ᠰᠢᠯᠢᠳᠡᠭ ᠶᠤᠰᠤ ᠵᠠᠩᠰᠢᠯ ᠵᠢᠠᠨ ᠤᠯᠠᠮᠵᠢᠯᠠᠵᠤ ᠶᠠᠪᠤᠪᠠᠯ ᠵᠤᠬᠢᠨ᠎ᠠ
2026-03-16 16:51:02
ᠵᠣᠬᠢᠶᠠᠭ᠍ᠴᠢ᠄
ᠰᠡᠯᠡᠭᠦᠦ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ ᠵᠢᠨ ᠤᠷᠲᠤ ᠠᠮᠠᠷᠠᠯᠲᠠ ᠳᠠᠭᠤᠰᠴᠤ᠂ ᠵᠢᠯ᠎ᠤᠨ ᠠᠵᠢᠯ ᠬᠠᠪᠤᠷ ᠲᠠᠭᠠᠨ ᠭᠡᠳᠡᠭᠴᠢᠯᠡᠨ᠂ ᠬᠦᠮᠦᠰ ᠤᠯᠠᠭᠠᠨ ᠮᠤᠷᠢᠨ ᠵᠢᠯ ᠵᠢᠠᠨ ᠥᠭᠡᠳᠡ ᠬᠡᠢᠮᠦᠷᠢ ᠲᠠᠢ ᠡᠬᠢᠯᠡᠭᠦᠯᠵᠦ᠂ ᠵᠤᠷᠢᠭ ᠵᠤᠯᠪᠤᠭ᠎ᠠ ᠲᠠᠢ ᠰᠢᠨ᠎ᠡ ᠠᠶᠠᠨ ᠳ᠋ᠠᠭᠠᠨ ᠭᠠᠷᠴᠠᠭᠠᠨ᠎ᠠ᠃

ᠨᠤᠲᠤᠭ᠎ᠤᠨ ᠵᠠᠷᠢᠮ ᠲᠤᠮᠤᠭᠠᠲᠠᠳ ᠡᠨᠡ ᠵᠢᠯ 《ᠨᠠᠰᠤᠲᠠᠨ ᠪᠤᠭᠤᠷᠤᠯᠴᠤᠳ ᠲᠠᠭᠠᠨ ᠬᠠᠰᠢᠯᠠ ᠭᠡᠷ ᠲᠸ᠋ᠨᠢ ᠬᠦᠷᠴᠦ ᠳᠤᠯᠤᠭᠠᠢ ᠮᠦᠷᠭᠦᠨ ᠵᠤᠯᠭᠠᠵᠤ ᠰᠢᠨᠡᠯᠡᠪᠡᠯ ᠳᠡᠭᠡᠷ᠎ᠡ ᠡ》 ᠭᠡᠵᠦ ᠤᠴᠢᠷᠯᠠᠭᠰᠠᠨ ᠨᠢ ᠮᠠᠰᠢ ᠵᠦᠢᠲᠡᠢ ᠰᠤᠷᠭᠠᠯ ᠪᠤᠯᠵᠤ ᠰᠠᠨᠠᠭᠳᠠᠯ᠎ᠠ᠃ ᠤᠳᠤ ᠬᠤᠲᠠ ᠬᠥᠳᠡᠭᠡ ᠦᠭᠡᠢ ᠬᠠᠮᠲᠤ ᠪᠠᠷ ᠰᠢᠨᠡᠯᠡᠬᠦ ᠨᠢ ᠨᠡᠯᠢᠶᠡᠳ ᠲᠦᠭᠡᠮᠡᠯ ᠪᠤᠯᠵᠤ᠂ ᠳᠡᠭᠡᠷ᠎ᠡ ᠵᠠᠭᠤᠨ ᠎ᠤ ᠨᠠᠶᠠ ᠶᠡᠷᠡᠭᠡᠳ ᠤᠨ ᠎ᠤ ᠬᠢ ᠰᠢᠬ ᠠᠢᠯ ᠠᠢᠯ ᠵᠢᠠᠷ ᠲᠤᠭᠤᠷᠢᠵᠤ ᠰᠢᠨᠡᠯᠡᠵᠦ ᠴᠠᠭᠠᠯᠠᠬᠤ ᠨᠢ ᠬᠤᠪᠤᠷᠳᠠᠵᠠᠢ᠃ ᠡᠨᠡ ᠨᠢ ᠴᠠᠭ᠎ᠤᠨ ᠤᠷᠤᠰᠬᠠᠯ᠎ᠢ ᠳᠠᠭᠠᠵᠤ ᠰᠢᠨᠡᠴᠢᠯᠡᠭᠳᠡᠭᠰᠡᠨ ᠵᠠᠩᠰᠢᠯ᠂ ᠮᠦᠨ ᠬᠦᠮᠦᠰ ᠲᠸ᠋ ᠤᠯᠠᠨ ᠳᠦᠭᠦᠮ ᠨᠥᠭᠥᠴᠡᠯ ᠠᠪᠴᠢᠷᠠᠭᠰᠠᠨ ᠪᠤᠯᠬᠤᠷ ᠠᠮᠠᠷᠬᠠᠨ ᠳᠡᠯᠭᠡᠷᠡᠵᠦ ᠲᠡᠷᠬᠠᠵᠠᠢ᠃ ᠭᠡᠬᠦ ᠳ᠋ᠡᠭᠡᠨ 《ᠰᠠᠢᠨ ᠮᠠᠭᠤ ᠬᠤᠶᠠᠷ ᠲᠠᠯ᠎ᠠ ᠲᠠᠢ᠂ ᠰᠠᠭᠠᠭ ᠭᠤᠷᠪᠠᠨ ᠲᠠᠯ᠎ᠠ ᠲᠠᠢ》 ᠭᠡᠳᠡᠭᠴᠢᠯᠡᠨ᠂ ᠬᠠᠮᠲᠤ ᠪᠠᠷ ᠰᠢᠨᠡᠯᠡᠬᠦ ᠳ᠋ᠤ ᠬᠡᠳᠦᠨ ᠵᠢᠯ ᠳᠠᠷᠠᠭᠠᠯᠠᠨ ᠤᠷᠤᠯᠴᠠᠭᠰᠠᠨ ᠵᠠᠷᠢᠮ ᠨᠠᠰᠤᠲᠠᠢᠴᠤᠳ 《ᠬᠥᠭᠵᠢᠮ ᠨᠠᠢᠷ ᠨᠢ ᠳᠦᠩᠬᠢᠨᠡᠭᠡᠳ ᠬᠠᠯᠠᠲᠠᠢ 》᠂ 《ᠵᠤᠯᠭᠠᠭᠰᠠᠨ ᠦᠭᠡᠢ ᠬᠦᠮᠦᠨ ᠲᠡᠢ ᠪᠠᠨ ᠵᠤᠯᠭᠠᠭᠠᠳ ᠵᠢᠭᠠᠬᠠᠨ ᠶᠠᠷᠢᠯᠴᠠᠵᠤ ᠰᠠᠭᠤᠶ᠎ᠡ ᠭᠡᠭᠦᠯᠡᠷ ᠤᠯᠢᠭᠲᠠᠢ ᠬᠤᠶᠠᠷ ᠦᠭᠡ ᠰᠤᠯᠢᠵᠤ ᠳᠡᠢᠯᠬᠦ ᠦᠭᠡᠢ》 ᠭᠡᠬᠦᠴᠢᠯᠡᠨ ᠭᠤᠮᠤᠳᠠᠯ ᠲᠤᠭᠠᠴᠢᠵᠤ ᠪᠠᠢᠬᠤ ᠵᠢ ᠨᠢ ᠰᠤᠨᠤᠰᠤᠯ᠎ᠠ᠃

