ᠲᠦᠷᠦᠭᠦᠦ 4 ᠰᠠᠷ᠎ᠠ ᠳ᠋ᠤ᠌ ᠮᠠᠨᠵᠤᠤᠷ ᠪᠣᠭᠣᠮᠲᠠ ᠢ᠋ᠢᠨ ᠬᠢᠨᠠᠨ ᠬᠠᠮᠢᠶᠠᠷᠴᠤ᠌ ᠭᠠᠳᠠᠭᠠᠳᠤ ᠡᠴᠡ ᠣᠷᠣᠭᠤᠯᠤᠭ᠍ᠰᠠᠨ ᠢᠲᠡᠬᠡᠨ᠎ᠤ ᠲᠠᠷᠢᠶᠠᠯᠠᠩ ᠤ᠋ᠨ ᠪᠦᠲᠦᠭᠡᠭ᠌ᠳᠡᠬᠦᠨ᠎ᠦ ᠪᠠᠷᠠᠭᠠᠨ ᠤ᠋ ᠥᠷᠲᠡᠭ 28.6 ᠳ᠋ᠦᠩᠱᠢᠭᠤᠷ ᠲᠥᠭᠥᠷᠢᠭ᠎ᠲᠦ ᠬᠦᠷᠴᠡᠢ
2026-06-04 09:35:30
ᠵᠣᠬᠢᠶᠠᠭ᠍ᠴᠢ᠄
ᠠᠨᠠᠷ
ᠣᠩᠱᠢᠭ᠍ᠰᠠᠨ ᠣᠳᠠᠭ᠎ᠠ᠄
★★★☆☆

ᠮᠠᠨᠵᠤᠤᠷ ᠪᠣᠭᠣᠮᠲᠠ ᠢ᠋ᠢᠨ ᠮᠡᠳᠡᠭᠡ ᠢ᠋ᠢ ᠦᠨᠳᠦᠰᠦᠯᠡᠪᠡᠯ᠂ ᠡᠨᠡ ᠵᠢᠯ᠎ᠡᠴᠡ ᠨᠠᠭᠠᠰᠢ᠂ ᠲᠣᠰ ᠪᠣᠭᠣᠮᠲᠠ ᠣᠯᠠᠨ ᠵᠦᠶ᠋ᠯ᠎ᠦᠨ ᠠᠷᠠᠯᠵᠢᠶ᠎ᠡ ᠢ᠋ᠢ ᠲᠦᠬᠦᠮ ᠲᠦᠳᠡ ᠪᠤᠯᠭᠠᠬᠤ ᠠᠷᠭ᠎ᠠ ᠬᠡᠮᠵᠢᠶ᠎ᠡ ᠪᠠ ᠦᠶ᠋ᠯᠡᠴᠢᠯᠡᠭᠡᠨ᠎ᠦ ᠠᠷᠭ᠎ᠠ ᠬᠡᠮᠵᠢᠶ᠎ᠡ ᠪᠡᠷ ᠳᠠᠮᠵᠢᠭᠤᠯᠤᠨ᠂ ᠮᠠᠨᠵᠤᠤᠷ ᠬᠢᠯᠢ ᠢ᠋ᠢᠨ ᠪᠣᠭᠣᠮᠲᠠ ᠢ᠋ᠢᠨ ᠴᠢᠨᠠᠷ ᠰᠠᠢᠲᠠᠶ ᠢᠲᠡᠬᠡᠨ᠎ᠤ  ᠲᠠᠷᠢᠶᠠᠯᠠᠩ ᠤ᠋ᠨ ᠪᠦᠲᠦᠭᠡᠭ᠌ᠳᠡᠬᠦᠨ᠎ᠢ ᠭᠠᠳᠠᠭᠠᠳᠤ ᠡᠴᠡ ᠣᠷᠣᠭᠤᠯᠬᠤ ᠢ᠋ᠢ ᠠᠬᠢᠭᠤᠯᠵᠤ᠂ ᠲᠦᠷᠦᠭᠦᠦ 4 ᠰᠠᠷ᠎ᠠ ᠳ᠋ᠤ᠌ 52.4 