠵᠤᠤᠷ᠂ ᠰᠦᠢ ᠹᠸᠨ ᠾᠧ᠎ᠳᠦ ᠲᠤᠰ ᠪᠦᠷᠢ ᠨᠢᠭᠡ ᠵᠢᠵᠢᠭ ᠪᠠᠷᠠᠭᠠᠨ᠎ᠤ ᠫᠦᠰᠡ ᠨᠡᠭᠡᠭᠡᠨ ᠬᠠᠯᠬᠠᠪᠴᠢ ᠪᠣᠯᠭᠠᠵᠤ᠂ ᠨᠢᠭᠤᠴᠠ ᠵᠠᠮ ᠬᠠᠷᠢᠯᠴᠠᠭᠠᠨ᠎ᠤ ᠦᠷᠲᠡᠭᠡ ᠪᠠᠢᠭᠤᠯᠵᠤ ᠬᠦᠯᠢᠶᠡᠨ ᠠᠪᠬᠤ ᠠᠵᠢᠯ ᠥᠷᠨᠢᠭᠦᠯᠪᠡ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠢᠷᠭᠤᠳᠤᠭᠠᠷ ᠶᠡᠬᠡ ᠬᠤᠷᠠᠯ᠎ᠳᠤ ᠣᠷᠣᠯᠴᠠᠭ᠍ᠰᠠᠨ ᠲᠥᠯᠥᠭᠡᠯᠡᠭ᠌ᠴᠢᠳ ᠪᠠ ᠮᠣᠰᠺᠸᠠ᠎ᠶ᠋ᠢᠨ ᠵᠦᠩᠱᠠᠨ ᠶᠡᠬᠡ ᠰᠤᠷᠭᠠᠭᠤᠯᠢ᠂ ᠮᠣᠰᠺᠸᠠ᠎ᠶ᠋ᠢᠨ ᠳᠣᠷᠣᠨᠠᠳᠠᠬᠢᠨ᠎ᠤ ᠶᠡᠬᠡ ᠰᠤᠷᠭᠠᠭᠤᠯᠢ᠎ᠠᠴᠠ ᠲᠡᠭᠦᠰᠦᠭ᠌ᠰᠡᠨ ᠰᠤᠷᠤᠭ᠍ᠴᠢᠳ᠎ᠢ ᠠᠮᠤᠷ ᠲᠦᠪᠱᠢᠨ᠎ᠢᠶᠡᠷ ᠤᠯᠤᠰ᠎ᠲᠠᠭᠠᠨ ᠲᠤᠰ᠎ᠤᠨ ᠠᠪᠴᠦ᠂ ᠲᠠᠬᠢᠨ ᠠᠮᠤᠷ ᠲᠦᠪᠱᠢᠨ᠎ᠢᠶᠡᠷ ᠪᠦᠬᠦ᠌ ᠤᠯᠤᠰ᠎ᠤᠨ ᠡᠯ᠎ᠡ ᠭᠠᠵᠠᠷ᠎ᠲᠤ ᠬᠦᠷᠭᠡᠪᠠ᠃
《9·18》 ᠤ᠋ ᠬᠡᠷᠡᠭ ᠬᠤᠪᠢᠰᠤᠯ᠎ᠤᠨ ᠳᠠᠷᠠᠭ᠎ᠠ᠂ ᠬᠤᠪᠢᠰᠬᠠᠯᠳᠦ ᠤᠯᠠᠨ ᠤᠯᠤᠰ᠎ᠤᠨ ᠨᠢᠭᠤᠴᠠ ᠵᠠᠮ ᠬᠠᠷᠢᠯᠴᠠᠭᠠᠨ᠎ᠤ ᠱᠤᠭᠤᠮ᠎ᠤᠨ ᠠᠵᠢᠯ᠎ᠢ ᠤᠯᠠᠮ ᠴᠢᠨᠠᠭ᠍ᠰᠢᠳᠠ ᠴᠢᠩᠭᠠᠳᠭᠠᠬᠤ᠎ᠶ᠋ᠢᠨ ᠲᠥᠯᠥᠭᠡ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠮᠠᠨᠵᠤ ᠮᠤᠵᠢ᠎ᠶ᠋ᠢᠨ ᠬᠣᠷᠢᠢ᠎ᠠ᠎ᠠᠴᠠ ᠤᠯᠠᠨ ᠵᠢᠯ᠎ᠦᠨ ᠨᠢᠭᠤᠴᠠ ᠠᠵᠢᠯ᠎ᠤᠨ ᠲᠤᠷᠱᠢᠯᠭ᠎ᠠ᠎ᠲᠠᠶ ᠵᠶ᠋ᠢ ᠵᠦᠩ ᠹᠠ ᠪᠠ ᠱᠢᠪᠡᠭᠡ ᠦᠨᠳᠦᠰᠦᠲᠡᠨ᠎ᠦ ᠡᠮᠡᠭ᠌ᠲᠡᠢ ᠨᠠᠮ᠎ᠤᠨ ᠭᠡᠱᠢᠭᠦᠨ ᠯᠢ ᠹᠠᠩᠢ ᠮᠠᠨᠵᠤᠤᠷ᠎ᠲᠤ ᠰᠤᠩᠭᠤᠨ ᠲᠣᠮᠢᠯᠠᠵᠤ᠂ ᠵᠢᠨ ᠹᠸᠩ ᠲᠠᠢ ᠡᠯᠳᠡᠪ ᠪᠠᠷᠠᠭᠠᠨ᠎ᠤ ᠫᠦᠰᠡ ᠨᠡᠭᠡᠭᠡᠬᠦ᠌᠎ᠪᠡᠷ ᠬᠠᠯᠬᠠᠪᠴᠢ ᠪᠣᠯᠭᠠᠵᠤ ᠠᠵᠢᠯ᠎ᠢᠶᠠᠨ ᠥᠷᠨᠢᠭᠦᠯᠪᠡ᠃ ᠵᠣᠬᠢᠶᠠᠨ ᠪᠠᠢᠭᠤᠯᠤᠯᠲᠠ᠎ᠠᠴᠠ ᠬᠣᠶᠠᠭᠤᠯᠠ᠎ᠵᠢ ᠡᠷ᠎ᠡ ᠡᠮ᠎ᠡ᠎ᠪᠡᠷ ᠣᠪᠯᠠᠭᠤᠯᠵᠦ᠂ ᠵᠢᠶ ᠵᠥᠩ ᠹᠠᠶ᠋ᠢ ᠬᠠᠷᠢᠭᠤᠴᠠᠯᠭᠠᠲᠠᠨ᠎ᠢᠶᠠᠷ ᠲᠣᠭ᠍ᠲᠠᠭᠠᠵᠤ᠂ ᠲᠡᠷᠡ ᠭᠠᠳᠠᠭ᠍ᠰᠢ᠎ᠪᠠᠨ ᠵᠠᠩ ᠵᠠᠩᠭᠤᠢᠳᠠ ᠬᠡᠮᠡᠨ᠂ ᠬᠠᠷᠪᠢᠨ᠎ᠳᠤ ᠢᠷᠡᠵᠦ᠍ ᠪᠤᠴᠠᠨ ᠪᠠᠷᠠᠭ᠎ᠠ ᠬᠤᠳᠠᠯᠳᠤᠨ ᠠᠪᠴᠤ᠌᠂ ᠬᠣᠯᠪᠣᠭ᠎ᠠ ᠠᠪᠬᠤ ᠠᠵᠢᠯ ᠬᠢᠪᠡ᠃ ᠯᠢ ᠹᠠᠩ ᠴᠧᠨ ᠤᠪᠤᠬᠳᠡᠨ ᠵᠢᠡᠷ ᠤᠪᠯᠠᠵᠦ᠂ ᠭᠠᠳᠠᠭ᠍ᠰᠢ᠎ᠪᠠᠨ ᠵᠠᠩ ᠴᠧᠨ ᠤᠪᠤᠭ᠍ᠳ᠋ᠠᠨ ᠬᠡᠮᠡᠨ᠂ ᠭᠣᠣᠯ ᠡᠭᠦᠷᠭᠡ ᠨᠢ ᠬᠢᠯᠢ᠎ᠪᠡᠷ ᠣᠷᠣᠵᠤ ᠭᠠᠷᠬᠤ ᠨᠥᠬᠥᠳ᠎ᠢ ᠬᠠᠷᠠᠭᠠᠯᠵᠠᠬᠤ ᠶᠠᠪᠤᠳᠠᠯ ᠪᠣᠯᠤᠨ᠎ᠠ᠃ ᠵᠶ᠋ᠢ ᠵᠦᠩ ᠹᠠ᠂ ᠯᠢ ᠹᠠᠩ ᠬᠤᠷᠴᠠ ᠰᠡᠷᠭᠡᠭ ᠡᠷᠡᠯᠬᠡᠭ ᠪᠠᠭᠠᠲᠤᠷᠯᠢᠭ ᠪᠠᠢᠵᠤ᠂ ᠨᠠᠮ᠎ᠤᠨ ᠨᠢᠭᠤᠴᠠ ᠠᠵᠢᠯ᠎ᠤᠨ ᠰᠠᠬᠢᠯᠭ᠎ᠠ ᠪᠠᠲᠤ᠎ᠶ᠋ᠢ ᠴᠢᠩᠭ᠎ᠠ ᠰᠠᠬᠢᠵᠤ᠂ ᠱᠢᠤᠢ ᠭᠤᠸᠠᠩ ᠳ᠋ᠠᠶ᠋ᠢ ᠪᠠᠭ᠍ᠲᠠᠭᠠᠭ᠍ᠰᠠᠨ 70 ᠭᠠᠷᠤᠢ ᠨᠠᠮ᠎ᠤᠨ ᠳᠡᠭᠡᠳᠦ ᠵᠡᠷᠭᠡ᠎ᠶ᠋ᠢᠨ ᠺᠠᠳ᠋ᠷᠴᠤᠳ᠎ᠤᠨ ᠬᠢᠯᠢ᠎ᠪᠡᠷ ᠣᠷᠣᠵᠦ ᠭᠠᠷᠬᠤ᠎ᠵᠢ ᠬᠠᠮᠠᠭᠠᠯᠠᠨ ᠬᠦᠷᠭᠡᠪᠡ᠃ 1934 ᠣᠨ᠎ᠤ 5 ᠰᠠᠷ᠎ᠠ᠎ᠳᠤ᠂ ᠵᠶ᠋ᠢ ᠵᠦᠩ ᠹᠠ᠂ ᠯᠢ ᠹᠠᠩ ᠵᠣᠬᠢᠶᠠᠨ ᠪᠠᠢᠭᠤᠯᠤᠯᠲᠠ᠎ᠶ᠋ᠢᠨ ᠲᠤᠬᠢᠷᠠᠭᠤᠯᠭ᠎ᠠ᠎ᠪᠠᠷ ᠠᠵᠢᠯ ᠱᠢᠯᠵᠢᠵᠦ᠍᠂ ᠨᠠᠮ᠎ᠤᠨ ᠭᠡᠱᠢᠭᠦᠨ ᠶᠠᠩ ᠶᠦᠩ ᠾᠧ᠂ ᠯᠢ ᠱᠢᠤ ᠵᠧᠨ ᠡᠨᠡ ᠬᠣᠶᠠᠷ ᠵᠢᠩᠬᠢᠨᠢ ᠡᠷ᠎ᠡ ᠡᠮ᠎ᠡ ᠬᠣᠶᠠᠭᠤᠯᠠ ᠲᠡᠳᠡᠨ᠎ᠦ ᠠᠵᠢᠯ᠎ᠢ ᠣᠷᠣᠯᠠᠵᠤ᠂ ᠮᠥᠨ ᠯᠡᠶ᠋ᠢᠨ ᠹᠸᠩ ᠲᠠᠢ ᠡᠯᠳᠡᠪ ᠪᠠᠷᠠᠭᠠᠨ᠎ᠤ ᠫᠦᠰᠡ᠎ᠪᠡᠷ ᠬᠠᠯᠬᠠᠪᠴᠢ ᠪᠣᠯᠭᠠᠪᠠ᠃ ᠵᠢᠨ ᠹᠧᠩ᠎ᠲᠡᠶ ᠳᠡᠯᠭᠡᠭᠦᠷ᠎ᠲᠦ ᠣᠴᠢᠵᠤ ᠪᠠᠷᠠᠭ᠎ᠠ ᠬᠤᠳᠠᠯᠳᠤᠨ ᠠᠪᠬᠤ ᠬᠥᠮᠦᠨ ᠬᠠᠷ᠎ᠠ ᠮᠠᠰᠢ ᠣᠯᠠᠨ᠂ ᠵᠠᠮ ᠬᠠᠷᠢᠯᠴᠠᠭᠠᠨ᠎ᠤ ᠥᠷᠲᠡᠭᠡᠨ᠎ᠦ ᠬᠣᠯᠪᠣᠭ᠎ᠠ ᠠᠪᠬᠤ ᠨᠢᠭᠤᠴᠠ ᠳᠣᠬᠢᠶ᠎ᠠ ᠦᠷᠭᠦᠯᠵᠢ ᠬᠤᠪᠢᠷᠠᠵᠤ᠂ ᠶᠡᠷᠦ᠍᠎ᠳᠡᠭᠡᠨ ᠪᠦᠷ ᠮᠠᠢᠮᠠᠶ ᠬᠢᠬᠦ᠌ ᠬᠡᠯᠪᠡᠷᠢ᠎ᠪᠡᠷ ᠶᠠᠪᠤᠭ᠍ᠳᠠᠳᠠᠭ᠃ ᠬᠡᠷᠪᠡ ᠮᠠᠨ᠎ᠤ ᠲᠠᠯ᠎ᠠ᠎ᠶ᠋ᠢᠨ ᠬᠥᠮᠦᠰ ᠬᠦᠷᠴᠦ᠍ ᠢᠷᠡᠪᠡᠯ 《ᠤᠯᠠᠭᠠᠨ ᠱᠢᠰᠢ ᠨᠢᠭᠡᠨᠲᠡ ᠬᠦᠷᠴᠦ᠍ ᠢᠷᠡᠪᠡ》 ᠭᠡᠵᠦ᠍ ᠪᠢᠴᠢᠵᠦ᠂ ᠬᠡᠷᠪᠡ ᠳᠠᠢᠰᠤᠨ᠎ᠤ ᠪᠠᠢᠳᠠᠯ ᠪᠠᠢᠪᠠᠯ 《ᠴᠠᠭᠠᠨ ᠱᠢᠰᠢᠬᠡᠬᠦ ᠮᠡᠳᠦ》 ᠪᠡᠷ ᠪᠢᠴᠢᠳᠡᠭ᠃ ᠡᠷ᠎ᠡ ᠡᠮ᠎ᠡ ᠬᠣᠶᠠᠭᠤᠯᠠ ᠣᠷᠣᠰ ᠬᠡᠯᠡ ᠰᠤᠷᠴᠤ᠌᠂ ᠵᠣᠬᠢᠶᠠᠨ ᠪᠠᠢᠭᠤᠯᠤᠯᠲᠠ᠎ᠠᠴᠠ ᠲᠤᠱᠢᠶᠠᠭ᠍ᠰᠠᠨ ᠡᠭᠦᠷᠭᠡ᠎ᠶ᠋ᠢ ᠠᠮᠵᠢᠯᠲᠠ᠎ᠲᠠᠶ ᠪᠡᠶᠡᠯᠡᠭᠦᠯᠪᠡ᠃ 1937 ᠣᠨ᠎ᠤ 4 ᠰᠠᠷ᠎ᠠ᠎ᠶ᠋ᠢᠨ 15᠎ᠤ᠋ ᠡᠳᠦᠷ᠂ ᠤᠷᠪᠠᠭ᠍ᠴᠢ ᠳᠠᠢᠰᠤᠨᠪᠠᠭᠤᠨ ᠥᠭ᠌ᠭᠦᠭ᠌ᠰᠡᠨ᠎ᠡᠴᠡ ᠪᠤᠯᠵᠤ᠂ ᠶᠠᠩ ᠶᠦᠩ ᠾᠧ ᠪᠠᠷᠢᠪᠴᠢᠯᠠᠭ᠍ᠳᠠᠭᠠᠳ ᠪᠠᠭᠠᠲᠤᠷᠯᠢᠭ᠎ᠢᠶᠠᠷ ᠪᠡᠶ᠎ᠡ ᠦᠷᠡᠭ᠌ᠳᠡᠵᠦ᠍᠂ ᠮᠠᠨᠵᠤᠤᠷ ᠵᠡᠷᠭᠡ ᠭᠠᠵᠠᠷ᠎ᠤᠨ ᠨᠢᠭᠤᠴᠠ ᠵᠠᠮ ᠬᠠᠷᠢᠯᠴᠠᠭᠠᠨ᠎ᠤ ᠦᠷᠳᠡᠭᠡ ᠡᠪᠳᠡᠯᠡᠭᠡ᠎ᠳᠦ ᠤᠴᠠᠷᠠᠪᠠ᠃ ᠯᠢ ᠱᠢᠤ ᠵᠧᠨ ᠬᠣᠶᠠᠷ ᠨᠢᠯᠬ᠎ᠠ ᠬᠡᠦᠬᠡᠨ᠎ᠢᠶᠡᠨ ᠳᠠᠭᠠᠭᠤᠯᠤᠨ ᠬᠠᠲᠠᠭᠤᠵᠢᠯᠲᠠᠢ ᠠᠮᠢᠳᠤᠷᠠᠵᠤ᠂ 1946 ᠣᠨ᠎ᠤ ᠡᠪᠦᠯ ᠨᠠᠮ᠎ᠤᠨ ᠵᠣᠬᠢᠶᠠᠨ ᠪᠠᠢᠭᠤᠯᠤᠯᠲᠠ᠎ᠶ᠋ᠢ ᠳᠠᠬᠢᠨ ᠡᠷᠢᠵᠦ᠍ ᠣᠯᠤᠭᠠᠳ ᠰᠠᠶᠢ ᠡᠷ᠎ᠡ ᠨᠥᠬᠥᠷ ᠶᠠᠩ ᠶᠦᠩ ᠾᠧ ᠨᠢ ᠠᠯᠢ ᠡᠷᠲᠡ ᠪᠡᠶ᠎ᠡ ᠦᠷᠡᠭ᠌ᠳᠡᠭ᠌ᠰᠡᠨᠢ ᠮᠡᠳᠡᠵᠡᠢ᠃
1920 ᠣᠨ᠎ᠳᠤ ᠪᠠᠢᠭᠤᠯᠤᠭ᠍ᠳᠠᠭ᠍ᠰᠠᠨ᠎ᠠᠴᠠ 1937 ᠣᠨ᠎ᠳᠤ ᠡᠪᠳᠡᠯᠡᠭᠡ᠎ᠳᠤ ᠤᠴᠠᠷᠠᠬᠤ ᠪᠤᠯᠲᠠᠯ᠎ᠠ᠂ ᠮᠠᠨᠵᠤᠤᠷ᠎ᠤᠨ ᠬᠤᠪᠢᠰᠬᠠᠯᠲᠦ ᠣᠯᠠᠨ ᠤᠯᠤᠰ᠎ᠤᠨ ᠨᠢᠭᠤᠴᠠ ᠵᠠᠮ ᠬᠠᠷᠢᠯᠴᠠᠭᠠᠨ᠎ᠤ ᠱᠤᠭᠤᠮ ᠨᠡᠢᠲᠡ 18 ᠵᠢᠯᠪᠤᠯᠪᠠ᠃ ᠮᠠᠰᠢ ᠤᠯᠠᠨ ᠬᠤᠪᠢᠰᠭᠠᠯᠴᠢᠳ ᠡᠨᠡ ᠬᠦ᠌ ᠤᠯᠠᠨ ᠤᠯᠤᠰ᠎ᠤᠨ ᠨᠢᠭᠤᠴᠠ ᠵᠠᠮ ᠬᠠᠷᠢᠯᠴᠠᠭᠠᠨ᠎ᠤ ᠱᠤᠭᠤᠮ᠎ᠢ ᠬᠠᠮᠠᠭᠠᠯᠠᠬᠤ᠎ᠶ᠋ᠢᠨ ᠲᠥᠯᠥᠭᠡ ᠡᠷᠬᠢᠮ ᠨᠠᠨᠳᠢᠨ ᠠᠮᠢ ᠨᠠᠰᠤ᠎ᠪᠠᠨ ᠵᠣᠷᠢᠭᠤᠯᠵᠤ᠂ ᠳᠤᠮᠳᠠᠳᠤ ᠤᠯᠤᠰ᠎ᠤᠨ ᠬᠤᠪᠢᠰᠭᠠᠯ᠎ᠤᠨ ᠦᠢᠯᠡᠰ ᠪᠠ ᠳᠡᠯᠡᠬᠡᠶ᠎ᠶ᠋ᠢᠨ ᠡᠪ ᠬᠠᠮᠲᠤ᠎ᠶ᠋ᠢᠨ ᠬᠥᠳᠡᠯᠭᠡᠭᠡᠨ᠎ᠳᠦ ᠴᠢᠬᠤᠯᠠ ᠬᠤᠪᠢ ᠨᠡᠮᠡᠷᠢ ᠦᠵᠡᠭᠦᠯᠵᠡᠶ᠃