ᠰᠢᠨ᠎ᠡ ᠵᠢᠨ ᠨᠢᠭᠡᠨ᠎ᠤ ᠥᠷᠯᠥᠭᠡ ᠶᠡᠭᠡᠴᠦᠳ ᠬᠠᠮᠤᠭ᠎ᠤᠨ ᠡᠷᠲᠡ ᠵᠠᠪᠠᠯ ᠵᠡᠷᠭᠡᠯᠡᠳᠡᠭᠡ ᠠᠢᠯ᠎ᠤᠨ ᠨᠠᠰᠤᠲᠠᠢ ᠬᠦᠮᠦᠨ ᠳ᠋ᠤ ᠤᠴᠢᠵᠤ ᠰᠢᠨᠡᠯᠡᠳᠡᠭ ᠶᠤᠰᠤ ᠲᠠᠢ ᠰᠢᠦ ᠭᠡᠳ ᠪᠢᠳᠡᠨ᠎ᠢ ᠶᠠᠪᠤᠭᠤᠯᠳᠠᠭ ᠪᠠᠢᠭᠰᠠᠨ᠃ ᠨᠠᠰᠤᠲᠠᠢ ᠬᠦᠮᠦᠰ ᠲᠸ᠋ ᠰᠢᠨᠡᠯᠡᠵᠦ᠂ ᠮᠦᠷᠭᠦᠵᠦ ᠵᠤᠯᠭᠠᠪᠠᠯ ᠪᠡᠯᠭᠡ ᠲᠡᠢ ᠰᠠᠢᠬᠠᠨ ᠢᠷᠦᠭᠡᠯ ᠰᠤᠨᠤᠰᠴᠤ᠂ ᠪᠠᠰᠠ  《 ᠵᠢᠯ᠎ᠤᠨ ᠥᠩᠭᠡ ᠰᠠᠢᠨ!》᠂   《ᠠᠪᠤ ᠡᠵᠢ ᠵᠢᠨ ᠴᠢᠨᠢ ᠪᠡᠶ᠎ᠡ ᠰᠠᠢᠨ !》᠂ 《ᠮᠠᠯ ᠎ᠤᠨ  ᠲᠠᠷᠭᠤ ᠬᠦᠴᠦ ᠰᠠᠢᠨ!》᠂ 《ᠰᠢᠨ᠎ᠡ ᠵᠢᠨ ᠦᠵᠦᠭᠦᠷ ᠬᠠᠮᠢᠭᠠᠭᠤᠷ ᠬᠦᠷᠪᠡ?》 ᠭᠡᠬᠦ ᠮᠡᠲᠦ ᠵᠢᠨ ᠨᠠᠰᠤᠲᠠᠢᠴᠦᠳ᠎ᠤᠨ ᠰᠢᠨᠡᠯᠡᠵᠦ ᠴᠠᠭᠠᠯᠠᠬᠤ ᠳ᠋ᠤ ᠠᠮᠤᠷ ᠮᠡᠨᠳᠦ ᠠᠰᠠᠭᠤᠵᠤ᠂ ᠪᠡᠯᠭᠡᠰᠢᠶᠡᠵᠦ ᠵᠦᠩᠨᠡᠵᠦ ᠬᠡᠯᠡᠳᠡᠭ ᠶᠤᠰᠤ ᠪᠡᠯᠭᠡ ᠵᠢᠨ ᠦᠭᠡᠰ᠎ ᠢ ᠰᠤᠨᠤᠰᠴᠤ᠂ ᠬᠠᠷᠢᠭᠤ ᠳ᠋ᠤᠨᠢ ᠶᠠᠭᠤ ᠭᠡᠵᠦ ᠬᠡᠯᠡᠬᠦ ᠪᠠᠨ ᠮᠡᠳᠡᠬᠦ ᠦᠭᠡᠢ ᠰᠠᠨᠳᠤᠷᠳᠠᠭ ᠴᠸ᠋ ᠠᠷᠪᠢᠨ ᠶᠤᠰᠤ ᠵᠠᠩᠰᠢᠯ᠎ᠢ ᠮᠥᠨ ᠢᠩᠭᠢᠵᠦ ᠠᠬᠠᠮᠠᠳ ᠲᠤᠮᠤᠭᠠᠲᠠᠳ ᠡᠴᠡ ᠪᠠᠨ ᠰᠤᠷᠴᠤ ᠮᠡᠳᠡᠭᠰᠡᠨ ᠪᠢᠯᠡ᠃ ᠨᠠᠰᠤᠲᠠᠢᠴᠦᠳ ᠭᠡᠷ᠎ᠤᠨ ᠵᠢᠠᠨ ᠬᠤᠢᠮᠤᠷ ᠲᠸ᠋ ᠰᠠᠭᠠᠲᠠᠵᠤ᠂ ᠬᠡᠦᠭᠡᠳ ᠳᠡᠭᠦᠦ ᠨᠠᠷ᠂ ᠳᠤᠤᠷ᠎ᠠ ᠦᠶ᠎ᠡ ᠵᠢᠨ ᠬᠢᠨ ᠨᠢ ᠰᠢᠨᠡᠯᠡᠬᠦ ᠪᠠᠷ ᠭᠡᠷ ᠲᠸ᠋ᠨᠢ ᠬᠦᠷᠴᠦ ᠮᠦᠷᠭᠦᠨ ᠵᠤᠯᠭᠠᠬᠤ ᠨᠢ ᠠᠬᠠᠰ ᠵᠠᠬᠠᠰ᠂ ᠨᠠᠰᠤᠲᠠᠨ ᠪᠤᠭᠤᠷᠤᠯᠴᠤᠳ ᠵᠢᠠᠨ ᠬᠦᠨᠳᠦᠯᠡᠨ ᠳᠡᠭᠡᠳᠦᠯᠡᠬᠦ ᠰᠠᠢᠬᠠᠨ ᠵᠠᠩᠰᠢᠯ ᠶᠤᠮ᠃

ᠮᠥᠨ ᠳᠠᠭᠠᠯᠳᠤᠭᠤᠯᠤᠨ ᠬᠡᠯᠡᠬᠦ ᠳ᠋ᠤ᠂ ᠴᠠᠭᠠᠨ ᠰᠠᠷ᠎ᠠ ᠰᠢᠨᠡᠯᠡᠬᠦ᠎ᠳᠤ ᠤᠤᠯ ᠳ᠋ᠠᠭᠠᠨ ᠨᠢᠭᠡ ᠨᠢᠭᠡᠨ ᠳ᠋ᠡᠭᠡᠨ ᠬᠠᠳᠠᠭ ᠳᠡᠯᠭᠡᠵᠦ᠂ ᠬᠦᠭᠦᠷ ᠰᠤᠯᠢᠯᠴᠠᠨ ᠠᠭᠤᠯᠵᠠᠬᠤ ᠵᠠᠩᠰᠢᠯ ᠲᠠᠢ᠃ ᠤᠳᠤᠬᠠᠨ ᠳ᠋ᠤ ᠬᠠᠳᠠᠭ ᠬᠦᠭᠦᠷ ᠵᠢᠠᠨ ᠠᠪᠴᠤ ᠶᠠᠪᠤᠬᠤ ᠦᠭᠡᠢ᠂ ᠳᠦᠭᠦᠮᠴᠢᠯᠡᠶ᠎ᠡ ᠭᠡᠳ ᠭᠠᠷ ᠠᠳᠬᠤᠭᠠᠳ ᠥᠩᠭᠡᠷᠡᠬᠦ ᠨᠢ ᠶᠡᠷᠦ ᠵᠢᠨ ᠦᠵᠡᠭᠳᠡᠯ ᠪᠤᠯᠵᠠᠢ᠃ ᠡᠳᠡᠭᠡᠷ ᠪᠤᠯ ᠨᠡᠭᠡᠷᠡᠨ ᠤᠵᠠᠭᠤᠷ ᠡᠴᠡ ᠤᠯᠠᠮᠵᠢᠯᠠᠵᠤ ᠢᠷᠡᠭᠰᠡᠨ ᠬᠠᠭᠤᠴᠢᠨ ᠵᠠᠩᠰᠢᠯ᠂ ᠭᠡᠬᠦ ᠳ᠋ᠡᠭᠡᠨ ᠡᠳᠡᠭᠡᠷ ᠨᠢ ᠪᠠᠶᠠᠷ ᠳᠤᠷᠠᠰᠬᠠᠯ᠎ᠤᠨ ᠡᠳᠦᠷ᠎ᠯᠡ ᠭᠦᠢᠴᠡᠭᠡᠳᠡᠭ ᠵᠠᠩ ᠵᠠᠩᠰᠢᠯ ᠲᠡᠳᠦᠢ ᠪᠢᠰᠢ᠂ ᠬᠠᠷᠢᠨ  《ᠬᠦᠮᠦᠨ ᠠᠬ᠎ᠠ ᠲᠠᠢ᠂ ᠳᠡᠪᠡᠯ ᠵᠠᠬ᠎ᠠ ᠲᠠᠢ》 ᠭᠡᠬᠦ ᠬᠦᠨᠳᠦᠯᠡᠬᠦ ᠮᠡᠨᠳᠦᠯᠡᠬᠦ ᠶᠤᠰᠤ᠂ 《ᠠᠮᠠᠨ ᠢᠷᠦᠭᠡᠯ ᠨᠢ ᠬᠠᠮᠢᠭᠠᠰᠢ ᠪᠤᠯ᠂ ᠠᠰᠢᠲᠠ ᠵᠢᠨ ᠭᠡᠰᠢᠭ ᠨᠢ ᠲᠡᠢᠰᠢ ᠪᠠᠨ》 ᠭᠡᠵᠦ ᠪᠡᠯᠭᠡᠰᠢᠶᠡᠵᠦ ᠵᠥᠩᠨᠡᠬᠦ ᠢᠷᠦᠭᠡᠯ ᠮᠠᠭᠲᠠᠭᠠᠯ᠎ᠤᠨ ᠶᠤᠰᠤ ᠶᠤᠮ᠃ ᠡᠢᠮᠦᠷᠬᠦᠦ ᠰᠢᠯᠢᠳᠡᠭ ᠰᠠᠢᠨ ᠤᠯᠠᠮᠵᠢᠯᠠᠯᠲᠤ ᠶᠤᠰᠤ ᠵᠠᠩᠰᠢᠯ᠎ᠢ ᠰᠢᠨ᠎ᠡ ᠨᠢᠭᠡ ᠦᠶ᠎ᠡ ᠵᠢᠨ ᠬᠢᠨ ᠴᠸ᠋ ᠮᠡᠳᠡᠵᠦ ᠠᠪᠤᠨ᠂  ᠴᠠᠭ᠎ᠤᠨ ᠤᠷᠤᠰᠬᠠᠯ ᠪᠠᠢᠳᠠᠯ᠎ᠳᠤ ᠨᠡᠢᠴᠡᠭᠰᠡᠨ ᠰᠢᠨ᠎ᠠ ᠮᠠᠶᠢᠭ ᠵᠢᠠᠷ ᠦᠷᠭᠦᠯᠵᠢᠯᠡᠨ ᠵᠢᠷᠤᠮᠯᠠᠵᠦ᠂ ᠤᠯᠠᠮᠵᠢᠯᠠᠵᠤ ᠶᠠᠪᠤᠪᠠᠯ ᠵᠤᠬᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号