ᠯᠢ ᠳ᠋ᠡ ᠵᠤᠤ ᠥᠪᠥᠷ ᠮᠣᠩᠭᠣᠯ ᠣᠷᠣᠨ᠎ᠤ ᠠᠩᠬᠠᠳᠠᠭ᠍ᠴᠢ ᠪᠦᠯᠦᠭ ᠡᠪ ᠬᠠᠮᠲᠤᠴᠤᠳ᠎ᠢ ᠬᠥᠮᠦᠵᠢᠭᠦᠯᠪᠡ
2026-06-05 10:17:47
ᠵᠣᠬᠢᠶᠠᠭ᠍ᠴᠢ᠄
ᠰᠦᠩ ᠯᠢ ᡁᠢ
ᠣᠩᠱᠢᠭ᠍ᠰᠠᠨ ᠣᠳᠠᠭ᠎ᠠ᠄
★★★☆☆

ᠥᠪᠥᠷ ᠮᠣᠩᠭᠣᠯ ᠥᠨᠢ ᠤᠳᠠᠭᠠᠨ ᠲᠡᠦᠬᠡ᠎ᠲᠡᠶ᠂ ᠤᠯᠠᠨ ᠦᠨᠳᠦᠰᠦᠲᠡᠨ ᠲᠠᠢ᠂ ᠴᠢᠬᠤᠯᠠ ᠪᠠᠢᠯᠳᠤᠬᠤ ᠪᠤᠳᠤᠯᠭ᠎ᠠ᠎ᠶ᠋ᠢᠨ ᠪᠠᠢᠷᠢ ᠰᠠᠭᠤᠷᠢ ᠲᠠᠢ ᠶᠤᠮ᠃ ᠨᠠᠮ᠎ᠤᠨ ᠭᠣᠣᠯ ᠡᠭᠦᠰᠭᠡᠨ ᠪᠠᠢᠭᠤᠯᠤᠭ᠍ᠴᠢ᠎ᠶ᠋ᠢᠨ ᠨᠢᠭᠡ ᠪᠣᠯᠬᠤ ᠯᠢ ᠳ᠋ᠡ ᠵᠤᠤ ᠥᠪᠥᠷ ᠮᠣᠩᠭᠣᠯ ᠣᠷᠣᠨ᠎ᠤ ᠡᠪ ᠬᠠᠮᠲᠤᠴᠤᠳ᠎ᠢ ᠬᠥᠮᠦᠵᠢᠭᠦᠯᠬᠦ᠌᠎ᠳᠦ ᠪᠡᠶ᠎ᠡ᠎ᠪᠡᠷ᠎ᠢᠶᠡᠨ ᠣᠷᠣᠯᠴᠠᠵᠤ᠂ ᠥᠪᠥᠷ ᠮᠣᠩᠭᠣᠯ ᠣᠷᠣᠨ᠎ᠤ ᠡᠪ ᠬᠠᠮᠲᠤ ᠶᠣᠰᠣᠨ᠎ᠤ ᠭᠠᠯ ᠤ᠋ᠨ ᠤᠴᠢ᠎ᠶ᠋ᠢ ᠰᠠᠴᠤᠭᠰᠠᠨ ᠪᠠᠢᠨ᠎ᠠ ᠃

1923 ᠣᠨ᠎ᠤ 1 ᠰᠠᠷ᠎ᠠ᠎ᠳᠤ᠂ ᠯᠢ ᠳ᠋ᠡ ᠵᠤᠤ ᠪᠡᠭᠡᠵᠢᠩ ᠶᠡᠬᠡ ᠰᠤᠷᠭᠠᠭᠤᠯᠢ᠎ᠶ᠋ᠢᠨ ᠥᠪᠥᠷ ᠮᠣᠩᠭᠣᠯ ᠨᠤᠲᠤᠭ᠎ᠲᠠᠶ ᠵᠠᠯᠠᠭᠤ ᠰᠤᠷᠤᠭ᠍ᠴᠢ ᠬᠠᠨ ᠯᠢᠨ ᠹᠦ᠋᠎ᠶ᠋ᠢ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠭᠤᠯᠤᠭᠰᠠᠨ ᠪᠦᠭᠡᠳ ᠲᠡᠭᠦᠨ᠎ᠢ ᠮᠣᠩᠭᠣᠯ ᠲᠥᠪᠡᠳ᠎ᠦᠨ ᠰᠤᠷᠭᠠᠭᠤᠯᠢ᠎ᠳᠤ ᠲᠣᠮᠢᠯᠠᠨ ᠠᠵᠢᠯ ᠥᠷᠨᠢᠭᠦᠯᠪᠡ᠃ 4 ᠰᠠᠷ᠎ᠠ᠎ᠳᠤ᠂ ᠬᠠᠨ ᠯᠢᠨ ᠹᠦ᠋᠎ᠨᠡᠷ᠎ᠦᠨ ᠲᠠᠨᠢᠯᠴᠠᠭᠤᠯᠭ᠎ᠠ᠎ᠪᠠᠷ ᠮᠣᠩᠭᠣᠯ ᠲᠥᠪᠡᠳ᠎ᠦᠨ ᠰᠤᠷᠭᠠᠭᠤᠯᠢ᠎ᠶ᠋ᠢᠨ ᠮᠣᠩᠭᠣᠯ ᠦᠨᠳᠦᠰᠦᠳᠡᠨ᠎ᠤ ᠰᠤᠷᠤᠭ᠍ᠴᠢ ᠷᠦᠩ ᠶᠣᠣ ᠱᠢᠶᠠᠨ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠵᠤ᠂ ᠥᠪᠥᠷ ᠮᠣᠩᠭᠣᠯ ᠣᠷᠣᠨ᠎ᠤ ᠠᠩᠬᠠᠳᠠᠭ᠍ᠴᠢ ᠮᠣᠩᠭᠣᠯ ᠦᠨᠳᠦᠰᠦᠳᠡᠨ᠎ᠤ ᠡᠪ ᠬᠠᠮᠲᠤ ᠨᠠᠮ᠎ᠤᠨ ᠭᠡᠱᠢᠭᠦᠨ ᠪᠣᠯᠵᠠᠶ᠃ ᠲᠤᠰ ᠵᠢᠯ᠎ᠦᠨ ᠵᠤᠨ᠂ ᠷᠦᠩ ᠶᠣᠣ ᠱᠢᠶᠠᠨ ᠮᠣᠩᠭᠣᠯ ᠲᠥᠪᠡᠳ᠎ᠦᠨ ᠰᠤᠷᠭᠠᠭᠤᠯᠢ᠎ᠶ᠋ᠢ ᠲᠥᠯᠥᠭᠡᠯᠡᠨ ᠰᠦᠢᠶᠤᠸᠠᠨ᠎ᠤ ᠲᠦᠮᠡᠳ ᠬᠣᠱᠢᠭᠤᠨ᠎ᠳ᠋ᠠᠭᠠᠨ ᠪᠤᠴᠠᠵᠤ ᠰᠤᠷᠤᠭ᠍ᠴᠢ ᠡᠯᠰᠡᠪᠡ᠃ ᠲᠡᠷᠡ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠮᠠᠷᠠᠲᠤ᠎ᠶ᠋ᠢᠨ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠲᠣᠮᠢᠯᠠᠯᠲᠠ᠎ᠪᠠᠷ ᠭᠦᠢᠰᠦᠢ ᠳᠤᠮᠳᠠᠳᠤ ᠰᠤᠷᠭᠠᠭᠤᠯᠢ ᠪᠣᠯᠤᠨ ᠲᠦᠮᠡᠳ᠎ᠦᠨ ᠳᠡᠭᠡᠳᠦ ᠵᠡᠷᠭᠡ᠎ᠶ᠋ᠢᠨ ᠪᠠᠭ᠎ᠠ ᠰᠤᠷᠭᠠᠭᠤᠯᠢ᠎ᠳᠤ ᠪᠢᠴᠢᠭ ᠦᠵᠡᠵᠦ᠍ ᠪᠠᠢᠭᠰᠠᠨ ᠪᠠ ᠲᠤᠱᠢᠶᠠᠯ ᠬᠦᠯᠢᠶᠡᠵᠦ ᠪᠠᠢᠭᠰᠠᠨ ᠵᠠᠶᠠᠭᠠᠲᠠᠢ᠂ ᠯᠢ ᠢᠦᠢ ᡁᠢ᠂ ᠮᠧᠩ ᠴᠦᠨ᠂ ᠳ᠋ᠥᠸᠧ ᠰᠦᠩ ᠨᠢᠶᠠᠨ᠂ ᠤᠯᠠᠭᠠᠨᠬᠦᠦ᠂ ᠺᠦᠢ ᠪᠢ᠂ ᠶᠦᠨ ᠷᠦᠨ᠂ ᠹᠦᠸᠧ ᠳ᠋ᠢᠩ᠂ ᠵᠣᠣ ᠴᠧᠩ᠂ ᠭᠣᠮᠪᠣᠵᠠᠪ᠂ ᠵᠦ᠍ ᠱ᠌ᠢ ᠹᠦ᠋ ᠵᠡᠷᠭᠡ 30 ᠭᠠᠷᠤᠢ ᠳᠠᠪᠱᠢᠩᠭᠤᠢ ᠵᠠᠯᠠᠭᠤᠴᠤᠳ᠎ᠢ ᠳᠠᠢ᠌ᠴᠢᠯᠠᠨ 1923 ᠣᠨ᠎ᠤ ᠨᠠᠮᠤᠷ ᠮᠣᠩᠭᠣᠯ ᠲᠥᠪᠡᠳ᠎ᠦᠨ ᠰᠤᠷᠭᠠᠭᠤᠯᠢ᠎ᠳᠤ ᠱᠢᠯᠭᠠᠭᠤᠯᠤᠨ ᠡᠯᠰᠡᠭᠳᠡᠵᠡᠢ᠃ ᠲᠤᠰ ᠬᠤᠭᠤᠴᠠᠭᠠᠨ᠎ᠳᠤ ᠥᠪᠥᠷ ᠮᠣᠩᠭᠣᠯ᠎ᠤᠨ ᠵᠡᠭᠦᠨ ᠬᠡᠰᠡᠭ᠎ᠦᠨ ᠦᠯᠵᠡᠢᠸᠴᠢᠷ᠂ ᠲᠡᠮᠦᠷᠪᠠᠭᠠᠨ᠎ᠠ᠂ ᠸᠠᠩ ᠷᠦᠢ ᠹᠦ ᠵᠡᠷᠭᠡ ᠨᠢᠭᠡ ᠪᠦᠯᠦᠭ ᠮᠣᠩᠭᠣᠯ ᠦᠨᠳᠦᠰᠦᠳᠡᠨ᠎ᠤ ᠵᠠᠯᠠᠭᠤᠴᠤᠳ ᠪᠠᠰᠠ ᠮᠣᠩᠭᠣᠯ ᠲᠥᠪᠡᠳ᠎ᠦᠨ ᠰᠤᠷᠭᠠᠭᠤᠯᠢ᠎ᠳᠤ ᠣᠷᠣᠵᠤ ᠰᠤᠷᠤᠯᠴᠠᠪᠠ᠃ ᠰᠡᠭᠦᠯᠡᠷ ᠨᠢ ᠵᠢᠷᠭᠠᠯ ᠵᠡᠷᠭᠡ ᠮᠣᠩᠭᠣᠯ ᠦᠨᠳᠦᠰᠦᠳᠡᠨ᠎ᠤ ᠵᠠᠯᠠᠭᠤᠴᠤᠳ ᠵᠠᠯᠭᠠᠭ᠎ᠠ᠎ᠪᠠᠷ ᠮᠣᠩᠭᠣᠯ ᠲᠥᠪᠡᠳ᠎ᠦᠨ ᠰᠤᠷᠭᠠᠭᠤᠯᠢ᠎ᠳᠤ ᠣᠴᠢᠵᠤ ᠰᠤᠷᠤᠯᠴᠠᠪᠠ᠃

ᠯᠢ ᠳ᠋ᠡ ᠵᠤᠤ ᠤᠯᠠᠨ ᠤᠳᠠᠭ᠎ᠠ ᠮᠣᠩᠭᠣᠯ ᠲᠥᠪᠡᠳ᠎ᠦᠨ ᠰᠤᠷᠭᠠᠭᠤᠯᠢ᠎ᠳᠤ ᠬᠦᠷᠴᠦ᠍ ᠠᠵᠢᠯ ᠥᠷᠨᠢᠭᠦᠯᠦᠨ᠂ ᠥᠪᠥᠷ ᠮᠣᠩᠭᠣᠯ ᠣᠷᠣᠨ᠎ᠡᠴᠡ ᠢᠷᠡᠭ᠌ᠰᠡᠨ ᠵᠠᠯᠠᠭᠤ ᠰᠤᠷᠤᠭ᠍ᠴᠢᠳ᠎ᠲᠠᠶ ᠰᠡᠳᠭᠢᠯ᠎ᠦᠨ ᠦᠭᠡ᠎ᠪᠡᠨ ᠶᠠᠷᠢᠯᠴᠠᠨ᠂ ᠦᠵᠡᠯ ᠰᠠᠨᠠᠭ᠎ᠠ᠎ᠪᠠᠨ ᠰᠣᠯᠢᠯᠴᠠᠵᠤ᠂ ᠳᠡᠳᠡᠨ᠎ᠳᠦ ᠮᠠᠷᠺᠰ᠎ᠤᠨ ᠦᠵᠡᠯ᠎ᠢ ᠲᠠᠨᠢᠯᠴᠠᠭᠤᠯᠵᠤ᠂ ᠣᠨᠴᠠᠭᠠᠢᠯᠠᠨ ᠮᠠᠷᠺᠰ᠎ᠤᠨ ᠦᠵᠡᠯ᠎ᠦᠨ ᠠᠩᠬᠢ᠎ᠶ᠋ᠢᠨ ᠲᠡᠮᠡᠴᠡᠯ᠎ᠦᠨ ᠰᠤᠷᠭᠠᠯ᠎ᠢᠶᠠᠷ ᠳᠡᠳᠡᠨ᠎ᠳᠦ ᠦᠨᠳᠦᠰᠦᠲᠡᠨ᠎ᠦ ᠳᠠᠷᠤᠯᠠᠯ ᠪᠠ ᠠᠩᠬᠢ᠎ᠶ᠋ᠢᠨ ᠳᠠᠷᠤᠯᠠᠯ᠎ᠤᠨ ᠬᠠᠷᠢᠴᠠᠭ᠎ᠠ᠎ᠶ᠋ᠢ ᠵᠠᠳᠠᠯᠤᠨ ᠦᠭᠴᠦ᠂ ᠤᠮᠠᠷᠠᠲᠤ᠎ᠶ᠋ᠢᠨ ᠴᠡᠷᠢᠭ᠎ᠦᠨ ᠡᠷᠬᠡᠲᠡᠨ᠎ᠦ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠢ ᠳᠠᠷᠤᠯᠠᠨ ᠳᠤᠷᠤᠮᠵᠢᠯᠠᠭ᠍ᠰᠠᠨ ᠬᠠᠷᠭᠢᠰ ᠬᠡᠷᠴᠡᠭᠡᠢ ᠪᠣᠳᠠᠲᠤ ᠬᠡᠷᠡᠭ᠎ᠢ ᠶᠠᠷᠢᠵᠤ᠂ ᠡᠵᠡᠷᠬᠡᠭ ᠲᠦᠷᠢᠮᠡᠬᠡᠢ᠌ᠳᠡᠨ᠎ᠦ ᠥᠪᠥᠷ ᠮᠣᠩᠭᠣᠯ ᠣᠷᠣᠨ᠎ᠢ ᠲᠦᠷᠢᠮᠡᠬᠡᠢᠯᠡᠨ ᠳᠡᠭᠡᠷᠡᠮᠳᠡᠭ᠌ᠰᠡᠨ ᠶᠠᠯᠠᠲᠤ ᠠᠵᠢᠯᠯᠠᠭ᠎ᠠ᠎ᠶ᠋ᠢ ᠢᠯᠡᠴᠢᠯᠡᠨ᠂ ᠮᠣᠩᠭᠣᠯ ᠦᠨᠳᠦᠰᠦᠲᠡᠨ᠎ᠦ ᠴᠢᠯᠥᠭᠡᠯᠡᠯᠲᠡ᠎ᠶ᠋ᠢᠨ ᠠᠰᠠᠭᠤᠳᠠᠯ᠎ᠢ ᠰᠤᠳᠤᠯᠤᠨ ᠶᠠᠷᠢᠯᠴᠠᠵᠤ᠂ ᠳᠡᠳᠡᠨ᠎ᠢ ᠤᠯᠤᠰ᠎ᠢᠶᠠᠨ ᠠᠪᠤᠷᠠᠵᠤ ᠠᠷᠠᠳ᠎ᠢᠶᠠᠨ ᠠᠪᠤᠷᠠᠬᠤ ᠵᠠᠮ᠎ᠢᠶᠠᠷ ᠵᠠᠮᠨᠠᠭᠠᠷᠠᠢ ᠭᠡᠵᠦ᠍ ᠵᠣᠷᠢᠭ᠍ᠵᠢᠭᠤᠯᠪᠠ᠃ ᠯᠢ ᠳ᠋ᠡ ᠵᠤᠤ ᠪᠣᠯᠤᠨ ᠳ᠋ᠧᠩ ᠵᠦᠩ ᠱᠢᠶᠠ᠂ ᠵᠤᠤ ᠱ᠌ᠢ ᠶᠠᠨ᠂ ᠾᠧ ᠮᠸᠩ ᠱᠢᠶᠦ᠋ᠩ ᠵᠡᠷᠭᠡ ᠡᠪ ᠬᠠᠮᠲᠤᠴᠤᠳ ᠪᠣᠷᠣᠭ᠍ᠵᠢᠭᠤᠨ ᠪᠥᠭᠡᠳ ᠡᠷᠬᠡ ᠲᠡᠭ᠌ᠰᠢ ᠣᠪᠣᠷ᠎ᠢᠶᠠᠷ᠂ ᠰᠡᠳᠭᠢᠯ᠎ᠦᠨ ᠦᠭᠡ᠎ᠪᠡᠨ ᠬᠡᠯᠡᠯᠴᠡᠨ ᠨᠥᠬᠥᠷᠯᠡᠬᠦ᠌ ᠬᠡᠯᠪᠡᠷᠢ᠎ᠪᠡᠷ᠂ ᠬᠤᠪᠢ ᠬᠥᠮᠦᠨ᠎ᠦ ᠢᠷᠡᠭᠡᠳᠦᠢ ᠪᠣᠯᠤᠨ ᠤᠯᠤᠰ᠎ᠤᠨ ᠬᠤᠪᠢ ᠵᠠᠶᠠᠭ᠎ᠠ᠎ᠶ᠋ᠢ ᠰᠤᠳᠤᠯᠤᠨ ᠶᠠᠷᠢᠯᠴᠠᠬᠤ ᠶᠠᠪᠤᠴᠠ᠎ᠳᠤ᠂ ᠵᠠᠯᠠᠭᠤ ᠰᠤᠷᠤᠭ᠍ᠴᠢᠳ᠎ᠢ ᠦᠨᠳᠦᠰᠦᠲᠡᠨ᠎ᠦ ᠴᠢᠯᠥᠭᠡᠯᠡᠯᠲᠡ᠎ᠶ᠋ᠢᠨ ᠲᠤᠬᠠᠢ ᠤᠯᠠᠮ ᠴᠢᠨᠠᠭ᠍ᠰᠢᠳᠠ ᠪᠣᠳᠣᠯᠬᠢᠯᠠᠭᠤᠯᠵᠠᠢ᠃ ᠵᠠᠯᠠᠭᠤᠴᠤᠳ ᠴᠤ᠌ ᠥᠪᠥᠷ ᠮᠣᠩᠭᠣᠯ ᠣᠷᠣᠨ᠎ᠤ ᠲᠡᠦᠬᠡ ᠪᠠ ᠣᠳᠣᠬᠢ ᠪᠠᠢᠳᠠᠯ᠎ᠢ ᠪᠤᠯᠢᠶᠠᠯᠳᠤᠨ ᠲᠠᠨᠢᠯᠴᠠᠭᠤᠯᠵᠤ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠭᠠᠰᠠᠯᠠᠩ ᠵᠣᠪᠠᠯᠠᠩᠲᠤ ᠠᠮᠢᠳᠤᠷᠠᠯ᠎ᠢ ᠲᠣᠭᠠᠴᠢᠵᠤ᠂ ᠯᠢ ᠳ᠋ᠡ ᠵᠤᠤ ᠵᠡᠷᠭᠡ ᠡᠪ ᠬᠠᠮᠲᠤᠴᠤᠳ᠎ᠢ᠋ ᠥᠪᠥᠷ ᠮᠣᠩᠭᠣᠯ᠎ᠤᠨ ᠦᠨᠳᠦᠰᠦᠲᠡᠨ᠎ᠦ ᠠᠰᠠᠭᠤᠳᠠᠯ᠎ᠤᠨ ᠲᠤᠬᠠᠢ ᠨᠡᠩ ᠭᠦᠨᠵᠡᠭᠡᠢ ᠣᠢᠯᠠᠭᠠᠯᠲᠠ᠎ᠲᠠᠶ ᠪᠣᠯᠭᠠᠵᠠᠢ᠃

ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠮᠠᠷᠠᠲᠤ᠎ᠶᠢᠨ ᠨᠠᠮ᠎ᠤᠨ ᠵᠣᠬᠢᠶᠠᠨ ᠪᠠᠢᠭᠤᠯᠤᠯᠲᠠ ᠪᠠ ᠯᠢ ᠳ᠋ᠡ ᠵᠤᠤ ᠦᠨᠡᠨ ᠶᠣᠰᠣᠨ᠎ᠤ ᠬᠦᠴᠦᠨ ᠪᠠ ᠡᠷᠬᠢᠮ ᠳᠡᠭᠡᠳᠦ ᠵᠠᠩ ᠰᠤᠷᠲᠠᠯ᠎ᠢᠶᠠᠷ᠎ᠢᠶᠠᠨ ᠡᠳᠡᠭᠡᠷ ᠴᠤᠭ ᠵᠢᠪᠬᠤᠭ᠎ᠠ ᠲᠡᠭᠦᠯᠳᠡᠷ ᠵᠠᠯᠠᠭᠤᠴᠤᠳ᠎ᠢ ᠨᠥᠯᠥᠭᠡᠯᠡᠵᠦ᠍᠂ ᠲᠡᠳᠡᠨ᠎ᠦ ᠦᠨᠡᠨ ᠶᠣᠰᠣ᠎ᠶ᠋ᠢ ᠬᠥᠭᠡᠭᠡᠴᠡᠯᠳᠦᠬᠦ᠌᠂ ᠴᠢᠯᠥᠭᠡᠯᠡᠯᠲᠡ᠎ᠶ᠋ᠢ ᠡᠷᠢᠯᠬᠢᠯᠡᠬᠦ᠌ ᠴᠢᠩᠭ᠎ᠠ ᠬᠦᠰᠡᠯ ᠡᠷᠡᠮᠡᠯᠵᠡᠯ᠎ᠢ ᠬᠥᠭ᠌ᠵᠢᠭᠡᠵᠦ᠍᠂ ᠲᠡᠳᠡᠨ᠎ᠢ ᠨᠠᠮ᠎ᠤᠨ ᠤᠳᠤᠷᠢᠳᠤᠭ᠍ᠰᠠᠨ ᠬᠤᠪᠢᠰᠭᠠᠯ᠎ᠤᠨ ᠡᠩᠨᠡᠭᠡ᠎ᠳᠦ ᠣᠷᠣᠭᠤᠯᠪᠠ᠃ 1923 ᠣᠨ᠎ᠤ ᠡᠪᠦᠯ᠂ ᠤᠯᠠᠭᠠᠨᠬᠦᠦ᠂ ᠺᠦᠢ ᠪᠢ᠂ ᠵᠤᠤ ᠴᠧᠩ᠂ ᠹᠦᠸᠸ ᠳ᠋ᠢᠩ᠂ ᠭᠣᠮᠪᠣᠵᠠᠪ᠂ ᠺᠠᠩ ᠭᠧᠨ ᠴᠧᠩ᠎ᠨᠡᠷ ᠳᠤᠮᠳᠠᠳᠤ ᠤᠯᠤᠰ᠎ᠤᠨ ᠨᠡᠢᠭᠡᠮ ᠵᠢᠷᠤᠮᠲᠤ ᠵᠠᠯᠠᠭᠤᠴᠤᠳ᠎ᠤᠨ ᠡᠪᠯᠡᠯ᠎ᠳᠦ ᠣᠷᠣᠪᠠ᠃ 