ᠦᠢᠷ᠎ᠠ᠎ᠳᠤ 6 ᠵᠢᠯ ᠲᠦᠷ ᠵᠣᠭ᠍ᠰᠣᠭ᠍ᠰᠠᠨ ᠮᠠᠨᠵᠤᠤᠷ᠎ᠠᠴᠠ ᠤᠷᠤᠰ᠎ᠤᠨ ᠠᠷᠤ ᠪᠠᠢᠭᠠᠯ ᠤ᠋ᠨ ᠬᠢᠯᠢ ᠭᠢᠵᠠᠭᠠᠷ ᠤᠷᠤᠨ ᠬᠥᠷᠬᠥ᠌ 353 / 354 ᠡᠭᠡᠯᠵᠢ ᠵᠢᠨ ᠣᠯᠠᠨ ᠤᠯᠤᠰ᠎ᠤᠨ ᠠᠶᠠᠨᠴᠢᠳ᠎ᠤᠨ ᠭᠠᠯᠳᠤ ᠲᠡᠷᠭᠡ ᠠᠶᠠᠯᠠᠯ᠎ᠢᠶᠠᠨ ᠰᠡᠷᠭᠦᠭᠡᠪᠡ᠃ ᠠᠶᠠᠯᠠᠯ ᠵᠢᠡᠨ ᠰᠡᠷᠬᠦᠭᠡᠭᠰᠡᠨᠦ ᠳᠠᠷᠠᠭᠠᠬᠢ 353 / 354 ᠡᠭᠡᠯᠵᠢ ᠵᠢᠨ ᠭᠠᠯᠲᠤ ᠲᠡᠷᠭᠡ ᠭᠠᠷᠠᠭ ᠲᠸ᠋ ᠬᠤᠶᠠᠷ ᠤᠳᠠᠭ᠎ᠠ ᠨᠡᠪᠳᠡᠷᠡᠵᠤ᠂ᠲᠠᠡᠭ ᠱᠤᠭᠤᠮ᠎ᠤᠨ ᠤᠷᠳᠤ ᠨᠢ 9.8 ᠺᠢᠯᠣᠮᠧᠲ᠋ᠷ ᠪᠠᠢᠵᠤ᠂ ᠠᠶᠠᠯᠠᠬᠤ ᠴᠠᠭ ᠨᠢ 25 ᠮᠢᠨᠦ᠋ᠲ ᠪᠣᠯᠤᠨ᠎ᠠ᠃ ᠰᠦᠢᠹᠤᠨ ᠭᠣᠣᠯ — ᠭᠷᠤᠵᠢᠶ᠍ᠸᠺᠸᠸᠸ ᠬᠦᠷᠬᠦ ᠵᠠᠮ ᠱᠤᠭᠤᠮ ᠲᠠᠢ ᠬᠠᠮᠲᠤ᠎ᠪᠠᠷ ᠳᠤᠮᠳᠠᠳᠤ ᠤᠷᠤᠰ᠎ᠤᠨ ᠬᠢᠯᠢ᠎ᠶ᠋ᠢᠨ ᠠᠶᠠᠨᠴᠢᠳ᠎ᠤᠨ ᠲᠡᠭᠡᠭᠡᠪᠦᠷᠢ᠎ᠶ᠋ᠢᠨ ᠭᠣᠣᠯ ᠵᠠᠮ᠎ᠢ ᠪᠦᠷᠢᠯᠳᠦᠭᠦᠯᠵᠦ᠍᠂ ᠬᠢᠯᠢ ᠠᠯᠤᠰᠯᠠᠨ ᠶᠠᠪᠤᠵᠤ ᠰᠠᠭᠤᠬᠤ ᠳᠥᠭᠥᠮ ᠳᠥᠲᠡ ᠴᠢᠨᠠᠷ ᠪᠣᠯᠤᠨ ᠠᠮᠢᠳᠤᠯᠢᠭ ᠴᠢᠨᠠᠷ᠎ᠢ ᠶᠡᠬᠡᠪᠡᠷ ᠳᠡᠭᠡᠭ᠌ᠰᠢᠯᠡᠭᠦᠯᠦᠭᠰᠡᠨ ᠪᠠᠢᠨ᠎ᠠ᠃
ᠮᠠᠨᠵᠤᠤᠷ ᠥᠷᠲᠡᠭᠡ ᠣᠯᠠᠨ ᠤᠯᠤᠰ᠎ᠤᠨ ᠲᠡᠷᠭᠡ ᠬᠦᠯᠢᠶᠡᠬᠦ᠌ ᠲᠠᠰᠤᠭ᠎ᠢ ᠲᠠᠰ ᠳᠡᠪᠱᠢᠭᠦᠯᠦᠨ ᠥᠭᠡᠷᠡᠴᠢᠯᠡᠵᠦ᠍᠂ ᠣᠯᠠᠨ ᠬᠡᠯᠡ᠎ᠪᠡᠷ ᠬᠥᠲᠥᠯᠥᠨ ᠵᠢᠯᠣᠭᠣᠳᠭᠤ ᠲᠡᠮᠳᠡᠭ ᠪᠠ ᠠᠰᠠᠭᠤᠨ ᠯᠠᠪᠯᠠᠬᠤ ᠴᠣᠩᠬᠣᠪᠴᠢ᠎ᠶ᠋ᠢ ᠨᠠᠮᠠᠨ ᠲᠣᠬᠢᠷᠠᠭᠤᠯᠵᠤ᠂ ᠪᠢᠯᠧᠲ᠎ᠦᠨ ᠶᠠᠪᠤᠳᠠᠯ᠎ᠢ ᠭᠦᠶ᠋ᠴᠡᠳᠭᠡᠬᠦ᠌ ᠪᠠ ᠪᠣᠭᠣᠮᠲᠠ᠎ᠪᠠᠷ ᠥᠩᠭᠡᠷᠡᠭᠦᠯᠬᠦ᠌᠎ᠶ᠋ᠢ ᠪᠠᠢᠴᠠᠭᠠᠨ ᠱᠢᠯᠭᠠᠬᠤ ᠶᠠᠪᠤᠴᠠ ᠵᠢ ᠳᠥᠭᠥᠮᠴᠢᠯᠡᠵᠦ᠍᠂ ᠬᠢᠯᠢ᠎ᠶ᠋ᠢᠨ ᠪᠠᠢᠴᠠᠭᠠᠯᠲᠠ᠂ ᠪᠣᠭᠣᠮᠲᠠ ᠵᠡᠷᠭᠡ ᠰᠠᠯᠠᠭ᠎ᠠ ᠮᠥᠴᠢᠷ᠎ᠯᠦᠭᠡ ᠬᠠᠮᠲᠤᠷᠠᠨ ᠬᠥᠳᠡᠯᠦᠯᠴᠡᠬᠦ᠌ ᠲᠣᠭ᠍ᠲᠠᠴᠠ᠎ᠶ᠋ᠢ ᠪᠠᠢᠭᠤᠯᠵᠤ᠂ ᠠᠶᠠᠨᠴᠢᠳ᠎ᠤᠨ ᠪᠤᠭᠤᠮᠳᠠ ᠦᠡᠭᠭᠡᠷᠡᠬᠦ ᠴᠠᠭ᠎ᠢ 1 ᠴᠠᠭ ᠠᠷᠪᠢᠯᠠᠵᠤ ᠥᠭ᠌ᠪᠡ᠃ ᠡᠭᠦᠨ᠎ᠦ ᠬᠠᠮᠲᠤ᠂ ᠲᠡᠮᠦᠷ ᠵᠠᠮ᠎ᠤᠨ ᠠᠶᠠᠨᠴᠢᠳ᠎ᠤᠨ ᠵᠥᠭᠡᠭᠡᠪᠦᠷᠢ᠎ᠶ᠋ᠢᠨ ᠰᠡᠷᠭᠦᠯᠲᠡ᠎ᠨᠢ ᠳᠤᠮᠳᠠᠳᠤ ᠣᠷᠣᠰ᠎ᠤᠨ ᠬᠢᠯᠢ ᠠᠯᠤᠰᠯᠠᠭ᠍ᠰᠠᠨ ᠵᠢᠭᠤᠯᠴᠢᠯᠠᠯ ᠬᠢᠭᠡᠳ ᠠᠵᠤ ᠠᠬᠤᠶ ᠠᠷᠠᠯᠵᠢᠶᠠᠨ᠎ᠤ ᠬᠠᠮᠲᠤᠷᠠᠯᠴᠠᠭ᠎ᠠ᠎ᠳᠤ ᠱᠢᠨ᠎ᠡ ᠠᠵᠠ ᠲᠣᠬᠢᠶᠠᠯ ᠠᠪᠴᠢᠷᠠᠵᠤ᠂ ᠳᠤᠮᠳᠠᠳᠤ ᠣᠷᠣᠰ᠎ᠤᠨ ᠬᠢᠯᠢ ᠠᠯᠤᠰᠯᠠᠭ᠍ᠰᠠᠨ ᠵᠢᠭᠤᠯᠴᠢᠯᠠᠯ᠎ᠤᠨ ᠵᠠᠬ᠎ᠠ ᠳᠡᠯᠭᠡᠭᠦᠷ᠎ᠢ ᠤᠯᠠᠮ ᠨᠢᠭᠡ ᠠᠯᠬᠤᠮ ᠬᠥᠭ᠌ᠵᠢᠭᠡᠵᠦ᠍᠂ ᠬᠢᠯᠢ ᠬᠢᠵᠠᠭᠠᠷ ᠣᠷᠣᠨ᠎ᠤ 《ᠨᠡᠪᠲᠡᠷᠡᠬᠦ᠌ ᠵᠠᠮ᠎ᠤᠨ ᠠᠵᠤ ᠠᠬᠤᠶ》 ᠠ᠋ᠴᠠ 《ᠠᠵᠤ ᠦᠶ᠋ᠯᠡᠰ᠎ᠦᠨ ᠠᠵᠤ ᠠᠬᠤᠶ》᠂ 《ᠪᠡᠶᠡᠴᠢᠯᠡᠨ ᠣᠢᠯᠠᠭᠠᠬᠤ ᠠᠵᠤ ᠠᠬᠤᠶ》 ᠲᠡᠢᠰᠢ ᠬᠡᠯᠪᠡᠷᠢ᠎ᠪᠡᠨ ᠬᠤᠪᠢᠷᠠᠭᠤᠯᠬᠤ᠎ᠶ᠋ᠢ ᠠᠬᠢᠭᠤᠯᠵᠤ᠂ ᠲᠤᠬᠠᠶ᠎ᠶ᠋ᠢᠨ ᠭᠠᠵᠠᠷ᠎ᠤᠨ ᠠᠵᠤ ᠠᠬᠤᠶ ᠨᠡᠢᠭᠡᠮ᠎ᠦᠨ ᠴᠢᠨᠠᠷ ᠰᠠᠢᠲᠠᠶ ᠬᠥᠭ᠌ᠵᠢᠯᠲᠡ᠎ᠳᠦ ᠬᠦᠴᠦᠷᠬᠡᠭ ᠶᠡᠬᠡ ᠬᠥᠳᠡᠯᠭᠡᠬᠦ᠌ ᠬᠦᠴᠦᠨ ᠨᠡᠮᠡᠷᠢᠯᠡᠬᠦ᠌ ᠪᠣᠯᠤᠨ᠎ᠠ᠃
ᠳᠤᠮᠳᠠᠳᠤ ᠣᠷᠣᠰ ᠮᠣᠩᠭᠣᠯ ᠭᠤᠷᠪᠠᠨ ᠤᠯᠤᠰ᠎ᠤᠨ ᠠᠭᠤᠯᠵᠠᠷ᠎ᠲᠤ ᠪᠠᠢᠭ᠎ᠠ ᠮᠠᠨᠵᠤᠤᠷ ᠬᠢᠯᠢ ᠵᠢᠨ ᠪᠣᠭᠣᠮᠲᠠ ᠪᠣᠯ ᠠᠽᠢᠶ᠎ᠠ ᠧᠦ᠋ᠷᠣᠫᠠ᠎ᠶ᠋ᠢᠨ ᠡᠬᠡ ᠬᠠᠭᠤᠷᠠᠶ᠎ᠶ᠋ᠢᠨ ᠬᠥᠭᠥᠷᠭᠡ᠎ᠶ᠋ᠢ ᠬᠣᠯᠪᠣᠭ᠍ᠰᠠᠨ ᠴᠢᠬᠤᠯᠠ ᠬᠦᠶ᠋ᠰᠦ ᠦᠷᠳᠡᠭᠡ ᠪᠠᠢᠵᠤ᠂ ᠳᠤᠮᠳᠠᠳᠤ ᠣᠷᠣᠰ᠎ᠤᠨ ᠠᠷᠠᠯᠵᠢᠶᠠᠨ᠎ᠤ 65%᠎ᠠ᠋ᠴᠠ ᠳᠡᠭᠡᠭ᠌ᠰᠢᠬᠢ ᠡᠬᠡ ᠬᠠᠭᠤᠷᠠᠶ᠎ᠶ᠋ᠢᠨ ᠲᠡᠭᠡᠭᠡᠪᠦᠷᠢ᠎ᠶ᠋ᠢᠨ ᠡᠭᠦᠷᠭᠡ᠎ᠶ᠋ᠢ ᠡᠭᠦᠷᠭᠡᠯᠡᠵᠦ᠍ ᠪᠠᠢᠨ᠎ᠠ᠃