ᠤᠢᠷ᠎ᠠ᠎ᠳᠤ ᠰᠤᠷᠪᠤᠯᠵᠢᠯᠠᠭᠴᠢ ᠤᠷᠠᠳ ᠪᠣᠭᠣᠮᠲᠠ ᠡᠴᠡ ᠣᠢᠯᠠᠭᠠᠭᠰᠠᠨ᠎ᠢ᠋ᠶ᠋ᠠᠷ᠂ ᠲᠦᠷᠦᠬᠦᠦ ᠤᠯᠠᠷᠢᠯᠳ᠋ᠤ᠌ ᠮᠠᠨ᠎ᠤ᠋ ᠤᠯᠤᠰ᠎ᠤ᠋ᠨ ᠠᠩᠬᠠᠳᠠᠭᠴᠢ ᠬᠢᠯᠢ ᠠᠯᠤᠰᠯᠠᠭᠰᠠᠨ AGV ᠵᠥᠭᠡᠭᠡᠪᠦᠷᠢ᠎ᠶ᠋ᠢᠨ ᠵᠠᠮ᠎ᠤᠨ ᠪᠣᠭᠣᠮᠲᠠ᠎ᠪᠠᠷ ᠥᠩᠭᠡᠷᠡᠭᠰᠡᠨ ᠲᠡᠷᠭᠡᠨ᠎ᠤ ᠲᠤᠭ᠎ᠠ ᠪᠣᠯᠤᠨ ᠪᠠᠷᠠᠭ᠎ᠠ ᠲᠡᠭᠡᠭᠡᠪᠦᠷᠢᠯᠡᠭᠰᠡᠨ ᠬᠡᠮᠵᠢᠶ᠎ᠡ ᠵᠡᠷᠭᠡ ᠪᠡᠷ ᠨᠡᠮᠡᠭᠳᠡᠵᠡᠢ᠃ ᠪᠣᠭᠣᠮᠲᠠ᠎ᠶ᠋ᠢᠨ ᠰᠢᠯᠭᠠᠨ ᠪᠠᠢᠴᠠᠭᠠᠵᠤ ᠬᠢᠯᠢ᠎ᠪᠡᠷ ᠣᠷᠣᠭᠤᠯᠤᠭᠰᠠᠨ AGV ᠮᠠᠰᠢᠨ ᠲᠡᠷᠭᠡ 15.6 ᠲᠦᠮᠡᠨ ᠤᠳᠠᠭᠠᠳ᠋ᠤ᠌ ᠬᠦᠷᠴᠦ᠂ ᠬᠢᠨᠠᠨ ᠬᠠᠮᠢᠶᠠᠷᠴᠤ ᠭᠠᠳᠠᠭᠠᠳᠤᠠ᠋ᠴᠠ ᠣᠷᠣᠭᠤᠯᠤᠭᠰᠠᠨ ᠪᠠᠷᠠᠭ᠎ᠠ 106.5 ᠲᠦᠮᠡᠨ ᠲᠤᠨᠳ᠋ᠤ᠌ ᠬᠦᠷᠴᠦ᠂ ᠳᠡᠭᠡᠷ᠎ᠡ ᠵᠢᠯ᠎ᠦ᠋ᠨ ᠠᠳᠠᠯᠢ ᠬᠤᠭᠤᠴᠠᠭᠠᠨ᠎ᠤ᠋ ᠬᠢ᠎ᠡᠴᠡ ᠲᠤᠰ ᠲᠤᠰ 17.5 % ᠪᠠ 18.1% ᠨᠡᠮᠡᠭᠳᠡᠵᠦ᠂ 《ᠰᠠᠢᠨ ᠭᠠᠷᠤᠭ᠎ᠠ》 ᠵᠢ ᠪᠡᠶᠡᠯᠡᠭᠦᠯᠪᠡ᠃
