— ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨᠤ ᠡᠮᠴᠢᠯᠡᠬᠡᠨ ᠤ᠋ ᠪᠠᠲᠤᠯᠠᠭ᠎ᠠ ᠢ᠋ᠢᠨ ᠲᠤᠪᠴᠢᠶ᠎ᠡ ᠢ᠋ᠢᠨ ᠨᠠᠮ ᠤ᠋ᠨ ᠤᠳᠤᠷᠢᠳᠭᠤ ᠳᠤᠭᠤᠢᠯᠠᠩ ᠤ᠋ᠨ ᠱᠦᠵᠢ᠂ ᠲᠣᠪᠴᠢᠶᠠᠨ ᠳᠠᠷᠤᠭ᠎ᠠ ᠴᠠᠩ ᠴᠢᠩ ᠢ᠋ ᠰᠤᠷᠪᠤᠯᠵᠢᠯᠠᠭ᠍ᠰᠠᠨ ᠨᠢ
ᠨᠥᠬᠥᠴᠡᠯᠳᠦ ᠨᠡᠢᠴᠡᠬᠦ᠌ ᠦᠨᠳᠦᠰᠦᠲᠡᠨ ᠤ᠋ ᠡᠮ ᠢ᠋ ᠤᠯᠤᠰ ᠤ᠋ᠨ ᠡᠮ ᠡᠮᠨᠡᠯᠬᠡ ᠢ᠋ᠢᠨ ᠳᠠᠭᠠᠳᠭᠠᠯ ᠤ᠋ᠨ ᠡᠮ ᠤ᠋ᠨ ᠵᠦᠢᠯᠡᠰ ᠤ᠋ᠨ ᠭᠠᠷᠴᠠᠭᠲᠤ ᠣᠷᠣᠭᠤᠯᠬᠤᠶ᠋ᠢ ᠳᠡᠮᠵᠢᠨ᠎ᠡ᠃
— 《ᠳᠤᠮᠳᠠᠳᠤ ᠤᠯᠤᠰ (ᠥᠪᠥᠷ ᠮᠣᠩᠭᠣᠯ) ᠤ᠋ᠨ ᠴᠢᠯᠥᠭᠡᠲᠦ ᠠᠷᠠᠯᠵᠢᠶᠠᠨᠤ ᠲᠤᠷᠱᠢᠯᠲᠠ ᠢ᠋ᠢᠨ ᠣᠷᠣᠨᠤ ᠶᠡᠷᠦᠩᠬᠡᠢ ᠲᠥᠰᠦᠯ》 ᠡᠴᠡ ᠡᠰᠢᠯᠡᠪᠡ
《ᠳᠤᠮᠳᠠᠳᠤ ᠤᠯᠤᠰ (ᠥᠪᠥᠷ ᠮᠣᠩᠭᠣᠯ)ᠤ᠋ᠨ ᠴᠢᠯᠥᠭᠡᠲᠦ ᠠᠷᠠᠯᠵᠢᠶᠠᠨᠤ ᠲᠤᠷᠱᠢᠯᠲᠠ ᠢ᠋ᠢᠨ ᠣᠷᠣᠨᠤ ᠶᠡᠷᠦᠩᠬᠡᠶ ᠲᠥᠰᠦᠯ》ᠳ᠋ᠤ᠂ ᠨᠥᠬᠥᠴᠡᠯᠳᠦ ᠨᠡᠢᠴᠡᠬᠦ᠌ ᠦᠨᠳᠦᠰᠦᠲᠡᠨ ᠤ᠋ ᠡᠮ ᠢ᠋ ᠤᠯᠤᠰ ᠤ᠋ᠨ ᠡᠮ ᠡᠮᠨᠡᠯᠬᠡ ᠢ᠋ᠢᠨ ᠳᠠᠭᠠᠳᠭᠠᠯ ᠤ᠋ᠨ ᠡᠮ ᠤ᠋ᠨ ᠵᠦᠢᠯᠡᠰ ᠤ᠋ᠨ ᠭᠠᠷᠴᠠᠭᠲᠤ ᠣᠷᠣᠭᠤᠯᠬᠤᠶ᠋ᠢ ᠳᠡᠮᠵᠢᠨ᠎ᠡ ᠭᠡᠵᠦ᠍ ᠲᠣᠳᠣᠷᠬᠠᠶ ᠳᠤᠷᠠᠳᠤᠨ ᠭᠠᠷᠭᠠᠪᠠ᠃ 6 ᠰᠠᠷ᠎ᠠ ᠢ᠋ᠢᠨ 5ᠤ᠋ ᠡᠳᠦᠷ᠂ ᠰᠤᠷᠪᠤᠯᠵᠢᠯᠠᠭ᠍ᠴᠢ ᠥᠭᠡᠷᠡᠴᠢᠯᠡᠯᠲᠡ ᠢ᠋ᠢᠨ ᠡᠭᠦᠷᠭᠡᠶ᠋ᠢ ᠬᠡᠷᠬᠢᠨ ᠲᠦᠷᠭᠡᠨ ᠨᠠᠢᠳᠠᠪᠤᠷᠢᠵᠢᠭᠤᠯᠵᠤ᠂ ᠦᠨᠳᠦᠰᠦᠲᠡᠨ ᠤ᠋ ᠡᠮ ᠡᠮᠨᠡᠯᠭᠡᠶ᠋ᠢ ᠤᠯᠠᠮᠵᠢᠯᠠᠨ ᠵᠠᠯᠭᠠᠮᠵᠢᠯᠠᠵᠤ ᠱᠢᠨᠡᠶ᠋ᠢ ᠡᠭᠦᠳᠬᠦ᠌ ᠪᠤᠯᠤᠨ ᠠᠵᠤ ᠦᠶ᠋ᠯᠡᠰ ᠤ᠋ᠨ ᠴᠢᠨᠠᠷ ᠰᠠᠢᠲᠠᠶ ᠬᠥᠭ᠌ᠵᠢᠯᠲᠡ ᠳ᠋ᠤ᠌ ᠬᠦᠴᠦᠨ ᠨᠡᠮᠡᠷᠢᠯᠡᠬᠦ ᠲᠤᠬᠠᠶ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨᠤ ᠡᠮᠴᠢᠯᠡᠬᠡᠨ ᠤ᠋ ᠪᠠᠲᠤᠯᠠᠭ᠎ᠠ ᠢ᠋ᠢᠨ ᠲᠣᠪᠴᠢᠶ᠎ᠠ ᠢ᠋ᠢᠨ ᠨᠠᠮ ᠤ᠋ᠨ ᠤᠳᠤᠷᠢᠳᠭᠤ ᠳᠤᠭᠤᠢᠯᠠᠩ ᠤ᠋ᠨ ᠱᠦᠵᠢ᠂ ᠲᠣᠪᠴᠢᠶᠠᠨ ᠳᠠᠷᠤᠭ᠎ᠠ ᠴᠠᠩ ᠴᠢᠩ ᠢ᠋ ᠰᠤᠷᠪᠤᠯᠵᠢᠯᠠᠪᠠ᠃
ᠴᠠᠩ ᠴᠢᠩ᠂ ᠦᠨᠳᠦᠰᠦᠲᠡᠨ ᠤ᠋ ᠡᠮ ᠪᠣᠯ ᠳᠤᠮᠳᠠᠳᠤ ᠢ᠋ᠢᠨ ᠡᠮ ᠡᠮᠨᠡᠯᠭᠡ ᠢ᠋ᠢᠨ ᠡᠷᠳᠡᠨᠢ ᠢ᠋ᠢᠨ ᠬᠥᠮᠥᠷᠭᠡ ᠢ᠋ᠢᠨ ᠴᠢᠬᠤᠯᠠ ᠪᠦᠷᠢᠯᠳᠦᠬᠦᠨ ᠬᠡᠰᠡᠭ ᠮᠥᠨ᠂ ᠦᠨᠳᠦᠰᠦᠲᠡᠨ ᠤ᠋ ᠰᠣᠶᠣᠯ ᠢ᠋ ᠠᠴᠢᠶᠠᠯᠠᠵᠤ ᠤᠯᠠᠮᠵᠢᠯᠠᠨ ᠵᠠᠯᠭᠠᠮᠵᠢᠯᠠᠬᠤ᠂ ᠣᠯᠠᠨ ᠲᠦᠮᠡᠨ ᠤ᠋ ᠡᠷᠡᠭᠦᠯ ᠮᠡᠨᠳᠦ᠍ᠶ᠋ᠢ ᠪᠠᠲᠤᠯᠠᠬᠤ᠂ ᠣᠷᠣᠨ ᠨᠤᠲᠤᠭ ᠤ᠋ᠨ ᠠᠵᠤ ᠦᠶ᠋ᠯᠡᠰ ᠲᠦ᠍ ᠬᠦᠴᠦᠨ ᠨᠡᠮᠡᠷᠢᠯᠡᠬᠦ᠌ ᠣᠯᠠᠨ ᠲᠠᠯ᠎ᠠᠵᠢᠨ ᠦᠢᠯᠡᠳᠦᠯ ᠦᠵᠡᠬᠦᠯᠵᠤ ᠪᠠᠢᠳᠠᠭ᠃ ᠥᠪᠥᠷ ᠮᠣᠩᠭᠣᠯ ᠤ᠋ᠨ ᠴᠢᠯᠥᠭᠡᠲᠦ ᠠᠷᠠᠯᠵᠢᠶᠠᠨᠤ ᠲᠤᠷᠱᠢᠯᠲᠠ ᠢ᠋ᠢᠨ ᠣᠷᠣᠨ ᠵᠥᠪᠱᠢᠶᠡᠷᠡᠭ᠌ᠳᠡᠭ᠌ᠰᠡᠨ ᠡᠴᠡ ᠨᠠᠭᠠᠰᠢ᠂ ᠥᠪᠡᠷᠲᠡᠭᠡᠨ ᠵᠠᠰᠠᠬᠤ ᠣᠷᠣᠨᠤ ᠡᠮᠴᠢᠯᠡᠭᠡᠨ ᠤ᠋ ᠪᠠᠲᠤᠯᠠᠭ᠎ᠠ ᠢ᠋ᠢᠨ ᠲᠣᠪᠴᠢᠶᠠᠵᠢᠨ ᠬᠢᠨ ᠲᠤᠰᠢᠶᠠᠯ ᠬᠠᠷᠢᠭᠤᠴᠠᠯᠭᠠᠳᠠᠭᠠᠨ ᠰᠠᠭᠤᠷᠢᠯᠠᠨ ᠦᠨᠳᠦᠰᠦᠲᠡᠨ ᠤ᠋ ᠡᠮ ᠢ᠋ ᠡᠮ ᠡᠮᠨᠡᠯᠬᠡ ᠢ᠋ᠢᠨ ᠳᠠᠭᠠᠳᠭᠠᠯ ᠳ᠋ᠤ᠌ ᠣᠷᠣᠭᠤᠯᠬᠤᠶ᠋ᠢ ᠠᠬᠢᠭᠤᠯᠵᠤ᠂ ᠦᠨᠳᠦᠰᠦᠲᠡᠨ ᠤ᠋ ᠡᠮ ᠤ᠋ᠨ ᠪᠠᠲᠤᠯᠠᠭ᠎ᠠ ᠢ᠋ᠢᠨ ᠬᠡᠪᠴᠢᠶᠡᠶ᠋ᠢ ᠥᠷᠭᠡᠳᠭᠡᠨ᠂ ᠦᠨᠳᠦᠰᠦᠲᠡᠨᠨᠦᠭᠦᠳ ᠤ᠋ᠨ ᠣᠯᠠᠨ ᠲᠦᠮᠡᠨ ᠤ᠋ ᠡᠷᠡᠭᠦᠯ ᠮᠡᠨᠳᠦ ᠠᠵᠠ ᠵᠢᠷᠭᠠᠯ ᠢ᠋ ᠬᠦᠴᠦᠯᠡᠨ ᠬᠠᠮᠠᠭᠠᠯᠠᠪᠠ ᠬᠡᠯ᠎ᠠ᠃
ᠤᠷᠤᠨ ᠨᠤᠳᠤᠭ ᠤ᠋ᠨ ᠪᠤᠳᠠᠳᠤ ᠪᠠᠢᠳᠠᠯ ᠳ᠋ᠠᠭᠠᠨ ᠰᠠᠭᠤᠷᠢᠯᠠᠨ ᠦᠨᠳᠦᠰᠦᠲᠡᠨ ᠤ᠋ ᠡᠮ ᠤᠨ ᠤᠷᠤᠭᠤᠯᠬᠤ ᠵᠤᠬᠢᠰᠳᠡᠢ ᠢ᠋ᠢ ᠨᠢ ᠪᠦᠬᠦᠨ ᠢ᠋ ᠤᠷᠤᠭᠤᠯᠪᠠ᠃ ᠤᠯᠤᠰ ᠤ᠋ᠨ ᠡᠮ ᠡᠮᠨᠡᠯᠬᠡ ᠢ᠋ᠢᠨ ᠳᠠᠭᠠᠳᠭᠠᠯ ᠤ᠋ᠨ ᠭᠠᠷᠴᠠᠭ ᠲᠦ᠍ 28 ᠵᠦᠶ᠋ᠯ ᠤ᠋ᠨ ᠮᠣᠩᠭᠣᠯ ᠡᠮ ᠢ᠋ ᠵᠥᠪᠱᠢᠶᠡᠷᠡᠨ ᠣᠷᠣᠭᠤᠯᠬᠤᠶ᠋ᠢ ᠨᠠᠢᠳᠠᠪᠤᠷᠢᠵᠢᠭᠤᠯᠤᠭ᠍ᠰᠠᠨ ᠰᠠᠭᠤᠷᠢᠨ ᠳᠡᠭᠡᠷ᠎ᠡ᠂ ᠥᠪᠡᠷᠲᠡᠭᠡᠨ ᠵᠠᠰᠠᠬᠤ ᠣᠷᠣᠨᠤ ᠡᠮᠴᠢᠯᠡᠭᠡᠨ ᠤ᠋ ᠪᠠᠲᠤᠯᠠᠭ᠎ᠠ ᠢ᠋ᠢᠨ ᠲᠣᠪᠴᠢᠶᠠᠵᠢᠨ ᠬᠢᠨ ᠠᠷᠠᠳ ᠤ᠋ᠨ ᠠᠮᠢᠳᠤᠷᠠᠯ ᠤ᠋ᠨ ᠬᠡᠷᠡᠭ᠌ᠴᠡᠭᠡ ᠱᠠᠭᠠᠷᠳᠠᠯᠭ᠎ᠠ ᠪᠡᠷ ᠤᠳᠤᠷᠢᠳᠤᠮᠵᠢ ᠪᠣᠯᠭᠠᠬᠤᠶ᠋ᠢ ᠪᠠᠷᠢᠮᠲᠠᠯᠠᠵᠤ᠂ ᠮᠤᠵᠢ ᠢ᠋ᠢᠨ ᠱᠠᠲᠤᠨᠤ ᠡᠮ ᠡᠮᠨᠡᠯᠬᠡ ᠢ᠋ᠢᠨ ᠳᠠᠭᠠᠳᠭᠠᠯ ᠤ᠋ᠨ ᠭᠠᠷᠴᠠᠭ ᠤ᠋ᠨ ᠬᠠᠮᠢᠶᠠᠷᠤᠯᠲᠠ ᠢ᠋ᠢᠨ ᠡᠷᠬᠡ ᠢ᠋ᠢ ᠭᠦᠶ᠋ᠴᠡᠳ ᠰᠠᠢᠲᠤᠷ ᠬᠡᠷᠡᠭ᠌ᠯᠡᠨ᠂ ᠲᠤᠰᠭᠠᠶ ᠮᠡᠷᠭᠡᠵᠢᠯᠲᠡᠨ ᠬᠢᠨᠠᠨ ᠲᠤᠭᠳᠠᠭᠠᠬᠤ᠂ ᠴᠠᠭ ᠲᠤᠬᠠᠶ ᠳ᠋ᠤᠨᠢ ᠪᠦᠷᠢᠳᠭᠡᠨ ᠳᠠᠩᠰᠠᠯᠠᠬᠤ ᠵᠡᠷᠭᠡ ᠵᠢᠷᠤᠮᠵᠢᠭᠤᠯᠬᠤ ᠲᠠᠷᠠᠭᠠᠯᠠᠯ ᠢ᠋ᠢᠡᠷ ᠳᠠᠮᠵᠢᠭᠤᠯᠤᠨ᠂ ᠥᠪᠥᠷ ᠮᠣᠩᠭᠣᠯ ᠤ᠋ᠨ ᠦᠨᠳᠦᠰᠦᠲᠡᠨ ᠤ᠋ ᠡᠮᠡᠮᠨᠡᠯᠬᠡ ᠢ᠋ᠢᠨ ᠳᠠᠭᠠᠳᠭᠠᠯ ᠤ᠋ᠨ ᠬᠠᠮᠤᠷᠬᠤ ᠬᠡᠪᠴᠢᠶᠡᠶ᠋ᠢ ᠦᠷᠭᠦᠯᠵᠢᠯᠡᠨ ᠥᠷᠭᠡᠳᠭᠡᠪᠡ᠃ ᠣᠳᠣᠬᠠᠨ ᠳ᠋ᠤ᠌᠂ ᠪᠥᠬᠥ᠌ ᠣᠷᠣᠨ ᠳ᠋ᠤ᠌ ᠨᠢᠭᠡᠨᠲᠡ 117 ᠵᠦᠶ᠋ᠯ ᠤ᠋ᠨ ᠮᠣᠩᠭᠣᠯ ᠡᠮ᠂ 486 ᠵᠦᠶ᠋ᠯ ᠤ᠋ᠨ ᠬᠢᠲᠠᠳ ᠮᠣᠩᠭᠣᠯ ᠴᠢᠨᠠᠯᠭᠠ ᠢ᠋ᠢᠨ ᠡᠮ᠂ 1289 ᠵᠦᠶ᠋ᠯ ᠤ᠋ᠨ ᠮᠣᠩᠭᠣᠯ ᠡᠮ ᠤ᠋ᠨ ᠡᠮᠴᠢᠯᠡᠭᠡᠨ ᠤ᠋ ᠪᠠᠢᠭᠤᠯᠤᠮᠵᠢ ᠢ᠋ᠢᠨ ᠨᠠᠢᠷᠠᠯᠭ᠎ᠠ ᠢ᠋ᠢ ᠪᠦᠬᠦᠨ ᠢ᠋ ᠥᠪᠡᠷᠲᠡᠭᠡᠨ ᠵᠠᠰᠠᠬᠤ ᠣᠷᠣᠨᠤ ᠡᠮ ᠡᠮᠨᠡᠯᠬᠡ ᠢ᠋ᠢᠨ ᠳᠠᠭᠠᠳᠭᠠᠯ ᠤ᠋ᠨ ᠲᠣᠭᠠᠴᠠᠭ᠎ᠠ ᠬᠢᠬᠦ᠌ ᠬᠡᠪᠴᠢᠶᠡᠨᠳᠦ ᠣᠷᠣᠭᠤᠯᠵᠤ᠂ ᠲᠤᠱᠢᠶᠠᠪᠠᠰᠤ ᠵᠣᠬᠢᠬᠤᠶ᠋ᠢᠨᠢ ᠪᠦᠬᠦᠨ ᠢ᠋ ᠪᠠᠭ᠍ᠲᠠᠭᠠᠬᠤ᠂ ᠡᠮ ᠡᠮᠨᠡᠯᠬᠡ ᠢ᠋ᠢᠨ ᠳᠠᠭᠠᠳᠭᠠᠯ ᠤ᠋ᠨ ᠲᠣᠭᠠᠴᠠᠭ᠎ᠠ ᠬᠢᠬᠦ᠌ᠶ᠋ᠢ ᠪᠦᠷᠢᠨ ᠪᠥᠷᠬᠥᠭᠦᠯᠬᠦ᠌ᠶ᠋ᠢ ᠪᠡᠶᠡᠯᠡᠭᠦᠯᠵᠦ᠍᠂ ᠮᠠᠨᠤ ᠣᠷᠣᠨᠤ ᠳᠠᠭᠠᠳᠭᠠᠯ ᠳ᠋ᠤ᠌ ᠣᠷᠣᠯᠴᠠᠭ᠍ᠰᠠᠨ ᠣᠯᠠᠨ ᠲᠦᠮᠡᠨ ᠤ᠋ ᠡᠪᠡᠳᠴᠢᠨ ᠦᠵᠡᠭᠦᠯᠵᠦ᠍ ᠡᠮ ᠬᠡᠷᠡᠭ᠌ᠯᠡᠬᠦ᠌ ᠬᠡᠷᠡᠭ᠌ᠴᠡᠭᠡ ᠱᠠᠭᠠᠷᠳᠠᠯᠭᠠᠶ᠋ᠢ ᠦᠨᠡᠨ ᠬᠦ᠌ ᠪᠠᠲᠤᠯᠠᠪᠠ᠃
ᠮᠤᠵᠢ ᠠᠯᠤᠰᠯᠠᠨ ᠬᠣᠯᠪᠣᠭᠠᠯᠠᠨ ᠬᠥᠳᠡᠯᠦᠯᠴᠡᠵᠦ ᠦᠨᠳᠦᠰᠦᠲᠡᠨ ᠤ᠋ ᠡᠮᠤ᠋ᠨ ᠨᠦᠯᠦᠬᠡᠯᠡᠬᠦ ᠬᠡᠪᠴᠢᠶ᠎ᠡ ᠢ᠋ᠢ ᠦᠷᠬᠡᠳᠬᠡᠪᠡ᠃ ᠥᠪᠡᠷᠲᠡᠭᠡᠨ ᠵᠠᠰᠠᠬᠤ ᠣᠷᠣᠨᠤ ᠡᠮᠴᠢᠯᠡᠭᠡᠨ ᠤ᠋ ᠪᠠᠲᠤᠯᠠᠭ᠎ᠠ ᠢ᠋ᠢᠨ ᠲᠣᠪᠴᠢᠶᠠᠵᠢᠨ ᠬᠢᠨ ᠠᠵᠢᠯ ᠤ᠋ᠨ ᠰᠡᠳᠭᠢᠴᠠᠪᠡᠨ ᠰᠠᠨᠠᠭᠠᠴᠢᠯᠠᠭ᠎ᠠ ᠡᠴᠡ ᠪᠡᠨ ᠬᠤᠪᠢᠷᠠᠭᠤᠯᠵᠤ᠂ ᠡᠯ᠎ᠡ ᠮᠤᠵᠢ ᠢ᠋ᠢᠨ ᠡᠮ ᠡᠮᠨᠡᠯᠬᠡ ᠢ᠋ᠢᠨ ᠳᠠᠭᠠᠳᠭᠠᠯ ᠤ᠋ᠨ ᠭᠠᠷᠴᠠᠭᠲᠤ ᠲᠦᠱᠢᠭ᠌ᠯᠡᠨ ᠪᠡᠶᠡᠪᠡᠨ ᠳᠠᠭᠠᠭᠠᠨ ᠡᠷᠬᠡ ᠮᠡᠳᠡᠯ ᠢ᠋ ᠲᠣᠬᠢᠷᠠᠭᠤᠯᠵᠤ᠂ ᠮᠤᠵᠢ ᠢ᠋ᠢᠨ ᠬᠤᠭᠤᠷᠤᠨᠳᠤᠬᠢ ᠬᠠᠮᠵᠢᠯᠴᠠᠨ ᠵᠣᠯᠭᠠᠭᠤᠯᠬᠤᠶ᠋ᠢ ᠢᠳᠡᠪᠬᠢᠲᠡᠶ ᠥᠷᠨᠢᠭᠦᠯᠦᠨ᠂ ᠥᠪᠥᠷ ᠮᠣᠩᠭᠣᠯ ᠤ᠋ᠨ ᠴᠢᠨᠠᠷ ᠰᠠᠢᠲᠠᠶ ᠦᠨᠳᠦᠰᠦᠲᠡᠨ ᠤ᠋ ᠡᠮ ᠢ᠋ ᠣᠷᠣᠨ ᠪᠦᠰᠡ ᠡᠴᠡ ᠪᠡᠨ ᠭᠠᠷᠭᠠᠵᠤ ᠪᠥᠬᠥ᠌ ᠤᠯᠤᠰᠲᠤ ᠬᠠᠨᠳᠤᠭᠤᠯᠬᠤᠶ᠋ᠢ ᠪᠥᠬᠥ᠌ ᠬᠦᠴᠦᠨ ᠢ᠋ᠢᠡᠷ ᠢ᠋ᠢᠡᠨ ᠠᠬᠢᠭᠤᠯᠪᠡ᠃ ᠣᠢᠷ᠎ᠠ ᠢ᠋ᠢᠨ ᠵᠢᠯ ᠡᠴᠡ ᠨᠠᠭᠠᠰᠢ᠂ ᠬᠥᠬᠡᠨᠠᠭᠤᠷ᠂ ᠱᠢᠨᠵᠢᠶᠠᠩ ᠵᠡᠷᠭᠡ ᠮᠤᠵᠢ ᠣᠷᠣᠨ ᠳ᠋ᠤ᠌ ᠴᠢᠨᠠᠷ ᠰᠠᠢᠲᠠᠶ ᠦᠨᠳᠦᠰᠦᠲᠡᠨ ᠤ᠋ ᠡᠮ ᠤ᠋ᠨ ᠵᠦᠶ᠋ᠯᠡᠰ ᠢ᠋ ᠣᠨᠣᠪᠴᠢᠲᠠᠶ ᠲᠠᠨᠢᠯᠴᠠᠭᠤᠯᠵᠤ᠂ 26 ᠵᠦᠶ᠋ᠯ ᠤ᠋ᠨ ᠴᠢᠨᠠᠷ ᠰᠠᠢᠲᠠᠶ ᠦᠨᠳᠦᠰᠦᠲᠡᠨ ᠤ᠋ ᠡᠮ ᠢ᠋ ᠬᠥᠬᠡᠨᠠᠭᠤᠷ᠂ ᠱᠢᠨᠵᠢᠶᠠᠩ᠂ ᠯᠢᠶᠣᠤᠨᠢᠩ ᠵᠡᠷᠭᠡ 6 ᠮᠤᠵᠢ ᠣᠷᠣᠨᠤ ᠡᠮ ᠡᠮᠨᠡᠯᠭᠡ ᠢ᠋ᠢᠨ ᠳᠠᠭᠠᠳᠭᠠᠯ ᠤ᠋ᠨ ᠭᠠᠷᠴᠠᠭᠲᠤ ᠣᠷᠣᠭᠤᠯᠵᠤ᠂ ᠡᠮᠴᠢᠯᠡᠭᠡᠨ ᠤ᠋ ᠬᠡᠷᠡᠭ᠌ᠯᠡᠭᠡᠨ ᠤ᠋ ᠲᠠᠯᠠᠪᠤᠷ ᠪᠤᠯᠤᠨ ᠠᠵᠤ ᠦᠶ᠋ᠯᠡᠰ ᠤ᠋ᠨ ᠨᠥᠯᠥᠭᠡᠯᠡᠬᠦ᠌ ᠬᠡᠪᠴᠢᠶᠡᠶ᠋ᠢ ᠪᠦᠲᠦᠮᠵᠢᠲᠡᠶ ᠥᠷᠭᠡᠳᠭᠡᠵᠡᠢ᠃
ᠦᠨᠳᠦᠰᠦᠲᠡᠨ ᠤ᠋ ᠡᠮ ᠢ᠋ ᠤᠯᠤᠰᠤ᠋ᠨ ᠡᠮ ᠡᠮᠨᠡᠯᠬᠡ ᠢ᠋ᠢᠨ ᠲᠠᠭᠠᠳᠬᠠᠯ ᠳ᠋ᠤ᠌ ᠣᠷᠣᠭᠤᠯᠬᠤ ᠢ᠋ᠢ ᠣᠨᠣᠪᠴᠢᠲᠠᠶ ᠰᠤᠳᠤᠯᠤᠨ ᠮᠠᠭᠠᠳᠯᠠᠪᠠ᠃ ᠤᠯᠤᠰ ᠤ᠋ᠨ ᠡᠮ ᠡᠮᠨᠡᠯᠬᠡ ᠢ᠋ᠢᠨ ᠳᠠᠭᠠᠳᠭᠠᠯ ᠤ᠋ᠨ ᠡᠮ ᠤ᠋ᠨ ᠵᠦᠶ᠋ᠯᠡᠰ ᠤ᠋ᠨ ᠭᠠᠷᠴᠠᠭ ᠲᠦ᠍ ᠵᠥᠪᠱᠢᠶᠡᠷᠡᠨ ᠣᠷᠣᠭᠤᠯᠬᠤ ᠳ᠋ᠤ᠌ ᠠᠵᠤ ᠠᠬᠤᠢᠯᠠᠯ ᠤ᠋ᠨ ᠭᠤᠶᠤᠴᠢᠯᠠᠨ ᠮᠡᠳᠡᠭᠦᠯᠬᠦ᠌ ᠲᠦᠷᠢᠮ ᠢ᠋ ᠬᠡᠷᠡᠭ᠌ᠵᠢᠭᠦᠯᠪᠡ᠃ ᠡᠨᠡ ᠵᠢᠯ᠂ ᠴᠢᠯᠥᠭᠡᠲᠦ ᠠᠷᠠᠯᠵᠢᠶᠠᠨᠤ ᠲᠤᠷᠱᠢᠯᠲᠠ ᠢ᠋ᠢᠨ ᠣᠷᠣᠨᠤ ᠡᠭᠦᠷᠭᠡᠲᠡᠶ ᠤᠶᠠᠯᠳᠤᠭᠤᠯᠤᠨ᠂ ᠥᠪᠡᠷᠲᠡᠭᠡᠨ ᠵᠠᠰᠠᠬᠤ ᠣᠷᠣᠨᠤ ᠡᠮᠴᠢᠯᠡᠭᠡᠨ ᠤ᠋ ᠪᠠᠲᠤᠯᠠᠭ᠎ᠠ ᠢ᠋ᠢᠨ ᠲᠣᠪᠴᠢᠶᠠᠵᠢᠨ ᠬᠢᠨ ᠦᠨᠳᠦᠰᠦᠲᠡᠨ ᠤ᠋ ᠡᠮ ᠤ᠋ᠨ ᠠᠵᠤ ᠠᠬᠤᠢᠯᠠᠯ ᠳ᠋ᠤ᠌ ᠰᠠᠨᠠᠭᠠᠴᠢᠯᠠᠭ᠎ᠠ ᠡᠴᠡ ᠪᠡᠨ ᠦᠶ᠋ᠯᠡᠴᠢᠯᠡᠵᠦ᠍᠂ ᠶᠠᠷᠢᠯᠴᠠᠬᠤ ᠬᠤᠷᠠᠯ ᠬᠤᠷᠠᠯᠳᠤᠭᠤᠯᠬᠤ᠂ ᠪᠠᠢᠴᠠᠭᠠᠨ ᠰᠤᠳᠤᠯᠵᠤ ᠰᠤᠷᠪᠤᠯᠵᠢᠯᠠᠬᠤ᠂ ᠮᠡᠳᠡᠭᠡ ᠵᠠᠩᠭᠢ ᠢ᠋ᠢᠨ ᠲᠠᠪᠴᠠᠩ ᠢ᠋ᠢᠡᠷ ᠦᠨᠡᠨ ᠪᠣᠳᠠᠲᠠᠶ ᠲᠣᠭ᠎ᠠ ᠪᠠᠷᠢᠮᠲᠠ᠎ᠶ᠋ᠢ ᠲᠣᠬᠢᠷᠠᠭᠤᠯᠬᠤ ᠪᠡᠷ ᠲᠠᠮᠵᠢᠭᠤᠯᠤᠨ᠂ ᠦᠨᠳᠦᠰᠦᠲᠡᠨ ᠤ᠋ ᠡᠮ ᠤ᠋ᠨ ᠦᠶ᠋ᠯᠡᠳᠪᠦᠷᠢᠯᠡᠯ ᠤ᠋ᠨ ᠰᠤᠳᠤᠯᠤᠨ ᠨᠡᠭᠡᠭᠡᠭ᠌ᠰᠡᠨ ᠪᠠᠢᠳᠠᠯ ᠢ᠋ ᠪᠥᠬᠥ᠌ ᠲᠠᠯ᠎ᠠ ᠪᠡᠷ ᠤᠢᠯᠠᠭᠠᠨ ᠵᠢᠭᠰᠠᠭᠠᠨ ᠪᠠᠢᠴᠠᠭᠠᠵᠤ᠂ ᠣᠳᠣᠬᠠᠨ ᠳ᠋ᠤ᠌ ᠨᠥᠬᠥᠴᠡᠯᠳᠦ ᠨᠡᠢᠴᠡᠬᠦ᠌ ᠦᠨᠳᠦᠰᠦᠲᠡᠨ ᠤ᠋ ᠡᠮ ᠬᠠᠷᠠᠬᠠᠨ ᠪᠠᠢᠬᠤ ᠥᠬᠡᠶ ᠪᠠᠢᠭ᠍ᠰᠠᠭᠠᠷ᠃ ᠡᠨᠡ ᠵᠢᠯ᠂ ᠥᠪᠡᠷᠲᠡᠭᠡᠨ ᠵᠠᠰᠠᠬᠤ ᠣᠷᠣᠨᠤ ᠡᠮᠴᠢᠯᠡᠭᠡᠨ ᠤ᠋ ᠪᠠᠲᠤᠯᠠᠭ᠎ᠠ ᠢ᠋ᠢᠨ ᠲᠣᠪᠴᠢᠶᠠᠵᠢᠨ ᠬᠢᠨ ᠣᠷᠣᠨ ᠬᠣᠲᠠ ᠬᠣᠶᠠᠷ ᠱᠠᠲᠤᠨᠤ ᠡᠮᠴᠢᠯᠡᠭᠡᠨ ᠤ᠋ ᠪᠠᠳᠤᠯᠠᠭᠠᠵᠢᠨ ᠰᠠᠯᠠᠭ᠎ᠠ ᠮᠥᠴᠢᠷ ᠢ᠋ ᠵᠣᠬᠢᠶᠠᠨ ᠪᠠᠢᠭᠤᠯᠵᠤ ᠪᠠᠢᠭᠠᠳ ᠡᠮᠴᠢᠯᠡᠭᠡᠨ ᠤ᠋ ᠲᠤᠰᠠᠨᠢ ᠣᠨᠣᠪᠴᠢᠲᠠᠶ᠂ ᠡᠮᠴᠢᠯᠡᠭᠡᠨᠳᠦ ᠵᠠᠪᠠᠯ ᠱᠠᠭᠠᠷᠳᠠᠭ᠍ᠳᠠᠬᠤ᠂ ᠭᠥᠯᠢᠶᠡᠨ ᠠᠪᠤᠭ᠍ᠴᠢᠳᠨᠢ ᠥᠷᠭᠡᠨ ᠳᠡᠯᠭᠡᠷ᠂ ᠨᠡᠢᠳᠡᠮ ᠬᠡᠷᠡᠭ᠌ᠯᠡᠭᠡᠨ ᠤ᠋ ᠴᠢᠨᠠᠷ ᠢ᠋ᠢᠡᠷ ᠴᠢᠩᠭ᠎ᠠ 5 ᠵᠦᠶ᠋ᠯ ᠤ᠋ᠨ ᠴᠢᠨᠠᠷ ᠰᠠᠢᠲᠠᠶ ᠦᠨᠳᠦᠰᠦᠲᠡᠨ ᠤ᠋ ᠡᠮ ᠢ᠋ ᠣᠨᠣᠪᠴᠢᠲᠠᠶ ᠰᠢᠯᠢᠨ ᠰᠣᠩᠭᠣᠵᠤ᠂ ᠤᠯᠤᠰ ᠤ᠋ᠨ ᠡᠮᠴᠢᠯᠡᠭᠡᠨ ᠤ᠋ ᠪᠠᠳᠤᠯᠠᠭ᠎ᠠ ᠵᠢᠨ ᠲᠣᠪᠴᠢᠶ᠎ᠠ ᠳ᠋ᠤ᠌ ᠳᠠᠬᠢᠨᠲᠠ ᠬᠦᠷᠴᠦ᠍ ᠲᠤᠰᠭᠠᠶ ᠲᠠᠨᠢᠯᠴᠠᠭᠤᠯᠭ᠎ᠠ ᠬᠢᠵᠦ᠍᠂ ᠦᠨᠳᠦᠰᠦᠲᠡᠨ ᠤ᠋ ᠡᠮ ᠤ᠋ᠨ ᠣᠨᠣᠱᠢᠯᠠᠨ ᠡᠮᠨᠡᠬᠦ᠌ ᠣᠨᠴᠠᠯᠢᠭ ᠪᠠ ᠡᠮᠴᠢᠯᠡᠭᠡᠨ ᠤ᠋ ᠦᠨ᠎ᠡ ᠥᠷᠲᠡᠭ ᠢ᠋ ᠦᠷᠭᠦᠯᠵᠢᠯᠡᠨ ᠳᠠᠮᠵᠢᠭᠤᠯᠵᠤ᠂ ᠡᠮ ᠡᠮᠨᠡᠯᠬᠡ ᠢ᠋ᠢᠨ ᠲᠠᠭᠠᠳᠬᠠᠯ ᠳ᠋ᠤ᠌ ᠣᠷᠣᠭᠤᠯᠬᠤ ᠵᠦᠶ᠋ᠯᠡᠰ ᠢ᠋ ᠠᠬᠢᠭᠤᠯᠪᠠ᠃
ᠬᠠᠷᠠᠯᠲᠠ ᠪᠡᠨ ᠲᠣᠭ᠍ᠲᠠᠭᠠᠵᠤ ᠤᠷᠳᠤ ᠬᠤᠭᠤᠴᠠᠭ᠎ᠠ ᠪᠡᠷ ᠪᠣᠭᠣᠮᠲᠠ ᠰᠢᠪᠳᠤᠯᠬᠤ ᠪᠡᠷ ᠬᠦᠴᠦᠯᠡᠨ ᠴᠢᠷᠮᠠᠢᠨᠡ᠃ 《ᠥᠪᠡᠷᠲᠡᠭᠡᠨ ᠵᠠᠰᠠᠬᠤ ᠣᠷᠣᠨᠤ ᠡᠮᠴᠢᠯᠡᠬᠡᠨ ᠤ᠋ ᠪᠠᠲᠤᠯᠠᠭ᠎ᠠ ᠢ᠋ᠢᠨ ᠲᠣᠪᠴᠢᠶᠠᠵᠢᠨ ᠬᠢᠨ ᠦᠷᠭᠦᠯᠵᠢᠯᠡᠨ ᠥᠪᠥᠷ ᠮᠣᠩᠭᠣᠯ ᠤ᠋ᠨ ᠴᠢᠯᠥᠭᠡᠲᠦ ᠠᠷᠠᠯᠵᠢᠶᠠᠨᠤ ᠲᠤᠷᠱᠢᠯᠲᠠ ᠢ᠋ᠢᠨ ᠣᠷᠣᠨᠤ ᠪᠥᠲᠥᠭᠡᠨ ᠪᠠᠢᠭᠤᠯᠤᠯᠲᠠ ᠪᠡᠷ ᠬᠥᠲᠥᠯᠦᠮᠵᠢ ᠪᠣᠯᠭᠠᠵᠤ᠂ 《ᠳᠤᠮᠳᠠᠳᠤ ᠤᠯᠤᠰ (ᠥᠪᠥᠷ ᠮᠣᠩᠭᠣᠯ)ᠤ᠋ᠨ ᠴᠢᠯᠥᠭᠡᠲᠦ ᠠᠷᠠᠯᠵᠢᠶᠠᠨᠤ ᠲᠤᠷᠱᠢᠯᠲᠠ ᠢ᠋ᠢᠨ ᠣᠷᠣᠨᠤ ᠶᠡᠷᠦᠩᠬᠡᠶ ᠲᠥᠰᠦᠯ》ᠤ᠋ᠨ ᠥᠭᠡᠷᠡᠴᠢᠯᠡᠯᠲᠡ ᠢ᠋ᠢᠨ ᠪᠠᠢᠷᠢᠯᠠᠭᠤᠯᠤᠯᠲᠠ᠂ ᠦᠨᠳᠦᠰᠦᠲᠡᠨ ᠤ᠋ ᠡᠮ ᠡᠮᠨᠡᠯᠭᠡᠶ᠋ᠢ ᠤᠯᠠᠮᠵᠢᠯᠠᠨ ᠵᠠᠯᠭᠠᠮᠵᠢᠯᠠᠵᠤ ᠱᠢᠨᠡᠶ᠋ᠢ ᠡᠭᠦᠳᠬᠦ᠌᠂ ᠡᠮ ᠡᠮᠨᠡᠯᠭᠡ ᠢ᠋ᠢᠨ ᠳᠠᠭᠠᠳᠭᠠᠯ ᠢ᠋ᠢᠠᠷ ᠠᠷᠠᠳᠲᠤ ᠠᠱᠢᠭ ᠬᠦᠷᠲᠡᠭᠡᠬᠦ᠌ ᠶᠠᠰᠤ ᠴᠢᠨᠠᠷ ᠢ᠋ ᠳᠡᠭᠡᠭ᠌ᠰᠢᠯᠡᠭᠦᠯᠦᠨ ᠦᠷ᠎ᠡ ᠠᠱᠢᠭ ᠢ᠋ ᠨᠡᠮᠡᠭ᠌ᠳᠡᠭᠦᠯᠬᠦ᠌ ᠬᠠᠷᠠᠯᠲᠠᠲᠠᠶ ᠨᠢᠭ᠍ᠲᠠ ᠤᠶᠠᠯᠳᠤᠭᠤᠯᠤᠨ᠂ ᠦᠨᠳᠦᠰᠦᠲᠡᠨ ᠤ᠋ ᠡᠮ ᠢ᠋ ᠡᠮ ᠡᠮᠨᠡᠯᠭᠡ ᠢ᠋ᠢᠨ ᠳᠠᠭᠠᠳᠭᠠᠯ ᠳ᠋ᠤ᠌ ᠤᠷᠤᠭᠤᠯᠬᠤ ᠢ᠋ᠢ ᠵᠥᠪᠱᠢᠶᠡᠷᠡᠬᠦ᠌ ᠲᠦᠭ᠌ᠵᠢᠷᠡᠯ ᠴᠡᠭ᠂ ᠬᠦᠴᠢᠷᠳᠡᠯ ᠴᠡᠭ᠂ ᠡᠪᠡᠷᠱᠢᠶᠡᠯ ᠴᠡᠭ ᠲᠦ᠍ ᠠᠩᠬᠠᠷᠤᠯ ᠢ᠋ᠢᠡᠨ ᠲᠥᠪᠯᠡᠷᠡᠭᠦᠯᠵᠦ᠍᠂ ᠮᠤᠵᠢ ᠠᠯᠤᠰᠯᠠᠨ ᠣᠷᠣᠭᠤᠯᠬᠤᠶ᠋ᠢ ᠵᠥᠪᠱᠢᠶᠡᠷᠡᠬᠦ᠌ ᠠᠷᠭ᠎ᠠ ᠵᠠᠮ ᠤ᠋ᠨ ᠲᠠᠯ᠎ᠠ ᠪᠡᠷ ᠰᠠᠨᠠᠭᠠᠴᠢᠯᠠᠭ᠎ᠠ ᠡᠴᠡ ᠪᠡᠨ ᠱᠢᠨᠡᠶ᠋ᠢ ᠡᠭᠦᠳᠦᠭ᠌ᠰᠡᠨ ᠰᠠᠭᠤᠷᠢᠨ ᠳᠡᠭᠡᠷ᠎ᠡ᠂ ᠵᠠᠰᠠᠭ ᠤ᠋ᠨ ᠤᠷᠳᠤᠨ ᠠᠵᠤ ᠠᠬᠤᠢᠯᠠᠯ ᠤ᠋ᠨ ᠨᠡᠪᠲᠡᠷᠡᠯᠴᠡᠬᠦ᠌ ᠪᠠᠢᠩᠭᠤᠵᠢᠭ᠍ᠰᠠᠨ ᠲᠠᠪᠴᠠᠩ ᠢ᠋ ᠪᠠᠢᠭᠤᠯᠵᠤ᠂ ᠦᠨᠳᠦᠰᠦᠲᠡᠨ ᠤ᠋ ᠡᠮ ᠤ᠋ᠨ ᠬᠥᠭ᠌ᠵᠢᠯᠲᠡ ᠢ᠋ᠢᠨ ᠣᠳᠣᠬᠢ ᠪᠠᠢᠳᠠᠯ ᠢ᠋ ᠱᠢᠨᠵᠢᠯᠡᠬᠦ᠌ ᠤᠬᠠᠭᠠᠨᠴᠢ ᠪᠡᠷ ᠵᠠᠳᠠᠯᠵᠤ᠂ ᠵᠦᠶ ᠵᠣᠬᠢᠰᠲᠠᠶ ᠰᠠᠨᠠᠭᠤᠯᠭ᠎ᠠ ᠳᠤᠷᠠᠳᠴᠤ᠌᠂ ᠦᠨᠳᠦᠰᠦᠲᠡᠨ ᠤ᠋ ᠡᠮ ᠤ᠋ᠨ ᠠᠵᠤ ᠤᠢᠯᠡᠰ ᠤ᠋ᠨ ᠬᠦᠭᠵᠢᠯᠳᠡ ᠪᠤᠯᠤᠨ ᠤᠯᠤᠰ ᠤ᠋ᠨ ᠡᠮ ᠡᠮᠨᠡᠯᠭᠡ ᠢ᠋ᠢᠨ ᠲᠠᠭᠠᠳᠬᠠᠯ ᠤ᠋ᠨ ᠲᠦᠷᠦ ᠢ᠋ᠢᠨ ᠪᠤᠳᠤᠯᠭ᠎ᠠ ᠢ᠋ᠢᠨ ᠤᠨᠤᠪᠴᠢᠳᠡᠢ ᠲᠤᠬᠢᠷᠠᠭᠤᠯᠤᠯᠳᠡ ᠢ᠋ᠢ ᠠᠬᠢᠭᠤᠯᠤᠨ᠎ᠡ》 ᠭᠡᠵᠦ᠍ ᠴᠠᠩ ᠴᠢᠩ ᠶᠠᠷᠢᠵᠤ ᠪᠠᠢᠯᠡ᠃