1924 ᠣᠨ᠎ᠤ 3 ᠰᠠᠷ᠎ᠠ᠎ᠳᠤ᠂ ᠳ᠋ᠦᠸᠸ ᠰᠦᠩ ᠨᠢᠶᠠᠨ᠂ ᠯᠢ ᠢᠦᠢ ᡁᠢ᠂ ᠵᠠᠶᠠᠭᠠᠲᠠᠢ᠂ ᠮᠸᠩ ᠴᠦᠨ᠂ ᠶᠦᠨ ᠷᠦᠨ᠂ ᠷᠧᠨ ᠳ᠋ᠢᠶᠠᠨ ᠪᠠᠩ᠂ ᠶᠦᠨ ᠯᠢᠨ᠎ᠨᠡᠷ ᠪᠠᠰᠠ ᠳᠤᠮᠳᠠᠳᠤ ᠤᠯᠤᠰ᠎ᠤᠨ ᠨᠡᠢᠭᠡᠮ ᠵᠢᠷᠤᠮᠲᠤ ᠵᠠᠯᠠᠭᠤᠴᠤᠳ᠎ᠤᠨ ᠡᠪᠯᠡᠯ᠎ᠳᠦ ᠣᠷᠣᠪᠠ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠮᠠᠷᠠᠲᠤ᠎ᠵᠢᠨ ᠨᠠᠮ᠎ᠤᠨ ᠵᠣᠬᠢᠶᠠᠨ ᠪᠠᠢᠭᠤᠯᠤᠯᠲᠠ ᠮᠣᠩᠭᠣᠯ ᠲᠥᠪᠡᠳ᠎ᠦᠨ ᠰᠤᠷᠭᠠᠭᠤᠯᠢ᠎ᠳᠤ ᠡᠪᠯᠡᠯ᠎ᠦᠨ ᠡᠭᠦᠷ ᠪᠠᠢᠭᠤᠯᠵᠤ᠂ ᠳ᠋ᠥᠸᠧ ᠰᠦᠩ ᠨᠢᠶᠠᠨ᠂ ᠤᠯᠠᠭᠠᠨᠬᠦᠦ ᠤᠷᠢᠳ ᠬᠣᠵᠢᠳ ᠡᠪᠯᠡᠯ᠎ᠦᠨ ᠡᠭᠦᠷ᠎ᠦᠨ ᠱᠦᠵᠢ᠎ᠶ᠋ᠢᠨ ᠲᠤᠱᠢᠶᠠᠯ᠎ᠢ ᠬᠠᠷᠢᠭᠤᠴᠠᠪᠠ᠃ ᠨᠠᠮ᠎ᠤᠨ ᠬᠠᠯᠠᠮᠵᠢᠯᠠᠯ᠂ ᠰᠤᠷᠭᠠᠨ ᠬᠥᠮᠦᠵᠢᠯ ᠪᠠ ᠬᠥᠮᠦᠵᠢᠭᠦᠯᠦᠯ ᠳᠣᠣᠷ᠎ᠠ᠂ 1924 ᠣᠨ᠎ᠤ ᠳᠣᠣᠷ᠎ᠠ ᠬᠠᠭᠠᠰ ᠵᠢᠯ᠎ᠳᠦ᠂ ᠳ᠋ᠦᠸᠸ ᠰᠦᠩ ᠨᠢᠶᠠᠨ᠂ ᠯᠢ ᠢᠦᠢ ᡁᠢ᠂ ᠮᠸᠩ ᠴᠦᠨ᠂ ᠹᠦᠸᠸ ᠳ᠋ᠢᠩ᠎ᠨᠡᠷ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠱᠢᠭᠦᠨ ᠪᠣᠯᠪᠠ᠃ 1925 ᠣᠨ᠎ᠤ 9 ᠰᠠᠷ᠎ᠠ᠎ᠳᠤ᠂ ᠤᠯᠠᠭᠠᠨᠬᠦᠦ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠱᠢᠭᠦᠨ ᠪᠤᠯᠪᠠ᠃ ᠲᠤᠰ ᠵᠢᠯ᠎ᠳᠦ ᠺᠦᠢ ᠪᠢ᠂ ᠵᠠᠶᠠᠭᠠᠲᠠᠢ᠂ ᠵᠤᠤ ᠴᠧᠩ᠂ ᠭᠣᠮᠪᠣᠵᠠᠪ᠂ ᠶᠦᠨ ᠷᠦᠨ᠂ ᠵᠢᠷᠭᠠᠯ᠎ᠨᠠᠷ ᠴᠤ᠌ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠱᠢᠭᠦᠨ᠎ᠪᠤᠯᠪᠠ᠃ ᠲᠡᠳᠡᠨ᠎ᠦ ᠨᠠᠮ᠎ᠳᠤ ᠣᠷᠣᠬᠤ ᠶᠣᠰᠣᠯᠠᠯ ᠨᠢ ᠴᠥᠮ ᠨᠢᠭᠤᠴᠠ᠎ᠪᠠᠷ ᠶᠠᠪᠤᠭ᠍ᠳᠠᠵᠤ᠂ ᠠᠷᠢᠭᠤᠨ ᠲᠠᠷᠬᠠᠨ ᠪᠥᠭᠡᠳ ᠰᠦᠷ ᠵᠢᠪᠬᠤᠯᠠᠩᠲᠠᠢ ᠶᠠᠪᠤᠭ᠍ᠳᠠᠵᠠᠢ᠂ ᠤᠯᠠᠭᠠᠨᠬᠦᠦ ᠡᠷᠭᠢᠴᠡᠭᠦᠯᠬᠦ᠌᠎ᠳᠡᠭᠡᠨ᠄ 《 ᠪᠢ ᠮᠠᠰᠢ ᠰᠡᠳᠬᠢᠯ ᠳᠣᠭ᠍ᠳᠣᠯᠵᠤ᠂ ᠰᠦᠨᠢᠵᠢᠨ ᠨᠤᠢᠷ ᠬᠤᠯᠵᠢᠵᠤ᠂ ᠯᠢ ᠳ᠋ᠡ ᠵᠤᠤ ᠨᠥᠬᠥᠷ ᠱᠢᠭ ᠲᠡᠢᠮᠦ᠍ ᠡᠪ ᠬᠠᠮᠲᠤ ᠶᠣᠰᠣᠨ᠎ᠤ ᠪᠠᠢᠯᠳᠤᠭ᠍ᠴᠢ ᠪᠣᠯᠤᠨ᠎ᠠ ᠭᠡᠵᠦ ᠵᠤᠷᠢᠭ ᠰᠢᠭᠤᠳᠴᠠᠢ》ᠭᠡᠪᠡ᠃ ᠮᠣᠩᠭᠣᠯ ᠲᠥᠪᠡᠳ᠎ᠦᠨ ᠰᠤᠷᠭᠠᠭᠤᠯᠢ᠎ᠶ᠋ᠢᠨ ᠨᠠᠮ᠎ᠤᠨ ᠭᠡᠱᠢᠭᠦᠨ᠎ᠦ ᠡᠩᠨᠡᠭᠡ ᠲᠠᠰᠤᠷᠠᠯᠲᠠ ᠦᠭᠡᠢ ᠪᠤᠵᠠᠭᠠᠢ᠌ᠷᠠᠬᠤ᠎ᠶ᠋ᠢ ᠳᠠᠭᠠᠯᠳᠤᠨ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠮᠣᠩᠭᠣᠯ ᠲᠥᠪᠡᠳ᠎ᠦᠨ ᠰᠤᠷᠭᠠᠭᠤᠯᠢ᠎ᠶ᠋ᠢᠨ ᠨᠠᠮ᠎ᠤᠨ ᠡᠭᠦᠷ ᠪᠠᠢᠭᠤᠯᠤᠭ᠍ᠳᠠᠵᠤ᠂ ᠳ᠋ᠦᠸᠸ ᠰᠦᠩ ᠨᠢᠶᠠᠨ ᠨᠠᠮ᠎ᠤᠨ ᠡᠭᠦᠷ᠎ᠦᠨ ᠱᠦᠵᠢ᠎ᠶ᠋ᠢᠨ ᠲᠤᠱᠢᠶᠠᠯ᠎ᠢ ᠬᠠᠷᠢᠭᠤᠴᠠᠪᠠ᠂ ᠡᠨᠡ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠡᠦᠬᠡᠨ ᠳᠡᠭᠡᠷᠡᠬᠢ ᠠᠩᠬᠠᠳᠠᠭ᠍ᠴᠢ ᠴᠥᠭᠡᠨ ᠲᠣᠭᠠᠲᠤ ᠦᠨᠳᠦᠰᠦᠲᠡᠨ᠎ᠦ ᠨᠠᠮ᠎ᠤᠨ ᠭᠡᠱᠢᠭᠦᠨ᠎ᠢᠶᠡᠷ ᠪᠦᠷᠢᠯᠳᠦᠭ᠌ᠰᠡᠨ ᠨᠠᠮ᠎ᠤᠨ ᠡᠭᠦᠷ ᠪᠣᠯᠤᠨ᠎ᠠ᠃

ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠮᠠᠷᠠᠲᠤ᠎ᠶ᠋ᠢᠨ ᠨᠠᠮ᠎ᠤᠨ ᠵᠣᠬᠢᠶᠠᠨ ᠪᠠᠢᠭᠤᠯᠤᠯᠲᠠ ᠪᠣᠯᠤᠨ ᠯᠢ ᠳ᠋ᠡ ᠵᠤᠤ᠎ᠶ᠋ᠢᠨ ᠤᠳᠤᠷᠢᠳᠤᠯᠭ᠎ᠠ ᠳᠣᠣᠷ᠎ᠠ᠂ ᠡᠨᠡ ᠪᠦᠯᠦᠭ ᠥᠪᠥᠷ ᠮᠣᠩᠭᠣᠯ ᠣᠷᠣᠨ᠎ᠤ ᠨᠠᠮ ᠡᠪᠯᠡᠯ᠎ᠦᠨ ᠭᠡᠱᠢᠭᠦᠳ 《 ᠬᠣᠶᠠᠷ ᠰᠠᠷ᠎ᠠ᠎ᠶ᠋ᠢᠨ ᠲᠤᠯᠤᠭᠠᠨ 》᠎ᠤ᠋ ᠶᠡᠬᠡ ᠠᠵᠢᠯ ᠬᠠᠶᠠᠯᠲᠠ᠎ᠶ᠋ᠢᠨ ᠨᠢᠭᠡ ᠵᠢᠯ᠎ᠦᠨ ᠤᠢ᠎ᠶ᠋ᠢ ᠳᠤᠷᠠᠰᠭᠠᠬᠤ ᠠᠵᠢᠯᠯᠠᠭ᠎ᠠ᠂ ᠯᠧᠨᠢᠨ᠎ᠦ ᠨᠠᠰᠤ ᠪᠠᠷᠠᠭ᠍ᠰᠠᠨ᠎ᠢ ᠳᠤᠷᠠᠰᠭᠠᠬᠤ ᠠᠵᠢᠯᠯᠠᠭ᠎ᠠ᠂ ᠰᠦᠨ ᠵᠦᠩ ᠱᠠᠨ ᠠᠪᠤᠭᠠᠢ᠎ᠶ᠋ᠢᠨ ᠤᠮᠠᠷᠠᠰᠢ ᠮᠣᠷᠳᠠᠬᠤ᠎ᠶ᠋ᠢ ᠤᠭ᠍ᠲᠤᠬᠤ ᠠᠵᠢᠯᠯᠠᠭ᠎ᠠ᠂ ᠢᠷᠭᠡᠨ᠎ᠦ ᠬᠤᠷᠠᠯ ᠬᠤᠷᠠᠯᠳᠤᠭᠤᠯᠬᠤ᠎ᠶ᠋ᠢ ᠠᠬᠢᠭᠤᠯᠬᠤ ᠬᠤᠷᠠᠯ᠎ᠤᠨ ᠪᠦᠬᠦ᠌ ᠤᠯᠤᠰ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠬᠥᠳᠡᠯᠭᠡᠭᠡᠨ᠎ᠢ ᠠᠬᠢᠭᠤᠯᠬᠤ᠂ ᠲᠠᠪᠤᠨ ᠰᠠᠷ᠎ᠠ᠎ᠶ᠋ᠢᠨ ᠭᠤᠴᠢᠨ᠎ᠤ ᠡᠵᠡᠷᠬᠡᠭ ᠲᠦᠷᠢᠮᠡᠭᠡᠢ᠌ᠳᠡᠨ᠎ᠢ ᠡᠰᠡᠷᠭᠦᠴᠡᠬᠦ᠌ ᠡᠭᠡ ᠣᠷᠣᠨᠴᠢ ᠬᠥᠳᠡᠯᠭᠡᠭᠡᠨ᠎ᠦ ᠶᠡᠬᠡ ᠰᠦᠷᠲᠦ ᠵᠢᠭ᠍ᠰᠠᠭᠠᠯ᠎ᠢ ᠳᠡᠮᠵᠢᠬᠦ᠌ ᠵᠡᠷᠭᠡ ᠬᠤᠪᠢᠰᠭᠠᠯᠲᠤ ᠠᠵᠢᠯᠯᠠᠭ᠎ᠠ᠎ᠳᠤ ᠣᠷᠣᠯᠴᠠᠪᠠ᠃ ᠯᠢ ᠳ᠋ᠡ ᠵᠤᠤ ᠪᠠᠰᠠ ᠳ᠋ᠦᠸᠸ ᠰᠦᠩ ᠨᠢᠶᠠᠨ᠂ ᠤᠯᠠᠭᠠᠨᠬᠦᠦ᠂ ᠺᠦᠢ ᠪᠢ᠎ᠨᠡᠷ᠎ᠢ ᠲᠤᠬᠢᠷᠠᠭᠤᠯᠵᠤ ᠥᠪᠥᠷ ᠮᠣᠩᠭᠣᠯ ᠣᠷᠣᠨ᠎ᠤ ᠬᠠᠮᠤᠭ ᠡᠷᠲᠡᠨ᠎ᠦ ᠬᠤᠪᠢᠰᠭᠠᠯᠲᠤ ᠰᠡᠳᠬᠦᠯ 《 ᠮᠣᠩᠭᠣᠯ ᠲᠠᠷᠢᠶᠠᠴᠢᠨ 》᠎ᠢ᠋ ᠨᠠᠢᠷᠠᠭᠤᠯᠤᠨ ᠲᠠᠷᠬᠠᠭᠠᠪᠠ᠃ ᠥᠪᠥᠷ ᠮᠣᠩᠭᠣᠯ ᠣᠷᠣᠨ᠎ᠠᠴᠠ ᠢᠷᠡᠭ᠌ᠰᠡᠨ ᠳᠠᠪᠱᠢᠩᠭᠤᠢ ᠵᠠᠯᠠᠭᠤᠴᠤᠳ ᠤᠯᠤᠰ ᠲᠦᠷᠦ᠍᠎ᠶ᠋ᠢᠨ ᠳᠠᠪᠲᠠᠯᠲᠠ᠎ᠶ᠋ᠢᠨ ᠳᠤᠮᠳᠠ ᠦᠰᠦᠨ ᠪᠣᠢᠵᠢᠵᠤ᠂ ᠦᠵᠡᠯ ᠤᠬᠠᠮᠰᠠᠷ ᠨᠢ ᠳᠡᠭᠡᠭ᠌ᠰᠢᠯᠡᠵᠦ᠍᠂ ᠲᠡᠮᠡᠴᠡᠯ᠎ᠦᠨ ᠴᠢᠳᠠᠪᠤᠷᠢ ᠨᠢ ᠳᠡᠭᠡᠭ᠌ᠰᠢᠯᠡᠵᠦ᠍᠂ ᠬᠤᠪᠢᠰᠭᠠᠯ᠎ᠤᠨ ᠲᠤᠷᠱᠢᠯᠭ᠎ᠠ ᠬᠤᠷᠠᠮᠳᠤᠭᠤᠯᠤᠭ᠍ᠰᠠᠨ ᠪᠠᠢᠨ᠎ᠠ᠃

ᠮᠣᠩᠭᠣᠯ ᠲᠥᠪᠡᠳ᠎ᠦᠨ ᠰᠤᠷᠭᠠᠭᠤᠯᠢ᠎ᠶ᠋ᠢᠨ ᠬᠤᠪᠢᠰᠭᠠᠯᠲᠤ ᠵᠠᠯᠠᠭᠤᠴᠤᠳ᠎ᠤᠨ ᠪᠡᠭᠡᠵᠢᠩ᠎ᠦᠨ ᠬᠤᠪᠢᠰᠭᠠᠯᠲᠤ ᠬᠥᠳᠡᠯᠭᠡᠭᠡᠨ ᠳᠤᠮᠳᠠᠬᠢ ᠢᠳᠡᠪᠬᠢ ᠢᠯᠡᠷᠡᠯ ᠨᠢ ᠤᠮᠠᠷᠠᠲᠤ᠎ᠶ᠋ᠢᠨ ᠴᠡᠷᠢᠭ᠎ᠦᠨ ᠡᠷᠬᠡᠲᠡᠨ᠎ᠦ ᠵᠠᠰᠠᠭ᠎ᠤᠨ ᠭᠠᠵᠠᠷ᠎ᠤᠨ ᠠᠩᠬᠠᠷᠤᠯ᠎ᠢ ᠲᠠᠲᠠᠪᠠ᠃ ᠲᠡᠳᠡ ᠵᠦᠢᠯ ᠵᠦᠢᠯ᠎ᠦᠨ ᠠᠷᠭ᠎ᠠ ᠪᠠᠷᠢᠯ᠎ᠢᠶᠠᠷ ᠡᠨᠡ ᠬᠦ᠌ ᠬᠤᠪᠢᠰᠭᠠᠯ᠎ᠤᠨ ᠬᠦᠴᠦᠨ᠎ᠦ ᠬᠥᠭ᠌ᠵᠢᠯᠲᠡ᠎ᠶ᠋ᠢ ᠬᠣᠷᠢᠭ᠍ᠯᠠᠪᠠ᠃ ᠯᠢ ᠳ᠋ᠡ ᠵᠤᠤ ᠡᠳᠡᠭᠡᠷ ᠵᠠᠯᠠᠭᠤᠴᠤᠳ᠎ᠢ ᠬᠠᠮᠠᠭᠠᠯᠠᠬᠤ᠎ᠶ᠋ᠢᠨ ᠲᠥᠯᠥᠭᠡ᠂ ᠲᠡᠳᠡᠨ᠎ᠢ ᠬᠤᠭᠤᠴᠠᠭ᠎ᠠ ᠪᠦᠯᠦᠭ ᠬᠤᠪᠢᠶᠠᠨ ᠭᠤᠸᠠᠩᠵᠧᠦ᠍᠎ᠳᠦ ᠪᠠᠢᠭ᠎ᠠ ᠬᠤᠸᠠᠨᠭ᠌ ᠫᠦ᠋ ᠵᠢᠨ ᠬᠠᠭᠤᠷᠠᠢ ᠵᠠᠮ᠎ᠤᠨ ᠴᠡᠷᠢᠭ᠎ᠦᠨ ᠨᠣᠶᠠᠳ᠎ᠤᠨ ᠰᠤᠷᠭᠠᠭᠤᠯᠢ᠂ ᠵᠦᠪᠯᠡᠯᠳᠤ᠎ᠶ᠋ᠢᠨ ᠮᠣᠰᠺᠸᠠ᠎ᠶ᠋ᠢᠨ ᠵᠦᠩᠱᠠᠨ ᠶᠡᠬᠡ ᠰᠤᠷᠭᠠᠭᠤᠯᠢ᠂ ᠠᠷᠤ ᠮᠣᠩᠭᠣᠯ᠎ᠤᠨ ᠨᠠᠮ᠎ᠤᠨ ᠶᠠᠪᠤᠳᠠᠯ᠎ᠤᠨ ᠰᠤᠷᠭᠠᠭᠤᠯᠢ᠂ ᠭᠤᠸᠠᠩᠵᠧᠦ᠍᠎ᠶ᠋ᠢᠨ ᠲᠠᠷᠢᠶᠠᠴᠢᠨ᠎ᠤ ᠬᠥᠳᠡᠯᠭᠡᠭᠡᠨ᠎ᠦ ᠪᠣᠯᠪᠠᠰᠤᠷᠠᠯ᠎ᠤᠨ ᠭᠠᠵᠠᠷ ᠵᠡᠷᠭᠡ ᠭᠠᠵᠠᠷ᠎ᠲᠤ ᠬᠦᠷᠭᠡᠵᠦ᠍ ᠰᠤᠷᠤᠯᠴᠠᠭᠤᠯᠪᠠ᠃ ᠡᠭᠦᠨ᠎ᠦ ᠬᠠᠮᠲᠤ ᠪᠠᠰᠠ ᠯᠢ ᠢᠦᠢ ᡁᠢ᠂ ᠵᠠᠶᠠᠭᠠᠲᠠᠶ᠎ᠨᠠᠷ᠎ᠢ ᠥᠪᠥᠷ ᠮᠣᠩᠭᠣᠯ ᠣᠷᠣᠨ᠎ᠳᠤ ᠲᠣᠮᠢᠯᠠᠨ ᠣᠴᠢᠭᠤᠯᠵᠤ ᠨᠠᠮ᠎ᠤᠨ ᠠᠵᠢᠯ᠎ᠢ ᠥᠷᠨᠢᠭᠦᠯᠪᠡ᠃

ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠮᠠᠷᠠᠲᠤ᠎ᠶ᠋ᠢᠨ ᠨᠠᠮ᠎ᠤᠨ ᠵᠣᠬᠢᠶᠠᠨ ᠪᠠᠢᠭᠤᠯᠤᠯᠲᠠ ᠪᠣᠯᠤᠨ ᠯᠢ ᠳ᠋ᠡ ᠵᠤᠤ᠎ᠶ᠋ᠢᠨ ᠪᠡᠭᠡᠵᠢᠩ᠎ᠳᠦ ᠬᠥᠮᠦᠵᠢᠭᠦᠯᠦᠭ᠌ᠰᠡᠨ ᠡᠳᠡᠭᠡᠷ ᠨᠠᠮ᠎ᠤᠨ ᠭᠡᠱᠢᠭᠦᠨ ᠨᠢ ᠥᠪᠥᠷ ᠮᠣᠩᠭᠣᠯ ᠣᠷᠣᠨ᠎ᠤ ᠬᠠᠮᠤᠭ᠎ᠤᠨ ᠡᠷᠲᠡᠨ᠎ᠦ ᠨᠠᠮ᠎ᠤᠨ ᠭᠡᠱᠢᠭᠦᠨ᠎ᠦ ᠬᠠᠮᠲᠤᠯᠢᠭ ᠪᠤᠯᠵᠤ᠂ ᠮᠠᠰᠢ ᠤᠯᠠᠨ ᠬᠥᠮᠦᠨ ᠨᠢ ᠬᠣᠵᠢᠮ ᠨᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠥᠪᠥᠷ ᠮᠣᠩᠭᠣᠯ ᠣᠷᠣᠨ᠎ᠤ ᠬᠤᠪᠢᠰᠭᠠᠯ᠎ᠢ ᠤᠳᠤᠷᠢᠳᠭᠤ ᠭᠣᠣᠯᠯᠠᠭ᠍ᠴᠢ ᠬᠦᠴᠦᠨ ᠪᠣᠯᠤᠭ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号