ᠲᠤᠰ ᠵᠥᠭᠡᠭᠡᠪᠦᠷᠢ᠎ᠶ᠋ᠢᠨ ᠵᠠᠮ 2022 ᠣᠨ᠎ᠤ᠋ 7 ᠰᠠᠷ᠎ᠠ᠎ᠶ᠋ᠢᠨ 16᠎ᠤ᠋ ᠡᠳᠦᠷ ᠮᠠᠨ᠎ᠤ᠋ ᠤᠯᠤᠰ᠎ᠤ᠋ᠨ ᠪᠠᠷᠠᠭᠠᠨ᠎ᠤ ᠲᠡᠭᠡᠭᠡᠪᠦᠷᠢ᠎ᠪᠡᠷ ᠬᠠᠮᠤᠭ᠎ᠤ᠋ᠨ ᠶᠡᠬᠡ ᠵᠠᠰᠠᠮᠠᠯ ᠵᠠᠮ᠎ᠤ᠋ᠨ ᠬᠢᠯᠢ᠎ᠶᠢᠨ ᠪᠣᠭᠣᠮᠲᠠ ᠪᠤᠯᠬᠤ ᠭᠠᠭᠴᠠᠮᠤᠳᠤ ᠬᠢᠯᠢ᠎ᠶᠢᠨ ᠪᠣᠭᠣᠮᠲᠠ ᠪᠤᠯᠤᠨ ᠮᠣᠩᠭᠣᠯ ᠤᠯᠤᠰ᠎ᠤ᠋ᠨ ᠭᠠᠰᠢᠭᠤᠨ ᠰᠤᠬᠠᠢ᠎ᠲᠦ ᠬᠢᠯᠢ᠎ᠶᠢᠨ ᠪᠣᠭᠣᠮᠲᠠ᠎ᠶ᠋ᠢᠨ ᠪᠤᠳᠠᠰ᠎ᠤᠨ ᠭᠦᠢᠯᠭᠡᠭᠡ ᠵᠢᠨ ᠥᠷᠲᠡᠭᠡ᠎ᠵᠢ ᠬᠠᠷᠢᠯᠴᠠᠨ ᠨᠡᠪᠲᠡᠷᠡᠭᠦᠯᠵᠦ᠂ 《ᠣᠯᠠᠨ ᠬᠡᠯᠪᠡᠷᠢ᠎ᠶ᠋ᠢᠨ ᠬᠠᠮᠲᠤᠷᠠᠭᠰᠠᠨ ᠲᠡᠭᠡᠭᠡᠪᠦᠷᠢ + ᠠᠦ᠋ᠲ᠋ᠣ᠋ ᠪᠡᠷ ᠪᠣᠭᠣᠮᠲᠠ ᠨᠡᠪᠲᠡᠷᠡᠬᠦ》 ᠰᠢᠨ᠎ᠡ ᠵᠠᠭᠪᠤᠷ᠎ᠢ᠋ ᠠᠩᠬ᠎ᠠ ᠲᠥᠯᠦᠪᠰᠢᠭᠦᠯᠪᠡ᠃ ᠵᠦᠭᠡᠭᠡᠪᠦᠷᠢ᠎ᠶᠢᠨ ᠵᠠᠮ ᠨᠡᠪᠲᠡᠷᠡᠭᠰᠡᠨ᠎ᠡᠴᠡ ᠡᠳᠦᠭᠡ ᠪᠤᠯᠳᠠᠯ᠎ᠠ᠂ 17 ᠲᠦᠮᠡ ᠭᠠᠷᠤᠢ AGV ᠲᠡᠭᠡᠭᠡᠪᠦᠷᠢ᠎ᠶ᠋ᠢᠨ ᠮᠠᠰᠢᠨ᠎ᠢ ᠪᠤᠭᠤᠮᠳᠠ ᠪᠡᠷ ᠦᠩᠭᠡᠷᠡᠭᠦᠯᠵᠦ᠂ ᠭᠠᠳᠠᠭᠠᠳᠤ᠎ᠡᠴᠡ ᠤᠷᠤᠭᠤᠯᠤᠭᠰᠠᠨ ᠪᠠᠷᠠᠭᠠᠨ᠎ᠤ ᠲᠡᠭᠡᠭᠡᠪᠦᠷᠢ᠎ᠶ᠋ᠢᠨ ᠬᠡᠮᠵᠢᠶ᠎ᠡ 1100 ᠲᠦᠮᠡᠨ ᠲᠤᠨᠢ᠋ ᠳᠠᠪᠠᠭᠰᠠᠨ ᠪᠠᠢᠨ᠎ᠠ᠃
ᠬᠢᠨᠠᠨ ᠬᠠᠮᠢᠶᠠᠷᠬᠤ ᠲᠤᠬᠠᠢ ᠵᠢᠨ ᠲᠠᠯᠠᠪᠠᠢ᠎ᠳ᠋ᠤ᠌᠂ AGV ᠮᠠᠰᠢᠨ ᠲᠡᠷᠭᠡ ᠡᠮᠬᠢ ᠳᠠᠷᠠᠭ᠎ᠠ᠎ᠲᠠᠢ ᠨᠡᠭᠠᠰᠢ ᠴᠠᠭᠠᠰᠢ ᠰᠦᠯᠵᠢᠯᠳᠦᠨ᠎ᠡ᠃ ᠬᠢᠯᠢ᠎ᠳ᠋ᠦ᠍ ᠣᠷᠣᠵᠤ ᠢᠷᠡᠭᠰᠡᠨᠦ᠌ ᠳᠠᠷᠠᠭ᠎ᠠ ᠰᠦᠷᠴᠢᠨ ᠤᠬᠢᠶᠠᠬᠤ᠂ ᠰᠠᠴᠤᠷᠠᠭᠢ᠋ᠶ᠋ᠠᠷ ᠬᠡᠮᠵᠢᠨ ᠪᠠᠢᠴᠠᠭᠠᠬᠤ᠂ ᠮᠠᠰᠢᠨ ᠲᠡᠷᠭᠡᠨᠦ᠌ ᠪᠡᠶ᠎ᠡ᠎ᠶ᠋ᠢ ᠢᠯᠭᠠᠨ ᠲᠠᠨᠢᠬᠤ᠂ ᠬᠠᠰᠢᠯᠭ᠎ᠠ ᠪᠡᠷ ᠰᠢᠯᠭᠠᠨ ᠲᠠᠯᠪᠢᠬᠤ᠂ ᠮᠠᠰᠢᠨ᠎ᠢᠶᠡᠷ ᠡᠵᠡᠮᠳᠡᠨ ᠰᠢᠯᠭᠠᠨ ᠪᠠᠢᠴᠠᠭᠠᠬᠤ ᠵᠡᠷᠭᠡ ᠬᠢᠨᠠᠨ ᠬᠠᠮᠢᠶᠠᠷᠬᠤ ᠭᠤᠭᠴᠤᠭ᠎ᠠ᠎ᠶ᠋ᠢ ᠳᠠᠮᠵᠢᠭᠠᠳ᠂ ᠲᠤᠰᠬᠠᠢ ᠬᠢᠨᠠᠨ ᠬᠠᠮᠢᠶᠠᠷᠬᠤ ᠲᠠᠯᠠᠪᠤᠷ᠎ᠲᠤ᠌ ᠰᠢᠭᠤᠳ ᠬᠦᠷᠴᠦ᠂ ᠪᠦᠬᠦ ᠶᠠᠪᠤᠴᠠ᠎ᠳ᠋ᠤ᠌ ᠬᠦᠮᠦᠨ ᠪ ᠭᠦᠴᠦ ᠴᠢᠬᠤᠯᠠ ᠦᠭᠡᠢ ᠪᠠᠢᠵᠤ᠂ ᠲᠠᠩ ᠡᠳᠦᠷ᠎ᠦ᠋ᠨ ᠬᠠᠮᠤᠭ᠎ᠤᠨ ᠶᠡᠬᠡ ᠲᠡᠭᠡᠭᠡᠪᠦᠷᠢ᠎ᠶ᠋ᠢᠨ ᠬᠦᠴᠦᠨ ᠨᠢ 3.1 ᠲᠦᠮᠡᠨ ᠲᠤᠨᠳ᠋ᠤ᠌ ᠬᠦᠷᠴᠦ ᠪᠤᠢ᠃
ᠤᠷᠠᠳ ᠪᠣᠭᠣᠮᠲᠠ ᠬᠢᠯᠢ ᠠᠯᠥᠰᠯᠬᠠᠰᠠᠨ AGV ᠪᠦᠷᠢᠨ ᠬᠡᠯᠬᠢᠶᠡᠵᠢᠭᠰᠡᠨ ᠣᠶᠤᠨᠴᠢ ᠬᠢᠨᠠᠨ ᠬᠠᠮᠢᠶᠠᠷᠬᠤ ᠲᠠᠯᠠᠪᠠᠢ᠎ᠶ᠋ᠢ ᠲᠦᠷᠭᠡᠨ ᠪᠠᠢᠭᠤᠯᠵᠤ᠂ ᠳᠤᠮᠳᠠᠳᠤ ᠮᠣᠩᠭᠣᠯ᠎ᠤ᠋ᠨ ᠪᠣᠭᠣᠮᠲᠠ᠎ᠶ᠋ᠢᠨ ᠬᠢᠨᠠᠨ ᠬᠠᠮᠢᠶᠠᠷᠤᠯᠲᠠ᠎ᠶ᠋ᠢᠨ ᠲᠣᠭ᠎ᠠ ᠪᠠᠷᠢᠮᠲᠠ᠎ᠶ᠋ᠢ ᠬᠣᠶᠠᠷ ᠲᠠᠯᠠᠪᠠᠷᠢ᠋ᠶ᠋ᠠᠨ ᠬᠠᠷᠢᠴᠠᠭᠤᠯᠬᠤ ᠲᠣᠭᠲᠠᠴᠠ᠎ᠶ᠋ᠢ ᠰᠢᠯᠢᠳᠡᠭᠵᠢᠭᠦᠯᠦᠨ ᠥᠷᠭᠡᠳᠬᠡᠬᠦ᠎ᠪᠡᠷ ᠳᠠᠮᠵᠢᠨ᠂ ᠬᠢᠯᠢ᠎ᠶ᠋ᠢᠨ ᠳᠣᠲᠣᠷᠠᠬᠢ ᠪᠣᠭᠣᠮᠲᠠ᠂ ᠡᠵᠡᠩᠨᠡᠯᠲᠡ᠎ᠶ᠋ᠢᠨ ᠠᠵᠤ ᠠᠬᠤᠢᠯᠠᠯ᠂ ᠬᠢᠨᠠᠨ ᠬᠠᠮᠢᠶᠠᠷᠬᠤ ᠲᠠᠯᠠᠪᠤᠷ᠎ᠤ᠋ᠨ ᠲᠣᠬᠢᠷᠠᠭᠤᠯᠬᠤ ᠰᠢᠰᠲ᠋ᠧᠮ ᠪᠣᠯᠤᠨ ᠴᠢᠳᠠᠮᠵᠢ᠎ᠶ᠋ᠢᠨ ᠬᠡᠰᠡᠭᠢ᠋ ᠨᠡᠢᠳᠬᠡᠵᠦ᠂ ᠣᠶᠤᠨᠴᠢ ᠬᠢᠨᠠᠨ ᠬᠠᠮᠢᠶᠠᠷᠬᠤ ᠲᠠᠪᠴᠠᠩ ᠪᠠᠢᠭᠤᠯᠵᠤ᠂ ᠡᠴᠦᠰ᠎ᠲᠦ᠍ ᠬᠢᠯᠢ ᠠᠯᠤᠰᠯᠠᠨ ᠨᠡᠪᠲᠡᠷᠡᠭᠦᠯᠬᠦ ᠬᠢᠨᠠᠨ ᠬᠠᠮᠢᠶᠠᠷᠤᠯᠲᠠ᠎ᠶ᠋ᠢ ᠪᠡᠶᠡᠯᠡᠭᠦᠯᠵᠦ᠂ ᠵᠠᠮ ᠱᠤᠭᠤᠮ᠎ᠤ᠋ᠨ ᠠᠵᠢᠯᠯᠠᠭᠠᠨ᠎ᠤ᠋ ᠦᠷ᠎ᠡ ᠪᠦᠲᠦᠮᠵᠢ᠎ᠶ᠋ᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠪᠡᠷ ᠪᠤᠢ᠃