ᠲᠦᠮᠡᠨ ᠲᠣᠨ ᠢᠲᠡᠬᠡᠨ᠎ᠤ ᠲᠠᠷᠢᠶᠠᠯᠠᠩ ᠤ᠋ᠨ ᠪᠦᠲᠦᠭᠡᠭ᠌ᠳᠡᠬᠦᠨ᠎ᠢ ᠭᠠᠳᠠᠭᠠᠳᠤ ᠡᠴᠡ ᠣᠷᠣᠭᠤᠯᠬᠤ ᠢ᠋ᠢ ᠬᠢᠨᠠᠨ ᠬᠠᠮᠢᠶᠠᠷᠴᠤ᠌᠂ ᠪᠠᠷᠠᠭᠠᠨ ᠤ᠋ ᠥᠷᠲᠡᠭ᠎ᠨᠢ 28.6 ᠳ᠋ᠦᠩᠱᠢᠭᠤᠷ ᠲᠥᠭᠥᠷᠢᠭ᠎ᠲᠦ ᠬᠦᠷᠴᠦ᠍᠂ ᠨᠢᠳᠤᠨᠤᠨ ᠤ᠋ ᠠᠳᠠᠯᠢ ᠬᠤᠭᠤᠴᠠᠭᠠᠨ ᠤ᠋᠎ᠬᠢ᠎ᠡᠴᠡ ᠲᠣᠰ ᠲᠣᠰ 128.9% ᠪᠠ 191.9% ᠪᠠᠷ ᠨᠡᠮᠡᠭ᠌ᠳᠡᠪᠡ᠃

ᠣᠢᠯᠠᠭᠠᠭ᠍ᠰᠠᠨ᠎ᠢᠶᠠᠷ᠂ ᠮᠠᠨᠵᠤᠤᠷ ᠪᠣᠭᠣᠮᠲᠠ᠎ᠨᠢ ᠮᠠᠨᠵᠤᠤᠷ ᠤ᠋ᠨ ᠲᠡᠮᠦᠷ ᠵᠠᠮ ᠤ᠋ᠨ ᠬᠢᠯᠢ ᠢ᠋ᠢᠨ ᠪᠣᠭᠣᠮᠲᠠ ᠢ᠋ᠢᠨ ᠭᠠᠳᠠᠭᠠᠳᠤ ᠡᠴᠡ ᠣᠷᠣᠭᠤᠯᠬᠤ ᠢᠳᠡᠭᠡᠨ᠎ᠦ ᠣᠨᠴᠠᠯᠢᠭ ᠵᠢᠴᠢ ᠪᠣᠭᠣᠮᠲᠠ᠎ᠪᠠᠷ ᠥᠩᠭᠡᠷᠡᠬᠦ᠌ ᠬᠡᠷᠡᠭ᠌ᠴᠡᠭᠡ ᠱᠠᠭᠠᠷᠳᠠᠯᠭ᠎ᠠ᠎ᠲᠠᠶ ᠤᠶᠠᠯᠳᠤᠭᠤᠯᠤᠨ᠂ ᠴᠢᠩᠭᠡᠯᠢᠭ᠎ᠢᠶᠡᠷ ᠭᠠᠳᠠᠭᠠᠳᠤ ᠡᠴᠡ ᠣᠷᠣᠭᠤᠯᠬᠤ ᠢᠳᠡᠬᠡᠨ ᠤ᠋ ᠤᠷᠭᠤᠮᠠᠯ ᠤ᠋ᠨ ᠲᠣᠰᠣᠨ ᠤ᠋ ᠬᠢᠨᠠᠯᠲᠠ ᠬᠠᠮᠢᠶᠠᠷᠤᠯᠲᠠ ᠢ᠋ᠢᠨ ᠲᠠᠷᠠᠭᠠᠯᠠᠯ ᠢ᠋ ᠱᠢᠯᠢᠳᠡᠭ᠌ᠵᠢᠭᠦᠯᠵᠦ᠍᠂ ᠳᠤᠮᠳᠠᠳᠤ ᠧᠦ᠋ᠷᠣᠫᠠ ᠢ᠋ᠢᠨ ᠵᠢᠰᠢᠶᠠᠨ ᠤ᠋ ᠭᠠᠯᠳᠤ ᠲᠡᠷᠭᠡ ᠢ᠋ᠢᠨ ᠭᠠᠳᠠᠭᠠᠳᠤ ᠡᠴᠡ ᠣᠷᠣᠭᠤᠯᠬᠤ ᠢᠳᠡᠬᠡᠨ ᠤ᠋ ᠤᠷᠭᠤᠮᠠᠯ ᠤ᠋ᠨ ᠲᠣᠰᠣᠨ ᠤ᠋ ᠬᠡᠮᠵᠢᠶ᠎ᠡ ᠢ᠋ᠢ ᠦᠷᠭᠦᠯᠵᠢᠯᠡᠨ ᠨᠡᠮᠡᠭ᠌ᠳᠡᠭᠦᠯᠬᠦ ᠳ᠋ᠤ᠌ ᠬᠦᠴᠦᠨ ᠨᠡᠮᠡᠷᠢᠯᠡᠪᠡ᠃ ᠲᠦᠷᠦᠭᠦᠦ 4 ᠰᠠᠷ᠎ᠠ ᠳ᠋ᠤ᠌᠂ ᠲᠣᠰ ᠪᠣᠭᠣᠮᠲᠠ ᠢ᠋ᠢᠨ ᠬᠢᠨᠠᠨ ᠬᠠᠮᠢᠶᠠᠷᠴᠤ᠌ ᠭᠠᠳᠠᠭᠠᠳᠤ ᠡᠴᠡ ᠣᠷᠣᠭᠤᠯᠤᠭ᠍ᠰᠠᠨ ᠢᠳᠡᠬᠡᠨ ᠤ᠋ ᠤᠷᠭᠤᠮᠠᠯ ᠤ᠋ᠨ ᠲᠣᠰᠣ 24.2 ᠲᠦᠮᠡᠨ ᠲᠣᠨ ᠳ᠋ᠤ᠌ ᠬᠦᠷᠴᠦ᠍᠂ ᠪᠠᠷᠠᠭᠠᠨ ᠤ᠋ ᠥᠷᠲᠡᠭ ᠨᠢ 19.3 ᠳ᠋ᠦᠩᠱᠢᠭᠤᠷ ᠲᠥᠭᠥᠷᠢᠭ᠎ᠲᠦ ᠬᠦᠷᠴᠦ᠍᠂ ᠨᠢᠳᠤᠨᠤᠨ ᠤ᠋ ᠠᠳᠠᠯᠢ ᠬᠤᠭᠤᠴᠠᠭᠠᠨ ᠤ᠋᠎ᠬᠢ᠎ᠡᠴᠡ ᠲᠣᠰ ᠲᠣᠰ 189.2% ᠪᠠ 207.8% ᠪᠠᠷ ᠨᠡᠮᠡᠭ᠌ᠳᠡᠪᠡ᠃ ᠮᠠᠨᠵᠤᠤᠷ ᠤ᠋ᠨ ᠵᠠᠰᠠᠮᠠᠯ ᠵᠠᠮ ᠤ᠋ᠨ ᠬᠢᠯᠢ ᠢ᠋ᠢᠨ ᠪᠣᠭᠣᠮᠲᠠ ᠢ᠋ᠢᠨ TIR (ᠣᠯᠠᠨ ᠤᠯᠤᠰ ᠤ᠋ᠨ ᠵᠠᠰᠠᠮᠠᠯ ᠵᠠᠮ ᠤ᠋ᠨ ᠲᠡᠭᠡᠭᠡᠪᠦᠷᠢ ᠢ᠋ᠢᠨ ᠱᠢᠰᠲ᠋ᠧᠮ ) ᠭᠠᠳᠠᠭᠠᠳᠤ ᠡᠴᠡ ᠣᠷᠣᠭᠤᠯᠤᠭ᠍ᠰᠠᠨ ᠮᠢᠬᠠᠨ ᠤ᠋ ᠲᠦᠷᠦᠯ ᠤ᠋ᠨ ᠪᠦᠳᠦᠭᠡᠭᠳᠡᠬᠦᠨ ᠢ᠋ ᠪᠥᠬᠥ᠌ ᠬᠡᠯᠬᠢᠶ᠎ᠡ ᠪᠡᠷ ᠬᠢᠨᠠᠨ ᠬᠠᠮᠢᠶᠠᠷᠬᠤ ᠬᠦᠴᠦᠨ ᠴᠢᠳᠠᠪᠤᠷᠢ ᠢ᠋ᠢ ᠦᠷᠭᠦᠯᠵᠢᠯᠡᠨ ᠳᠡᠭᠡᠭ᠌ᠰᠢᠯᠡᠭᠦᠯᠵᠦ᠍᠂ ᠤᠯᠤᠰ ᠤ᠋ᠨ ᠳᠣᠲᠣᠭᠠᠳᠤ ᠢ᠋ᠢᠨ 11 ᠪᠣᠭᠣᠮᠲᠠ᠎ᠲᠠᠶ ᠬᠠᠮᠵᠢᠯᠴᠠᠨ ᠬᠢᠨᠠᠨ ᠬᠠᠮᠢᠶᠠᠷᠬᠤ ᠲᠣᠭ᠍ᠲᠠᠴᠠ ᠢ᠋ᠢ ᠪᠠᠢᠭᠤᠯᠵᠤ᠂ 《ᠪᠣᠭᠣᠮᠲᠠ + ᠬᠠᠷᠢᠶ᠎ᠠ ᠭᠠᠵᠠᠷ》 ᠬᠣᠯᠪᠣᠭᠠᠯᠠᠨ ᠬᠥᠳᠡᠯᠦᠯᠴᠡᠵᠦ᠍᠂ ᠬᠢᠯᠢ ᠪᠡᠷ ᠣᠷᠣᠵᠤ ᠢᠷᠡᠭ᠌ᠰᠡᠨ ᠮᠢᠬᠠᠨ ᠤ᠋ ᠲᠦᠷᠦᠯ᠎ᠦᠨ ᠪᠦᠳᠦᠭᠡᠭᠳᠡᠬᠦᠨ ᠢ᠋ ᠲᠦᠷᠭᠡᠨ ᠬᠢᠨᠠᠨ ᠱᠢᠯᠭᠠᠬᠤ᠂ ᠥᠨᠳᠥᠷ ᠪᠦᠲᠦᠮᠵᠢᠲᠡᠶ ᠠᠮᠤᠷ ᠲᠦᠪᠱᠢᠨ᠎ᠢᠶᠡᠷ ᠦᠨᠭᠬᠡᠷᠡᠬᠦᠯᠬᠦ ᠢ᠋ᠢ ᠪᠠᠲᠤᠯᠠᠪᠠ᠃ ᠲᠦᠷᠦᠭᠦᠦ 4 ᠰᠠᠷ᠎ᠠ ᠳ᠋ᠤ᠌᠂ ᠮᠠᠨᠵᠤᠤᠷ ᠤ᠋ᠨ ᠵᠠᠰᠠᠮᠠᠯ ᠵᠠᠮ ᠤ᠋ᠨ ᠬᠢᠯᠢ ᠢ᠋ᠢᠨ ᠪᠤᠭᠤᠮᠳᠠ᠎ᠪᠠᠷ ᠳᠡᠮᠵᠢᠨ ᠭᠠᠳᠠᠭᠠᠳᠤ ᠡᠴᠡ ᠣᠷᠣᠭᠤᠯᠤᠭ᠍ᠰᠠᠨ ᠮᠢᠬᠠᠨ ᠤ᠋ ᠲᠦᠷᠦᠯ ᠤ᠋ᠨ ᠪᠦᠳᠦᠭᠡᠭᠳᠡᠬᠦᠨ 5752.5 ᠲᠣᠨ ᠳ᠋ᠤ᠌ ᠬᠦᠷᠴᠤ᠂ ᠪᠠᠷᠠᠭᠠᠨ ᠤ᠋ ᠥᠷᠲᠡᠭ ᠨᠢ 1.4 ᠳ᠋ᠦᠩᠱᠢᠭᠤᠷ ᠲᠥᠭᠥᠷᠢᠭ᠎ᠲᠦ ᠬᠦᠷᠴᠦ᠍᠂ ᠨᠢᠳᠤᠨᠤᠨ ᠤ᠋ ᠠᠳᠠᠯᠢ ᠬᠤᠭᠤᠴᠠᠭᠠᠨ ᠤ᠋᠎ᠬᠢ᠎ᠡᠴᠡ ᠲᠣᠰ ᠲᠣᠰ 19 ᠳᠠᠬᠢᠨ ᠪᠤᠯᠤᠨ 20 ᠳᠠᠬᠢᠨ ᠨᠡᠮᠡᠭ᠌ᠳᠡᠪᠡ᠃

ᠣᠢᠷ᠎ᠠ ᠢ᠋ᠢᠨ ᠵᠢᠯ᠎ᠡᠴᠡ ᠨᠠᠭᠠᠰᠢ᠂ ᠮᠠᠨᠵᠤᠤᠷ ᠪᠣᠭᠣᠮᠲᠠ 《ᠨᠢᠭᠡ ᠪᠦᠰᠡ ᠨᠢᠭᠡ ᠵᠠᠮ》᠎ᠢ᠋ ᠬᠠᠮᠲᠤ᠎ᠪᠠᠷ ᠪᠥᠲᠥᠭᠡᠨ ᠪᠠᠢᠭᠤᠯᠬᠤ ᠤᠯᠤᠰ ᠤ᠋ᠨ ᠴᠢᠨᠠᠷ ᠰᠠᠢᠲᠠᠶ ᠲᠠᠷᠢᠶᠠᠯᠠᠩ ᠤ᠋ᠨ ᠪᠦᠲᠦᠭᠡᠭ᠌ᠳᠡᠬᠦᠨ᠎ᠢ᠋ ᠬᠢᠵᠢᠭ ᠪᠠᠢᠴᠠᠭᠠᠵᠤ ᠵᠦᠪᠰᠢᠶᠡᠷᠡᠨ ᠤᠷᠤᠭᠤᠯᠬᠤ ᠢ᠋ᠢ ᠠᠬᠢᠭᠤᠯᠵᠤ᠂ ᠣᠷᠣᠰ᠎ᠡᠴᠡ ᠳᠤᠮᠳᠠᠳᠤ ᠤᠯᠤᠰ᠎ᠲᠤ ᠤᠷᠤᠭᠤᠯᠬᠤ ᠢᠳᠡᠭᠡᠨ᠎ᠦ ᠵᠦᠶ᠋ᠯ᠎ᠳᠦ 《ᠲᠤᠰᠭᠠᠶ ᠪᠣᠭᠣᠮᠲᠠ᠎ᠪᠠᠷ ᠥᠩᠭᠡᠷᠡᠭᠦᠯᠬᠦ᠌ ᠲᠥᠰᠦᠯ》 ᠢ᠋ ᠪᠠᠢᠭᠤᠯᠵᠤ᠂ ᠴᠢᠨᠠᠷ ᠰᠠᠢᠲᠠᠶ ᠢᠲᠡᠬᠡᠨ ᠎ᠤ ᠲᠠᠷᠢᠶᠠᠯᠠᠩ ᠤ᠋ᠨ ᠪᠦᠲᠦᠭᠡᠭ᠌ᠳᠡᠬᠦᠨ᠎ᠢ᠋ ᠭᠠᠳᠠᠭᠠᠳᠤ ᠡᠴᠡ ᠤᠷᠤᠭᠤᠯᠬᠤ ᠢ᠋ᠢ ᠥᠷᠭᠡᠳᠭᠡᠬᠦ᠌ ᠢ᠋ᠢ ᠳᠡᠮᠵᠢᠵᠦ᠍᠂ ᠬᠣᠶᠠᠷ ᠤᠯᠤᠰ ᠤ᠋ᠨ ᠢᠲᠡᠬᠡᠨ ᠎ᠤ  ᠲᠠᠷᠢᠶᠠᠯᠠᠩ ᠤ᠋ᠨ ᠪᠦᠲᠦᠭᠡᠭ᠌ᠳᠡᠬᠦᠨ᠎ᠦ ᠠᠷᠠᠯᠵᠢᠶ᠎ᠠ ᠳ᠋ᠤ᠌ ᠱᠢᠨ᠎ᠡ ᠠᠮᠢᠵᠢᠷᠠᠯ ᠤ᠋ᠨ ᠬᠦᠴᠦᠨ ᠨᠡᠮᠡᠷᠢᠯᠡᠪᠡ᠃ ᠵᠢᠱ᠌ᠢᠶᠡᠯᠡᠪᠡᠯ ᠮᠠᠨᠵᠤᠤᠷ ᠬᠢᠯᠢ ᠢ᠋ᠢᠨ ᠪᠣᠭᠣᠮᠲᠠ ᠨᠢᠳᠤᠨᠤᠨ ᠤ᠋ 10 ᠰᠠᠷ᠎ᠠ ᠳ᠋ᠤ᠌ ᠣᠷᠣᠰ ᠤ᠋ᠨ ᠬᠠᠷ᠎ᠠ ᠪᠣᠭᠣᠳᠠᠶ ᠢ᠋ᠢᠨ ᠭᠤᠯᠢᠷ ᠢ᠋ ᠭᠠᠳᠠᠭᠠᠳᠤ ᠡᠴᠡ ᠤᠷᠤᠭᠤᠯᠪᠠ᠃ ᠣᠷᠣᠰ ᠤ᠋ᠨ ᠭᠠᠬᠠᠶ ᠢ᠋ᠢᠨ ᠮᠢᠬ᠎ᠠ ᠢ᠋ᠢ ᠭᠠᠳᠠᠭᠠᠳᠤ ᠡᠴᠡ ᠣᠷᠣᠭᠤᠯᠬᠤ ᠬᠡᠪᠴᠢᠶ᠎ᠡ ᠲᠣᠭ᠍ᠲᠠᠭᠤᠨ᠎ᠢᠶᠠᠷ ᠥᠷᠭᠡᠳᠴᠦ᠍᠂ ᠨᠢᠳᠤᠨᠤᠨ ᠤ᠋ 6 ᠰᠠᠷ᠎ᠠ ᠳ᠋ᠤ᠌ ᠠᠩᠬ᠎ᠠ ᠤᠳᠠᠭ᠎ᠠ ᠭᠠᠳᠠᠭᠠᠳᠤ ᠡᠴᠡ ᠣᠷᠣᠭᠤᠯᠤᠭ᠍ᠰᠠᠨ ᠡᠴᠡ ᠣᠲᠣ ᠪᠣᠯᠲᠠᠯ᠎ᠠ ᠨᠡᠢᠲᠡ 7076.1 ᠲᠣᠨ ᠢ᠋ ᠭᠠᠳᠠᠭᠠᠳᠤ ᠡᠴᠡ ᠣᠷᠣᠭᠤᠯᠵᠤ᠂ ᠣᠷᠣᠰ ᠤ᠋ᠨ ᠭᠠᠬᠠᠶ ᠢ᠋ᠢᠨ ᠮᠢᠬ᠎ᠠ ᠢ᠋ᠢ ᠳᠤᠮᠳᠠᠳᠤ ᠤᠯᠤᠰ᠎ᠲᠤ ᠣᠷᠣᠭᠤᠯᠬᠤ ᠢ᠋ᠢ ᠪᠠᠢᠩᠭᠤᠵᠢᠭᠤᠯᠤᠨ ᠪᠣᠭᠣᠮᠲᠠ᠎ᠪᠠᠷ ᠥᠩᠭᠡᠷᠡᠭᠦᠯᠬᠦ᠌ ᠢ᠋ᠢ ᠪᠡᠶᠡᠯᠡᠭᠦᠯᠪᠡ᠃ ᠡᠭᠦᠨ᠎ᠡᠴᠡ ᠭᠠᠳᠠᠨ᠎ᠠ᠂ ᠡᠨᠡ ᠵᠢᠯ᠎ᠦᠨ 3 ᠰᠠᠷ᠎ᠠ ᠳ᠋ᠤ᠌ ᠮᠠᠨᠵᠤᠤᠷ ᠤ᠋ᠨ ᠡᠬᠡ ᠬᠠᠭᠤᠷᠠᠶ ᠢ᠋ᠢᠨ ᠭᠠᠷᠠᠮ ᠤ᠋ᠨ ᠣᠯᠠᠨ ᠤᠯᠤᠰ ᠤ᠋ᠨ ᠡᠳ᠋ ᠪᠠᠷᠠᠭᠠᠨ ᠤ᠋ ᠬᠦᠢᠯᠬᠡᠬᠡ ᠢ᠋ᠢᠨ ᠲᠥᠪ ᠨᠢ ᠬᠢᠯᠢ ᠪᠡᠷ ᠣᠷᠣᠭᠤᠯᠬᠤ ᠮᠢᠬᠠᠨ ᠤ᠋ ᠲᠦᠷᠦᠯ ᠤ᠋ᠨ ᠵᠢᠭᠠᠨ ᠲᠣᠭ᠍ᠲᠠᠭᠠᠭ᠍ᠰᠠᠨ ᠬᠢᠨᠠᠨ ᠬᠠᠮᠢᠶᠠᠷᠤᠯᠲᠠ ᠢ᠋ᠢᠨ ᠲᠠᠯᠠᠪᠤᠷ ᠭᠠᠷᠭᠠᠬᠤ ᠢ᠋ᠢ ᠵᠥᠪᠱᠢᠶᠡᠷᠡᠪᠡ᠃

《ᠳᠤᠮᠳᠠᠳᠤ ᠤᠯᠤᠰ (ᠥᠪᠥᠷ ᠮᠣᠩᠭᠣᠯ) ᠤ᠋ᠨ ᠴᠢᠯᠥᠭᠡᠲᠦ ᠠᠷᠠᠯᠵᠢᠶᠠᠨ ᠤ᠋ ᠲᠤᠷᠱᠢᠯᠲᠠ ᠢ᠋ᠢᠨ ᠣᠷᠣᠨ ᠤ᠋ ᠶᠡᠷᠦᠩᠬᠡᠶ ᠲᠥᠰᠦᠯ》᠎ᠳ᠋ᠤ᠂ ᠥᠪᠥᠷ ᠮᠣᠩᠭᠣᠯ ᠤ᠋ᠨ ᠴᠢᠯᠥᠭᠡᠲᠦ ᠠᠷᠠᠯᠵᠢᠶᠠᠨ ᠤ᠋ ᠲᠤᠷᠱᠢᠯᠲᠠ ᠢ᠋ᠢᠨ ᠣᠷᠣᠨ ᠤ᠋ 《ᠬᠦᠷᠰᠢ ᠵᠡᠷᠬᠡᠯᠡᠳᠡᠬᠡ ᠤᠯᠤᠰ ᠤ᠋ᠳ ᠤ᠋ᠨ ᠴᠢᠨᠠᠷ ᠰᠠᠢᠲᠠᠶ ᠢᠲᠡᠬᠡᠨ ᠎ᠤ ᠲᠠᠷᠢᠶᠠᠯᠠᠩ ᠤ᠋ᠨ ᠪᠦᠲᠦᠭᠡᠭ᠌ᠳᠡᠬᠦᠨ᠎ᠢ ᠳᠤᠮᠳᠠᠳᠤ ᠤᠯᠤᠰ᠎ᠲᠤ ᠤᠷᠤᠭᠤᠯᠬᠤ ᠬᠢᠵᠢᠭ ᠪᠠᠢᠴᠠᠭᠠᠬᠤ ᠵᠥᠪᠱᠢᠶᠡᠷᠡᠯ᠎ᠢ ᠠᠬᠢᠭᠤᠯᠵᠤ᠂ ᠴᠢᠨᠠᠷ ᠰᠠᠢᠲᠠᠶ ᠢᠲᠡᠬᠡᠨ ᠎ᠤ ᠲᠠᠷᠢᠶᠠᠯᠠᠩ ᠤ᠋ᠨ ᠪᠦᠲᠦᠭᠡᠭ᠌ᠳᠡᠬᠦᠨ᠎ᠢ ᠭᠠᠳᠠᠭᠠᠳᠤ ᠡᠴᠡ ᠣᠷᠣᠭᠤᠯᠬᠤ ᠢ᠋ᠢ ᠥᠷᠭᠡᠳᠭᠡᠨ᠎ᠡ》 ᠭᠡᠵᠦ᠍ ᠳᠤᠷᠠᠳᠴᠠᠶ᠃ ᠣᠢᠯᠠᠭᠠᠭ᠍ᠰᠠᠨ᠎ᠢᠶᠠᠷ᠂ 《ᠶᠡᠷᠦᠩᠬᠡᠶ ᠲᠥᠰᠦᠯ》 ᠳ᠋ᠤ᠌ ᠲᠦᠱᠢᠭ᠌ᠯᠡᠨ ᠮᠠᠨᠵᠤᠤᠷ ᠪᠣᠭᠣᠮᠲᠠ᠎ᠨᠢ ᠬᠦᠷᠰᠢ ᠵᠡᠷᠬᠡᠯᠡᠳᠡᠬᠡ ᠤᠯᠤᠰ ᠤ᠋ᠳ ᠤ᠋ᠨ ᠴᠢᠨᠠᠷ ᠰᠠᠢᠲᠠᠶ ᠢᠲᠡᠬᠡᠨ ᠎ᠤ ᠲᠠᠷᠢᠶᠠᠯᠠᠩ ᠤ᠋ᠨ ᠪᠦᠲᠦᠭᠡᠭ᠌ᠳᠡᠬᠦᠨ᠎ᠢ ᠭᠠᠳᠠᠭᠠᠳᠤ ᠡᠴᠡ ᠣᠷᠣᠭᠤᠯᠵᠤ ᠪᠦᠲᠦᠭᠡᠭ᠌ᠳᠡᠬᠦᠨ᠎ᠢᠶᠡᠨ ᠥᠷᠭᠡᠳᠭᠡᠨ ᠬᠡᠮᠵᠢᠶ᠎ᠡ ᠢ᠋ᠢ᠎ᠨᠢ ᠨᠡᠮᠡᠭ᠌ᠳᠡᠭᠦᠯᠬᠦ᠌ ᠢ᠋ᠢ ᠦᠷᠭᠦᠯᠵᠢᠯᠡᠨ ᠠᠬᠢᠭᠤᠯᠵᠤ᠂ ᠰᠤᠯᠠ ᠰᠠᠪᠠᠯᠠᠭᠰᠠᠨ ᠢᠳᠡᠭᠡᠨ᠎ᠦ ᠤᠷᠭᠤᠮᠠᠯ ᠤ᠋ᠨ ᠲᠣᠰᠣ᠂ ᠮᠢᠬᠠᠨ ᠤ᠋ ᠲᠥᠷᠥᠯ ᠵᠡᠷᠭᠡ ᠪᠦᠲᠦᠭᠡᠭ᠌ᠳᠡᠬᠦᠨ᠎ᠢ 《ᠰᠠᠭᠤᠷᠢᠱᠢᠭᠤᠯᠤᠨ ᠡᠳ᠋ᠱᠢᠭᠦᠯᠬᠦ᠌》 ᠢ᠋ᠢ ᠳᠡᠮᠵᠢᠵᠦ᠍᠂ ᠤᠯᠤᠰ ᠤ᠋ᠨ ᠳᠣᠲᠣᠭᠠᠳᠤ ᠢ᠋ᠢᠨ ᠬᠡᠷᠡᠭ᠌ᠯᠡᠭᠡᠨ᠎ᠦ ᠬᠡᠷᠡᠭ᠌ᠴᠡᠭᠡ ᠱᠠᠭᠠᠷᠳᠠᠯᠭ᠎ᠠ ᠢ᠋ᠢ ᠬᠠᠩᠭᠠᠬᠤ ᠢ᠋ᠢᠨ ᠬᠠᠮᠲᠤ ᠣᠯᠠᠨ ᠤᠯᠤᠰ ᠤ᠋ᠨ ᠬᠠᠮᠲᠤᠷᠠᠯᠴᠠᠭ᠎ᠠ ᠢ᠋ᠢ ᠭᠦᠨᠵᠡᠭᠡᠢᠷᠡᠭᠦᠯᠬᠥ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号